ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠪᠠᠭᠠᠷᠢᠨ ᠪᠥᠬᠡ Гураван настай гунаган улаан баатар - Байран бөх
ᠪᠠᠭᠠᠷᠢᠨ ᠪᠥᠬᠡ
ᠡᠷᠲᠡ ᠤᠷᠢᠳᠤ ᠴᠠᠭ ᠲᠤ᠌ ᠪᠠᠭᠠᠷᠢᠨ ᠬᠤᠰᠢᠭᠤᠨ ᠳ᠋ᠤ᠌ ᠨᠢᠭᠡᠨ ᠡᠮᠡᠭᠡᠨ ᠰᠠᠭᠠᠯᠢᠴᠢᠨ ᠪᠠᠢᠭᠰᠠᠨ ᠭᠡᠨ᠎ᠡ᠃ ᠲᠡᠷᠡ ᠡᠮᠡᠭᠡᠨ ᠰᠠᠭᠠᠯᠢᠴᠢᠨ ᠤ᠋ ᠬᠥᠪᠡᠭᠦᠨ ᠨᠢ ᠪᠠᠭ᠎ᠠ ᠠ᠋ᠴᠠ ᠪᠠᠨ ᠪᠠᠷᠢᠯᠳᠤᠬᠤ ᠳ᠋ᠤ᠌ ᠳᠤᠷᠠᠲᠠᠢ ᠲᠤᠯᠠ ᠡᠵᠢ ᠨᠢ ᠬᠥᠪᠡᠭᠦᠨ ᠢ᠋ᠶ᠋ᠡᠨ ᠬᠣᠨᠢ ᠬᠠᠷᠢᠭᠤᠯᠵᠤ ᠪᠠᠢᠬᠤ ᠦᠶ᠎ᠡ ᠳ᠋ᠦ᠍ᠨᠢ᠂ ᠬᠣᠨᠢᠨ ᠳ᠋ᠠᠭᠠᠨ ᠭᠠᠷᠪᠠᠯ ᠨᠠᠭᠠᠳᠤᠭᠠᠷᠠᠢ ᠭᠡᠵᠦ ᠨᠢᠭᠡᠨ ᠲᠤᠭᠤᠯ ᠤ᠋ᠨ ᠠᠷᠠᠰᠤᠨ ᠲᠤᠯᠤᠮ ᠬᠢᠵᠦ ᠦᠭᠭᠦᠭᠰᠡᠨ ᠳ᠋ᠦ᠍᠂ ᠬᠥᠪᠡᠭᠦᠨ ᠨᠢ ᠲᠤᠭᠤᠯ ᠤ᠋ᠨ ᠠᠷᠠᠰᠤᠨ ᠲᠤᠯᠤᠮ ᠳ᠋ᠠᠭᠠᠨ ᠳᠦᠭᠦᠷᠲᠡᠯ᠎ᠡ ᠬᠤᠮᠠᠭ ᠰᠢᠷᠣᠢ ᠬᠢᠵᠦ ᠲᠡᠪᠡᠷᠢᠯᠳᠦᠨ ᠨᠣᠴᠣᠯᠳᠤᠵᠤ ᠨᠠᠭᠠᠳᠳᠠᠭ ᠭᠡᠨ᠎ᠡ᠃
ᠴᠢᠩᠭᠢᠭᠡᠳ ᠡᠨᠡ ᠮᠡᠲᠦ ᠪᠡᠷ ᠶᠠᠪᠤᠵᠤ᠂ ᠡᠯᠡᠰᠦ ᠮᠠᠩᠬ᠎ᠠ ᠶ᠋ᠢ ᠭᠢᠰᠬᠢᠯᠡᠭᠰᠡᠭᠡᠷ᠂ ᠡᠳᠦᠷ ᠰᠠᠷ᠎ᠠ ᠶ᠋ᠢ ᠥᠩᠭᠡᠷᠡᠭᠡᠵᠦ᠂ ᠡᠷ᠎ᠡ ᠶ᠋ᠢᠨ ᠬᠣᠩᠭᠣᠨ ᠳ᠋ᠠᠭᠠᠨ ᠲᠤᠯᠵᠤ᠂ ᠲᠥᠷᠥᠭᠰᠡᠨ ᠪᠠᠢᠴᠠ ᠨᠢ ᠵᠠᠰᠠᠷᠠᠵᠤ᠂ ᠲᠡᠮᠦᠷ ᠪᠣᠯᠣᠳ ᠰᠢᠭ᠋ ᠬᠠᠲᠠᠭᠤᠷᠠᠵᠤ᠂ ᠬᠠᠮᠠᠷ ᠠᠮᠠ ᠨᠢ ᠲᠡᠭᠰᠢᠷᠡᠵᠦ᠂ ᠬᠠᠴᠠᠷ ᠵᠢᠰᠦ ᠨᠢ ᠤᠯᠠᠪᠠᠯᠵᠠᠨ᠂ ᠬᠠᠷᠠᠬᠤ ᠨᠢᠳᠦ ᠨᠢ ᠬᠡᠷᠡᠯᠳᠦᠵᠦ᠂ ᠬᠠᠷᠠᠬᠠᠨ ᠳᠠᠷᠤᠤ ᠵᠠᠩ ᠲᠠᠢ᠂ ᠠᠶᠤᠤᠯᠢᠬᠠᠢ ᠴᠡᠭᠡᠵᠢ ᠨᠢ ᠥᠷᠭᠡᠨ ᠶᠡᠬᠡ ᠪᠣᠯᠵᠤ᠂ ᠠᠯᠬᠤᠬᠤ ᠭᠢᠰᠬᠢᠬᠦ ᠨᠢ ᠲᠥᠪ ᠬᠦᠴᠦ ᠲᠡᠢ ᠪᠣᠯᠵᠤ ᠠᠵᠢᠯᠯᠠᠵᠤ ᠬᠥᠳᠡᠯᠬᠦ ᠨᠢ ᠪᠤᠰᠢᠭᠤ ᠲᠦᠷᠭᠡᠨ ᠪᠣᠯᠤᠭᠰᠠᠨ ᠭᠡᠨ᠎ᠡ᠃
ᠢᠩᠭᠢᠭᠡᠳ ᠲᠤᠯᠤᠮ ᠤᠭᠤᠲᠠ ᠨᠢ ᠪᠠᠭᠠᠳᠴᠤ᠂ ᠲᠣᠭᠯᠠᠵᠤ ᠨᠣᠴᠣᠯᠳᠤᠬᠤ ᠳ᠋ᠤ᠌ ᠬᠥᠩᠭᠡᠨ ᠪᠣᠯᠤᠭᠰᠠᠨ ᠳ᠋ᠤ᠌ ᠲᠤᠭᠤᠯ ᠤ᠋ᠨ ᠠᠷᠠᠰᠤᠨ ᠲᠤᠯᠤᠮ ᠢ᠋ᠶ᠋ᠠᠨ ᠬᠠᠶᠠᠵᠤ᠂ ᠦᠬᠡᠷ ᠦ᠋ᠨ ᠠᠷᠠᠰᠤᠨ ᠲᠡᠭᠲᠦ ᠪᠡᠷ ᠣᠷᠣᠯᠠᠭᠤᠯᠵᠤ᠂ ᠮᠠᠯ ᠬᠠᠷᠢᠭᠤᠯᠵᠤ ᠶᠠᠪᠤᠬᠤ ᠳ᠋ᠠᠭᠠᠨ᠂ ᠮᠠᠩᠬ᠎ᠠ ᠡᠯᠡᠰᠦᠨ ᠳ᠋ᠦ᠍ ᠰᠠᠭᠤᠵᠤ ᠳ᠋ᠠᠭᠠᠨ᠂ ᠦᠬᠡᠷ ᠦ᠋ᠨ ᠠᠷᠠᠰᠤᠨ ᠲᠡᠭᠲᠦ ᠳ᠋ᠡᠭᠡᠨ ᠬᠤᠮᠠᠭ ᠰᠢᠷᠣᠢ ᠬᠢᠵᠦ᠂ ᠬᠤᠮᠬᠢᠵᠤ ᠬᠠᠪᠰᠤᠷᠤᠨ ᠳᠤᠭᠲᠤᠷᠴᠤ᠂ ᠨᠤᠭᠤᠰᠤᠯᠠᠨ ᠨᠤᠬᠤᠯᠠᠵᠤ ᠭᠣᠬᠠᠳᠠᠨ᠂ ᠡᠳᠦᠷ ᠪᠦᠷᠢ ᠲᠡᠭᠲᠦ ᠲᠡᠢ ᠪᠡᠨ ᠪᠠᠷᠢᠯᠳᠤᠭᠰᠠᠭᠠᠷ᠂ ᠡᠷᠡᠯᠬᠡᠭ ᠬᠦᠴᠦ ᠨᠢ ᠨᠡᠮᠡᠭᠳᠡᠵᠦ᠂ ᠤᠳᠠᠭᠠᠨ ᠡᠳᠦᠷ ᠪᠣᠯᠵᠤ ᠢᠷᠡᠭᠰᠡᠨ ᠳ᠋ᠦ᠍ ᠮᠥᠨ ᠶᠡᠬᠡ ᠳᠡᠭᠲᠦ ᠳ᠋ᠦ᠍ ᠳᠦᠭᠦᠷᠡᠩ ᠬᠤᠮᠠᠭ ᠬᠢᠵᠦ ᠥᠴᠦᠬᠡᠨ ᠴᠦ᠍ ᠬᠦᠴᠦ ᠣᠷᠣᠭᠤᠯᠬᠤ ᠦᠭᠡᠢ᠂ ᠳᠡᠭᠡᠷ᠎ᠡ ᠡᠷᠭᠦᠨ ᠬᠠᠶᠠᠬᠤ ᠪᠥᠭᠡᠳ ᠳᠦᠭᠦᠷᠡᠩ ᠬᠤᠮᠠᠭ ᠲᠠᠢ ᠲᠡᠭᠲᠦ ᠶ᠋ᠢ ᠵᠣᠭᠰᠣᠭᠠᠵᠤ ᠪᠠᠢᠭᠠᠳ ᠬᠠᠵᠠᠭᠤ ᠠ᠋ᠴᠠ ᠨᠢ ᠭᠦᠶᠦᠨ ᠢᠷᠡᠵᠦ ᠬᠠᠪᠰᠤᠷᠤᠨ ᠢᠰᠬᠦᠯᠪᠡᠯ ᠥᠨᠥ ᠶᠡᠬᠡ ᠳᠡᠭᠲᠦ ᠴᠢᠨᠢ ᠥᠩᠬᠥᠷᠢᠨ ᠲᠣᠩᠭᠣᠢᠵᠤ ᠤᠨᠠᠬᠤ ᠪᠣᠯᠤᠭᠰᠠᠨ ᠳ᠋ᠤ᠌ ᠰᠠᠭᠠᠯᠢᠴᠢᠨ ᠡᠮᠡᠭᠡᠨ ᠦ᠌ ᠬᠦᠦ ᠰᠠᠨᠠᠭᠠᠨ ᠳᠣᠲᠣᠷ᠎ᠠ ᠨᠢ ᠶᠡᠬᠡ ᠪᠠᠶᠠᠷᠯᠠᠵᠤ ᠪᠠᠢᠵᠠᠢ᠃
ᠲᠡᠭᠡᠭᠡᠳ ᠡᠨᠡ ᠵᠢᠯ ᠦ᠋ᠨ ᠬᠤᠰᠢᠭᠤᠨ ᠣᠪᠣᠭᠠᠨ ᠤ᠋ ᠨᠠᠢᠷ ᠲᠤ᠌ ᠣᠷᠣᠯᠴᠠᠵᠤ ᠦᠵᠡᠶ᠎ᠡ ᠭᠡᠳ ᠡᠵᠢ ᠳ᠋ᠡᠭᠡᠨ ᠬᠡᠯᠡᠭᠰᠡᠨ ᠳ᠋ᠦ᠍᠂ ᠡᠵᠢ ᠨᠢ ᠸᠠᠩ ᠠ᠋ᠴᠠ ᠪᠠᠨ ᠣᠴᠢᠵᠤ ᠵᠥᠪᠰᠢᠶᠡᠷᠡᠯ ᠭᠤᠶᠤᠭᠰᠠᠨ ᠳ᠋ᠤ᠌ ᠪᠠᠭᠠᠷᠢᠨ ᠸᠠᠩ ᠨᠢ ᠬᠠᠷ᠎ᠠ ᠠᠷᠠᠳ ᠤ᠋ᠨ ᠲᠣᠭ᠎ᠠ ᠳ᠋ᠤ᠌ ᠣᠷᠣᠵᠤ ᠪᠠᠷᠢᠯᠳᠤᠵᠤ ᠪᠣᠯᠤᠨ᠎ᠠ ᠭᠡᠳ᠂ ᠬᠠᠭᠠᠷᠬᠠᠢ ᠮᠠᠭᠤ ᠴᠤᠯᠭᠤᠢ ᠠᠷᠠᠰᠤᠨ ᠵᠣᠳᠣᠭ ᠨᠢᠭᠡ᠂ ᠬᠠᠭᠤᠴᠢᠷᠠᠵᠤ ᠬᠠᠲᠠᠭᠤᠷᠠᠭᠰᠠᠨ ᠪᠤᠯᠢᠭᠠᠷᠢ ᠶ᠋ᠢᠨ ᠭᠤᠲᠤᠯ ᠨᠢᠭᠡᠨ ᠵᠦᠢᠷᠡᠢ ᠶ᠋ᠢ ᠡᠮᠡᠭᠡᠨ ᠰᠠᠭᠠᠯᠢᠴᠢᠨ ᠤ᠋ ᠬᠦᠦ ᠳ᠋ᠦ᠍ ᠡᠷ᠎ᠡ ᠶ᠋ᠢᠨ ᠬᠣᠩᠭᠣᠨ ᠳ᠋ᠤ᠌ ᠬᠦᠷᠦᠭᠰᠡᠨ ᠪᠡᠯᠡᠭ ᠭᠡᠵᠦ ᠱᠠᠩᠨᠠᠪᠠ ᠭᠡᠨ᠎ᠡ᠃
ᠴᠢᠩᠭᠢᠭᠡᠳ ᠡᠮᠡᠭᠡᠨ ᠦ᠌ ᠬᠦᠦ ᠣᠪᠣᠭᠠᠨ ᠤ᠋ ᠨᠠᠢᠷ ᠲᠤ᠌ ᠣᠴᠢᠵᠤ ᠣᠯᠠᠨ ᠪᠥᠬᠡ ᠶ᠋ᠢ ᠴᠥᠮ ᠬᠠᠶᠠᠭᠠᠳ ᠲᠡᠷᠢᠭᠦᠨ ᠱᠠᠩᠨᠠᠯ ᠠᠪᠤᠭᠰᠠᠨ ᠳ᠋ᠤ᠌ ᠪᠠᠭᠠᠷᠢᠨ ᠸᠠᠩ᠂ ᠡᠨᠡ ᠮᠢᠨᠦ ᠰᠠᠭᠠᠯᠢᠴᠢᠨ ᠡᠮᠡᠭᠡᠨ ᠦ᠌ ᠬᠦᠦ ᠪᠥᠭᠡᠳ ᠮᠢᠨᠦ ᠦᠬᠡᠷᠴᠢᠨ ᠬᠦᠦ ᠭᠡᠵᠦ ᠲᠡᠷᠡ ᠡᠳᠦᠷ ᠡᠴᠡ ᠨᠢ ᠡᠬᠢᠯᠡᠨ ᠮᠠᠯ ᠬᠠᠷᠢᠭᠤᠯᠬᠤ ᠠ᠋ᠴᠠ ᠭᠠᠷᠭᠠᠵᠤ᠂ ᠸᠠᠩ ᠤ᠋ᠨ ᠪᠥᠬᠡ ᠭᠡᠵᠦ ᠨᠠᠷᠠᠯᠠᠪᠠ ᠭᠡᠨ᠎ᠡ᠃
ᠴᠢᠩᠭᠢᠭᠡᠳ ᠳᠠᠷᠠᠭ᠎ᠠ ᠪᠠᠷ ᠭᠤᠷᠪᠠᠨ ᠵᠢᠯ ᠲᠡᠷᠢᠭᠦᠨ ᠱᠠᠩᠨᠠᠯ ᠠᠪᠴᠤ ᠬᠣᠯᠠ ᠣᠢᠷᠠᠬᠢ ᠬᠡᠳᠦᠨ ᠬᠤᠰᠢᠭᠤᠨ ᠳ᠋ᠤ᠌ ᠨᠡᠷ᠎ᠡ ᠴᠣᠯᠠ ᠲᠠᠢ ᠪᠣᠯᠵᠤ᠂ ᠪᠦᠭᠦᠳᠡᠭᠡᠷ ᠪᠠᠭᠠᠷᠢᠨ ᠤ᠋ ᠪᠥᠬᠡ ᠭᠡᠵᠦ ᠳᠠᠭᠤᠳᠠᠬᠤ ᠪᠣᠯᠪᠠ ᠭᠡᠨ᠎ᠡ᠃
ᠴᠢᠩᠭᠢᠭᠡᠳ ᠳᠠᠷᠠᠭ᠎ᠠ ᠵᠢᠯ ᠨᠢ ᠶᠠᠭ ᠦᠵᠦᠮᠦᠴᠢᠨ ᠸᠠᠩ ᠤ᠋ᠨ ᠲᠠᠪᠢᠨ ᠨᠠᠰᠤᠨ ᠤ᠋ ᠪᠠᠶᠠᠷ ᠬᠢᠵᠦ ᠥᠪᠥᠷ ᠳᠥᠴᠢ ᠶᠢᠰᠦ ᠪᠠ ᠠᠷᠤ ᠲᠠᠪᠢᠨ ᠳᠣᠯᠣᠭᠠᠨ ᠬᠤᠰᠢᠭᠤᠨ ᠳ᠋ᠤ᠌ ᠪᠦᠷ ᠲᠤᠩᠬᠠᠭ ᠢᠷᠡᠵᠦ ᠵᠠᠯᠠᠭᠰᠠᠨ ᠳ᠋ᠤ᠌ ᠪᠠᠭᠠᠷᠢᠨ ᠸᠠᠩ ᠶᠣᠰᠣᠯᠠᠯ ᠤ᠋ᠨ ᠪᠠᠷᠠᠭ᠎ᠠ ᠪᠠᠨ ᠪᠡᠯᠡᠳᠬᠡᠵᠦ᠂ ᠦᠵᠦᠮᠦᠴᠢᠨ ᠳᠡ ᠸᠠᠩ ᠤ᠋ᠨ ᠲᠠᠪᠢᠨ ᠨᠠᠰᠤᠨ ᠤ᠋ ᠶᠡᠬᠡ ᠨᠠᠢᠷ ᠲᠤ᠌ ᠪᠠᠭᠠᠷᠢᠨ ᠬᠤᠰᠢᠭᠤᠨ ᠤ᠋ ᠠᠯᠳᠠᠷ ᠴᠣᠯᠠ ᠪᠠᠨ ᠪᠠᠳᠠᠷᠠᠭᠤᠯᠤᠨ᠎ᠠ ᠭᠡᠵᠦ ᠪᠥᠬᠡ ᠪᠡᠨ ᠳᠠᠭᠤᠳᠠᠵᠤ᠄《ᠴᠢ ᠣᠳᠣ ᠪᠡᠯᠡᠭ ᠶᠣᠰᠣᠯᠠᠯ ᠳ᠋ᠤ᠌ ᠣᠴᠢᠵᠤ ᠲᠡᠷᠢᠭᠦᠨ ᠲᠦᠰᠢᠮᠡᠯ ᠢ᠋ ᠳᠠᠭᠠᠵᠤ᠂ ᠦᠵᠦᠮᠦᠴᠢᠨ ᠸᠠᠩ ᠤ᠋ᠨ ᠲᠠᠪᠢᠨ ᠨᠠᠰᠤᠨ ᠤ᠋ ᠪᠠᠶᠠᠷ ᠤ᠋ᠨ ᠨᠠᠢᠷ ᠲᠤ᠌ ᠲᠡᠷᠢᠭᠦᠨ ᠱᠠᠩᠨᠠᠯ ᠢ ᠠᠪᠴᠤ ᠢᠷ᠎ᠡ! ᠦᠭᠡᠢ ᠪᠣᠯ ᠲᠣᠯᠣᠭᠠᠢ ᠶ᠋ᠢ ᠴᠢᠨᠢ ᠠᠪᠤᠨ᠎ᠠ》 ᠭᠡᠵᠦ ᠵᠠᠩᠨᠠᠭᠠᠳ ᠨᠢᠭᠡᠨ ᠰᠢᠨ᠎ᠡ ᠴᠤᠯᠪᠤᠭᠤᠷ ᠥᠭᠪᠡ ᠭᠡᠨ᠎ᠡ᠃ ᠲᠡᠷᠡ ᠦᠶᠡᠰ ᠲᠦ᠍ ᠲᠡᠷᠢᠭᠦᠨ ᠱᠠᠩᠨᠠᠯ ᠳ᠋ᠤ᠌ ᠮᠣᠷᠢ ᠥᠭᠬᠦ ᠲᠤᠯᠠ ᠲᠡᠷᠡ ᠮᠣᠷᠢ ᠶ᠋ᠢ ᠨᠢ ᠣᠯᠵᠤ ᠢᠷ᠎ᠡ ᠭᠡᠵᠦ ᠨᠣᠭᠲᠣ ᠴᠤᠯᠪᠤᠭᠤᠷ ᠥᠭᠭᠦᠭᠰᠡᠨ ᠠᠵᠢ᠃
ᠴᠢᠩᠭᠢᠭᠡᠳ ᠪᠠᠭᠠᠷᠢᠨ ᠤ᠋ ᠪᠥᠬᠡ᠂ ᠳᠡᠢᠯᠦᠭᠳᠡᠵᠦ ᠢᠷᠡᠪᠡᠯ ᠲᠣᠯᠣᠭᠠᠢ ᠪᠠᠨ ᠠᠪᠲᠠᠭᠳᠠᠨ᠎ᠠ ᠭᠡᠵᠦ ᠮᠡᠳᠡᠭᠡᠳ᠂ ᠡᠵᠢ ᠳ᠋ᠡᠭᠡᠨ ᠣᠴᠢᠵᠤ ᠰᠠᠢᠨ ᠢᠷᠦᠭᠡᠯ ᠭᠤᠶᠤᠭᠠᠳ ᠪᠡᠯᠡᠭ ᠶᠣᠰᠣᠯᠠᠯ ᠬᠦᠷᠭᠡᠬᠦ ᠲᠡᠷᠢᠭᠦᠨ ᠲᠦᠰᠢᠮᠡᠯ ᠢ᠋ ᠳᠠᠭᠠᠵᠤ᠂ ᠭᠠᠵᠠᠷ ᠨᠤᠲᠤᠭ ᠠ᠋ᠴᠠ ᠪᠠᠨ ᠰᠠᠯᠵᠤ᠂ ᠦᠵᠦᠮᠦᠴᠢᠨ ᠳ᠋ᠦ᠍ ᠢᠷᠡᠭᠡᠳ᠂ ᠲᠡᠷᠢᠭᠦᠨ ᠲᠦᠰᠢᠮᠡᠯ ᠢ᠋ᠶ᠋ᠡᠨ ᠳᠠᠭᠠᠵᠤ ᠸᠠᠩ ᠳ᠋ᠤ᠌ ᠪᠠᠷᠠᠯᠠᠬᠤ ᠪᠠᠷ ᠣᠷᠣᠵᠤ ᠮᠥᠷᠭᠥᠭᠰᠡᠨ ᠳ᠋ᠦ᠍᠂ ᠦᠵᠦᠮᠦᠴᠢᠨ ᠸᠠᠩ᠂ ᠢᠷᠡᠭᠰᠡᠨ ᠣᠯᠠᠨ ᠬᠥᠮᠦᠰ ᠦ᠋ᠨ ᠲᠡᠷᠢᠭᠦᠨ ᠲᠦᠰᠢᠮᠡᠯ ᠨᠠᠷ ᠢ᠋ ᠨᠢ ᠪᠤᠳᠠᠭᠠᠯᠠᠵᠤ ᠪᠠᠢᠭᠰᠠᠨ ᠲᠠᠢ ᠲᠠᠭᠠᠷᠠᠵᠤ᠂ ᠦᠵᠦᠮᠦᠴᠢᠨ ᠸᠠᠩ᠄《ᠵᠠ! ᠴᠢ ᠪᠠᠭᠠᠷᠢᠨ ᠤ᠋ ᠪᠥᠬᠡ ᠮᠥᠨ ᠤᠤ?》 ᠭᠡᠰᠡᠨ ᠳ᠋ᠦ᠍《 ᠵᠠ! ᠲᠡᠢᠮᠦ》 ᠭᠡᠵᠦ ᠮᠥᠷᠭᠥᠭᠰᠡᠨ ᠭᠡᠨ᠎ᠡ᠃
ᠴᠢᠩᠭᠢᠭᠡᠳ ᠦᠵᠦᠮᠦᠴᠢᠨ ᠸᠠᠩ ᠴᠢᠮᠠᠶ᠋ᠢ ᠢᠷᠡᠬᠦ ᠦᠶ᠎ᠡ ᠳ᠋ᠦ᠍ ᠸᠠᠩ ᠴᠢᠨᠢ ᠶᠠᠭᠤ ᠭᠡᠵᠦ ᠵᠠᠬᠢᠪᠠ ᠭᠡᠰᠡᠨ ᠳ᠋ᠦ᠍᠄《ᠡᠷᠬᠢᠮ ᠳᠡ ᠸᠠᠩ ᠤ᠋ᠨ ᠬᠡᠰᠢᠭ ᠲᠦ᠍ ᠮᠥᠷᠭᠥᠵᠦ᠂ ᠪᠥᠬᠡ ᠶ᠋ᠢᠨ ᠨᠠᠢᠷ ᠤ᠋ᠨ ᠲᠡᠷᠢᠭᠦᠨ ᠱᠠᠩᠨᠠᠯ ᠢ᠋ ᠠᠪᠴᠤ ᠢᠷ᠎ᠡ!》 ᠭᠡᠵᠦ ᠬᠡᠯᠡᠪᠡ ᠭᠡᠰᠡᠨ ᠳ᠋ᠦ᠍ ᠦᠵᠦᠮᠦᠴᠢᠨ ᠸᠠᠩ᠄《ᠲᠡᠭᠡᠪᠡᠯ ᠴᠢ ᠶᠠᠭᠤ ᠪᠣᠳᠣᠵᠤ ᠪᠠᠢᠨ᠎ᠠ ᠪᠣᠢ?》 ᠭᠡᠰᠡᠨ ᠳ᠋ᠦ᠍《ᠪᠢ ᠴᠦ᠍ ᠨᠠᠢᠷ ᠤ᠋ᠨ ᠱᠠᠩᠨᠠᠯ ᠤ᠋ᠨ ᠮᠣᠷᠢ ᠶ᠋ᠢ ᠤᠨᠤᠶ᠎ᠠ ᠭᠡᠵᠦ ᠪᠣᠳᠣᠵᠤ ᠪᠠᠢᠨ᠎ᠠ᠃》 ᠭᠡᠰᠡᠨ ᠳ᠋ᠦ᠍ ᠦᠵᠦᠮᠦᠴᠢᠨ ᠸᠠᠩ ᠳᠣᠲᠣᠷ᠎ᠠ ᠪᠠᠨ ᠶᠡᠬᠡ ᠠᠭᠤᠷᠯᠠᠵᠤ᠂ ᠡᠨᠡ ᠮᠠᠭᠤ ᠠᠮᠢᠲᠠᠨ ᠬᠠᠷᠢᠨ ᠦᠵᠦᠮᠦᠴᠢᠨ ᠳᠡ ᠸᠠᠩ ᠨᠠᠮᠠᠶ᠋ᠢ ᠳᠣᠷᠣᠮᠵᠢᠯᠠᠵᠤ ᠪᠠᠢᠨ᠎ᠠ ᠭᠡᠳ᠂ ᠡᠭᠦᠨ ᠦ᠌ ᠬᠦᠴᠦ ᠶ᠋ᠢ ᠨᠢ ᠦᠵᠡᠶ᠎ᠡ ᠭᠡᠳ ᠢᠳᠡᠵᠦ ᠪᠠᠢᠭᠰᠠᠨ ᠦᠬᠡᠷ ᠦ᠋ᠨ ᠴᠢᠮᠦᠭᠡᠨ ᠦ᠌ ᠶᠠᠰᠤ ᠶ᠋ᠢ ᠪᠠᠭᠠᠷᠢᠨ ᠤ᠋ ᠪᠥᠬᠡ ᠳ᠋ᠦ᠍ ᠬᠠᠶᠠᠨ ᠥᠭᠴᠦ ᠢᠳᠡ ᠭᠡᠵᠦ ᠲᠤᠰᠢᠶᠠᠭᠰᠠᠨ ᠳ᠋ᠤ᠌ ᠪᠠᠭᠠᠷᠢᠨ ᠤ᠋ ᠪᠥᠬᠡ ᠬᠡᠰᠢᠭ ᠭᠡᠵᠦ ᠮᠥᠷᠭᠥᠭᠡᠳ ᠶᠠᠰᠤ ᠶ᠋ᠢ ᠡᠷᠭᠦᠨ ᠠᠳᠬᠤᠭᠰᠠᠨ ᠳ᠋ᠤ᠌ ᠦᠵᠦᠮᠦᠴᠢᠨ ᠸᠠᠩ ᠤ᠋ᠨ ᠪᠣᠢᠳᠠ ᠭᠣᠴᠢᠭ ᠨᠠᠷ ᠨᠢ ᠪᠠᠭᠠᠷᠢᠨ ᠤ᠋ ᠪᠥᠬᠡ ᠶ᠋ᠢ ᠪᠠᠰᠤᠮᠵᠢᠯᠠᠵᠤ᠄《ᠬᠥᠶᠢ ᠬᠢᠲᠤᠭ᠎ᠠ ᠠᠪᠤᠨ᠎ᠠ ᠤᠤ? ᠰᠦᠬᠡ ᠠᠪᠤᠨ᠎ᠠ ᠤᠤ?》 ᠭᠡᠵᠦ ᠭᠤᠲᠤᠭᠠᠨ ᠠᠭᠠᠰᠢᠯᠠᠬᠤ ᠳ᠋ᠤ᠌᠂ ᠪᠠᠭᠠᠷᠢᠨ ᠤ᠋ ᠪᠥᠬᠡ᠂ ᠵᠦᠭᠡᠷ ᠬᠢᠲᠤᠭ᠎ᠠ ᠰᠦᠬᠡ ᠬᠡᠷᠡᠭᠯᠡᠬᠦ ᠦᠭᠡᠢ ᠭᠡᠵᠦ᠂ ᠵᠢᠷᠭᠤᠭᠠᠨ ᠬᠤᠷᠤᠭᠤ ᠪᠠᠷ ᠢ᠋ᠶ᠋ᠠᠨ ᠦᠬᠡᠷ ᠦ᠋ᠨ ᠴᠢᠮᠦᠭᠡᠨ ᠦ᠌ ᠶᠠᠰᠤ ᠶ᠋ᠢ ᠬᠤᠭᠤ ᠮᠤᠰᠬᠢᠵᠦ ᠦᠵᠦᠮᠦᠴᠢᠨ ᠸᠠᠩ ᠳ᠋ᠤ᠌ ᠪᠠᠷᠢᠭᠰᠠᠨ ᠳ᠋ᠤ᠌᠂ ᠦᠵᠦᠮᠦᠴᠢᠨ ᠦ᠌ ᠸᠠᠩ ᠪᠠᠭᠠᠷᠢᠨ ᠤ᠋ ᠪᠥᠬᠡ ᠶ᠋ᠢ ᠬᠡᠴᠡᠭᠦᠦ ᠪᠠᠢᠨ᠎ᠠ ᠭᠡᠵᠦ ᠪᠣᠳᠣᠵᠠᠢ᠃
ᠢᠩᠭᠢᠭᠡᠳ ᠦᠵᠦᠮᠦᠴᠢᠨ ᠸᠠᠩ᠂ ᠪᠥᠬᠡ ᠶ᠋ᠢᠨ ᠨᠠᠢᠷ ᠢ᠋ᠶ᠋ᠠᠨ ᠬᠣᠢᠰᠢᠯᠠᠵᠤ᠂ ᠵᠦᠭ ᠪᠦᠷᠢ ᠳ᠋ᠦ᠍ ᠬᠥᠮᠦᠨ ᠵᠠᠷᠤᠵᠤ ᠨᠡᠷ᠎ᠡ ᠠᠯᠳᠠᠷᠲᠠᠢ ᠪᠥᠬᠡᠴᠦᠳ ᠢ᠋ ᠵᠠᠯᠠᠵᠤ ᠶᠠᠭᠤ ᠴᠣ ᠪᠣᠯᠪᠠ ᠪᠢ ᠴᠢᠮᠠᠲᠤ ᠲᠡᠷᠢᠭᠦᠨ ᠱᠠᠩᠨᠠᠯ ᠢ᠋ᠶ᠋ᠠᠨ ᠣᠯᠭᠣᠬᠤ ᠦᠭᠡᠢ ᠭᠡᠵᠦ ᠨᠢᠭᠡᠨ ᠰᠠᠷ᠎ᠠ ᠬᠣᠢᠰᠢᠯᠠᠵᠤ᠂ ᠪᠦᠭᠦᠳᠡ ᠲᠠᠪᠤᠨ ᠵᠠᠭᠤᠨ ᠳᠠᠯᠠᠨ ᠬᠣᠣᠰ ᠪᠥᠬᠡ ᠴᠤᠭᠯᠠᠷᠠᠭᠰᠠᠨ ᠬᠣᠢᠨ᠎ᠠ ᠦᠵᠦᠮᠦᠴᠢᠨ ᠸᠠᠩ ᠰᠠᠶᠢ ᠪᠥᠬᠡ ᠶ᠋ᠢᠨ ᠨᠠᠢᠷ ᠢ᠋ᠶ᠋ᠠᠨ ᠡᠬᠢᠯᠡᠭᠰᠡᠨ ᠭᠡᠨ᠎ᠡ᠃
ᠴᠢᠩᠭᠢᠭᠡᠳ ᠥᠨᠥ ᠪᠠᠭᠠᠷᠢᠨ ᠤ᠋ ᠪᠥᠬᠡ ᠴᠢᠨᠢ ᠭᠠᠯ ᠰᠠᠯᠬᠢᠨ ᠰᠢᠭ᠋ ᠭᠢᠯᠠᠯᠵᠠᠵᠤ᠂ ᠦᠵᠡᠵᠦ ᠪᠠᠢᠲᠠᠯ᠎ᠠ ᠬᠡᠳᠦ ᠬᠡᠳᠦᠨ ᠪᠥᠬᠡ ᠶ᠋ᠢ ᠤᠨᠠᠭᠠᠵᠤ ᠲᠠᠯᠪᠢᠭᠰᠠᠨ ᠳ᠋ᠤ᠌ ᠦᠵᠦᠮᠦᠴᠢᠨ ᠸᠠᠩ ᠵᠠᠷᠯᠢᠭ ᠪᠠᠭᠤᠯᠭᠠᠵᠤ ᠬᠣᠣᠰ ᠬᠣᠣᠰ ᠢ᠋ᠶ᠋ᠠᠷ ᠨᠤᠭᠤᠯᠤᠨ ᠪᠠᠷᠢᠯᠳᠤᠬᠤ ᠶ᠋ᠢ ᠪᠠᠢᠯᠭᠠᠵᠤ᠂ ᠪᠦᠭᠦᠳᠡᠭᠡᠷ ᠢ᠋ᠶ᠋ᠡᠨ ᠭᠠᠭᠴᠠ ᠪᠠᠭᠠᠷᠢᠨ ᠤ᠋ ᠪᠥᠬᠡ ᠲᠡᠢ ᠮᠥᠷᠥᠢᠴᠡᠯᠳᠦᠬᠦ ᠪᠣᠯᠤᠭᠰᠠᠨ ᠳ᠋ᠤ᠌ ᠬᠡᠨ ᠬᠥᠮᠦᠨ ᠠᠶᠤᠮᠰᠢᠭ ᠦᠭᠡᠢ ᠪᠡᠷ ᠡᠨᠡ ᠪᠥᠬᠡ ᠶ᠋ᠢᠨ ᠶᠣᠰᠣᠨ ᠳ᠋ᠤ᠌ ᠲᠠᠭᠠᠷᠠᠬᠤ ᠦᠭᠡᠢ ᠭᠡᠵᠦ ᠬᠡᠯᠡᠵᠦ ᠴᠢᠳᠠᠬᠤ ᠪᠣᠢ!
ᠴᠢᠩᠭᠢᠭᠡᠳ ᠣᠯᠠᠨ ᠪᠥᠬᠡ ᠳᠠᠷᠠᠭ᠎ᠠ ᠪᠠᠷ ᠢ᠋ᠶ᠋ᠠᠨ ᠪᠠᠭᠠᠷᠢᠨ ᠤ᠋ ᠪᠥᠬᠡ ᠲᠡᠢ ᠨᠣᠴᠣᠯᠳᠤᠨ ᠪᠠᠷᠢᠯᠳᠤᠵᠤ ᠣᠭᠲᠣ ᠲᠠᠢᠯᠵᠤ ᠴᠢᠳᠠᠬᠤ ᠦᠭᠡᠢ᠃ ᠥᠨᠥ ᠪᠠᠭᠠᠷᠢᠨ ᠪᠥᠬᠡ ᠴᠢᠨᠢ ᠲᠡᠷᠢᠭᠦᠨ ᠬᠣᠶᠠᠷ ᠡᠳᠦᠷ ᠲᠦ᠋ᠨᠢ ᠭᠠᠵᠠᠷ ᠠ᠋ᠴᠠ ᠪᠠᠨ ᠬᠥᠳᠡᠯᠦᠯ ᠦᠭᠡᠢ ᠠᠳᠬᠤᠨ ᠠᠪᠴᠤ ᠴᠢᠯᠠᠭᠤᠳᠠᠳᠠᠭ ᠪᠠᠢᠵᠤ ᠭᠡᠨ᠎ᠡ᠃
ᠢᠩᠭᠢᠭᠡᠳ ᠪᠠᠷᠢᠯᠳᠤᠭᠰᠠᠭᠠᠷ ᠬᠡᠳᠦᠨ ᠡᠳᠦᠷ ᠪᠣᠯᠵᠤ ᠤᠯᠠᠮ ᠴᠥᠭᠡᠬᠡᠨ ᠬᠣᠴᠣᠷᠪᠠᠯ ᠤᠯᠠᠮ ᠬᠠᠲᠠᠭᠤ ᠤᠯᠤᠰ ᠨᠢ ᠭᠠᠷᠴᠤ ᠢᠷᠡᠨ᠂ ᠨᠣᠴᠣᠯᠳᠤᠬᠤ ᠴᠠᠭ ᠨᠢ ᠪᠠᠰᠠ ᠤᠷᠲᠤ ᠪᠣᠯᠵᠤ᠂ ᠶᠠᠪᠤᠭᠰᠠᠭᠠᠷ ᠪᠦᠷ ᠰᠡᠭᠦᠯ ᠳ᠋ᠡᠭᠡᠨ ᠦᠵᠦᠮᠦᠴᠢᠨ ᠸᠠᠩ ᠤ᠋ᠨ ᠠᠯᠲᠠᠨ ᠵᠣᠳᠣᠭᠲᠤ ᠨᠡᠷ᠎ᠡ ᠲᠡᠢ ᠠᠢᠬᠤᠪᠲᠤᠷ ᠬᠡᠴᠡᠭᠦᠦ ᠪᠥᠬᠡ ᠨᠢ ᠨᠣᠴᠣᠯᠳᠤᠵᠤ ᠭᠤᠷᠪᠠᠨ ᠡᠳᠦᠷ ᠪᠣᠯᠵᠤ ᠭᠤᠲᠤᠯ ᠵᠣᠳᠣᠭ ᠨᠢ ᠴᠥᠮ ᠬᠠᠭᠠᠷᠠᠵᠤ ᠠᠯᠲᠠᠨ ᠵᠣᠳᠣᠭᠲᠤ ᠪᠠᠭᠠᠷᠢᠨ ᠤ᠋ ᠪᠥᠬᠡ ᠶ᠋ᠢ ᠪᠠᠷᠢᠵᠤ ᠠᠪᠤᠭᠠᠳ ᠡᠷᠭᠢᠭᠦᠯᠬᠦ ᠭᠡᠬᠦ ᠳ᠋ᠦ᠍ ᠪᠡᠶ᠎ᠡ ᠨᠢ ᠭᠠᠵᠠᠷ ᠠ᠋ᠴᠠ ᠰᠠᠯᠬᠤ ᠦᠭᠡᠢ ᠪᠠᠢᠬᠤ ᠳ᠋ᠤ᠌ ᠪᠦᠷ ᠰᠡᠭᠦᠯ ᠳ᠋ᠦ᠍ᠨᠢ ᠪᠠᠭᠠᠷᠢᠨ ᠤ᠋ ᠪᠥᠬᠡ ᠪᠠᠢᠭᠰᠠᠨ ᠪᠦᠬᠦ ᠬᠦᠴᠦᠨ ᠢ᠋ᠶ᠋ᠡᠨ ᠭᠠᠷᠭᠠᠵᠤ᠂ ᠠᠯᠲᠠᠨ ᠵᠣᠳᠣᠭᠲᠤ ᠶ᠋ᠢ ᠳᠡᠭᠡᠷ᠎ᠡ ᠡᠷᠭᠦᠵᠦ ᠬᠠᠶᠠᠪᠠ ᠭᠡᠨ᠎ᠡ᠃
ᠴᠢᠩᠭᠢᠭᠡᠳ ᠦᠵᠦᠮᠦᠴᠢᠨ ᠸᠠᠩ ᠠᠷᠭ᠎ᠠ ᠪᠠᠨ ᠪᠠᠷᠠᠵᠤ ᠲᠡᠷᠢᠭᠦᠨ ᠱᠠᠩᠨᠠᠯ ᠤ᠋ᠨ ᠮᠣᠷᠢ ᠪᠠᠨ ᠥᠭᠭᠦᠭᠡᠳ᠂ ᠳᠡᠭᠡᠷ᠎ᠡ ᠨᠢ ᠨᠢᠭᠡᠨ ᠲᠡᠮᠦᠷ ᠬᠠᠰᠠᠭ ᠲᠡᠷᠭᠡ ᠠᠯᠲᠠᠨ ᠶᠤᠸᠠᠮᠪᠤᠤ ᠥᠭᠭᠦᠭᠡᠳ ᠬᠡᠯᠡᠭᠰᠡᠨ ᠨᠢ᠄《ᠡᠨᠳᠡ ᠡᠴᠡ ᠭᠤᠴᠢᠨ ᠭᠠᠵᠠᠷ ᠤ᠋ᠨ ᠠᠯᠤᠰ ᠮᠢᠨᠦ ᠤᠯᠠᠭᠠᠨ ᠪᠤᠬ᠎ᠠ ᠬᠣᠷᠢᠭᠳᠠᠵᠤ ᠪᠠᠢᠨ᠎ᠠ᠃ ᠴᠢ ᠮᠢᠨᠦ ᠱᠠᠩᠨᠠᠭᠰᠠᠨ ᠨᠢᠭᠡᠨ ᠲᠡᠷᠭᠡ ᠠᠯᠲᠠ ᠶ᠋ᠢ ᠪᠡᠶ᠎ᠡ ᠪᠡᠷ ᠢ᠋ᠶ᠋ᠡᠨ ᠵᠢᠳᠬᠦᠵᠦ ᠲᠡᠨᠳᠡ ᠬᠦᠷᠦᠭᠡᠳ᠂ ᠮᠢᠨᠦ ᠲᠡᠷᠡ ᠪᠤᠬ᠎ᠠ ᠶ᠋ᠢ ᠪᠠᠷᠢᠵᠤ ᠲᠡᠷᠭᠡᠨ ᠳ᠋ᠡᠭᠡᠨ ᠬᠥᠯᠵᠦ ᠶᠠᠪᠤ᠃ ᠬᠡᠷᠪᠡ ᠴᠢ ᠡᠨᠡ ᠠᠯᠲᠠ ᠲᠡᠭᠡᠭᠡᠭᠰᠡᠨ ᠲᠡᠮᠦᠷ ᠲᠡᠷᠭᠡ ᠶ᠋ᠢ ᠪᠡᠶ᠎ᠡ ᠪᠡᠷ ᠢ᠋ᠶ᠋ᠡᠨ ᠵᠢᠳᠬᠦᠵᠦ ᠪᠤᠬ᠎ᠠ ᠶ᠋ᠢᠨ ᠬᠠᠰᠢᠶ᠎ᠠ ᠬᠦᠷᠲᠡᠯ᠎ᠡ ᠶᠠᠪᠤᠵᠤ ᠭᠠᠷᠬᠤ ᠦᠭᠡᠢ ᠪᠣᠯ᠂ ᠸᠠᠩ ᠤ᠋ᠨ ᠵᠠᠷᠯᠢᠭ ᠠ᠋ᠴᠠ ᠵᠥᠷᠢᠴᠡᠪᠡ ᠭᠡᠵᠦ ᠲᠣᠯᠣᠭᠠᠢ ᠶ᠋ᠢ ᠴᠢᠨᠢ ᠠᠪᠤᠨ᠎ᠠ》 ᠭᠡᠵᠦ ᠲᠤᠰᠢᠶᠠᠭᠰᠠᠨ ᠳ᠋ᠤ᠌᠂ ᠪᠠᠭᠠᠷᠢᠨ ᠪᠥᠬᠡ ᠠᠷᠭ᠎ᠠ ᠦᠭᠡᠢ ᠪᠣᠯᠵᠤ᠃ ᠬᠡᠰᠡᠭ ᠭᠡᠵᠦ ᠮᠥᠷᠭᠥᠭᠡᠳ ᠲᠡᠮᠦᠷ ᠲᠡᠷᠭᠡ ᠶ᠋ᠢ ᠪᠡᠶ᠎ᠡ ᠪᠡᠷ ᠢ᠋ᠶ᠋ᠡᠨ ᠵᠢᠳᠬᠦᠵᠦ ᠶᠠᠪᠤᠭᠰᠠᠭᠠᠷ᠂ ᠭᠤᠴᠢᠨ ᠭᠠᠵᠠᠷ ᠤ᠋ᠨ ᠠᠯᠤᠰ ᠭᠠᠷᠴᠤ ᠦᠵᠡᠭᠰᠡᠨ ᠳ᠋ᠦ᠍᠂ ᠦᠨᠡᠬᠡᠷ ᠨᠢᠭᠡᠨ ᠶᠡᠬᠡ ᠬᠣᠲᠠ ᠬᠦᠷᠢᠶᠡᠨ ᠦ᠌ ᠳᠣᠲᠣᠷ᠎ᠠ ᠶᠡᠷᠦ ᠶ᠋ᠢᠨ ᠪᠤᠬ᠎ᠠ ᠶ᠋ᠢᠨ ᠭᠤᠷᠪᠠ ᠲᠠᠢ ᠲᠡᠩᠴᠡᠬᠦ ᠨᠢᠭᠡ ᠶᠡᠬᠡ ᠤᠯᠠᠭᠠᠨ ᠪᠤᠬ᠎ᠠ ᠵᠣᠭᠰᠣᠵᠤ᠂ ᠬᠣᠶᠠᠷ ᠨᠢᠳᠦ ᠨᠢ ᠭᠠᠯ ᠰᠢᠭ᠋ ᠤᠯᠠᠢᠵᠤ ᠬᠣᠶᠠᠷ ᠡᠪᠡᠷ ᠳᠡᠭᠡᠷ᠎ᠡ ᠨᠢ ᠴᠥᠮ ᠮᠥᠷᠭᠥᠵᠦ ᠠᠯᠠᠭᠰᠠᠨ ᠬᠥᠮᠦᠨ ᠦ᠌ ᠴᠢᠰᠤ ᠨᠠᠭᠠᠯᠳᠤᠵᠤ᠂ ᠡᠨᠡ ᠡᠳᠦᠷ ᠶᠠᠭᠤᠨ ᠳ᠋ᠤ᠌ ᠶᠠᠯᠠᠲᠠᠨ ᠬᠦᠷᠭᠡᠨ ᠢᠷᠡᠵᠦ ᠢᠳᠡᠭᠦᠯᠬᠦ ᠦᠭᠡᠢ ᠪᠣᠢ ᠭᠡᠵᠦ᠂ ᠬᠥᠮᠦᠨ ᠦ᠌ ᠮᠢᠬ᠎ᠠ ᠶ᠋ᠢ ᠢᠳᠡᠶ᠎ᠡ ᠭᠡᠵᠦ ᠬᠦᠷᠴᠢᠭᠢᠨᠡᠵᠦ ᠣᠷᠬᠢᠷᠠᠵᠤ ᠪᠠᠢᠨ᠎ᠠ ᠭᠡᠨ᠎ᠡ᠃
ᠴᠢᠩᠭᠢᠭᠡᠳ ᠪᠠᠭᠠᠷᠢᠨ ᠤ᠋ ᠪᠥᠬᠡ᠂ ᠪᠥᠬᠡ ᠪᠠᠷᠢᠯᠳᠤᠵᠤ ᠬᠠᠶᠠᠭᠳᠠᠵᠤ ᠬᠠᠷᠢᠪᠠᠯ ᠪᠠᠭᠠᠷᠢᠨ ᠸᠠᠩ ᠲᠣᠯᠣᠭᠠᠢ ᠶ᠋ᠢ ᠮᠢᠨᠢ ᠠᠪᠤᠨ᠎ᠠ᠃ ᠪᠥᠬᠡ ᠪᠠᠷᠢᠯᠳᠤᠵᠤ ᠳᠡᠢᠯᠦᠭᠰᠡᠨ ᠳ᠋ᠦ᠍ ᠦᠵᠦᠮᠦᠴᠢᠨ ᠸᠠᠩ ᠠᠮᠢ ᠶ᠋ᠢ ᠮᠢᠨᠢ ᠠᠪᠤᠨ᠎ᠠ ᠭᠡᠵᠦ ᠠᠷᠭ᠎ᠠ ᠵᠠᠷᠤᠭᠰᠠᠨ ᠪᠠᠢᠨ᠎ᠠ ᠭᠡᠳ᠂ ᠠᠷᠭ᠎ᠠ ᠦᠭᠡᠢ ᠪᠣᠰᠴᠤ ᠪᠤᠬ᠎ᠠ ᠬᠣᠷᠢᠭᠰᠠᠨ ᠬᠠᠰᠢᠶᠠᠨ ᠤ᠋ ᠡᠭᠦᠳᠡ ᠶ᠋ᠢ ᠨᠡᠭᠡᠭᠡᠵᠦ ᠣᠷᠣᠭᠰᠠᠨ ᠳ᠋ᠤ᠌᠂ ᠥᠨᠥ ᠪᠤᠬ᠎ᠠ ᠬᠥᠮᠦᠨ ᠦ᠌ ᠮᠢᠬ᠎ᠠ ᠢᠳᠡᠵᠦ ᠰᠤᠷᠤᠭᠰᠠᠨ ᠲᠤᠯᠠ᠂ ᠬᠣᠢᠰᠢ ᠪᠠᠨ ᠤᠬᠤᠷᠢᠵᠤ ᠤᠬᠤᠷᠢᠵᠤ ᠪᠠᠢᠭᠠᠳ᠂ ᠭᠡᠨᠡᠳᠲᠡ ᠲᠣᠯᠣᠭᠠᠢ ᠪᠠᠨ ᠳᠠᠷᠤᠵᠤ ᠡᠪᠡᠷ ᠢ᠋ᠶ᠋ᠡᠨ ᠬᠠᠨᠳᠤᠭᠤᠯᠵᠤ ᠮᠥᠷᠭᠥᠯᠬᠢᠯᠡᠨ ᠢᠷᠡᠬᠦ ᠳ᠋ᠦ᠍᠂ ᠪᠠᠭᠠᠷᠢᠨ ᠤ᠋ ᠪᠥᠬᠡ ᠬᠠᠵᠠᠭᠤ ᠲᠠᠰᠢ ᠵᠠᠢᠯᠠᠨ ᠭᠠᠷᠴᠤ ᠪᠤᠬ᠎ᠠ ᠶ᠋ᠢᠨ ᠰᠡᠭᠦᠯ ᠡᠴᠡ ᠨᠢ ᠠᠳᠬᠤᠨ ᠠᠪᠤᠭᠠᠳ ᠭᠡᠳᠡᠷᠭᠡᠨ ᠲᠠᠲᠠᠭᠰᠠᠨ ᠳ᠋ᠤ᠌ ᠪᠤᠬ᠎ᠠ ᠮᠥᠨ ᠬᠦᠴᠦ ᠪᠡᠨ ᠭᠠᠷᠭᠠᠵᠤ ᠤᠷᠤᠭᠰᠢ ᠪᠠᠨ ᠵᠢᠳᠬᠦᠭᠰᠡᠨ ᠳ᠋ᠦ᠍᠂ ᠪᠠᠭᠠᠷᠢᠨ ᠤ᠋ ᠪᠥᠬᠡ ᠪᠤᠬ᠎ᠠ ᠶ᠋ᠢᠨ ᠰᠡᠭᠦᠯ ᠢ᠋ ᠭᠡᠨᠡᠳᠲᠡ ᠲᠠᠯᠪᠢᠭᠰᠠᠨ ᠳ᠋ᠤ᠌ ᠥᠨᠥ ᠪᠤᠬ᠎ᠠ ᠲᠣᠩᠭᠣᠷᠴᠠᠭᠯᠠᠨ ᠤᠨᠠᠭᠰᠠᠨ ᠳ᠋ᠤ᠌ ᠪᠠᠭᠠᠷᠢᠨ ᠤ᠋ ᠪᠥᠬᠡ ᠳᠡᠭᠡᠷ᠎ᠡ ᠡᠴᠡ ᠨᠢ ᠳᠠᠷᠤᠵᠤ ᠨᠢᠭᠡᠨ ᠡᠪᠡᠷ ᠢ᠋ ᠨᠢ ᠬᠤᠭᠤ ᠮᠤᠰᠬᠢᠵᠦ ᠠᠪᠤᠭᠠᠳ ᠪᠤᠬ᠎ᠠ ᠶ᠋ᠢᠨ ᠨᠢᠭᠤᠷ ᠨᠢᠷᠤᠭᠤ ᠢᠯᠭᠠᠬᠤ ᠦᠭᠡᠢ ᠵᠣᠳᠣᠭᠰᠠᠭᠠᠷ ᠪᠤᠬ᠎ᠠ ᠶ᠋ᠢ ᠨᠣᠮᠣᠬᠠᠷᠠᠭᠤᠯᠵᠤ ᠲᠡᠷᠭᠡᠨ ᠳ᠋ᠡᠭᠡᠨ ᠬᠥᠯᠵᠦ ᠨᠤᠲᠤᠭ ᠵᠦᠭ ᠢ᠋ᠶ᠋ᠡᠨ ᠶᠠᠪᠤᠵᠠᠢ᠃
ᠡᠭᠦᠨ ᠢ᠋ ᠦᠵᠦᠮᠦᠴᠢᠨ ᠸᠠᠩ ᠰᠣᠨᠣᠰᠤᠭᠠᠳ᠂ ᠡᠢᠮᠦ ᠨᠡᠷ᠎ᠡ ᠠᠯᠳᠠᠷ ᠲᠠᠢ ᠪᠥᠬᠡ ᠶ᠋ᠢ ᠠᠮᠢᠳᠤ ᠶᠠᠪᠤᠭᠤᠯᠵᠤ ᠪᠣᠯᠬᠤ ᠦᠭᠡᠢ ᠭᠡᠵᠦ ᠬᠣᠶᠠᠷ ᠭᠠᠯᠵᠠᠭᠤ ᠪᠤᠤᠷ᠎ᠠ ᠪᠠᠨ ᠲᠠᠯᠪᠢᠵᠤ ᠬᠣᠢᠨ᠎ᠠ ᠠ᠋ᠴᠠ ᠨᠢ ᠨᠡᠬᠡᠭᠦᠯᠵᠦ ᠭᠡᠨ᠎ᠡ᠃ ᠥᠨᠥ ᠬᠣᠶᠠᠷ ᠭᠠᠯᠵᠠᠭᠤ ᠪᠤᠤᠷ᠎ᠠ ᠨᠢ ᠨᠢᠭᠡ ᠨᠢ ᠬᠠᠩᠭᠠᠢ ᠪᠤᠤᠷ᠎ᠠ᠂ ᠨᠢᠭᠡ ᠨᠢ ᠮᠣᠭᠠᠢ ᠪᠤᠤᠷ᠎ᠠ ᠭᠡᠳᠡᠭ ᠭᠡᠨ᠎ᠡ᠃ ᠬᠠᠩᠭᠠᠢ ᠪᠤᠤᠷ᠎ᠠ ᠨᠢ ᠪᠣᠯ ᠲᠩᠷᠢ ᠳᠡᠭᠡᠭᠰᠢ ᠬᠠᠷᠠᠵᠤ ᠬᠦᠴᠦᠨ ᠦ᠌ ᠴᠢᠨᠡᠭᠡ ᠪᠡᠷ ᠢ᠋ᠶ᠋ᠡᠨ ᠳᠠᠭᠠᠷᠢᠵᠤ ᠶᠠᠪᠤᠳᠠᠭ᠃ ᠮᠣᠭᠠᠢ ᠪᠤᠤᠷ᠎ᠠ ᠨᠢ ᠪᠣᠯ ᠬᠦᠵᠦᠭᠦᠦ ᠨᠢ ᠭᠠᠵᠠᠷ ᠨᠠᠭᠠᠯᠳᠤᠵᠤ ᠤᠴᠠᠷᠠᠭᠰᠠᠨ ᠪᠦᠬᠦᠨ ᠢ᠋ ᠬᠠᠷᠠᠨ ᠡᠮᠬᠦᠵᠦ ᠶᠠᠪᠤᠳᠠᠭ ᠭᠡᠨ᠎ᠡ᠃
ᠴᠢᠩᠭᠢᠭᠡᠳ ᠪᠠᠭᠠᠷᠢᠨ ᠤ᠋ ᠪᠥᠬᠡ ᠲᠡᠮᠦᠷ ᠲᠡᠷᠭᠡᠨ ᠳ᠋ᠡᠭᠡᠨ ᠰᠠᠭᠤᠵᠤ ᠤᠯᠠᠭᠠᠨ ᠪᠤᠬ᠎ᠠ ᠶ᠋ᠢ ᠬᠥᠯᠵᠦ ᠣᠳᠣ ᠨᠤᠲᠤᠭ ᠲᠠᠭᠠᠨ ᠣᠢᠷᠠᠳᠪᠠ᠃ ᠡᠵᠢ ᠲᠡᠢ ᠪᠡᠨ ᠮᠡᠨᠳᠦ ᠠᠭᠤᠯᠵᠠᠨ᠎ᠠ ᠭᠡᠵᠦ ᠪᠠᠢᠲᠠᠯ᠎ᠠ ᠭᠡᠨᠡᠳᠲᠡ ᠬᠣᠢᠨ᠎ᠠ ᠠ᠋ᠴᠠ ᠨᠢ ᠬᠦᠷᠴᠢᠭᠢᠨᠡᠬᠦ ᠳᠠᠭᠤᠨ ᠭᠠᠷᠴᠤ ᠬᠣᠶᠠᠷ ᠭᠠᠯᠵᠠᠭᠤ ᠪᠤᠤᠷ᠎ᠠ ᠨᠡᠬᠡᠵᠦ ᠢᠷᠡᠬᠦ ᠶ᠋ᠢ ᠦᠵᠡᠭᠡᠳ᠂ ᠲᠡᠷᠭᠡᠨ ᠡᠴᠡ ᠪᠡᠨ ᠪᠠᠭᠤᠵᠤ ᠨᠢᠭᠡᠨ ᠶᠠᠰᠢᠩ ᠢ᠋ᠶ᠋ᠠᠨ ᠰᠤᠭᠤ ᠲᠠᠲᠠᠵᠤ᠂ ᠬᠦᠯᠢᠶᠡᠨ ᠵᠣᠭᠰᠣᠵᠤ ᠪᠠᠢᠭᠰᠠᠨ ᠳ᠋ᠤ᠌᠂ ᠬᠠᠩᠭᠠᠢ ᠪᠤᠤᠷ᠎ᠠ ᠨᠢ ᠲᠡᠭᠷᠢ ᠬᠠᠷᠠᠨ ᠬᠠᠩᠭᠠᠢᠷᠠᠵᠤ ᠳᠠᠭᠠᠷᠢᠨ ᠢᠷᠡᠬᠦ ᠳ᠋ᠦ᠍ ᠪᠠᠭᠠᠷᠢᠨ ᠪᠥᠬᠡ ᠬᠡᠯᠲᠡᠰᠬᠢᠲᠡᠯᠡ ᠵᠠᠢᠯᠠᠵᠤ ᠲᠡᠮᠦᠷ ᠶᠠᠰᠢᠩ ᠢ᠋ᠶ᠋ᠠᠨ ᠬᠠᠩᠭᠠᠢ ᠲᠡᠮᠡᠭᠡᠨ ᠦ᠌ ᠬᠣᠶᠠᠷ ᠬᠠ ᠶ᠋ᠢ ᠨᠢ ᠬᠤᠭᠤ ᠴᠣᠬᠢᠵᠤ ᠤᠨᠠᠭᠠᠭᠠᠳ᠂ ᠭᠠᠵᠠᠷ ᠰᠢᠭᠦᠷᠡᠨ ᠢᠷᠡᠬᠦ ᠮᠣᠭᠠᠢ ᠪᠤᠤᠷ᠎ᠠ ᠶ᠋ᠢᠨ ᠬᠣᠩᠰᠢᠶᠠᠷ ᠢ᠋ ᠨᠢ ᠨᠢᠴᠠ ᠴᠣᠬᠢᠵᠤ ᠤᠨᠠᠭᠠᠭᠠᠳ᠂ ᠴᠢᠨᠠᠭᠰᠢ ᠳᠠᠪᠰᠢᠨ ᠶᠠᠪᠤᠵᠤ ᠣᠳᠣ ᠴᠤ᠌ ᠨᠢᠭᠡ ᠭᠡᠷ ᠲᠡᠭᠡᠨ ᠬᠠᠷᠢᠵᠤ ᠢᠷᠡᠯ᠎ᠡ ᠳᠠ ᠭᠡᠵᠦ ᠶᠠᠪᠤᠵᠤ ᠪᠠᠢᠵᠠᠢ᠃
ᠭᠡᠲᠡᠯ᠎ᠡ ᠬᠠᠷᠢᠨ ᠦᠵᠦᠮᠦᠴᠢᠨ ᠸᠠᠩ ᠭᠠᠯ ᠫᠤᠤ ᠲᠠᠢ ᠴᠡᠷᠢᠭ ᠵᠠᠭᠤ ᠶ᠋ᠢ ᠶᠠᠪᠤᠭᠤᠯᠵᠤ᠂ ᠶᠠᠭ ᠪᠠᠭᠠᠷᠢᠨ ᠬᠣᠰᠢᠭᠤ ᠬᠢᠭᠡᠳ ᠦᠵᠦᠮᠦᠴᠢᠨ ᠬᠤᠰᠢᠭᠤᠨ ᠤ᠋ ᠵᠠᠭᠠᠭ ᠳᠡᠭᠡᠷ᠎ᠡ ᠪᠦᠭᠭᠦᠭᠦᠯᠵᠦ᠂ ᠸᠠᠩ ᠮᠢᠨᠦ ᠲᠡᠷᠢᠭᠦᠨ ᠱᠠᠩᠨᠠᠯ ᠢ᠋ ᠠᠪᠤᠪᠠ ᠭᠡᠵᠦ᠂ ᠶᠡᠷᠦ ᠠᠷᠠᠳ ᠤ᠋ᠨ ᠳᠣᠲᠣᠷ᠎ᠠ ᠡᠢᠮᠦ ᠰᠠᠢᠨ ᠡᠷ᠎ᠡ ᠪᠠᠢᠯᠭᠠᠵᠤ ᠪᠣᠯᠬᠤ ᠦᠭᠡᠢ ᠭᠡᠳ ᠰᠥᠨᠢ ᠣᠷᠣᠢ ᠪᠠᠭᠠᠷᠢᠨ ᠪᠥᠬᠡ ᠶ᠋ᠢ ᠲᠡᠷᠭᠡ ᠬᠥᠯᠥᠨ ᠢᠷᠡᠬᠦ ᠶ᠋ᠢ ᠲᠣᠰᠴᠤ ᠫᠤᠤᠳᠠᠵᠤ ᠠᠯᠠᠪᠠ ᠭᠡᠨ᠎ᠡ᠃
ᠪᠠᠭᠠᠷᠢᠨ ᠸᠠᠩ ᠡᠭᠦᠨ ᠢ᠋ ᠰᠣᠨᠣᠰᠤᠭᠠᠳ᠂ ᠡᠨᠡ ᠨᠢᠭᠡᠨ ᠮᠠᠭᠤ ᠠᠷᠠᠳ ᠤ᠋ᠨ ᠲᠥᠯᠥᠭᠡ ᠦᠵᠦᠮᠦᠴᠢᠨ ᠸᠠᠩ ᠲᠠᠢ ᠮᠠᠭᠤᠳᠠᠭᠤᠯᠤᠭᠠᠳ ᠶᠠᠭᠤ ᠬᠢᠨ᠎ᠡ ᠳᠡ ᠭᠡᠳ ᠣᠢᠰᠢᠶᠠᠭᠰᠠᠨ ᠦᠭᠡᠢ ᠥᠩᠭᠡᠷᠡᠭᠡᠪᠡ ᠭᠡᠨ᠎ᠡ᠃
※ ᠦᠰᠦᠭ ᠠᠮᠢᠯᠠᠭᠤᠯᠤᠭᠴᠢ᠄ ᠬᠡᠯᠡᠰᠣᠶᠣᠯ(ᠪᠤᠤ ᠸᠧᠨ ᠬᠤᠸᠠ)᠂ ᠤᠷᠠᠨᠴᠢᠮᠡᠭ᠂ ᠪᠠᠶᠠᠨᠴᠡᠴᠡᠭ᠂
ᠨᠠᠷᠠᠨᠲᠤᠶᠠᠭ᠎ᠠ᠂ ᠡᠭᠦᠯᠡᠩᠬᠤᠸᠠᠷ᠂ ᠠᠯᠲᠠᠨᠴᠢᠮᠡᠭ᠂ ᠣᠶᠤᠨᠴᠢᠮᠡᠭ᠂ ᠪᠠᠢ·ᠰᠠᠷᠠᠨ᠎ᠠ᠂
ᠬᠡᠷᠡᠢᠳ·ᠮᠥᠩᠬᠡᠨᠠᠰᠤᠨ᠂ ᠮᠥᠩᠭᠥᠨ᠂ ᠭᠡᠷᠡᠯ
※ ᠬᠢᠨᠠᠭᠴᠢ᠄ ᠣᠳᠬᠠᠨᠰᠤ᠎ᠠ᠂ ᠪᠠᠯ᠂ ᠡᠭᠦᠯᠡᠩᠬᠤᠸᠠᠷ᠂ ᠤᠷᠠᠨᠴᠢᠮᠡᠭ᠂ ᠭᠠᠷᠮ᠎ᠠ᠂ ᠰᠡᠬᠡᠭᠡᠷᠡᠯ᠂
ᠨᠠᠷᠠᠨ᠂ ᠪᠠᠯᠤᠰᠦᠭ᠂ ᠬᠡᠯᠡᠰᠣᠶᠣᠯ᠂ ᠭᠡᠷᠡᠯ
