ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠠᠷᠤ ᠥᠪᠥᠷ ᠦᠨ ᠰᠠᠢᠨ ᠡᠷ᠎ᠡ Гураван настай гунаган улаан баатар - Ар өврийн сайн эр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠠᠷᠤ ᠥᠪᠥᠷ ᠦᠨ ᠰᠠᠢᠨ ᠡᠷ᠎ᠡ Гураван настай гунаган улаан баатар - Ар өврийн сайн эр

ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠠᠷᠤ ᠥᠪᠥᠷ ᠦᠨ ᠰᠠᠢᠨ ᠡᠷ᠎ᠡ Гураван настай гунаган улаан баатар - Ар өврийн сайн эр

ᠠᠩᠭᠢᠯᠠᠯ:ᠳᠣᠮᠣᠭ ᠦᠯᠢᠭᠡᠷ
2025-12-05

127

ᠠᠷᠤ ᠥᠪᠥᠷ ᠦ᠋ᠨ ᠰᠠᠢᠨ ᠡᠷ᠎ᠡ

  
       ᠡᠷᠲᠡ ᠤᠷᠢᠳᠤ ᠶ᠋ᠢᠨ ᠴᠠᠭ  ᠲᠤ᠌ ᠠᠷᠤ ᠶ᠋ᠢᠨ ᠰᠠᠢᠨ ᠡᠷ᠎ᠡ ᠥᠪᠥᠷ ᠦ᠋ᠨ ᠰᠠᠢᠨ ᠡᠷ᠎ᠡ ᠭᠡᠵᠦ ᠬᠣᠶᠠᠷ ᠰᠠᠢᠨ ᠡᠷ᠎ᠡ ᠪᠠᠢᠭᠰᠠᠨ ᠭᠡᠨ᠎ᠡ᠃ ᠡᠨᠡ ᠬᠣᠶᠠᠷ ᠰᠠᠢᠨ ᠡᠷ᠎ᠡ ᠪᠣᠯ ᠶᠡᠷᠦ ᠳ᠋ᠡᠭᠡᠨ ᠶᠠᠳᠠᠭᠤ ᠶ᠋ᠢ ᠲᠤᠰᠠᠯᠠᠵᠤ᠂ ᠣᠮᠣᠷᠬᠠᠭ ᠢ᠋ ᠴᠣᠬᠢᠵᠤ᠂ ᠨᠣᠶᠠᠳ ᠪᠠᠶᠠᠳ ᠲᠠᠢ ᠮᠥᠴᠡᠭᠡᠷᠬᠡᠨ ᠶᠠᠪᠤᠳᠠᠭ ᠭᠡᠨ᠎ᠡ᠃ 
       ᠴᠢᠩᠭᠢᠭᠡᠳ ᠨᠢᠭᠡᠨ ᠡᠳᠦᠷ᠂ ᠠᠷᠤ ᠶ᠋ᠢᠨ ᠰᠠᠢᠨ ᠡᠷ᠎ᠡ ᠨᠢ ᠥᠪᠥᠷ ᠦ᠋ᠨ ᠰᠠᠢᠨ ᠡᠷ᠎ᠡ ᠲᠡᠢ ᠪᠡᠨ ᠠᠭᠤᠯᠵᠠᠵᠤ᠂ ᠠᠮᠤᠷ ᠮᠡᠨᠳᠦ ᠪᠡᠨ ᠮᠡᠳᠡᠯᠴᠡᠵᠦ᠂ ᠠᠷᠤ ᠶ᠋ᠢᠨ ᠰᠠᠢᠨ ᠡᠷ᠎ᠡ ᠨᠢ ᠥᠪᠥᠷ ᠦ᠋ᠨ ᠰᠠᠢᠨ ᠡᠷ᠎ᠡ ᠡᠴᠡ ᠪᠡᠨ᠄《ᠵᠠ! ᠨᠥᠬᠥᠷ ᠮᠢᠨᠢ᠂ ᠴᠢ ᠣᠳᠣ ᠶᠠᠭᠤ ᠠᠪᠴᠤ ᠴᠢᠳᠠᠬᠤ ᠦᠭᠡᠢ ᠪᠠᠢᠨ᠎ᠠ ᠪᠣᠢ!》 ᠭᠡᠰᠡᠨ ᠳ᠋ᠦ᠍᠂ ᠥᠪᠥᠷ ᠦ᠋ᠨ ᠰᠠᠢᠨ ᠡᠷ᠎ᠡ᠄《ᠪᠢ ᠣᠳᠣ ᠭᠠᠭᠴᠠ ᠬᠠᠭᠠᠨ ᠤ᠋ ᠠᠷᠪᠠᠨ ᠲᠠᠪᠤᠨ ᠳᠠᠪᠬᠤᠷ ᠠᠰᠠᠷ ᠤ᠋ᠨ ᠳᠡᠭᠡᠷ᠎ᠡ ᠪᠠᠢᠭ᠎ᠠ ᠠᠯᠲᠠ ᠮᠥᠩᠭᠥ ᠶ᠋ᠢ ᠠᠪᠴᠤ ᠴᠢᠳᠠᠬᠤ ᠦᠭᠡᠢ ᠪᠠᠢᠨ᠎ᠠ᠃》 ᠭᠡᠰᠡᠨ ᠳ᠋ᠦ᠍᠂ ᠠᠷᠤ ᠶ᠋ᠢᠨ ᠰᠠᠢᠨ ᠡᠷ᠎ᠡ ᠨᠢ᠄《ᠵᠠ! ᠶᠠᠭᠤ ᠪᠣᠯᠤᠭᠰᠠᠨ ᠴᠤ᠌ ᠬᠣᠶᠠᠭᠤᠯᠠ ᠪᠠᠨ ᠠᠷᠭᠠᠯᠠᠵᠤ ᠪᠠᠢᠭᠠᠳ᠂ ᠲᠡᠷᠡ ᠠᠷᠪᠠᠨ ᠲᠠᠪᠤᠨ ᠳᠠᠪᠬᠤᠷ ᠠᠰᠠᠷ ᠤ᠋ᠨ ᠳᠡᠭᠡᠷ᠎ᠡ ᠪᠠᠢᠭ᠎ᠠ ᠠᠯᠲᠠ ᠮᠥᠩᠭᠥ ᠶ᠋ᠢ ᠠᠪᠴᠤ ᠦᠵᠡᠶ᠎ᠡ!》 ᠭᠡᠳ᠂ ᠨᠢᠭᠡᠨ ᠶᠡᠬᠡ ᠲᠣᠭᠣᠭᠠᠨ ᠳᠣᠲᠣᠷ᠎ᠠ ᠳᠦᠭᠦᠷᠲᠡᠯ᠎ᠡ ᠴᠠᠪᠠᠤ ᠪᠤᠴᠠᠯᠭᠠᠵᠤ᠂ ᠰᠥᠨᠢ ᠬᠠᠷᠠᠩᠭᠤᠢ ᠪᠣᠯᠤᠭᠰᠠᠨ ᠳ᠋ᠤ᠌᠂ ᠬᠣᠶᠠᠭᠤᠯᠠ ᠪᠠᠨ ᠡᠨᠡ ᠴᠠᠪᠠᠤ ᠲᠠᠢ ᠲᠣᠭᠣᠭ᠎ᠠ ᠪᠠᠨ ᠳᠠᠮᠨᠠᠵᠤ᠂ ᠬᠠᠭᠠᠨ ᠤ᠋ ᠠᠷᠪᠠᠨ ᠲᠠᠪᠤᠨ ᠳᠠᠪᠬᠤᠷ ᠠᠰᠠᠷ ᠤ᠋ᠨ ᠬᠣᠢᠨ᠎ᠠ ᠨᠢ ᠠᠪᠠᠴᠢᠵᠤ ᠲᠠᠯᠪᠢᠭᠠᠳ᠂ ᠲᠣᠭᠣᠷᠢᠵᠤ ᠦᠵᠡᠭᠰᠡᠨ ᠳ᠋ᠦ᠍᠂ ᠬᠠᠭᠠᠯᠭ᠎ᠠ ᠶ᠋ᠢᠨ ᠳᠡᠭᠡᠷ᠎ᠡ ᠨᠢ ᠬᠠᠷ᠎ᠠ ᠪᠠᠷᠰ ᠤ᠋ᠨ ᠲᠣᠯᠣᠭᠠᠢ ᠶ᠋ᠢᠨ ᠣᠨᠢᠰᠣ ᠪᠠᠷ ᠣᠨᠢᠰᠤᠯᠠᠵᠤ ᠂ ᠬᠠᠲᠠᠭᠤ ᠴᠠᠬᠢᠷᠠᠭ ᠲᠠᠪᠢᠨ ᠴᠡᠷᠢᠭ᠂ ᠬᠠᠶᠠᠭ᠎ᠠ ᠪᠠᠨ ᠲᠦᠰᠢᠵᠦ ᠬᠠᠮᠠᠷ ᠲᠡᠳᠡᠨ ᠤᠨᠲᠠᠵᠤ ᠪᠠᠢᠨ᠎ᠠ ᠭᠡᠨ᠎ᠡ᠃  ᠬᠣᠶᠠᠷ ᠰᠠᠢᠨ ᠡᠷ᠎ᠡ ᠴᠥᠮ ᠪᠠᠢᠴᠠᠭᠠᠵᠤ ᠪᠠᠷᠠᠭᠠᠳ᠂ ᠠᠰᠠᠷ ᠤ᠋ᠨ ᠬᠣᠢᠨ᠎ᠠ ᠨᠢ ᠢᠷᠡᠵᠦ ᠭᠠᠷ ᠬᠥᠯ ᠳ᠋ᠡᠭᠡᠨ ᠪᠦᠷ ᠴᠠᠪᠠᠤ ᠪᠢᠯᠳᠠᠵᠤ᠂ ᠠᠷᠪᠠᠨ ᠲᠠᠪᠤᠨ ᠳᠠᠪᠬᠤᠷ ᠠᠰᠠᠷ ᠤ᠋ᠨ ᠳᠡᠭᠡᠷ᠎ᠡ ᠮᠠᠭᠰᠢᠨ ᠭᠠᠷᠴᠤ ᠬᠣᠢᠲᠤ ᠴᠣᠩᠬᠣ ᠶ᠋ᠢ ᠨᠢ ᠲᠦᠯᠬᠢᠨ ᠣᠷᠣᠭᠠᠳ ᠦᠵᠡᠭᠰᠡᠨ ᠳ᠋ᠦ᠍᠂ ᠦᠨᠡᠬᠡᠷ ᠦᠬᠡᠷ ᠦ᠋ᠨ ᠠᠷᠠᠰᠤᠨ ᠠᠪᠳᠠᠷ᠎ᠠ ᠶ᠋ᠢ ᠥᠨᠴᠥᠭ ᠵᠡᠷᠭᠡᠴᠡᠭᠦᠯᠦᠨ ᠲᠠᠯᠪᠢᠵᠤ᠂ ᠠᠪᠳᠠᠷ᠎ᠠ ᠪᠦᠷᠢ ᠠᠯᠲᠠ ᠮᠥᠩᠭᠥ ᠳᠦᠭᠦᠷᠡᠩ ᠬᠠᠳᠠᠭᠠᠯᠠᠭᠰᠠᠨ ᠪᠠᠢᠨ᠎ᠠ ᠭᠡᠨ᠎ᠡ᠃ ᠴᠢᠩᠭᠢᠭᠡᠳ ᠬᠣᠶᠠᠭᠤᠯᠠ ᠪᠠᠷᠠᠭᠤᠨ ᠲᠠᠢ ᠨᠢ ᠪᠠᠢᠬᠤ ᠬᠣᠶᠠᠷ ᠠᠪᠳᠠᠷ᠎ᠠ ᠶ᠋ᠢ ᠨᠡᠭᠡᠭᠡᠵᠦ᠂ ᠳᠣᠲᠣᠷ᠎ᠠ ᠨᠢ ᠪᠠᠢᠭᠰᠠᠨ ᠠᠯᠲᠠ ᠮᠥᠩᠭᠥ ᠶ᠋ᠢ ᠨᠢ ᠴᠥᠮ ᠬᠣᠢᠲᠤ ᠴᠣᠩᠬᠣ ᠪᠠᠷ ᠨᠢ ᠴᠢᠯᠠᠭᠤᠳᠠᠨ ᠭᠠᠷᠭᠠᠭᠠᠳ᠂ ᠠᠰᠠᠷ ᠠ᠋ᠴᠠ ᠪᠠᠭᠤᠵᠤ᠂ ᠠᠯᠲᠠ ᠮᠥᠩᠭᠥ ᠪᠡᠨ ᠴᠤᠭᠯᠠᠭᠤᠯᠵᠤ᠂ ᠠᠢᠯ ᠭᠡᠷ ᠲᠡᠭᠡᠨ ᠬᠠᠷᠢᠭᠠᠳ᠂ ᠣᠯᠵᠤ ᠢᠷᠡᠭᠰᠡᠨ ᠠᠯᠲᠠ ᠮᠥᠩᠭᠥ ᠪᠡᠨ ᠠᠮᠢᠳᠤᠷᠠᠯ ᠮᠠᠭᠤ ᠲᠠᠢ ᠬᠥᠮᠦᠨ ᠳ᠋ᠦ᠍ ᠲᠠᠷᠬᠠᠭᠠᠨ ᠥᠭᠴᠦ᠂ ᠠᠷᠢᠬᠢ ᠳᠠᠷᠠᠰᠤ ᠤᠤᠭᠤᠵᠤ᠂ ᠮᠢᠬ᠎ᠠ ᠬᠣᠭᠣᠯᠠ ᠪᠠᠨ ᠢᠳᠡᠵᠦ ᠤᠨᠲᠠᠪᠠ ᠭᠡᠨ᠎ᠡ᠃ ᠮᠠᠷᠭᠠᠰᠢ ᠨᠢ ᠬᠠᠭᠠᠨ ᠤ᠋ ᠠᠯᠲᠠ ᠮᠥᠩᠭᠥ ᠶ᠋ᠢ ᠬᠠᠮᠢᠶᠠᠷᠳᠠᠭ᠂ ᠠᠰᠠᠷ ᠲᠠᠭᠲᠤ ᠰᠠᠬᠢᠬᠤ ᠲᠦᠰᠢᠮᠡᠯ ᠨᠢ ᠮᠥᠨ ᠲᠣᠭᠲᠠᠭᠰᠠᠨ ᠬᠡᠪ ᠳᠦᠷᠢᠮ ᠢ᠋ᠶ᠋ᠡᠷ ᠡᠷᠲᠡ ᠪᠣᠰᠴᠤ ᠠᠰᠠᠷ ᠲᠠᠭᠠᠨ ᠠᠪᠠᠷᠢᠵᠤ ᠠᠪᠳᠠᠷ᠎ᠠ ᠪᠦᠬᠦᠨ ᠢ᠋ᠶ᠋ᠡᠨ ᠪᠠᠢᠴᠠᠭᠠᠨ ᠦᠵᠡᠭᠰᠡᠨ ᠳ᠋ᠦ᠍᠂ ᠪᠠᠷᠠᠭᠤᠨ ᠲᠠᠯ᠎ᠠ ᠶ᠋ᠢᠨ ᠬᠣᠶᠠᠷ ᠠᠪᠳᠠᠷ᠎ᠠ ᠨᠢ ᠬᠣᠭᠣᠰᠣᠨ ᠪᠣᠯᠵᠤ ᠳᠣᠲᠣᠷᠠᠬᠢ ᠠᠯᠲᠠ ᠮᠥᠩᠭᠥ ᠨᠢ ᠦᠭᠡᠢ ᠪᠣᠯᠤᠭᠰᠠᠨ ᠢ᠋ ᠦᠵᠡᠭᠡᠳ᠂ ᠶᠡᠬᠡᠯ᠎ᠡ ᠠᠶᠤᠵᠤ᠂ ᠬᠠᠭᠠᠨ ᠳ᠋ᠠᠭᠠᠨ ᠣᠴᠢᠵᠤ ᠮᠡᠳᠡᠭᠦᠯᠦᠭᠰᠡᠨ ᠳ᠋ᠦ᠍᠂ ᠬᠠᠭᠠᠨ ᠨᠢ ᠶᠡᠬᠡ ᠰᠣᠴᠢᠵᠤ᠄《ᠮᠢᠨᠦ ᠠᠷᠪᠠᠨ ᠲᠠᠪᠤᠨ ᠳᠠᠪᠬᠤᠷ ᠠᠰᠠᠷ ᠤ᠋ᠨ ᠳᠡᠭᠡᠷᠡᠬᠢ ᠠᠯᠲᠠ ᠮᠥᠩᠭᠥ ᠶ᠋ᠢ ᠠᠪᠤᠭᠰᠠᠨ ᠬᠥᠮᠦᠨ᠂ ᠬᠠᠷᠢᠨ ᠵᠦᠭᠡᠷ ᠬᠥᠮᠦᠨ ᠪᠢᠰᠢ》 ᠭᠡᠳ ᠲᠦᠰᠢᠮᠡᠯ ᠳ᠋ᠡᠭᠡᠨ᠄《ᠴᠢ ᠣᠴᠢᠵᠤ ᠥᠴᠥᠭᠡᠳᠦᠷ ᠦ᠋ᠨ ᠬᠣᠭᠣᠰᠣᠨ ᠪᠣᠯᠤᠭᠰᠠᠨ ᠪᠠᠷᠠᠭᠤᠨ ᠲᠠᠯ᠎ᠠ ᠶ᠋ᠢᠨ ᠬᠣᠶᠠᠷ ᠠᠪᠳᠠᠷ᠎ᠠ ᠳ᠋ᠠᠭᠠᠨ ᠵᠡᠭᠦᠨ ᠲᠠᠯ᠎ᠠ ᠶ᠋ᠢᠨ ᠬᠣᠶᠠᠷ ᠠᠪᠳᠠᠷ᠎ᠠ ᠶ᠋ᠢᠨ ᠠᠯᠲᠠ ᠮᠥᠩᠭᠥ ᠶ᠋ᠢ ᠠᠪᠴᠤ ᠬᠢᠭᠡᠳ᠂ ᠲᠡᠷᠡ ᠬᠣᠭᠣᠰᠣᠨ ᠪᠣᠯᠤᠭᠰᠠᠨ ᠵᠡᠭᠦᠨ ᠲᠠᠯ᠎ᠠ ᠶ᠋ᠢᠨ ᠬᠣᠶᠠᠷ ᠠᠪᠳᠠᠷ᠎ᠠ ᠳ᠋ᠠᠭᠠᠨ ᠳᠦᠭᠦᠷᠲᠡᠯ᠎ᠡ ᠯᠠᠴᠠ ᠬᠢᠵᠦ ᠲᠠᠯᠪᠢᠭᠲᠤᠨ》 ᠭᠡᠵᠦ ᠲᠦᠰᠢᠮᠡᠯ ᠢ᠋ᠶ᠋ᠡᠨ ᠶᠠᠪᠤᠭᠤᠯᠤᠭᠠᠳ᠂ ᠬᠠᠭᠠᠨ ᠮᠢᠨᠦ ᠠᠯᠲᠠ ᠮᠥᠩᠭᠥ ᠶ᠋ᠢ ᠠᠪᠤᠭᠰᠠᠨ ᠬᠤᠯᠠᠭᠠᠢᠴᠢ ᠴᠢ ᠡᠨᠡ ᠣᠷᠣᠢ ᠢᠷᠡᠵᠦ ᠥᠴᠥᠭᠡᠳᠦᠷ ᠣᠩᠭᠤᠢᠯᠭᠠᠭᠰᠨ ᠪᠠᠷᠠᠭᠤᠨ ᠲᠠᠯ᠎ᠠ ᠶ᠋ᠢᠨ ᠠᠪᠳᠠᠷ᠎ᠠ ᠶ᠋ᠢ ᠬᠣᠭᠣᠰᠣᠨ ᠪᠣᠯᠪᠠ ᠭᠡᠵᠦ ᠵᠡᠭᠦᠨ ᠲᠠᠯ᠎ᠠ ᠶ᠋ᠢᠨ ᠬᠣᠶᠠᠷ ᠠᠪᠳᠠᠷ᠎ᠠ ᠶ᠋ᠢ ᠨᠡᠭᠡᠭᠡᠵᠦ ᠯᠠᠴᠠ ᠳ᠋ᠤ᠌ ᠯᠠᠴᠠᠳᠠᠭᠳᠠᠵᠤ ᠪᠠᠷᠢᠭᠳᠠᠬᠤ ᠦᠭᠡᠢ ᠬᠠᠮᠢᠭ᠎ᠠ ᠣᠴᠢᠬᠤ ᠪᠣᠢ ᠭᠡᠵᠦ ᠳᠣᠲᠣᠷ᠎ᠠ ᠪᠠᠨ ᠪᠠᠶᠠᠷᠯᠠᠨ ᠰᠠᠭᠤᠵᠤ ᠭᠡᠨ᠎ᠡ᠃  
       ᠴᠢᠩᠭᠢᠭᠡᠳ ᠣᠷᠣᠢ ᠨᠢ ᠠᠷᠤ ᠥᠪᠥᠷ ᠦ᠋ᠨ ᠬᠣᠶᠠᠷ ᠰᠠᠢᠨ ᠡᠷ᠎ᠡ ᠮᠥᠨ ᠴᠠᠪᠠᠤ ᠲᠠᠢ ᠲᠣᠭᠣᠭ᠎ᠠ ᠪᠠᠨ ᠳᠠᠮᠨᠠᠨ ᠢᠷᠡᠵᠦ᠂ ᠭᠠᠷ ᠬᠥᠯ ᠢ᠋ᠶ᠋ᠡᠨ ᠴᠥᠮ ᠴᠠᠪᠠᠤ ᠳ᠋ᠤ᠌ ᠪᠢᠯᠳᠠᠵᠤ᠂ ᠠᠰᠠᠷ ᠤ᠋ᠨ ᠳᠡᠭᠡᠷ᠎ᠡ ᠠᠪᠠᠷᠢᠨ ᠭᠠᠷᠴᠤ ᠢᠷᠡᠬᠦ ᠳ᠋ᠡᠭᠡᠨ᠂ ᠠᠷᠤ ᠶ᠋ᠢᠨ ᠰᠠᠢᠨ ᠡᠷ᠎ᠡ ᠨᠢ ᠵᠠ! ᠡᠨᠡ ᠡᠳᠦᠷ ᠪᠢᠳᠡᠨ ᠪᠠᠰᠠ ᠥᠴᠥᠭᠡᠳᠦᠷ ᠦ᠋ᠨ ᠣᠩᠭᠣᠢᠯᠭᠠᠭᠰᠠᠨ ᠠᠪᠳᠠᠷ᠎ᠠ ᠪᠠᠨ ᠣᠩᠭᠣᠢᠯᠭᠠᠨ᠎ᠠ ᠭᠡᠰᠡᠨ ᠳ᠋ᠦ᠍᠂ ᠥᠪᠥᠷ ᠦ᠋ᠨ ᠰᠠᠢᠨ ᠡᠷ᠎ᠡ ᠨᠢ ᠴᠢᠩᠭᠢᠭᠡᠳ ᠶᠠᠮᠠᠷ ᠬᠡᠷᠡᠭ ᠪᠠᠢᠬᠤ ᠪᠣᠢ᠂ ᠥᠴᠥᠭᠡᠳᠦᠷ ᠦ᠋ᠨ ᠣᠩᠭᠣᠢᠯᠭᠠᠭᠰᠠᠨ ᠪᠠᠷᠠᠭᠤᠨ ᠲᠠᠯ᠎ᠠ ᠶ᠋ᠢᠨ ᠬᠣᠶᠠᠷ ᠠᠪᠳᠠᠷ᠎ᠠ ᠴᠢᠨᠢ ᠬᠣᠭᠣᠰᠣᠨ ᠪᠣᠯᠤᠭᠰᠠᠨ ᠪᠢᠯᠡ ᠳᠠ᠃ ᠡᠨᠡ ᠡᠳᠦᠷ ᠣᠳᠣ ᠵᠡᠭᠦᠨ ᠲᠠᠯ᠎ᠠ ᠶ᠋ᠢᠨ ᠬᠣᠶᠠᠷ ᠠᠪᠳᠠᠷ᠎ᠠ ᠶ᠋ᠢ ᠨᠡᠭᠡᠭᠡᠵᠦ ᠠᠪᠬᠤ ᠦᠭᠡᠢ ᠶᠠᠭᠤ ᠶ᠋ᠢ ᠠᠪᠬᠤ ᠪᠣᠢ ᠭᠡᠵᠦ᠂ ᠲᠦᠷᠭᠡᠨ ᠲᠦᠷᠭᠡᠨ ᠠᠪᠠᠷᠢᠵᠤ ᠣᠷᠣᠭᠠᠳ ᠠᠷᠤ ᠶ᠋ᠢᠨ ᠰᠠᠢᠨ ᠡᠷ᠎ᠡ ᠶ᠋ᠢᠨ ᠬᠡᠯᠡᠵᠦ ᠵᠠᠪᠳᠤᠬᠤ ᠠ᠋ᠴᠠ ᠤᠷᠢᠳ᠂ ᠵᠡᠭᠦᠨ ᠲᠠᠯ᠎ᠠ ᠶ᠋ᠢᠨ ᠠᠪᠳᠠᠷ᠎ᠠ ᠶ᠋ᠢ ᠨᠡᠭᠡᠭᠡᠵᠦ ᠭᠠᠷ ᠢ᠋ᠶ᠋ᠠᠨ ᠰᠤᠩᠭᠠᠨ ᠣᠷᠣᠭᠤᠯᠵᠤ ᠯᠠᠴᠠ ᠳ᠋ᠤ᠌ ᠯᠠᠴᠠᠳᠠᠭᠳᠠᠪᠠ᠃ ᠠᠷᠤ ᠶ᠋ᠢᠨ ᠰᠠᠢᠨ ᠡᠷ᠎ᠡ ᠨᠢ ᠬᠣᠢᠨ᠎ᠠ ᠠ᠋ᠴᠠ ᠨᠢ ᠣᠷᠣᠵᠤ ᠢᠷᠡᠭᠡᠳ ᠮᠥᠨ ᠥᠴᠥᠭᠡᠳᠦᠷ ᠣᠩᠭᠣᠢᠯᠭᠠᠭᠰᠠᠨ ᠪᠠᠷᠠᠭᠤᠨ ᠲᠠᠯ᠎ᠠ ᠶ᠋ᠢᠨ ᠠᠪᠳᠠᠷ᠎ᠠ ᠪᠠᠨ ᠣᠩᠭᠣᠢᠯᠭᠠᠵᠤ ᠠᠯᠲᠠ ᠮᠥᠩᠭᠥ ᠶ᠋ᠢ ᠨᠢ ᠠᠪᠴᠤ ᠬᠣᠢᠲᠤ ᠴᠣᠩᠬᠣ ᠪᠠᠷ ᠨᠢ ᠭᠠᠳᠠᠭᠰᠢ ᠴᠢᠯᠠᠭᠤᠳᠠᠨ ᠭᠠᠷᠭᠠᠭᠠᠳ ᠥᠪᠥᠷ ᠦ᠋ᠨ ᠰᠠᠢᠨ ᠡᠷ᠎ᠡ ᠪᠡᠨ ᠦᠵᠡᠭᠰᠡᠨ ᠳ᠋ᠦ᠍ ᠬᠠᠷᠢᠨ ᠨᠢᠭᠡᠨ ᠬᠡᠰᠡᠭ ᠠᠯᠲᠠ ᠴᠤ᠌ ᠣᠯᠤᠭᠰᠠᠨ ᠦᠭᠡᠢ ᠪᠥᠭᠡᠳ ᠭᠠᠷ ᠢ᠋ᠶ᠋ᠠᠨ ᠯᠠᠴᠠ ᠳ᠋ᠤ᠌ ᠯᠠᠴᠠᠳᠠᠭᠳᠠᠭᠠᠳ ᠵᠣᠭᠰᠣᠵᠤ ᠪᠠᠢᠨ᠎ᠠ ᠭᠡᠨ᠎ᠡ᠃ ᠴᠢᠩᠭᠢᠭᠡᠳ ᠠᠷᠤ ᠶ᠋ᠢᠨ ᠰᠠᠢᠨ ᠡᠷ᠎ᠡ ᠨᠢ᠂ ᠴᠢ ᠮᠢᠨᠦ ᠦᠭᠡᠨ ᠳ᠋ᠦ᠍ ᠣᠷᠣᠬᠤ ᠦᠭᠡᠢ ᠡᠨᠡ ᠬᠠᠭᠠᠨ ᠤ᠋ ᠬᠤᠯᠵᠢᠨ ᠠᠷᠭ᠎ᠠ ᠳ᠋ᠤ᠌ ᠤᠨᠠᠭᠰᠠᠨ ᠪᠢᠰᠢ ᠤᠤ ᠭᠡᠵᠦ ᠭᠠᠰᠢᠭᠤᠳᠠᠬᠤ ᠳ᠋ᠤ᠌᠂ ᠥᠪᠥᠷ ᠦ᠋ᠨ ᠰᠠᠢᠨ ᠡᠷ᠎ᠡ ᠨᠢ᠄《ᠵᠠ᠂ ᠪᠢ ᠨᠥᠬᠥᠷ ᠴᠢᠨᠦ ᠦᠭᠡᠨ ᠳ᠋ᠦ᠍ ᠣᠷᠣᠭᠰᠠᠨ ᠦᠭᠡᠢ᠂ ᠡᠨᠡ ᠬᠠᠭᠠᠨ ᠤ᠋ ᠬᠤᠯᠵᠢᠨ ᠠᠷᠭ᠎ᠠ ᠳ᠋ᠤ᠌ ᠣᠨᠣᠭᠳᠠᠪᠠ᠃ ᠡᠭᠦᠨ ᠢ᠋ᠶ᠋ᠡᠷ ᠦᠵᠡᠬᠦ ᠳ᠋ᠦ᠍ ᠮᠢᠨᠦ ᠤᠬᠠᠭᠠᠨ ᠡᠨᠡ ᠬᠠᠭᠠᠨ ᠳ᠋ᠤ᠌ ᠬᠦᠷᠬᠦ ᠦᠭᠡᠢ ᠪᠠᠢᠨ᠎ᠠ᠃ ᠡᠳᠦᠭᠡ ᠶᠠᠭᠠᠬᠢᠪᠠᠴᠤ ᠯᠠᠴᠠ ᠠ᠋ᠴᠠ ᠭᠠᠷ ᠢ᠋ᠶ᠋ᠠᠨ ᠰᠤᠭᠤᠯᠵᠤ ᠴᠢᠳᠠᠬᠤ ᠦᠭᠡᠢ ᠲᠤᠯᠠ᠂ ᠮᠠᠷᠭᠠᠰᠢ ᠣᠳᠣ ᠨᠠᠮᠠᠶ᠋ᠢ ᠠᠮᠢᠳᠤ ᠪᠠᠷ ᠪᠠᠷᠢᠵᠤ ᠶᠢᠰᠦᠨ ᠦᠶ᠎ᠡ ᠶ᠋ᠢ ᠬᠦᠢᠰᠦ ᠲᠡᠮᠲᠡᠷᠢᠨ᠎ᠡ᠃ ᠪᠣᠳᠣᠪᠠᠯ ᠨᠢᠭᠡᠨ ᠠᠢᠯ ᠪᠦᠬᠦᠨ ᠢ᠋ᠶ᠋ᠡᠷ ᠠᠯᠠᠭᠳᠠᠬᠤ ᠠ᠋ᠴᠠ ᠭᠠᠭᠴᠠᠭᠠᠷ ᠢ᠋ᠶ᠋ᠠᠨ ᠦᠬᠦᠬᠦ ᠨᠢ ᠳᠡᠭᠡᠷ᠎ᠡ᠂ ᠨᠥᠬᠥᠷ ᠮᠢᠨᠢ ᠴᠢ ᠥᠲᠡᠯᠦᠭᠰᠡᠨ ᠡᠵᠢ᠂ ᠡᠬᠡᠨᠡᠷ ᠬᠡᠦᠬᠡᠳ ᠢ᠋ ᠠᠮᠢᠳᠤ ᠶᠠᠪᠤᠭᠤᠯᠬᠤ ᠶ᠋ᠢᠨ ᠲᠥᠯᠥᠭᠡ ᠮᠢᠨᠦ ᠲᠣᠯᠣᠭᠠᠢ ᠶ᠋ᠢ ᠣᠭᠲᠣᠯᠤᠨ ᠠᠪᠴᠤ ᠶᠠᠪᠤ ᠭᠡᠵᠦ ᠳᠠᠬᠢᠨ ᠳᠠᠬᠢᠨ ᠱᠠᠭᠠᠷᠳᠠᠬᠤ ᠳ᠋ᠤ᠌᠂ ᠠᠷᠤ ᠶ᠋ᠢᠨ ᠰᠠᠢᠨ ᠡᠷ᠎ᠡ ᠨᠢ ᠠᠷᠭ᠎ᠠ ᠦᠭᠡᠢ ᠪᠣᠯᠵᠤ᠂ ᠥᠪᠥᠷ ᠦ᠋ᠨ ᠰᠠᠢᠨ ᠡᠷ᠎ᠡ ᠪᠡᠨ ᠦᠨᠦᠰᠦᠨ ᠤᠬᠢᠯᠠᠵᠤ ᠬᠢᠲᠤᠭ᠎ᠠ ᠪᠠᠨ ᠭᠠᠷᠭᠠᠵᠤ ᠲᠣᠯᠣᠭᠠᠢ ᠶ᠋ᠢ ᠨᠢ ᠣᠭᠲᠣᠯᠤᠨ ᠠᠪᠴᠤ ᠬᠠᠷᠢᠭᠠᠳ ᠡᠵᠢ ᠳ᠋ᠦ᠍ᠨᠢ ᠶᠠᠭᠠᠬᠢᠵᠤ᠂ ᠦᠭᠡᠨ ᠳ᠋ᠦ᠍ ᠣᠷᠣᠭᠰᠠᠨ ᠦᠭᠡᠢ ᠭᠠᠷ ᠢ᠋ᠶ᠋ᠠᠨ ᠯᠠᠴᠠ ᠳ᠋ᠤ᠌ ᠲᠥᠷᠥᠵᠦ᠂ ᠪᠡᠶ᠎ᠡ ᠪᠡᠨ ᠰᠤᠭᠤᠯᠤᠨ ᠴᠢᠳᠠᠬᠤ ᠦᠭᠡᠢ᠂ ᠬᠥᠭᠰᠢᠨ ᠵᠠᠯᠠᠭᠤ ᠪᠠᠨ ᠪᠣᠳᠣᠵᠤ᠂ ᠠᠮᠢᠨ ᠤ᠋ ᠪᠡᠶ᠎ᠡ ᠪᠡᠨ ᠬᠥᠨᠥᠭᠡᠭᠰᠡᠨ ᠳ᠋ᠦ᠍ ᠬᠦᠷᠲᠡᠯ᠎ᠡ ᠬᠡᠯᠡᠭᠰᠡᠨ ᠳ᠋ᠦ᠍ ᠡᠵᠢ ᠨᠢ ᠬᠠᠷᠠᠩᠭᠤᠢᠳᠠᠨ ᠤᠬᠢᠯᠠᠵᠤ ᠮᠠᠭᠤᠵᠢᠷᠠᠭᠰᠠᠨ ᠳ᠋ᠤ᠌᠂ ᠠᠷᠤ ᠶ᠋ᠢᠨ ᠰᠠᠢᠨ ᠡᠷ᠎ᠡ᠄《ᠡᠵᠢ ᠮᠢᠨᠢ! ᠴᠢ ᠣᠳᠣ ᠤᠬᠢᠯᠠᠬᠤ ᠳ᠋ᠤ᠌ ᠬᠠᠮᠢᠶ᠎ᠠ ᠦᠭᠡᠢ᠃ ᠭᠡᠪᠡᠴᠦ ᠪᠢ ᠪᠣᠳᠣᠵᠤ ᠦᠵᠡᠬᠦ ᠳ᠋ᠦ᠍ ᠣᠳᠣ ᠬᠡᠳᠦᠨ ᠡᠳᠦᠷ ᠦ᠋ᠨ ᠳᠠᠷᠠᠭ᠎ᠠ ᠬᠠᠭᠠᠨ ᠮᠠᠭᠠᠳ ᠴᠠᠭᠠᠨ ᠵᠠᠭᠠᠨ ᠬᠥᠯᠦᠭᠰᠡᠨ ᠲᠡᠷᠭᠡᠨ ᠳᠡᠭᠡᠷ᠎ᠡ ᠬᠥᠪᠡᠭᠦᠨ ᠦ᠌ ᠴᠢᠨᠢ ᠪᠡᠶ᠎ᠡ ᠶ᠋ᠢ ᠲᠡᠭᠡᠭᠡᠵᠦ ᠠᠢᠯ ᠬᠡᠰᠦᠵᠦ ᠲᠣᠭᠣᠷᠢᠭᠤᠯᠤᠨ᠂ ᠬᠥᠮᠦᠨ ᠪᠦᠬᠦᠨ ᠳ᠋ᠦ᠍ ᠦᠵᠡᠭᠦᠯᠦᠨ ᠤᠬᠢᠯᠠᠭᠰᠠᠨ ᠬᠥᠮᠦᠨ ᠢ᠋ ᠳᠠᠷᠤᠢ ᠪᠠᠷᠢᠵᠤ ᠠᠯᠠᠨ᠎ᠠ᠃ ᠡᠵᠢ ᠮᠢᠨᠢ ᠴᠢ ᠥᠪᠡᠷ ᠦ᠋ᠨ ᠬᠦᠦ ᠶ᠋ᠢᠨ ᠢ᠋ᠶ᠋ᠡᠨ ᠦᠬᠦᠳᠡᠯ ᠢ᠋ ᠦᠵᠡᠭᠡᠳ ᠤᠬᠢᠯᠠᠬᠤ ᠦᠭᠡᠢ ᠶᠣᠰᠣ ᠪᠠᠢᠨ᠎ᠠ ᠤᠤ᠃ ᠭᠡᠪᠡᠴᠦ ᠨᠠᠳᠠ ᠠᠷᠭ᠎ᠠ ᠪᠠᠢᠨ᠎ᠠ᠃ ᠬᠡᠷᠪᠡ ᠦᠨᠡᠬᠡᠷ ᠴᠠᠭᠠᠨ ᠵᠠᠭᠠᠨ ᠬᠥᠯᠦᠭᠰᠡᠨ ᠲᠡᠷᠭᠡ ᠢᠷᠡᠪᠡᠯ᠂ ᠴᠢ ᠨᠢᠭᠡᠨ ᠭᠦᠵᠡᠭᠡ ᠲᠡᠢ ᠤᠰᠤ ᠪᠠᠷᠢᠨ ᠭᠠᠷᠤᠭᠠᠳ ᠭᠠᠵᠠᠷ ᠠᠯᠳᠠᠵᠤ ᠤᠬᠢᠯᠠᠭᠲᠤᠨ᠃ ᠴᠢᠩᠭᠢᠪᠡᠯ ᠬᠠᠭᠠᠨ ᠤ᠋ ᠴᠡᠷᠢᠭ ᠦ᠋ᠨ ᠬᠥᠮᠦᠰ ᠴᠢᠮᠠᠶ᠋ᠢ ᠤᠬᠢᠯᠠᠪᠠ ᠭᠡᠵᠦ ᠪᠠᠷᠢᠨ᠎ᠠ ᠭᠡᠵᠦ ᠠᠭᠠᠰᠢᠯᠠᠪᠠᠯ ᠴᠢ ᠬᠡᠯᠡᠭᠡᠷᠡᠢ᠃《ᠬᠥᠭᠰᠢᠨ ᠪᠢ ᠵᠦᠳᠡᠭᠦᠦ ᠮᠥᠳᠡᠭᠦᠦ ᠬᠢᠵᠦ᠂ ᠬᠣᠯᠠ ᠶ᠋ᠢᠨ ᠬᠤᠳᠳᠤᠭ ᠠ᠋ᠴᠠ ᠬᠡᠳᠦᠨ ᠡᠳᠦᠷ ᠤᠤᠭᠤᠬᠤ ᠤᠰᠤ ᠪᠠᠨ ᠠᠪᠴᠢᠷᠠᠭᠰᠠᠨ ᠳ᠋ᠤ᠌ ᠲᠠ ᠮᠤᠤᠰᠠᠢᠨ ᠠᠮᠢᠲᠠᠨ ᠨᠤᠭᠤᠳ ᠦᠬᠦᠭᠰᠡᠨ ᠬᠥᠮᠦᠨ ᠦ᠌ ᠲᠣᠯᠣᠭᠠᠢ ᠦᠭᠡᠢ ᠪᠡᠶ᠎ᠡ ᠠᠪᠴᠢᠷᠠᠵᠤ ᠬᠥᠮᠦᠨ ᠢ᠋ ᠠᠶᠤᠯᠭᠠᠨ ᠭᠦᠵᠡᠭᠡ ᠲᠡᠢ ᠤᠰᠤ ᠶ᠋ᠢ ᠮᠢᠨᠢ ᠴᠥᠮ ᠠᠰᠬᠠᠭᠤᠯᠪᠠ ᠭᠡᠵᠦ ᠤᠬᠢᠯᠠ᠃ ᠴᠢᠩᠭᠢᠪᠡᠯ ᠪᠢ ᠥᠭᠡᠷ᠎ᠡ ᠨᠢᠭᠡᠨ ᠠᠷᠭ᠎ᠠ ᠭᠠᠷᠭᠠᠵᠤ ᠲᠡᠷᠡ ᠴᠡᠷᠢᠭ ᠦ᠋ᠨ ᠬᠥᠮᠦᠰ ᠢ᠋ ᠰᠠᠯᠭᠠᠵᠤ ᠴᠢᠳᠠᠨ᠎ᠠ ᠭᠡᠵᠦ ᠥᠪᠥᠷ ᠦ᠋ᠨ ᠰᠠᠢᠨ ᠡᠷ᠎ᠡ ᠶ᠋ᠢᠨ ᠡᠵᠢ ᠳ᠋ᠦ᠍ᠨᠢ ᠰᠤᠷᠭᠠᠭᠠᠳ᠂ ᠬᠠᠭᠠᠨ ᠤ᠋ ᠡᠷᠡᠦ ᠶ᠋ᠢ ᠵᠠᠢᠳᠠᠭᠤᠯᠬᠤ ᠠᠷᠭ᠎ᠠ ᠶ᠋ᠢ ᠪᠡᠯᠡᠳᠬᠡᠨ ᠭᠠᠷᠴᠤ ᠣᠴᠢᠪᠠ ᠭᠡᠨ᠎ᠡ᠃ 
       ᠴᠢᠩᠭᠢᠭᠡᠳ ᠮᠠᠷᠭᠠᠰᠢ ᠨᠢ ᠬᠠᠭᠠᠨ ᠤ᠋ ᠠᠰᠠᠷ ᠰᠠᠬᠢᠳᠠᠭ ᠲᠦᠰᠢᠮᠡᠯ ᠨᠢ ᠠᠷᠪᠠᠨ ᠲᠠᠪᠤᠨ ᠳᠠᠪᠬᠤᠷ ᠳᠡᠭᠡᠷ᠎ᠡ ᠪᠡᠨ ᠭᠠᠷᠴᠤ ᠦᠵᠡᠭᠰᠡᠨ ᠳ᠋ᠦ᠍ ᠬᠠᠷᠢᠨ ᠨᠢᠭᠡᠨ ᠲᠣᠯᠣᠭᠠᠢ ᠦᠭᠡᠢ ᠬᠥᠮᠦᠨ ᠯᠠᠴᠠ ᠲᠠᠢ ᠠᠪᠳᠠᠷ᠎ᠠ ᠳ᠋ᠤᠨᠢ ᠭᠠᠷ ᠢ᠋ᠶ᠋ᠠᠨ ᠬᠢᠵᠦ ᠦᠬᠦᠭᠰᠡᠨ ᠢ᠋ ᠦᠵᠡᠭᠡᠳ ᠶᠠᠭᠠᠷᠠᠨ ᠬᠠᠭᠠᠨ ᠳ᠋ᠠᠭᠠᠨ ᠣᠴᠢᠵᠤ ᠮᠡᠳᠡᠭᠦᠯᠦᠭᠰᠡᠨ ᠳ᠋ᠦ᠍᠂ ᠬᠠᠭᠠᠨ ᠨᠢ᠄《ᠠ! ᠡᠨᠡ ᠬᠠᠷᠢᠨ ᠬᠣᠶᠠᠷ ᠬᠥᠮᠦᠨ ᠪᠠᠢᠨ᠎ᠠ᠃ ᠨᠢᠭᠡ ᠨᠢ ᠯᠠᠴᠠ ᠳ᠋ᠤ᠌ ᠯᠠᠴᠠᠳᠠᠭᠳᠠᠭᠰᠠᠨ ᠳ᠋ᠤ᠌ ᠨᠥᠭᠦᠭᠡ ᠨᠢᠭᠡ ᠨᠢ ᠡᠭᠦᠨ ᠢ᠋ᠶ᠋ᠡᠨ ᠠᠮᠢᠳᠤ ᠪᠠᠷᠢᠭᠳᠠᠬᠤ ᠠ᠋ᠴᠠ ᠠᠶᠤᠵᠤ ᠲᠣᠯᠣᠭᠠᠢ ᠶ᠋ᠢ ᠨᠢ ᠣᠭᠲᠣᠯᠵᠤ ᠠᠪᠠᠴᠢᠭᠰᠠᠨ ᠪᠠᠢᠨ᠎ᠠ᠃ ᠵᠠ! ᠴᠢ ᠡᠭᠦᠨ ᠦ᠌ ᠲᠣᠯᠣᠭᠠᠢ ᠶ᠋ᠢ ᠠᠪᠠᠴᠢᠪᠠᠯ ᠪᠢ ᠴᠢᠮᠠᠶ᠋ᠢ ᠡᠷᠢᠵᠦ ᠣᠯᠬᠤ ᠦᠭᠡᠢ ᠭᠡᠵᠦ ᠪᠣᠳᠣᠵᠤ ᠪᠠᠢᠨ᠎ᠠ ᠤᠤ? ᠶᠡᠷᠦ ᠳ᠋ᠡᠭᠡᠨ ᠦᠬᠦᠭᠰᠡᠨ ᠬᠥᠮᠦᠨ ᠦ᠌ ᠭᠡᠷ ᠦ᠋ᠨ ᠤᠯᠤᠰ ᠨᠢ ᠦᠬᠦᠭᠰᠡᠨ ᠬᠥᠮᠦᠨ ᠦ᠌ ᠦᠬᠦᠳᠡᠯ ᠢ᠋ ᠦᠵᠡᠭᠡᠳ ᠤᠬᠢᠯᠠᠬᠤ ᠦᠭᠡᠢ ᠭᠡᠵᠦ ᠦᠭᠡᠢ᠃ ᠲᠡᠭᠡᠪᠡᠯ ᠮᠥᠨ ᠦᠬᠦᠭᠰᠡᠨ ᠬᠥᠮᠦᠨ ᠦ᠌ ᠭᠡᠷ ᠦ᠋ᠨ ᠤᠯᠤᠰ ᠢ᠋ ᠨᠢ ᠣᠯᠪᠠᠯ ᠴᠢ ᠴᠦ᠍ ᠬᠠᠮᠢᠭ᠎ᠠ ᠳᠤᠲᠠᠭᠠᠬᠤ ᠪᠣᠢ》 ᠭᠡᠵᠦ᠂ ᠲᠦᠰᠢᠮᠡᠯ ᠳ᠋ᠡᠭᠡᠨ᠄《ᠴᠢ ᠡᠨᠡ ᠲᠣᠯᠣᠭᠠᠢ ᠦᠭᠡᠢ ᠦᠬᠦᠳᠡᠯ ᠢ᠋ ᠴᠠᠭᠠᠨ ᠵᠠᠭᠠᠨ ᠬᠥᠯᠦᠭᠰᠡᠨ ᠲᠡᠷᠭᠡᠨ ᠳ᠋ᠦ᠍ ᠲᠡᠭᠡᠭᠡᠵᠦ᠂ ᠠᠢᠯ ᠬᠥᠳᠡᠭᠡ ᠶ᠋ᠢ ᠬᠡᠰᠦᠵᠦ ᠶᠠᠪᠤ᠃ ᠬᠡᠷᠪᠡ ᠡᠨᠡ ᠦᠬᠦᠳᠡᠯ ᠢ᠋ ᠦᠵᠡᠵᠦ ᠤᠬᠢᠯᠠᠬᠤ ᠬᠥᠮᠦᠨ ᠲᠠᠭᠠᠷᠠᠪᠠᠯ᠂ ᠳᠠᠷᠤᠢ ᠨᠠᠳᠠ ᠪᠠᠷᠢᠵᠤ ᠠᠪᠴᠤ ᠢᠷ᠎ᠡ᠃ ᠪᠢ ᠲᠡᠭᠦᠨ ᠡᠴᠡ ᠲᠡᠷᠡ ᠦᠬᠦᠳᠡᠯ ᠦ᠋ᠨ ᠲᠣᠯᠣᠭᠠᠢ ᠶ᠋ᠢ ᠠᠪᠠᠴᠢᠭᠰᠠᠨ ᠬᠥᠮᠦᠨ ᠢ᠋ ᠰᠢᠭᠦᠵᠦ ᠠᠰᠠᠭᠤᠨ ᠭᠠᠷᠭᠠᠨ᠎ᠠ》 ᠭᠡᠳ ᠲᠦᠰᠢᠮᠡᠯ ᠢ᠋ᠶ᠋ᠡᠨ ᠶᠠᠪᠤᠭᠤᠯᠪᠠ᠃ 
       ᠴᠢᠩᠭᠢᠭᠡᠳ ᠲᠦᠰᠢᠮᠡᠯ ᠨᠢ ᠴᠠᠭᠠᠨ ᠵᠠᠭᠠᠨ ᠬᠥᠯᠦᠭᠰᠡᠨ ᠲᠡᠷᠭᠡᠨ ᠳ᠋ᠡᠭᠡᠨ ᠥᠪᠥᠷ ᠦ᠋ᠨ ᠰᠠᠢᠨ ᠡᠷ᠎ᠡ ᠶ᠋ᠢᠨ ᠦᠬᠦᠳᠡᠯ ᠢ᠋ ᠲᠡᠭᠡᠭᠡᠵᠦ᠂ ᠠᠢᠯ ᠬᠥᠳᠡᠭᠡ ᠶ᠋ᠢ ᠬᠡᠰᠦᠵᠦ ᠶᠠᠪᠤᠭᠰᠠᠭᠠᠷ᠂ ᠥᠪᠥᠷ ᠦ᠋ᠨ ᠰᠠᠢᠨ ᠡᠷ᠎ᠡ ᠶ᠋ᠢᠨ ᠠᠢᠯ ᠳ᠋ᠤᠨᠢ ᠢᠷᠡᠭᠰᠡᠨ ᠳ᠋ᠦ᠍ ᠨᠢᠭᠡᠨ ᠬᠥᠭᠰᠢᠨ ᠡᠵᠢ ᠭᠠᠷ ᠲᠠᠭᠠᠨ ᠭᠦᠵᠡᠭᠡ ᠲᠡᠢ ᠤᠰᠤ ᠠᠳᠬᠤᠨ ᠭᠠᠷᠴᠤ ᠢᠷᠡᠭᠡᠳ ᠲᠡᠭᠦᠨ ᠢ᠋ ᠪᠡᠨ ᠠᠯᠳᠠᠵᠤ ᠠᠰᠬᠠᠭᠠᠳ᠂ ᠲᠡᠷᠭᠡᠨ ᠳᠡᠭᠡᠷᠡᠬᠢ ᠦᠬᠦᠳᠡᠯ ᠢ᠋ ᠦᠵᠡᠭᠡᠳ ᠤᠬᠢᠯᠠᠭᠰᠠᠨ ᠳ᠋ᠤ᠌᠂ ᠬᠠᠭᠠᠨ ᠤ᠋ ᠲᠦᠰᠢᠮᠡᠯ ᠬᠥᠭᠰᠢᠨ ᠢ᠋ ᠪᠠᠷᠢᠨ᠎ᠠ ᠭᠡᠵᠦ ᠢᠷᠡᠭᠰᠡᠨ ᠳ᠋ᠦ᠍ ᠬᠥᠭᠰᠢᠨ᠄《ᠪᠢ ᠡᠳᠦᠢ ᠬᠥᠭᠰᠢᠷᠡᠵᠦ ᠠᠷᠠᠢ ᠭᠡᠵᠦ ᠬᠤᠳᠳᠤᠭ ᠳᠡᠭᠡᠷ᠎ᠡ ᠣᠴᠢᠵᠤ ᠬᠡᠳᠦᠨ ᠡᠳᠦᠷ ᠦ᠋ᠨ ᠬᠡᠷᠡᠭᠯᠡᠬᠦ ᠤᠰᠤ ᠪᠠᠨ ᠠᠪᠴᠢᠷᠠᠭᠰᠠᠨ ᠳ᠋ᠤ᠌᠂ ᠲᠠ ᠮᠤᠤᠰᠠᠢᠨ ᠠᠮᠢᠲᠠᠨ ᠨᠤᠭᠤᠳ᠂ ᠲᠣᠯᠣᠭᠠᠢ ᠦᠭᠡᠢ ᠦᠬᠦᠳᠡᠯ ᠲᠡᠭᠡᠭᠡᠵᠦ᠂ ᠬᠥᠮᠦᠨ ᠢ᠋ ᠠᠶᠤᠯᠭᠠᠨ ᠤᠰᠤ ᠶ᠋ᠢ ᠮᠢᠨᠢ ᠴᠥᠮ ᠠᠰᠬᠠᠭᠤᠯᠪᠠ》 ᠭᠡᠵᠦ ᠬᠠᠷᠢᠶᠠᠭᠰᠠᠭᠠᠷ ᠭᠡᠷ ᠲᠡᠭᠡᠨ ᠣᠷᠣᠭᠰᠠᠨ ᠳ᠋ᠤ᠌᠂ ᠬᠠᠭᠠᠨ ᠤ᠋ ᠴᠡᠷᠢᠭ ᠦ᠋ᠨ ᠬᠥᠮᠦᠰ ᠬᠣᠢᠨ᠎ᠠ ᠠ᠋ᠴᠠ ᠨᠢ ᠳᠠᠭᠠᠯᠳᠤᠨ ᠣᠷᠣᠵᠤ ᠬᠥᠭᠰᠢᠨ ᠲᠡᠢ ᠶᠠᠷᠭᠢᠯᠳᠤᠵᠤ ᠬᠥᠭᠰᠢᠨ ᠢ᠋ ᠲᠦᠯᠬᠢᠨ ᠭᠠᠷᠴᠤ ᠢᠷᠡᠭᠰᠡᠨ ᠳ᠋ᠦ᠍᠂ ᠡᠭᠦᠳᠡᠨ ᠦ᠌ ᠭᠠᠳᠠᠨ᠎ᠠ ᠵᠣᠭᠰᠣᠵᠤ ᠪᠠᠢᠭᠰᠠᠨ ᠴᠠᠭᠠᠨ ᠵᠠᠭᠠᠨ ᠬᠥᠯᠦᠭᠰᠡᠨ ᠲᠡᠷᠭᠡ ᠨᠢ ᠬᠠᠩᠭᠠᠢᠷᠠᠵᠤ᠂ ᠲᠡᠷᠭᠡᠨ ᠳᠡᠭᠡᠷᠡᠬᠢ ᠦᠬᠦᠳᠡᠯ ᠪᠠ ᠴᠠᠭᠠᠨ ᠵᠠᠭᠠᠨ ᠨᠢ ᠴᠥᠮ ᠪᠠᠷ᠎ᠠ ᠦᠭᠡᠢ ᠪᠣᠯᠵᠤ᠂ ᠭᠠᠭᠴᠠ ᠲᠡᠷᠭᠡᠨ ᠦ᠌ ᠲᠡᠳᠦᠢᠯᠡ ᠪᠠᠢᠬᠤ ᠶ᠋ᠢ ᠦᠵᠡᠭᠡᠳ ᠴᠡᠷᠢᠭ ᠦ᠋ᠨ ᠤᠯᠤᠰ ᠶᠡᠬᠡ ᠠᠶᠤᠵᠤ᠂ ᠬᠥᠭᠰᠢᠨ ᠢ᠋ ᠬᠠᠶᠠᠭᠠᠳ᠂ ᠬᠠᠭᠠᠨ ᠳ᠋ᠠᠭᠠᠨ ᠣᠴᠢᠵᠤ ᠮᠡᠳᠡᠭᠦᠯᠦᠭᠰᠡᠨ ᠳ᠋ᠦ᠍ ᠬᠠᠭᠠᠨ ᠨᠢ᠄《ᠡᠨᠡ ᠡᠷ᠎ᠡ ᠬᠠᠷᠢᠨ ᠶᠡᠬᠡ ᠮᠡᠷᠭᠡᠨ ᠰᠡᠴᠡᠨ ᠡᠷ᠎ᠡ ᠪᠠᠢᠨ᠎ᠠ》 ᠭᠡᠵᠦ ᠨᠢᠭᠡᠨ ᠶᠠᠷ᠎ᠠ ᠰᠢᠷᠬ᠎ᠠ ᠳ᠋ᠤ᠌ ᠪᠠᠷᠢᠭᠳᠠᠭᠰᠠᠨ ᠬᠥᠮᠦᠨ ᠢ᠋ ᠡᠷᠢᠵᠦ ᠠᠪᠴᠢᠷᠠᠭᠠᠳ᠂ ᠠᠳᠤᠭᠤᠨ ᠤ᠋ ᠰᠡᠭᠦᠯ ᠦ᠋ᠨ ᠬᠢᠯᠭᠠᠰᠤ ᠪᠠᠷ ᠲᠡᠮᠳᠡᠭ ᠬᠢᠵᠦ ᠵᠠᠩᠭᠢᠳᠤᠭᠰᠠᠨ ᠰᠢᠵᠢᠮ ᠢ᠋ ᠥᠭᠭᠦᠭᠡᠳ᠄《ᠴᠢ ᠣᠳᠣ ᠠᠢᠯ ᠬᠥᠳᠡᠭᠡ ᠪᠦᠬᠦᠨ ᠢ᠋ ᠲᠣᠭᠣᠷᠢᠵᠤ᠂ ᠴᠠᠭᠠᠨ ᠵᠠᠭᠠᠨ ᠤ᠋ ᠥᠭᠡᠬᠦ ᠭᠤᠶᠤᠵᠤ ᠶᠠᠪᠤ᠃ ᠬᠡᠷᠪᠡ ᠠᠯᠢ ᠠᠢᠯ ᠠ᠋ᠴᠠ ᠵᠠᠭᠠᠨ ᠤ᠋ ᠥᠭᠡᠬᠦ ᠣᠯᠪᠠᠯ ᠳᠠᠷᠤᠢ ᠨᠢᠭᠤᠴᠠ ᠪᠠᠷ ᠡᠨᠡ ᠰᠢᠵᠢᠮ ᠦ᠋ᠨ ᠲᠡᠮᠳᠡᠭ ᠢ᠋ᠶ᠋ᠡᠨ ᠤᠶᠠᠵᠤ ᠢᠷ᠎ᠡ!》 ᠭᠡᠵᠦ ᠶᠠᠪᠤᠭᠤᠯᠪᠠ ᠭᠡᠨ᠎ᠡ᠃ ᠴᠢᠩᠭᠢᠭᠡᠳ ᠠᠷᠤ ᠶ᠋ᠢᠨ ᠰᠠᠢᠨ ᠡᠷ᠎ᠡ᠂ ᠥᠪᠥᠷ ᠦ᠋ᠨ ᠰᠠᠢᠨ ᠡᠷ᠎ᠡ ᠶ᠋ᠢᠨ ᠡᠵᠢ ᠶ᠋ᠢ ᠨᠢ ᠲᠤᠰᠠᠯᠠᠵᠤ ᠴᠠᠭᠠᠨ ᠵᠠᠭᠠᠨ ᠢ᠋ ᠨᠢ ᠴᠡᠷᠢᠭ ᠦ᠋ᠨ ᠤᠯᠤᠰ᠂ ᠭᠡᠷ ᠲᠦ᠍ ᠣᠷᠣᠭᠰᠠᠨ ᠬᠣᠭᠣᠷᠣᠨᠳᠣ᠂ ᠲᠡᠷᠭᠡᠨ ᠡᠴᠡ ᠨᠢ ᠲᠠᠢᠯᠤᠨ ᠠᠪᠤᠭᠠᠳ᠂ ᠥᠪᠥᠷ ᠦ᠋ᠨ ᠰᠠᠢᠨ ᠡᠷ᠎ᠡ ᠶ᠋ᠢᠨ ᠦᠬᠦᠳᠡᠯ ᠢ᠋ ᠨᠢ ᠬᠣᠯᠠ ᠠᠭᠤᠯᠠᠨ ᠳ᠋ᠤ᠌ ᠠᠪᠠᠴᠢᠭᠠᠳ᠂ ᠡᠵᠢ ᠳ᠋ᠡᠭᠡᠨ᠄《ᠡᠵᠢ ᠮᠢᠨᠢ! ᠬᠡᠷᠪᠡ ᠴᠠᠭᠠᠨ ᠵᠠᠭᠠᠨ ᠤ᠋ ᠥᠭᠡᠬᠦ ᠭᠤᠶᠤᠬᠤ ᠪᠠᠷ ᠬᠥᠮᠦᠨ ᠢᠷᠡᠪᠡᠯ ᠪᠢᠲᠡᠭᠡᠢ ᠥᠭᠭᠦᠭᠲᠦᠨ》 ᠭᠡᠵᠦ ᠬᠡᠯᠡᠭᠡᠳ ᠠᠩ ᠬᠦᠷᠦᠭᠡ ᠬᠢᠬᠦ ᠪᠡᠷ ᠭᠠᠷᠪᠠ ᠭᠡᠨ᠎ᠡ᠃ 
       ᠴᠢᠩᠭᠢᠭᠡᠳ ᠨᠢᠭᠡᠨ ᠡᠳᠦᠷ ᠨᠢᠭᠡᠨ ᠮᠠᠭᠤ ᠶᠠᠷ᠎ᠠ ᠰᠢᠷᠬ᠎ᠠ ᠳ᠋ᠤ᠌ ᠪᠠᠷᠢᠭᠳᠠᠭᠰᠠᠨ ᠬᠥᠮᠦᠨ ᠠᠷᠤ ᠶ᠋ᠢᠨ ᠰᠠᠢᠨ ᠡᠷ᠎ᠡ ᠶ᠋ᠢᠨ ᠭᠡᠷ ᠲᠦ᠋ᠨᠢ ᠢᠷᠡᠵᠦ᠂ ᠬᠥᠭᠰᠢᠨ ᠡᠵᠢ ᠳ᠋ᠦ᠍ᠨᠢ ᠮᠥᠷᠭᠥᠵᠦ᠄《ᠬᠥᠭᠰᠢᠨ ᠡᠵᠢ ᠮᠢᠨᠢ ᠪᠢ ᠪᠣᠯ ᠣᠷᠴᠢᠯᠠᠩ ᠳ᠋ᠤ᠌ ᠣᠷᠢᠶᠠᠭᠳᠠᠵᠤ ᠡᠪᠡᠳᠴᠢᠨ ᠳ᠋ᠦ᠍ ᠪᠠᠷᠢᠭᠳᠠᠭᠰᠠᠨ ᠬᠥᠮᠦᠨ ᠪᠠᠢᠨ᠎ᠠ᠃ ᠡᠵᠢ ᠲᠠ ᠦᠵᠡ! ᠮᠢᠨᠦ ᠡᠨᠡ ᠶᠠᠷ᠎ᠠ ᠰᠢᠷᠬ᠎ᠠ ᠪᠦᠬᠦᠯᠢ ᠪᠡᠶ᠎ᠡ ᠳ᠋ᠦ᠍ ᠲᠦᠭᠡᠵᠦ ᠦᠬᠦᠬᠦ ᠳ᠋ᠦ᠍ ᠬᠦᠷᠦᠭᠡᠳ ᠪᠠᠢᠨ᠎ᠠ᠃ ᠬᠡᠷᠪᠡ ᠴᠠᠭᠠᠨ ᠵᠠᠭᠠᠨ ᠤ᠋ ᠥᠭᠡᠬᠦ ᠶ᠋ᠢ ᠣᠯᠵᠤ ᠲᠦᠷᠬᠢᠪᠡᠯ᠂ ᠳᠠᠷᠤᠢ ᠰᠠᠢᠨ ᠪᠣᠯᠵᠤ ᠠᠮᠢᠳᠤᠷᠠᠵᠤ ᠴᠢᠳᠠᠨ᠎ᠠ》 ᠭᠡᠵᠦ ᠬᠥᠭᠰᠢᠨ ᠡᠴᠡ ᠴᠠᠭᠠᠨ ᠵᠠᠭᠠᠨ ᠤ᠋ ᠥᠭᠡᠬᠦ ᠭᠤᠶᠤᠭᠰᠠᠨ ᠳ᠋ᠤ᠌ ᠬᠥᠭᠰᠢᠨ ᠮᠥᠨ ᠡᠨᠡ ᠬᠥᠮᠦᠨ ᠦ᠌ ᠶᠠᠷ᠎ᠠ ᠰᠢᠷᠬ᠎ᠠ ᠶ᠋ᠢ ᠨᠢ ᠦᠵᠡᠵᠦ ᠪᠠᠬᠠᠨ ᠲᠠᠲᠠᠭᠠᠯᠵᠠᠭᠰᠠᠨ ᠳ᠋ᠤ᠌᠂ ᠡᠨᠡ ᠶᠠᠷ᠎ᠠ ᠰᠢᠷᠬ᠎ᠠ ᠲᠠᠢ ᠠᠮᠢᠲᠠᠨ ᠤᠯᠠᠮ ᠢᠯᠡᠭᠦᠦ ᠮᠥᠷᠭᠥᠭᠰᠡᠨ ᠳᠡᠭᠡᠷ᠎ᠡ ᠡᠴᠡ ᠪᠡᠨ ᠮᠥᠷᠭᠥᠵᠦ᠂ ᠭᠤᠶᠤᠭᠰᠠᠨ ᠳᠡᠭᠡᠷ᠎ᠡ ᠡᠴᠡ ᠪᠡᠨ ᠭᠤᠶᠤᠵᠤ᠂ ᠡᠯᠳᠡᠪ ᠰᠠᠢᠨ ᠢ᠋ ᠬᠡᠯᠡᠭᠰᠡᠭᠡᠷ ᠬᠥᠭᠰᠢᠨ ᠦ᠌ ᠰᠡᠳᠬᠢᠯ ᠢ᠋ ᠬᠥᠳᠡᠯᠭᠡᠵᠦ ᠲᠠᠯᠪᠢᠭᠰᠠᠨ ᠳ᠋ᠤ᠌᠂ ᠬᠥᠭᠰᠢᠨ ᠨᠢᠭᠡ ᠬᠡᠰᠡᠭ ᠠᠶᠠᠭ᠎ᠠ ᠶ᠋ᠢᠨ ᠲᠡᠳᠦᠢ ᠵᠠᠭᠠᠨ ᠤ᠋ ᠥᠭᠡᠬᠦ ᠥᠭᠴᠦ ᠭᠠᠷᠭᠠᠭᠰᠠᠨ ᠳ᠋ᠤ᠌ ᠡᠨᠡ ᠶᠠᠷ᠎ᠠ ᠰᠢᠷᠬ᠎ᠠ ᠲᠠᠢ ᠬᠥᠮᠦᠨ ᠳᠠᠷᠤᠢ ᠲᠡᠷᠡ ᠲᠡᠮᠳᠡᠭ ᠲᠡᠢ ᠬᠢᠯᠭᠠᠰᠤ ᠪᠠᠨ ᠡᠭᠦᠳᠡᠨ ᠳ᠋ᠦ᠍ᠨᠢ ᠤᠶᠠᠵᠤ ᠶᠠᠪᠤᠪᠠ ᠭᠡᠨ᠎ᠡ᠃ 
       ᠴᠢᠩᠭᠢᠭᠡᠳ ᠠᠷᠤ ᠶ᠋ᠢᠨ ᠰᠠᠢᠨ ᠡᠷ᠎ᠡ ᠭᠡᠷ ᠲᠡᠭᠡᠨ ᠬᠠᠷᠢᠵᠤ ᠢᠷᠡᠭᠡᠳ᠂ ᠡᠵᠢ ᠡᠴᠡ ᠪᠡᠨ ᠄《ᠵᠠᠭᠠᠨ ᠤ᠋ ᠥᠭᠡᠬᠦ ᠭᠤᠶᠤᠬᠤ ᠪᠠᠷ ᠬᠥᠮᠦᠨ ᠢᠷᠡᠭᠰᠡᠨ ᠤᠤ?》 ᠭᠡᠰᠡᠨ ᠳ᠋ᠦ᠍ ᠬᠥᠭᠰᠢᠨ ᠮᠥᠨ ᠶᠠᠷ᠎ᠠ ᠰᠢᠷᠬ᠎ᠠ ᠲᠠᠢ ᠬᠥᠮᠦᠨ ᠢᠷᠡᠵᠦ ᠭᠠᠰᠢᠭᠤᠳᠠᠨ ᠭᠤᠶᠤᠭᠰᠠᠨ ᠳ᠋ᠤ᠌ ᠵᠠᠭᠠᠨ ᠤ᠋ ᠥᠭᠡᠬᠦ ᠨᠢᠭᠡ ᠬᠡᠰᠡᠭ ᠥᠭᠪᠡ ᠭᠡᠰᠡᠨ ᠳ᠋ᠦ᠍᠂ ᠠᠷᠤ ᠶ᠋ᠢᠨ ᠰᠠᠢᠨ ᠡᠷ᠎ᠡ ᠶᠡᠬᠡ ᠰᠠᠨᠳᠤᠷᠴᠤ ᠭᠡᠷ ᠢ᠋ᠶ᠋ᠡᠨ ᠲᠣᠭᠣᠷᠢᠵᠤ ᠦᠵᠡᠭᠰᠡᠨ ᠳ᠋ᠦ᠍᠂ ᠡᠭᠦᠳᠡᠨ ᠳᠡᠭᠡᠷ᠎ᠡ ᠨᠢ ᠬᠢᠯᠭᠠᠰᠤᠨ ᠲᠡᠮᠳᠡᠭ ᠤᠶᠠᠭᠠᠲᠠᠢ ᠪᠠᠢᠬᠤ ᠶ᠋ᠢ ᠦᠵᠡᠭᠡᠳ᠂ ᠡᠨᠡ ᠪᠣᠯ ᠬᠠᠭᠠᠨ ᠤ᠋ ᠴᠡᠷᠢᠭ ᠦ᠋ᠨ ᠡᠷᠢᠵᠦ ᠢᠷᠡᠬᠦ ᠲᠡᠮᠳᠡᠭ ᠪᠠᠢᠨ᠎ᠠ ᠭᠡᠳ ᠬᠡᠳᠦᠨ ᠠᠳᠤᠭᠤ ᠪᠠᠨ ᠪᠠᠷᠢᠵᠤ ᠰᠡᠭᠦᠯ ᠦ᠋ᠨ ᠬᠢᠯᠭᠠᠰᠤ ᠶ᠋ᠢ ᠨᠢ ᠬᠠᠢᠴᠢᠯᠠᠨ ᠠᠪᠤᠭᠠᠳ ᠮᠥᠨ ᠲᠡᠮᠳᠡᠭᠲᠦ ᠬᠢᠯᠭᠠᠰᠤ ᠯᠤᠭ᠎ᠠ ᠠᠳᠠᠯᠢ ᠣᠯᠠᠨ ᠲᠡᠮᠳᠡᠭᠲᠦ ᠬᠢᠯᠭᠠᠰᠤ ᠤᠶᠠᠵᠤ᠂ ᠬᠤᠷᠳᠤᠨ ᠠᠭᠲᠠᠨ ᠳ᠋ᠠᠭᠠᠨ ᠮᠣᠷᠳᠠᠵᠤ ᠲᠠᠭᠠᠷᠠᠭᠰᠠᠨ ᠠᠢᠯ ᠪᠦᠬᠦᠨ ᠦ᠌ ᠡᠭᠦᠳᠡᠨ ᠳ᠋ᠦ᠍ᠨᠢ ᠴᠥᠮ ᠤᠶᠠᠵᠤ ᠲᠠᠯᠪᠢᠭᠠᠳ ᠭᠡᠷ ᠲᠡᠭᠡᠨ ᠬᠠᠷᠢᠪᠠ ᠭᠡᠨ᠎ᠡ᠃ 
       ᠲᠡᠨᠳᠡ ᠡᠴᠡ ᠲᠡᠷᠡ ᠶᠠᠷ᠎ᠠ ᠰᠢᠷᠬ᠎ᠠ ᠲᠠᠢ ᠬᠥᠮᠦᠨ ᠬᠠᠭᠠᠨ ᠳ᠋ᠠᠭᠠᠨ ᠣᠴᠢᠵᠤ ᠵᠠᠭᠠᠨ ᠤ᠋ ᠥᠭᠡᠬᠦ ᠪᠡᠨ ᠦᠵᠡᠭᠦᠯᠵᠦ ᠲᠡᠮᠳᠡᠭ ᠤᠶᠠᠵᠤ ᠢᠷᠡᠪᠡ ᠭᠡᠰᠡᠨ ᠳ᠋ᠦ᠍᠂ ᠬᠠᠭᠠᠨ ᠰᠠᠢᠨ ᠭᠡᠵᠦ᠂ ᠲᠡᠷᠡ ᠶᠠᠷ᠎ᠠ ᠰᠢᠷᠬ᠎ᠠ ᠲᠠᠢ ᠬᠥᠮᠦᠨ ᠳ᠋ᠦ᠍ ᠬᠡᠳᠦᠨ ᠬᠡᠰᠡᠭ ᠮᠥᠩᠭᠥ ᠥᠭᠴᠦ ᠬᠠᠷᠢᠭᠤᠯᠤᠭᠠᠳ᠂ ᠳᠠᠷᠤᠢ ᠴᠡᠷᠢᠭ ᠲᠡᠭᠡᠨ᠄《ᠬᠡᠨ ᠦ᠌ ᠡᠭᠦᠳᠡᠨ ᠳ᠋ᠦ᠍ ᠬᠢᠯᠭᠠᠰᠤᠨ ᠲᠡᠮᠳᠡᠭ ᠤᠶᠠᠵᠤ ᠪᠠᠢᠪᠠᠯ ᠳᠠᠷᠤᠢ ᠲᠡᠷᠡ ᠬᠥᠮᠦᠨ ᠢ᠋ ᠪᠠᠷᠢᠵᠤ ᠢᠷ᠎ᠡ!》 ᠭᠡᠵᠦ ᠴᠡᠷᠢᠭ ᠢ᠋ᠶ᠋ᠡᠨ ᠶᠠᠪᠤᠭᠤᠯᠵᠤ ᠭᠡᠨ᠎ᠡ᠃ 
       ᠮᠠᠷᠭᠠᠰᠢ ᠨᠢ ᠴᠡᠷᠢᠭ ᠦ᠋ᠨ ᠬᠥᠮᠦᠰ ᠬᠠᠷᠢᠵᠤ ᠢᠷᠡᠭᠡᠳ ᠬᠠᠭᠠᠨ ᠳ᠋ᠠᠭᠠᠨ᠄《ᠡᠵᠡᠨ ᠮᠢᠨᠢ! ᠠᠢᠯ ᠪᠦᠬᠦᠨ ᠦ᠌ ᠡᠭᠦᠳᠡᠨ ᠳ᠋ᠦ᠍ ᠴᠥᠮ ᠪᠦᠷ ᠠᠳᠠᠯᠢ ᠬᠢᠯᠭᠠᠰᠤᠨ ᠲᠡᠮᠳᠡᠭ ᠤᠶᠠᠭᠠᠲᠠᠢ ᠪᠠᠢᠨ᠎ᠠ》 ᠭᠡᠰᠡᠨ ᠳ᠋ᠦ᠍᠂ ᠬᠠᠭᠠᠨ ᠨᠢ ᠠᠷᠭ᠎ᠠ ᠦᠭᠡᠢ ᠪᠣᠯᠵᠤ᠂ ᠵᠠ! ᠣᠳᠣ ᠤᠳᠠᠬᠤ ᠦᠭᠡᠢ ᠣᠪᠣᠭᠠᠨ ᠤ᠋ ᠨᠠᠢᠷ ᠪᠣᠯᠤᠨ᠎ᠠ᠃ ᠲᠡᠭᠡᠭᠡᠳ ᠪᠢ ᠳᠡᠭᠡᠳᠦ ᠶ᠋ᠢᠨ ᠰᠢᠲᠦᠭᠰᠡᠨ ᠣᠪᠣᠭᠠᠨ ᠳ᠋ᠠᠭᠠᠨ ᠣᠴᠢᠵᠤ ᠳᠠᠭᠠᠳᠬᠠᠵᠤ ᠮᠡᠳᠡᠶ᠎ᠡ ᠭᠡᠵᠦ ᠳᠣᠲᠣᠷ᠎ᠠ ᠪᠠᠨ᠄《ᠡᠨᠡ ᠡᠷ᠎ᠡ ᠨᠡᠯᠢᠶᠡᠳ ᠰᠡᠴᠡᠨ ᠡᠷ᠎ᠡ ᠪᠠᠢᠨ᠎ᠠ᠃ ᠭᠡᠪᠡᠴᠦ ᠴᠢ ᠣᠪᠣᠭᠠᠨ ᠤ᠋ ᠨᠠᠢᠷ ᠲᠤ᠌ ᠨᠠᠳᠠ ᠮᠡᠳᠡᠭᠳᠡᠬᠦ ᠦᠭᠡᠢ ᠪᠠᠢᠵᠤ ᠴᠢᠳᠠᠬᠤ ᠦᠭᠡᠢ》 ᠭᠡᠵᠦ ᠪᠣᠳᠣᠵᠤ ᠭᠡᠨ᠎ᠡ᠃ 
       ᠬᠡᠳᠦᠨ ᠡᠳᠦᠷ ᠪᠣᠯᠤᠭᠰᠠᠨ ᠳ᠋ᠤ᠌ ᠣᠪᠣᠭᠠᠨ ᠤ᠋ ᠨᠠᠢᠷ ᠪᠣᠯᠤᠭᠠᠳ᠂ ᠬᠠᠭᠠᠨ ᠮᠥᠨ ᠣᠪᠣᠭᠠᠨ ᠳ᠋ᠠᠭᠠᠨ ᠣᠴᠢᠵᠤ ᠮᠥᠷᠭᠥᠭᠡᠳ᠄《ᠮᠢᠨᠦ ᠠᠯᠲᠠ ᠮᠥᠩᠭᠥ ᠶ᠋ᠢ ᠠᠪᠴᠤ᠂ ᠴᠠᠭᠠᠨ ᠵᠠᠭᠠᠨ ᠢ᠋ ᠠᠯᠠᠭᠰᠠᠨ ᠬᠥᠮᠦᠨ ᠢ᠋ ᠡᠨᠡ ᠡᠳᠦᠷ ᠣᠪᠣᠭᠠᠨ ᠤ᠋ ᠬᠣᠢᠨ᠎ᠠ ᠮᠠᠨᠠᠷᠠᠭᠤᠯᠵᠤ ᠤᠨᠠᠭᠠᠨ ᠰᠣᠶᠣᠷᠬ᠎ᠠ!》 ᠭᠡᠵᠦ ᠳᠠᠬᠢᠨ ᠳᠠᠪᠲᠠᠨ ᠵᠠᠯᠪᠠᠷᠢᠭᠠᠳ᠂ ᠴᠡᠷᠢᠭ ᠦ᠋ᠨ ᠬᠥᠮᠦᠰ ᠢ᠋ᠶ᠋ᠡᠨ ᠳᠠᠭᠤᠳᠠᠵᠤ᠄《ᠲᠠ ᠨᠠᠷ ᠣᠪᠣᠭᠠᠨ ᠤ᠋ ᠬᠣᠢᠨ᠎ᠠ ᠣᠴᠢᠵᠤ ᠦᠵᠡᠭᠲᠦᠨ! ᠬᠡᠷᠪᠡ ᠬᠥᠮᠦᠨ ᠤᠨᠠᠵᠤ ᠮᠠᠨᠠᠷᠠᠨ ᠬᠡᠪᠲᠡᠵᠦ ᠪᠠᠢᠪᠠᠯ ᠡᠨᠡ ᠡᠳᠦᠷ ᠣᠪᠣᠭᠠᠨ ᠤ᠋ ᠨᠠᠢᠷ ᠪᠠᠶᠠᠷ ᠳᠡᠭᠡᠷ᠎ᠡ ᠲᠣᠭᠲᠠᠭᠰᠠᠨ ᠳᠦᠷᠢᠮ ᠢ᠋ᠶ᠋ᠡᠷ᠂ ᠬᠥᠮᠦᠨ ᠢ᠋ ᠪᠠᠷᠢᠵᠤ ᠪᠣᠯᠬᠤ ᠦᠭᠡᠢ ᠲᠤᠯᠠ᠂ ᠪᠠᠷᠠᠭᠤᠨ ᠬᠥᠮᠥᠰᠬᠡ ᠶ᠋ᠢ ᠨᠢ ᠬᠢᠷᠭᠠᠵᠤ ᠳᠡᠯᠪᠢ!》 ᠭᠡᠵᠦ ᠴᠡᠷᠢᠭ ᠦ᠋ᠨ ᠤᠯᠤᠰ ᠢ᠋ᠶ᠋ᠠᠨ ᠶᠠᠪᠤᠭᠤᠯᠪᠠ ᠭᠡᠨ᠎ᠡ᠃ 
       ᠴᠢᠩᠭᠢᠭᠡᠳ ᠠᠷᠤ ᠶ᠋ᠢᠨ ᠰᠠᠢᠨ ᠡᠷ᠎ᠡ ᠣᠯᠠᠨ ᠬᠢᠯᠭᠠᠰᠤᠨ ᠲᠡᠮᠳᠡᠭ ᠬᠢᠵᠦ ᠬᠠᠭᠠᠨ ᠤ᠋ ᠴᠡᠷᠢᠭ ᠦ᠋ᠨ ᠬᠥᠮᠦᠰ ᠢ᠋ ᠬᠠᠭᠤᠷᠤᠨ ᠬᠠᠷᠢᠭᠤᠯᠤᠭᠠᠳ᠂ ᠮᠥᠨ ᠣᠪᠣᠭᠠᠨ ᠤ᠋ ᠨᠠᠢᠷ ᠲᠤ᠌ ᠢᠷᠡᠭᠡᠳ᠂ ᠣᠪᠣᠭᠠᠨ ᠤ᠋ ᠬᠣᠢᠨ᠎ᠠ ᠶᠠᠪᠤᠵᠤ ᠪᠠᠢᠲᠠᠯ᠎ᠠ᠂ ᠭᠡᠨᠡᠳᠲᠡ ᠲᠣᠯᠣᠭᠠᠢ ᠨᠢ ᠡᠷᠭᠢᠵᠦ ᠮᠠᠨᠠᠷᠠᠭᠠᠳ ᠮᠣᠷᠢᠨ ᠠ᠋ᠴᠠ ᠪᠠᠨ ᠣᠢᠴᠢᠵᠤ ᠤᠨᠠᠪᠠ ᠭᠡᠨ᠎ᠡ᠃ ᠲᠡᠭᠡᠭᠡᠳ ᠬᠠᠭᠠᠨ ᠤ᠋ ᠴᠡᠷᠢᠭ ᠦ᠋ᠨ ᠬᠥᠮᠦᠰ ᠢᠷᠡᠵᠦ ᠦᠵᠡᠭᠰᠡᠨ ᠳ᠋ᠦ᠍ ᠦᠨᠡᠬᠡᠷ ᠨᠢᠭᠡᠨ ᠰᠠᠢᠨ ᠡᠷ᠎ᠡ ᠮᠠᠨᠠᠷᠠᠨ ᠤᠨᠠᠵᠤ ᠬᠡᠪᠲᠡᠵᠦ ᠪᠠᠢᠬᠤ ᠶ᠋ᠢ ᠦᠵᠡᠭᠡᠳ ᠪᠠᠷᠠᠭᠤᠨ ᠬᠥᠮᠥᠰᠬᠡ ᠶ᠋ᠢ ᠨᠢ ᠬᠢᠷᠭᠠᠵᠤ ᠶᠠᠪᠤᠪᠠ ᠭᠡᠨ᠎ᠡ᠃ 
       ᠣᠷᠣᠢ ᠨᠢ ᠮᠥᠨ ᠨᠠᠢᠷ ᠲᠠᠷᠬᠠᠵᠤ ᠣᠯᠠᠨ ᠬᠥᠮᠦᠰ ᠭᠡᠷ ᠭᠡᠷ ᠲᠡᠭᠡᠨ ᠬᠠᠷᠢᠬᠤ ᠳ᠋ᠤ᠌ ᠥᠲᠡᠯᠦᠭᠰᠡᠨ ᠵᠠᠯᠠᠭᠤ ᠢᠯᠭᠠᠯ ᠦᠭᠡᠢ ᠴᠥᠮ ᠣᠯᠠᠨ ᠢ᠋ᠶ᠋ᠠᠷ ᠢ᠋ᠶ᠋ᠠᠨ ᠠᠷᠢᠬᠢ ᠤᠤᠭᠤᠵᠤ᠂ ᠥᠭᠡᠳᠡ ᠪᠡᠨ ᠤᠷᠤᠭᠤ ᠪᠠᠨ ᠬᠠᠢᠪᠠᠯᠵᠠᠨ ᠶᠠᠪᠤᠵᠤ ᠪᠠᠢᠭᠰᠠᠨ ᠪᠠ ᠮᠥᠨ ᠣᠪᠣᠭ᠎ᠠ ᠶ᠋ᠢ ᠲᠣᠭᠣᠷᠢᠭᠠᠳ ᠨᠡᠯᠢᠶᠡᠳ ᠣᠯᠠᠨ ᠬᠥᠮᠦᠨ ᠰᠣᠭᠲᠣᠵᠤ᠂ ᠮᠣᠷᠢᠨ ᠠ᠋ᠴᠠ ᠪᠠᠨ ᠤᠨᠠᠵᠤ ᠤᠨᠲᠠᠵᠤ ᠪᠠᠢᠨ᠎ᠠ ᠭᠡᠨ᠎ᠡ᠃ ᠴᠢᠩᠭᠢᠭᠡᠳ ᠠᠷᠤ ᠶ᠋ᠢᠨ ᠰᠠᠢᠨ ᠡᠷ᠎ᠡ ᠰᠡᠷᠢᠭᠡᠳ᠂ ᠦᠵᠡᠭᠰᠡᠨ ᠳ᠋ᠦ᠍ ᠣᠷᠣᠢ ᠪᠣᠯᠤᠭᠠᠳ ᠪᠠᠢᠭᠰᠠᠨ ᠪᠠ ᠲᠡᠷᠡ᠄《ᠪᠢ ᠶᠠᠭᠠᠬᠢᠭᠠᠳ ᠡᠨᠳᠡ ᠤᠨᠠᠭᠰᠠᠨ ᠪᠣᠢ?》 ᠭᠡᠵᠦ ᠰᠣᠨᠢᠷᠬᠠᠨ ᠪᠡᠶ᠎ᠡ ᠪᠡᠨ ᠪᠠᠢᠴᠠᠭᠠᠨ ᠦᠵᠡᠭᠰᠡᠨ ᠳ᠋ᠦ᠍ ᠪᠠᠷᠠᠭᠤᠨ ᠬᠥᠮᠥᠰᠬᠡ ᠨᠢ ᠬᠢᠷᠭᠠᠭᠳᠠᠭᠰᠠᠨ ᠪᠠᠢᠵᠠᠢ᠃ ᠢᠩᠭᠢᠭᠡᠳ ᠠᠷᠤ ᠶ᠋ᠢᠨ ᠰᠠᠢᠨ ᠡᠷ᠎ᠡ ᠬᠥᠮᠥᠰᠬᠡ ᠬᠢᠷᠭᠠᠭᠳᠠᠭᠰᠠᠨ ᠤᠴᠢᠷ ᠢ᠋ ᠪᠣᠳᠣᠵᠤ ᠣᠯᠤᠭᠠᠳ᠂ ᠳᠠᠷᠤᠢ ᠬᠢᠲᠤᠭ᠎ᠠ ᠪᠠᠨ ᠭᠠᠷᠭᠠᠵᠤ ᠣᠪᠣᠭᠠᠨ ᠤ᠋ ᠨᠠᠢᠷ ᠲᠤ᠌ ᠢᠷᠡᠵᠦ᠂ ᠠᠷᠢᠬᠢ ᠤᠤᠭᠤᠵᠤ ᠰᠣᠭᠲᠣᠭᠰᠠᠨ ᠪᠠ ᠮᠣᠷᠢᠨ ᠠ᠋ᠴᠠ ᠪᠠᠨ ᠣᠢᠴᠢᠵᠤ᠂ ᠬᠥᠳᠡᠭᠡ ᠬᠡᠪᠲᠡᠭᠰᠡᠨ ᠬᠥᠮᠦᠰ ᠦ᠋ᠨ ᠪᠠᠷᠠᠭᠤᠨ ᠬᠥᠮᠥᠰᠬᠡ ᠶ᠋ᠢ ᠨᠢ ᠴᠥᠮ ᠬᠢᠷᠭᠠᠭᠠᠳ ᠭᠡᠷ ᠲᠡᠭᠡᠨ ᠬᠠᠷᠢᠪᠠ ᠭᠡᠨ᠎ᠡ᠃ ᠮᠠᠷᠭᠠᠰᠢ ᠨᠢ ᠬᠠᠭᠠᠨ ᠴᠡᠷᠢᠭ ᠲᠡᠭᠡᠨ᠄《ᠲᠠ ᠨᠠᠷ ᠶᠠᠪᠤᠵᠤ ᠪᠠᠷᠠᠭᠤᠨ ᠬᠥᠮᠥᠰᠬᠡ ᠨᠢ ᠬᠢᠷᠭᠠᠭᠳᠠᠭᠰᠠᠨ ᠬᠥᠮᠦᠨ ᠢ᠋ ᠪᠠᠷᠢᠵᠤ ᠢᠷ᠎ᠡ! ᠪᠣᠳᠣᠪᠠᠯ ᠲᠡᠷᠡ ᠬᠥᠮᠦᠨ᠂ ᠥᠷᠥᠭᠡᠰᠦᠨ ᠬᠥᠮᠥᠰᠬᠡ ᠪᠡᠷ ᠰᠠᠭᠤᠬᠤ ᠦᠭᠡᠢ ᠭᠡᠳ᠂ ᠬᠣᠶᠠᠷ ᠬᠥᠮᠥᠰᠬᠡ ᠪᠡᠨ ᠴᠥᠮ ᠬᠢᠷᠭᠠᠭᠰᠠᠨ ᠴᠤ᠌ ᠮᠠᠭᠠᠳ ᠦᠭᠡᠢ᠃ ᠬᠣᠶᠠᠷ ᠬᠥᠮᠥᠰᠬᠡ ᠨᠢ ᠦᠭᠡᠢ ᠬᠥᠮᠦᠨ ᠢ᠋ ᠴᠦ᠍ ᠪᠠᠰᠠ ᠪᠠᠷᠢᠵᠤ ᠢᠷ᠎ᠡ!》 ᠭᠡᠵᠦ ᠶᠠᠪᠤᠭᠤᠯᠵᠠᠢ᠃  ᠢᠩᠭᠢᠭᠡᠳ ᠣᠳᠣ ᠴᠢᠮᠠᠶ᠋ᠢ ᠣᠯᠵᠤ ᠪᠠᠷᠢᠪᠠ ᠭᠡᠵᠦ ᠪᠠᠶᠠᠷᠯᠠᠵᠤ ᠪᠠᠢᠲᠠᠯ᠎ᠠ᠂ ᠴᠡᠷᠢᠭ ᠦ᠋ᠨ ᠬᠥᠮᠦᠰ ᠨᠢ ᠪᠠᠷᠠᠭᠤᠨ ᠬᠥᠮᠥᠰᠬᠡ ᠨᠢ ᠬᠢᠷᠭᠠᠭᠳᠠᠭᠰᠠᠨ ᠪᠠ ᠬᠣᠶᠠᠷ ᠬᠥᠮᠥᠰᠬᠡ ᠨᠢ ᠬᠢᠷᠭᠠᠭᠳᠠᠭᠰᠠᠨ ᠬᠥᠮᠦᠨ ᠢ᠋ ᠬᠡᠴᠢᠨᠡᠨ ᠣᠯᠠᠨ ᠪᠠᠷᠢᠵᠤ ᠠᠪᠴᠢᠷᠠᠭᠰᠠᠨ ᠳ᠋ᠤ᠌ ᠬᠠᠭᠠᠨ ᠠᠷᠭ᠎ᠠ ᠦᠭᠡᠢ ᠪᠣᠯᠵᠤ᠄《ᠵᠠ! ᠮᠢᠨᠦ ᠠᠯᠲᠠ ᠮᠥᠩᠭᠥ ᠶ᠋ᠢ ᠠᠪᠴᠤ᠂ ᠴᠠᠭᠠᠨ ᠵᠠᠭᠠᠨ ᠢ᠋ ᠠᠯᠠᠭᠰᠠᠨ ᠬᠥᠮᠦᠨ᠂ ᠥᠪᠡᠰᠦᠪᠡᠨ ᠭᠠᠷᠴᠤ ᠢᠷ᠎ᠡ! ᠮᠢᠨᠦ ᠠᠷᠭ᠎ᠠ ᠲᠡᠭᠦᠨ ᠳ᠋ᠦ᠍ ᠬᠦᠷᠬᠦ ᠦᠭᠡᠢ ᠪᠠᠢᠨ᠎ᠠ᠃ ᠪᠢ ᠲᠡᠷᠡ ᠬᠥᠮᠦᠨ ᠳ᠋ᠦ᠍ ᠬᠠᠭᠠᠨ ᠰᠢᠷᠡᠭᠡᠨ ᠡᠴᠡ ᠪᠡᠨ ᠪᠠᠭᠤᠵᠤ ᠥᠭᠭᠦᠶ᠎ᠡ!》 ᠭᠡᠵᠦ ᠪᠠᠭᠤᠵᠤ ᠥᠭᠭᠦᠭᠰᠡᠨ ᠳ᠋ᠦ᠍ ᠠᠷᠤ ᠶ᠋ᠢᠨ ᠰᠠᠢᠨ ᠡᠷ᠎ᠡ᠂ ᠭᠠᠷᠴᠤ ᠢᠷᠡᠭᠡᠳ ᠬᠠᠭᠠᠨ ᠰᠢᠷᠡᠭᠡᠨ ᠳ᠋ᠦ᠍ᠨᠢ ᠰᠠᠭᠤᠵᠤ ᠥᠪᠥᠷ ᠦ᠋ᠨ ᠰᠠᠢᠨ ᠡᠷ᠎ᠡ ᠶ᠋ᠢᠨ ᠡᠵᠢ ᠡᠬᠡᠨᠡᠷ᠂ ᠬᠡᠦᠬᠡᠳ ᠪᠠ ᠥᠪᠡᠷ ᠦ᠋ᠨ ᠭᠡᠷ ᠦ᠋ᠨ ᠤᠯᠤᠰ ᠢ᠋ᠶ᠋ᠠᠨ ᠠᠪᠴᠢᠷᠠᠵᠤ ᠥᠯᠵᠡᠢ ᠮᠥᠷ ᠲᠡᠢ ᠠᠮᠢᠳᠤᠷᠠᠵᠤ᠂ ᠠᠮᠤᠷ ᠰᠠᠢᠨ ᠳ᠋ᠠᠭᠠᠨ ᠵᠢᠷᠭᠠᠵᠤ ᠭᠡᠨ᠎ᠡ᠃


          ※ ᠦᠰᠦᠭ ᠠᠮᠢᠯᠠᠭᠤᠯᠤᠭᠴᠢ᠄  ᠬᠡᠯᠡᠰᠣᠶᠣᠯ( ᠪᠤᠤ ᠸᠧᠨ ᠬᠤᠸᠠ)᠂ ᠤᠷᠠᠨᠴᠢᠮᠡᠭ᠂ ᠪᠠᠶᠠᠨᠴᠡᠴᠡᠭ᠂ 
                                           ᠨᠠᠷᠠᠨᠲᠤᠶᠠᠭ᠎ᠠ᠂ ᠡᠭᠦᠯᠡᠩᠬᠤᠸᠠᠷ᠂ ᠠᠯᠲᠠᠨᠴᠢᠮᠡᠭ᠂ ᠣᠶᠤᠨᠴᠢᠮᠡᠭ᠂ 
                                           ᠪᠠᠢ·ᠰᠠᠷᠠᠨ᠎ᠠ᠂ ᠬᠡᠷᠡᠢᠳ·ᠮᠥᠩᠬᠡᠨᠠᠰᠤᠨ᠂ ᠮᠥᠩᠭᠥᠨ
          ※ ᠬᠢᠨᠠᠭᠴᠢ᠄ ᠣᠳᠬᠠᠨᠰᠣ᠎ᠠ᠂ ᠪᠠᠯ᠂ ᠡᠭᠦᠯᠡᠩᠬᠤᠸᠠᠷ᠂ ᠤᠷᠠᠨᠴᠢᠮᠡᠭ᠂ ᠭᠠᠷᠮ᠎ᠠ᠂ ᠰᠡᠬᠡᠭᠡᠷᠡᠯ᠂ 
                                           ᠨᠠᠷᠠᠨ᠂ ᠪᠠᠯᠤᠰᠦᠭ᠂ ᠬᠡᠯᠡᠰᠣᠶᠣᠯ