ᠮᠥᠩᠬᠡ ᠲᠩᠷᠢ ᠶ᠋ᠢᠨ ᠬᠦᠴᠦᠨ ᠲᠡᠢ ᠲᠩᠷᠢᠯᠢᠭ ᠪᠣᠰᠤᠭ᠎ᠠ ᠮᠣᠩᠭᠣᠯ ᠦᠰᠦᠭ ᠢ᠋ᠶ᠋ᠡᠨ ᠦᠷᠭᠦᠯᠵᠢ ᠪᠢᠴᠢᠶ᠎ᠡ
ᠮᠥᠩᠬᠡ ᠲᠩᠷᠢ ᠶ᠋ᠢᠨ ᠬᠦᠴᠦᠨ ᠲᠡᠢ ᠲᠩᠷᠢᠯᠢᠭ ᠪᠣᠰᠤᠭ᠎ᠠ ᠮᠣᠩᠭᠣᠯ ᠦᠰᠦᠭ ᠢ᠋ᠶ᠋ᠡᠨ ᠦᠷᠭᠦᠯᠵᠢ ᠪᠢᠴᠢᠶ᠎ᠡ
1. ᠦᠵᠢᠶᠡᠳ ᠡᠷᠳᠡᠨᠢᠴᠡᠴᠡᠭ
ᠮᠣᠩᠭᠣᠯ ᠭᠡᠷ ᠠᠷᠲᠠᠢ
ᠨᠣᠭᠣᠭᠠᠨ ᠲᠠᠯ᠎ᠠ ᠶ᠋ᠢᠨ ᠬᠠᠭᠠᠨ ᠂ ᠴᠠᠭᠠᠨ ᠰᠦ ᠶ᠋ᠢᠨ ᠰᠠᠩ
ᠮᠢᠨᠦ ᠮᠣᠩᠭᠣᠯ ᠭᠡᠷ᠂ᠮᠢᠨᠦ ᠮᠣᠩᠭᠣᠯ ᠳᠡᠯᠡᠬᠡᠢ᠃
2. ᠪᠠᠶᠠᠨᠬᠠᠩᠭᠠᠢ
① ᠴᠢᠩᠭᠢᠰ ᠬᠠᠭᠠᠨ᠄
ᠤᠳᠤᠮᠲᠤ ᠮᠣᠩᠭᠣᠯ ᠤ᠋ᠨ ᠣᠮᠣᠭᠰᠢᠯ ᠪᠣᠯᠤᠭᠰᠠᠨ ᠲᠩᠷᠢᠯᠢᠭ ᠪᠣᠭᠳᠠ᠂
ᠤᠷᠤᠭᠰᠢᠯᠠᠬᠤ ᠳᠠᠪᠰᠢᠬᠤ ᠶ᠋ᠢᠨ ᠵᠠᠮᠴᠢ ᠪᠣᠯᠤᠭᠰᠠᠨ ᠦᠨᠡᠨ ᠰᠢᠲᠦᠭᠡᠨ᠃
② ᠮᠣᠩᠭᠣᠯ ᠰᠣᠶᠣᠯ᠄
ᠮᠥᠩᠬᠡ ᠲᠩᠷᠢ ᠶ᠋ᠢᠨ ᠬᠦᠴᠦᠨ ᠲᠡᠢ ᠲᠩᠷᠢᠯᠢᠭ ᠪᠣᠰᠤᠭ᠎ᠠ ᠦᠰᠦᠭ᠂
ᠮᠢᠩᠭᠠᠨ ᠭᠠᠯᠪᠠ ᠶ᠋ᠢᠨ ᠳᠠᠯᠠᠯᠭ᠎ᠠ ᠲᠠᠢ ᠥᠷᠯᠥᠭ ᠮᠣᠩᠭᠣᠯ ᠰᠣᠶᠣᠯ᠃
3. ᠰᠣᠨᠢᠨᠴᠡᠴᠡᠭ ᠂
ᠮᠣᠩᠭᠣᠯ ᠬᠥᠮᠦᠨ
ᠬᠠᠳᠠᠨ ᠳᠡᠭᠡᠷ᠎ᠡ ᠪᠢᠴᠢᠭ ᠲᠡᠢ ᠮᠣᠩᠭᠣᠯ ᠬᠥᠮᠦᠨ ᠴᠢ ᠵᠢᠰᠦ ᠪᠡᠨ ᠪᠦᠦ ᠠᠯᠲᠠ
ᠬᠠᠳᠠᠭ ᠳᠡᠭᠡᠷ᠎ᠡ ᠢᠷᠦᠭᠡᠯ ᠲᠡᠢ ᠮᠣᠩᠭᠣᠯ ᠬᠥᠮᠦᠨ ᠴᠢ ᠵᠢᠷᠦᠬᠡ ᠪᠡᠨ ᠪᠦᠦ ᠠᠯᠲᠠ
ᠬᠠᠭᠠᠨ ᠴᠢᠩᠭᠢᠰ ᠦ᠋ᠨ ᠬᠣᠢᠴᠢᠰ ᠮᠣᠩᠭᠣᠯ ᠬᠦᠦ ᠴᠢ ᠵᠦᠭ ᠢ᠋ᠶ᠋ᠡᠨ ᠪᠢᠲᠡᠭᠡᠢ ᠠᠯᠲᠠ!
4. ᠠᠯᠲᠠᠨᠴᠢᠮᠡᠭ
ᠳᠥᠷᠪᠡᠨ ᠳᠠᠭᠠᠳᠠᠭ
ᠵᠠᠭᠠᠨ ᠶᠡᠬᠡ ᠴᠦ᠍ ᠵᠠᠮ ᠤ᠋ᠨ ᠠᠶ᠎ᠠ ᠶ᠋ᠢ ᠳᠠᠭᠠᠳᠠᠭ
ᠵᠠᠩᠵᠤᠨ ᠲᠣᠮᠣ ᠴᠤ᠌ ᠬᠠᠤᠯᠢ ᠶ᠋ᠢᠨ ᠠᠶ᠎ᠠ ᠶ᠋ᠢ ᠳᠠᠭᠠᠳᠠᠭ
ᠬᠠᠭᠠᠨ ᠶᠡᠬᠡ ᠴᠦ᠍ ᠬᠠᠷᠠᠴᠤ ᠶ᠋ᠢᠨ ᠠᠶ᠎ᠠ ᠶ᠋ᠢ ᠳᠠᠭᠠᠳᠠᠭ
ᠬᠠᠨᠳᠠᠭᠠᠢ ᠲᠣᠮᠣ ᠴᠤ᠌ ᠠᠭᠤᠯᠠ ᠶ᠋ᠢᠨ ᠠᠶ᠎ᠠ ᠶ᠋ᠢ ᠳᠠᠭᠠᠳᠠᠭ᠃
5. ᠴᠢ · ᠤᠷᠠᠨᠴᠡᠴᠡᠭ
ᠪᠡᠶ᠎ᠡ ᠪᠡᠨ ᠵᠠᠰᠠᠳᠠᠭ ᠢ᠋ ᠨᠢ ᠤᠬᠠᠭᠠᠨ ᠭᠡᠳᠡᠭ᠂
ᠪᠤᠰᠤᠳ ᠢ᠋ ᠵᠠᠰᠠᠳᠠᠭ ᠢ᠋ ᠨᠢ ᠠᠷᠭ᠎ᠠ ᠭᠡᠳᠡᠭ᠂
ᠪᠡᠯᠡᠨ ᠲᠦᠷᠦᠮᠡᠯ ᠢ᠋ ᠨᠢ ᠠᠪᠢᠶᠠᠰ ᠭᠡᠳᠡᠭ᠂
ᠪᠣᠳᠣᠵᠤ ᠪᠢᠰᠢᠯᠭᠠᠭᠰᠠᠨ ᠢ᠋ ᠨᠢ ᠪᠢᠯᠢᠭ ᠭᠡᠳᠡᠭ᠃
6. ᠮᠣᠩᠭᠣᠯ ᠰᠦᠨᠡᠰᠦ ᠄
ᠮᠥᠩᠬᠡ ᠲᠩᠷᠢ ᠶ᠋ᠢᠨ ᠳᠣᠣᠷ᠎ᠠ ᠮᠢᠩᠭᠠᠨ ᠮᠢᠩᠭᠠᠨ ᠬᠠᠪᠤᠷ
ᠮᠣᠩᠭᠣᠯ ᠬᠥᠮᠦᠨ ᠦ᠌ ᠦᠷ᠎ᠡ ᠬᠣᠢᠴᠢᠰ ᠲᠦᠮᠡᠨ ᠲᠦᠮᠡᠨ ᠦᠶ᠎ᠡ᠃
7. ᠨᠠᠮᠵᠢᠯ
ᠮᠣᠩᠭᠣᠯᠴᠤᠳ ᠮᠢᠨᠢ᠂ ᠪᠢᠳᠡ ᠡᠷᠦᠬᠡ ᠭᠡᠷ ᠲᠡᠭᠡᠨ ᠦᠷ᠎ᠡ ᠬᠡᠦᠬᠡᠳ ᠲᠡᠢ ᠪᠡᠨ ᠦᠷᠭᠦᠯᠵᠢ ᠮᠣᠩᠭᠣᠯ ᠢ᠋ᠶ᠋ᠠᠷ ᠬᠡᠯᠡᠯᠴᠡᠶ᠎ᠡ᠂ ᠮᠣᠩᠭᠣᠯᠴᠤᠳ ᠬᠣᠭᠣᠷᠣᠨᠳᠣ ᠪᠠᠨ ᠴᠡᠪᠡᠷ ᠮᠣᠩᠭᠣᠯ ᠢ᠋ᠶ᠋ᠠᠷ ᠢ᠋ᠶ᠋ᠠᠨ ᠶᠠᠷᠢᠯᠴᠠᠶ᠎ᠠ!
8. ᠭᠠᠹᠠᠯᠮ᠎ᠠ
ᠴᠢᠩᠭᠢᠰ ᠬᠠᠭᠠᠨ ᠤ᠋ ᠡᠴᠢᠭᠡ ᠶᠢᠰᠦᠭᠡᠢ ᠪᠠᠭᠠᠲᠤᠷ ᠪᠣᠯ ᠪᠸᠲᠡ ᠤᠯᠤᠰ ᠤ᠋ᠨ ᠡᠵᠡᠨ ᠮᠥᠨ᠃ ᠡᠨᠡ ᠪᠸᠲᠡ ᠭᠡᠭᠴᠢ ᠤᠯᠤᠰ ᠪᠣᠯ ᠠᠷᠪᠠᠨ ᠬᠣᠶᠠᠳᠤᠭᠠᠷ ᠵᠠᠭᠤᠨ ᠠ᠋ᠴᠠ ᠡᠬᠢᠯᠡᠨ ᠬᠦᠴᠦᠷᠬᠡᠭᠵᠢᠨ᠂ ᠮᠠᠨᠳᠤᠭᠰᠠᠨ ᠮᠣᠩᠭᠣᠯ ᠤ᠋ᠨ ᠡᠵᠡᠨᠲᠦ ᠤᠯᠤᠰ ᠶᠤᠮ᠃
9. ᠠᠯᠲᠠᠨᠨᠠᠪᠴᠢ
ᠬᠥᠮᠦᠨ ᠶᠢᠷᠲᠢᠨᠴᠦ ᠳ᠋ᠦ᠍ ᠲᠥᠷᠥᠭᠰᠡᠨ ᠦ᠌ ᠠᠴᠢ ᠭᠠᠪᠢᠶ᠎ᠠ ᠭᠡᠪᠡᠯ ᠰᠣᠶᠣᠯ ᠮᠡᠳᠡᠯᠭᠡ ᠳ᠋ᠦ᠍ ᠰᠢᠮᠳᠠᠬᠤ᠂ ᠡᠳ᠋ ᠪᠠᠶᠠᠯᠢᠭ ᠢ᠋ ᠪᠦᠲᠦᠭᠡᠬᠦ᠂ ᠵᠣᠯ ᠵᠢᠷᠭᠠᠯ ᠢ᠋ ᠡᠳ᠋ᠯᠡᠬᠦ ᠵᠡᠷᠭᠡ ᠪᠠᠬᠠᠨ ᠦᠢᠯᠡ ᠶ᠋ᠢ ᠬᠢᠨ᠎ᠡ᠃ ᠥᠩᠭᠡᠷᠡᠭᠰᠡᠨ ᠳ᠋ᠦ᠍ ᠵᠢᠷᠤᠮᠯᠠᠵᠤ ᠪᠠᠢᠭᠰᠠᠨ ᠬᠤᠳᠤᠭᠲᠤᠨ ᠤ᠋ ᠳᠣᠯᠣᠭᠠᠨ ᠪᠠᠶᠠᠯᠢᠭ ᠭᠡᠳᠡᠭ ᠢ᠋ᠶ᠋ᠡᠷ ᠬᠡᠯᠡᠪᠡᠯ ᠢᠲᠡᠭᠡᠯ ᠵᠣᠷᠢᠭ᠂ ᠰᠠᠬᠢᠯᠭ᠎ᠠ ᠪᠠᠲᠤ᠂ ᠨᠣᠮ ᠮᠡᠳᠡᠯᠭᠡ᠂ᠥᠭᠯᠢᠭᠡ ᠲᠤᠰᠠ᠂ ᠢᠴᠢᠩᠭᠦᠷᠢ ᠶ᠋ᠢ ᠮᠡᠳᠡᠬᠦ᠂ ᠰᠤᠨᠵᠢᠭᠤᠷᠢ ᠶ᠋ᠢ ᠰᠠᠨᠠᠬᠤ᠂ ᠠᠪᠢᠶᠠᠰ ᠪᠢᠯᠢᠭ ᠲᠡᠢ ᠪᠣᠯᠬᠤ ᠶ᠋ᠢ ᠡᠷᠬᠢᠮᠯᠡᠳᠡᠭ᠃
— 《ᠠᠯᠲᠠᠨ ᠬᠠᠲᠠᠮᠠᠯ》
10. ᠨᠤᠮᠤᠴᠢᠨ ᠪᠢᠯᠢᠭ
ᠬᠣᠷᠸ᠎ᠠ ᠶ᠋ᠢᠨ ᠨᠠᠷᠠᠨ ᠭᠡᠷᠡᠯ ᠲᠡᠢ ᠰᠡᠭᠦᠳᠡᠷ ᠲᠡᠢ
ᠬᠥᠮᠦᠨ ᠦ᠌ ᠠᠮᠢᠳᠤᠷᠠᠯ ᠥᠭᠡᠳᠡ ᠲᠡᠢ ᠤᠷᠤᠭᠤ ᠲᠠᠢ
ᠡᠭᠦᠯᠡᠨ ᠴᠢᠯᠥᠭᠡᠨ ᠦ᠌ ᠨᠠᠷᠠ ᠰᠢᠭ ᠡᠨᠡᠬᠡᠨ ᠨᠠᠰᠤᠨ ᠳ᠋ᠤ᠌ ᠪᠠᠨ
ᠠᠮᠢᠳᠤᠷᠠᠯ ᠤ᠋ᠨ ᠰᠠᠢᠬᠠᠨ ᠢ᠋ ᠳᠠᠭᠤᠯᠠᠵᠤ ᠶᠠᠪᠤᠶ᠎ᠠ
ᠪᠤᠭᠤᠷᠤᠯ ᠬᠣᠷᠸ᠎ᠠ ᠪᠤᠷᠤᠭᠤ ᠡᠷᠭᠢᠬᠦ ᠦᠭᠡᠢ
ᠪᠣᠳᠣᠯ ᠤ᠋ᠨ ᠰᠠᠢᠬᠠᠨ ᠳ᠋ᠤ᠌ ᠪᠤᠶᠠᠨ ᠢ᠋ᠶ᠋ᠠᠷ ᠳᠤᠮᠳᠠᠷᠠᠬᠤ ᠦᠭᠡᠢ
ᠢᠲᠡᠭᠡᠯ ᠦ᠋ᠨ ᠭᠡᠭᠡ ᠲᠡᠢ ᠣᠷᠴᠢᠯᠠᠩ ᠳ᠋ᠤ᠌ ᠬᠠᠢᠷ᠎ᠠ ᠪᠠᠷ ᠳᠦᠭᠦᠷᠡᠩ ᠠᠮᠢᠳᠤᠷᠠᠶ᠎ᠠ!
11. ᠭᠠᠷᠮ᠎ᠠ
ᠪᠢ ᠮᠣᠩᠭᠣᠯ ᠬᠥᠮᠦᠨ
ᠮᠣᠩᠭᠣᠯ ᠦᠭᠡ ᠪᠡᠨ ᠶᠠᠷᠢᠵᠤ ᠮᠣᠩᠭᠣᠯ ᠦᠰᠦᠭ ᠢ᠋ᠶ᠋ᠡᠨ ᠪᠢᠴᠢᠨ᠎ᠡ᠃ ᠮᠣᠩᠭᠣᠯ ᠠᠮᠢᠳᠤᠷᠠᠯ ᠢ᠋ᠶ᠋ᠠᠨ ᠨᠠᠨᠳᠢᠩᠨᠠᠵᠤ ᠶᠠᠪᠤᠨ᠎ᠠ᠃
12. ᠴᠡᠴᠡᠭ
ᠪᠠᠶᠠᠨ ᠮᠣᠩᠭᠣᠯ ᠮᠢᠨᠢ ᠰᠡᠷᠡᠵᠦ ᠪᠠᠳᠠᠷᠠᠨ ᠬᠥᠭᠵᠢᠲᠦᠭᠡᠢ!
ᠪᠤᠷᠬᠠᠨ ᠢ᠋ ᠪᠣᠳᠣᠪᠠᠯ ᠡᠵᠢ ᠪᠡᠨ ᠪᠢᠲᠡᠭᠡᠢ ᠭᠣᠮᠣᠳᠠᠭᠠᠷᠠᠢ!
ᠦᠨᠳᠦᠰᠦᠲᠡᠨ ᠢ᠋ᠶ᠋ᠡᠨ ᠪᠣᠳᠣᠪᠠᠯ ᠬᠡᠯᠡ ᠪᠡᠨ ᠪᠢᠲᠡᠭᠡᠢ ᠮᠠᠷᠲᠠᠭᠠᠷᠠᠢ!
13. ᠳᠠᠯᠠᠨᠲᠠᠢ
ᠮᠢᠨᠦ ᠠᠯᠬᠤᠵᠤ ᠢᠷᠡᠭᠰᠡᠨ ᠮᠥᠷ ᠪᠦᠬᠦᠨ ᠠᠮᠢᠳᠤᠷᠠᠯ
ᠮᠢᠨᠦ ᠠᠯᠳᠠᠵᠤ ᠶᠠᠪᠤᠭᠤᠯᠤᠭᠰᠠᠨ ᠠᠯᠢᠪᠠ ᠪᠦᠬᠦᠨ ᠠᠮᠢᠳᠤᠷᠠᠯ
ᠮᠢᠨᠦ ᠢᠨᠢᠶᠡᠵᠦ ᠶᠠᠪᠤᠭᠰᠠᠨ ᠴᠠᠭ ᠮᠥᠴᠡ ᠪᠦᠬᠦᠨ ᠠᠮᠢᠳᠤᠷᠠᠯ
ᠮᠢᠨᠦ ᠤᠬᠢᠯᠠᠵᠤ ᠶᠠᠪᠤᠭᠰᠠᠨ ᠥᠩᠭᠡᠷᠡᠯᠲᠡ ᠪᠦᠬᠦᠨ ᠠᠮᠢᠳᠤᠷᠠᠯ᠃
14. ᠭᠠᠸᠠ
ᠰᠡᠭᠦᠳᠡᠷ ᠦ᠋ᠨ ᠪᠠᠷ᠎ᠠ ᠨᠢ ᠶᠡᠬᠡ ᠪᠣᠯᠪᠠᠴᠤ ᠪᠠᠷᠢᠵᠤ ᠪᠣᠯᠳᠠᠭ ᠦᠭᠡᠢ ᠂
ᠰᠦ ᠴᠠᠭᠠᠨ ᠪᠣᠯᠪᠠᠴᠤ ᠪᠣᠳᠣᠭ ᠪᠣᠯᠳᠠᠭ ᠦᠭᠡᠢ ᠃
ᠬᠠᠴᠠᠷ ᠤ᠋ᠨ ᠭᠬᠢᠷ ᠢ᠋ ᠤᠬᠢᠶᠠᠪᠠᠯ ᠠᠷᠢᠯᠤᠨ᠎ᠠ᠂ ᠬᠠᠷ᠎ᠠ ᠰᠠᠨᠠᠭ᠎ᠠ ᠶ᠋ᠢ ᠬᠤᠰᠤᠪᠠᠴᠤ ᠠᠷᠢᠯᠬᠤ ᠦᠭᠡᠢ᠃
15.ᠵᠢᠷᠠᠨᠲᠠᠢ
ᠪᠦᠳᠦᠷᠢᠯ ᠪᠣᠯ ᠤᠬᠠᠭᠠᠷᠠᠯ ᠶᠤᠮ
ᠮᠥᠨ ᠴᠦ᠍ ᠨᠢᠭᠡᠨ ᠬᠥᠮᠦᠨ᠂ ᠨᠢᠭᠡᠨ ᠤᠴᠢᠷ ᠢ᠋ ᠲᠠᠨᠢᠨ ᠮᠡᠳᠡᠷᠡᠬᠦᠢ
ᠭᠠᠭᠴᠠᠭᠠᠷᠳᠠᠯ ᠪᠣᠯ ᠰᠡᠬᠡᠷᠡᠬᠦᠢ ᠶᠦᠮ
ᠮᠥᠨ ᠪᠢᠰᠢ ᠦᠨᠡᠨ ᠵᠥᠪ ᠦ᠋ᠨ ᠲᠤᠬᠠᠢ ᠭᠡᠮᠰᠢᠨ ᠤᠬᠠᠭᠠᠷᠠᠬᠤᠢ!
16. ᠰᠢᠨ ᠴᠦᠨ
ᠮᠣᠩᠭᠣᠯ ᠰᠣᠶᠣᠯ ᠮᠢᠨᠦ ᠰᠢᠲᠦᠭᠡᠨ
ᠮᠣᠩᠭᠣᠯ ᠳᠠᠭᠤᠤ ᠮᠢᠨᠦ ᠪᠠᠬᠠᠷᠬᠠᠯ
17. ᠦᠵᠢᠶᠡᠳ ᠡᠷᠳᠡᠨᠢᠴᠡᠴᠡᠭ
ᠬᠥᠬᠡ ᠡᠪᠡᠰᠦᠨ ᠦ᠌ ᠳᠣᠯᠭᠢᠶᠠᠨ ᠳ᠋ᠤ᠌
ᠬᠥᠭᠡᠰᠦᠷᠡᠬᠦ ᠠᠢᠷᠠᠭ ᠤ᠋ᠨ ᠱᠤᠤᠭᠢᠶᠠᠨ ᠳ᠋ᠤ᠌
ᠬᠥᠭᠡᠷᠦᠬᠦᠨ ᠪᠦᠰᠡᠭᠦᠢ ᠶ᠋ᠢᠨ ᠢᠨᠢᠶᠡᠳᠦᠮ ᠳ᠋ᠦ᠍
ᠬᠥᠭᠡᠷᠦᠭᠰᠡᠨ ᠨᠠᠷᠠ ᠲᠠ ᠪᠢᠯᠡ᠃
18. ᠪᠣᠷᠣᠨᠠ
ᠢᠷᠠᠭᠤ ᠰᠠᠢᠬᠠᠨ ᠮᠣᠩᠭᠣᠯ ᠬᠡᠯᠡ ᠪᠡᠷ ᠮᠢᠨᠢ
ᠴᠢᠮᠠᠶ᠋ᠢ ᠨᠠᠮᠠᠶ᠋ᠢ ᠮᠣᠩᠭᠣᠯ ᠭᠡᠵᠦ ᠲᠠᠨᠢᠳᠠᠭ᠂
19. ᠠᠯᠲᠠᠨᠴᠢᠮᠡᠭ
ᠭᠤᠷᠪᠠᠨ ᠮᠠᠭᠤ
ᠠᠯᠵᠠᠭᠤ ᠵᠠᠯᠬᠠᠭᠤ ᠠᠮᠢᠳᠤᠷᠠᠯ ᠳ᠋ᠤ᠌ ᠮᠠᠭᠤ
ᠠᠷᠢᠬᠢ ᠲᠠᠮᠠᠬᠢ ᠪᠡᠶ᠎ᠡ ᠳ᠋ᠦ᠍ ᠮᠠᠭᠤ
ᠠᠷᠭ᠎ᠠ ᠮᠡᠬᠡ ᠨᠥᠬᠥᠷ ᠲᠦ᠍ ᠮᠠᠭᠤ᠃
ᠭᠤᠷᠪᠠᠨ ᠦᠭᠡᠢ
ᠲᠡᠮᠦᠷ ᠦ᠋ᠨ ᠰᠠᠢᠨ ᠵᠢᠪᠡᠷᠡᠳᠡᠭ ᠦᠭᠡᠢ
ᠲᠥᠷᠥᠯ ᠦ᠋ᠨ ᠰᠠᠢᠨ ᠮᠠᠷᠲᠠᠳᠠᠭ ᠦᠭᠡᠢ
ᠲᠡᠩᠭᠡᠯᠢᠭ ᠦ᠋ᠨ ᠰᠠᠢᠨ ᠬᠤᠭᠤᠷᠠᠳᠠᠭ ᠦᠭᠡᠢ᠃
20. ᠭᠠᠹᠠᠯᠮ᠎ᠠ
ᠡᠬᠡ ᠬᠡᠯᠡ ᠮᠢᠨᠢ
ᠬᠠᠨ ᠲᠡᠭᠷᠢ ᠡᠴᠡ ᠵᠠᠶᠠᠭᠠᠭᠰᠠᠨ ᠡᠬᠡ ᠬᠡᠯᠡ ᠮᠢᠨᠢ
ᠬᠠᠷᠢ ᠶ᠋ᠢᠨ ᠳᠠᠢᠰᠤᠨ ᠢ᠋ ᠳᠠᠷᠤᠳᠠᠭ ᠠᠶᠤᠩᠭ᠎ᠠ ᠶᠤᠮ ᠠ᠋
ᠥᠷᠭᠡᠨ ᠠᠭᠤᠳᠠᠮ ᠨᠤᠲᠤᠭ ᠤ᠋ᠨ ᠮᠢᠨᠢ
ᠬᠢᠯᠢ ᠨᠢ ᠶᠤᠮ ᠡᠬᠡ ᠬᠡᠯᠡ ᠮᠢᠨᠢ
ᠴᠢᠨᠦ ᠮᠢᠨᠦ ᠮᠣᠩᠭᠣᠯ ᠤ᠋ᠨ ᠮᠢᠨᠢ ᠰᠦᠨᠡᠰᠦ ᠨᠢ ᠶᠤᠮ
ᠡᠨᠡᠬᠡᠨ ᠣᠷᠴᠢᠯᠠᠩ ᠳ᠋ᠤ᠌ ᠮᠣᠩᠭᠣᠯ ᠭᠡᠰᠡᠨ ᠤᠷᠢᠶ᠎ᠠ ᠶᠤᠮ ᠠ᠋
ᠡᠬᠡ ᠬᠡᠯᠡ ᠮᠢᠨᠢ ᠡᠵᠢ ᠠᠪᠤ ᠶ᠋ᠢᠨ ᠡᠨᠡᠷᠢᠯ ᠶᠤᠮ ᠡᠬᠡ ᠬᠡᠯᠡ᠃
21. ᠴᠢ᠊ · ᠤᠷᠠᠨᠴᠡᠴᠡᠭ
ᠬᠥᠮᠦᠨ ᠦ᠌ ᠠᠮᠢᠳᠤᠷᠠᠯ ᠳ᠋ᠤ᠌ ᠶᠠᠪᠤᠵᠤ ᠲᠡᠮᠡᠴᠡᠵᠦ ᠪᠠᠢᠭᠠᠳ ᠦᠵᠡᠬᠦ ᠭᠤᠸ᠎ᠠ ᠰᠠᠢᠬᠠᠨ ᠪᠠᠢᠬᠤ ᠠ᠋ᠴᠠ ᠪᠢᠰᠢ
ᠶᠠᠷᠢᠵᠤ ᠬᠦᠯᠢᠶᠡᠵᠦ ᠪᠠᠢᠭᠠᠳ ᠬᠠᠷᠠᠬᠤ ᠭᠡᠷᠡᠯ ᠭᠢᠯᠪᠠᠩ ᠪᠠᠢᠬᠤ ᠦᠭᠡᠢ ᠶᠦ᠍ᠮ᠃
22. ᠦᠵᠢᠶᠡᠳ ᠡᠷᠳᠡᠨᠢᠴᠡᠴᠡᠭ
ᠡᠷᠳᠡᠮ ᠦ᠋ᠨ ᠪᠣᠱᠣᠭ᠎ᠠ ᠨᠢᠷᠤᠭᠤᠨ ᠳ᠋ᠤ᠌ ᠪᠠᠨ ᠮᠣᠩᠭᠣᠯ ᠤ᠋ᠨ ᠤᠳᠤᠮ ᠢ᠋ ᠠᠯᠠᠪᠬᠢᠭᠤᠯᠵᠤ
ᠡᠩᠬᠡ ᠶ᠋ᠢᠨ ᠳᠠᠯᠪᠠᠭ᠎ᠠ ᠬᠣᠷᠣᠢᠯᠠᠭᠤᠯᠤᠭᠰᠠᠨ ᠮᠥᠩᠭᠥᠨ ᠠᠵᠢᠨᠠᠢ ᠲᠠ ᠪᠢᠯᠡ᠃
23. ᠲᠡᠯᠬᠡᠷᠰᠠᠡᠭ
ᠪᠢᠯᠢᠭ ᠨᠡᠭᠡᠭᠡᠭᠳᠡᠵᠦ ᠤᠬᠠᠭᠠᠨ ᠰᠡᠷᠭᠦᠬᠦᠶᠡ᠂ ᠰᠡᠳᠬᠢᠯ ᠦ᠋ᠨ ᠭᠡᠭᠡᠪᠴᠢ ᠲᠤᠩᠭᠠᠯᠠᠭ᠂
ᠰᠤᠷᠲᠠᠯ ᠴᠠᠭᠴᠢ ᠬᠠᠷᠠᠴᠠ ᠥᠷᠭᠡᠵᠢᠬᠦᠶᠡ ᠰᠡᠳᠬᠢᠮᠵᠢ ᠰᠣᠷᠭᠣᠭ᠃
ᠥᠨᠳᠥᠷ ᠲᠦ᠍ ᠵᠣᠭᠰᠣᠨ ᠠᠯᠤᠰ ᠢ᠋ ᠪᠠᠷᠠᠯᠠᠬᠤᠶ᠎ᠠ ᠵᠠᠮ ᠰᠠᠷᠠᠭᠤᠯ᠃
ᠥᠷᠯᠥᠭᠡ ᠶ᠋ᠢᠨ ᠨᠠᠷᠠᠨ ᠣᠷᠴᠢᠯᠠᠩ ᠢ᠋ ᠭᠡᠷᠡᠯᠲᠤᠭᠦᠯᠦᠬᠦᠶᠡ᠂ ᠥᠲᠡᠭᠦᠰ ᠬᠢᠭᠡᠳ ᠪᠠᠭᠠᠴᠤᠤᠯ ᠵᠢᠷᠭᠠᠯ ᠲᠠᠢ᠃
24. ᠲᠣᠳᠣᠭᠡᠷᠡᠯ
ᠶᠠᠫᠣᠨ ᠤ᠋ ᠰᠡᠴᠡᠨ ᠦᠭᠡ᠄
ᠬᠡᠷᠪᠡ ᠴᠢᠨᠦᠬᠢ ᠪᠢᠰᠢ ᠪᠣᠯ ᠪᠢᠲᠡᠭᠡᠢ ᠠᠪ!
ᠬᠡᠷᠪᠡ ᠵᠥᠪ ᠪᠢᠰᠢ ᠪᠣᠯ ᠪᠤᠤ ᠬᠢ
ᠬᠡᠷᠪᠡ ᠦᠨᠡᠨ ᠪᠢᠰᠢ ᠪᠣᠯ ᠪᠤᠤ ᠬᠡᠯᠡ!
ᠬᠡᠷᠪᠡ ᠮᠡᠳᠡᠬᠦ ᠦᠭᠡᠢ ᠪᠣᠯ ᠠᠮᠠ ᠪᠠᠨ ᠬᠠᠮᠬᠢ!
25. ᠴᠢ · ᠤᠷᠠᠨᠴᠡᠴᠡᠭ
ᠳᠠᠷᠬᠠᠨ ᠮᠣᠩᠭᠣᠯ ᠤᠬᠠᠭᠠᠨ
ᠵᠢᠭᠦᠷ ᠲᠡᠭᠡᠨ ᠬᠦᠴᠦ ᠲᠡᠢ ᠰᠢᠪᠠᠭᠤ ᠮᠢᠩᠭᠠᠨ ᠠᠭᠤᠯᠠ ᠶ᠋ᠢ ᠳᠠᠪᠠᠨ᠎ᠠ
ᠵᠢᠷᠦᠬᠡᠨ ᠳ᠋ᠡᠭᠡᠨ ᠲᠠᠮᠢᠷ ᠲᠠᠢ ᠬᠥᠮᠦᠨ ᠮᠢᠩᠭᠠᠨ ᠬᠦᠴᠢᠷ ᠢ᠋ ᠳᠠᠪᠠᠨ᠎ᠠ᠃
26. ᠰᠣᠨᠢᠨᠴᠡᠴᠡᠭ ᠂
ᠮᠢᠨᠦ ᠬᠡᠯᠡ
ᠮᠢᠨᠦ ᠬᠡᠯᠡ— ᠮᠣᠩᠭᠣᠯ ᠬᠡᠯᠡ
ᠮᠥᠩᠬᠡ ᠰᠣᠶᠣᠯ ᠤ᠋ᠨ ᠳᠠᠷᠬᠠᠨ ᠬᠡᠯᠡ
ᠨᠤᠭᠤᠷᠠᠰᠢ ᠦᠭᠡᠢ ᠶᠠᠰᠤᠲᠠᠨ ᠤ᠋
ᠲᠡᠰᠦᠷᠡᠰᠢ ᠦᠭᠡᠢ ᠰᠢᠨᠳᠠᠰᠤ
ᠥᠷᠥᠭᠡᠯ ᠪᠤᠰᠤᠳ ᠠ᠋ᠴᠠ ᠢᠯᠭᠠᠬᠤ
ᠦᠨᠡᠨ ᠶᠣᠰᠣᠨ ᠤ᠋ ᠲᠤᠭ ᠬᠡᠯᠡ ᠪᠤᠶᠤ
ᠦᠶ᠎ᠡ ᠵᠠᠯᠭᠠᠮᠵᠢᠯᠠᠨ ᠰᠡᠳᠦᠬᠦ
ᠤᠳᠤᠮᠲᠤ ᠮᠣᠩᠭᠣᠯ ᠤ᠋ᠨ ᠰᠦᠯᠳᠡ ᠬᠡᠯᠡ ᠪᠤᠶᠤ᠃
ᠮᠢᠩᠭᠠᠨ ᠣᠨ ᠤ᠋ ᠲᠡᠦᠬᠡᠨ ᠤᠷᠤᠰᠬᠠᠯ
ᠮᠢᠷᠠᠯᠵᠠᠵᠤ ᠢᠷᠡᠭᠰᠡᠨ ᠠᠮᠢᠨ ᠡᠷᠳᠡᠨᠢ
ᠮᠢᠲᠠᠷᠠᠰᠢ ᠦᠭᠡᠢ ᠤᠭᠰᠠᠭᠠᠲᠠᠨ ᠤ᠋
ᠮᠠᠨᠳᠤᠬᠤ ᠨᠠᠷᠠᠨ ᠬᠡᠯᠡ ᠪᠤᠶᠤ᠃
ᠪᠥᠷᠲᠡ ᠴᠢᠨᠣ᠎ᠠ ᠬᠤᠸᠠ ᠮᠠᠷᠠᠯ ᠤ᠋ᠨ ᠥᠯᠥᠭᠡᠢ
ᠪᠦᠲᠦᠵᠦ ᠠᠮᠢᠯᠠᠭᠰᠠᠨ ᠬᠡᠯᠡ ᠪᠠᠢᠨᠠᠮ
ᠡᠷᠭᠦᠨ᠎ᠡ ᠬᠤᠨ ᠤ᠋ ᠳᠣᠮᠣᠭ
ᠡᠭᠦᠰᠦᠯ ᠭᠠᠷᠤᠯ ᠤ᠋ᠨ ᠬᠡᠯᠡ ᠪᠠᠢᠨᠠᠮ᠃
ᠨᠠᠢ᠍ᠮᠠᠨ ᠰᠢᠷᠭ᠎ᠠ ᠶ᠋ᠢᠨ ᠦᠦᠷᠰᠡᠭᠡ
ᠨᠠᠨᠳᠢᠨ ᠲᠡᠦᠬᠡ ᠬᠡᠯᠡ ᠪᠠᠢᠭ᠎ᠠ
ᠨᠢᠭᠤᠴᠠ ᠲᠣᠪᠴᠢᠶᠠᠨ ᠤ᠋ ᠰᠢᠪᠡᠨᠡᠭᠡ
ᠨᠠᠷᠮᠠᠢ ᠮᠣᠩᠭᠣᠯ ᠤ᠋ᠨ ᠬᠡᠯᠡ ᠪᠠᠢᠭ᠎ᠠ᠃
ᠰᠦᠯᠵᠢᠶᠡᠨ ᠡᠴᠡ ᠠᠪᠤᠪᠠ᠃
27. ᠴᠠᠬᠠᠷ ᠪᠠᠲᠤ
ᠮᠢᠩᠭᠠᠨ ᠳᠠᠭᠠᠪᠤᠷᠢ ᠰᠡᠴᠡᠨ ᠡᠴᠡ ᠮᠡᠳᠡᠳᠡᠭ ᠭᠠᠭᠴᠠ ᠲᠡᠨᠡᠭ᠃
28. ᠮᠥᠩᠭᠥᠨ
ᠬᠣᠯᠪᠣᠭ᠎ᠠ ᠦᠭᠡᠰ
ᠲᠤᠬᠠᠢ— ᠲᠤᠬᠠᠢ ᠶ᠋ᠢᠨ ᠦᠶ᠎ᠡ
ᠲᠣᠬᠣᠢ— ᠭᠠᠷ ᠤ᠋ᠨ ᠲᠣᠬᠣᠢ
ᠨᠢᠭᠡ ᠲᠣᠬᠣᠢ ᠪᠥᠰ
ᠣᠢᠯᠠᠭᠠᠵᠤ— ᠣᠢᠯᠠᠭᠠᠵᠤ ᠮᠡᠳᠡᠬᠦ
ᠣᠢᠯᠭᠠᠵᠤ— ᠭᠡᠷᠡᠯ ᠣᠢᠯᠭᠠᠵᠤ᠃
( ᠦᠭᠡᠰ ᠦ᠋ᠨ ᠰᠠᠩ) ᠭᠡᠬᠦ ᠨᠣᠮ ᠠ᠋ᠴᠠ
29. ᠭᠠᠸᠠ
ᠰᠡᠴᠡᠨ ᠰᠡᠷᠭᠦᠯᠡᠩ ᠨᠢ ᠰᠤᠷᠤᠯᠭ᠎ᠠ ᠠ᠋ᠴᠠ ᠢᠷᠡᠵᠦ ᠠᠪᠢᠶᠠᠰ ᠪᠢᠯᠢᠭ ᠨᠢ ᠬᠤᠷᠠᠮᠳᠤᠭᠤᠯᠭ᠎ᠠ ᠠ᠋ᠴᠠ ᠢᠷᠡᠨ᠎ᠡ᠂—ᠯᠧᠨᠢᠨ,
30. ᠭᠠᠹᠠᠯᠮ᠎ᠠ
ᠡᠬᠡ ᠬᠡᠯᠡ ᠮᠢᠨᠢ ᠡᠨᠡᠬᠡᠨ ᠨᠠᠰᠤᠨ ᠤ᠋ ᠮᠥᠩᠬᠡ ᠶ᠋ᠢᠨ ᠬᠠᠨᠢ ᠶᠤᠮ
ᠡᠬᠡ ᠬᠡᠯᠡ ᠮᠢᠨᠢ ᠡᠩᠬᠦᠷᠡᠢ ᠠᠮᠠᠷᠠᠭ ᠤ᠋ᠨ ᠰᠢᠪᠡᠨᠡᠭᠰᠡᠨ ᠬᠠᠢᠷ᠎ᠠ ᠶᠤᠮ
ᠡᠬᠡ ᠬᠡᠯᠡ ᠮᠢᠨᠢ ᠡᠷᠳᠡᠮ ᠦ᠋ᠨ ᠳᠠᠭᠤᠨ ᠠ᠋ᠴᠠ ᠴᠤᠤᠷᠢᠶᠠᠳᠠᠭᠰᠠᠨ ᠤᠤᠬᠠᠢ ᠶᠤᠮ ᠠ᠋᠃
31. ᠮᠥᠩᠭᠥᠨ
ᠷ᠂ ᠴᠣᠢᠨᠣᠮ
ᠵᠠᠷᠢᠮ ᠵᠠᠷᠢᠮᠳᠤᠭ ᠤ᠋ᠳ ᠲᠤ᠌ ᠵᠣᠷᠢᠭᠤᠯᠤᠭᠰᠠᠨ ᠰᠢᠯᠦᠭ ᠄
ᠣᠯᠠᠨ ᠲᠠᠢ ᠶᠠᠪᠤᠪᠠᠯ᠂ ᠠᠲᠠᠭᠠᠷᠬᠠᠬᠤ ᠳ᠋ᠠᠭᠠᠨ᠂ ᠵᠠᠪᠠᠬᠠᠭᠤᠯ ᠭᠡᠨ᠎ᠡ᠃
ᠣᠷᠣ ᠭᠠᠭᠴᠠᠭᠠᠷ ᠶᠠᠪᠤᠪᠠᠯ ᠠᠭᠠᠷᠬᠠᠬᠤ ᠳ᠋ᠠᠭᠠᠨ ᠵᠠᠢᠭᠤᠯ ᠭᠡᠨ᠎ᠡ᠃
32. ᠤᠶᠤᠠᠭᠡᠷᠡᠯ
ᠠᠵᠢᠯ ᠳ᠋ᠠᠭᠠᠨ ᠠᠮᠵᠢᠯᠲᠠ ᠲᠠᠢ ᠠᠮᠢᠳᠤᠷᠠᠯ ᠳ᠋ᠠᠭᠠᠨ ᠢᠨᠢᠶᠡᠳᠦ ᠲᠡᠢ ᠶᠠᠪᠤᠶ᠎ᠠ ᠂
33. ᠤᠤᠭᠠᠨᠵᠢᠳ
ᠵᠢᠷᠭᠠᠯ ᠳᠡᠭᠡᠷ᠎ᠡ ᠴᠢᠨᠢ ᠬᠤᠷᠠᠳᠠᠭ ᠪᠣᠯᠭᠠᠨ
ᠵᠣᠪᠠᠯᠠᠩ ᠳᠡᠭᠡᠷ᠎ᠡ ᠴᠢᠨᠢ ᠢᠷᠡᠳᠡᠭ ᠦᠭᠡᠢ
ᠵᠠᠮ ᠳᠠᠮᠵᠢᠨ ᠥᠷᠲᠡᠭᠡᠯᠡᠭᠰᠡᠨ ᠪᠣᠯᠭᠠᠨ
ᠵᠠᠶᠠᠭ᠎ᠠ ᠪᠤᠶᠠᠨ ᠢ᠋ᠶ᠋ᠠᠨ ᠬᠣᠯᠪᠣᠳᠠᠭ ᠦᠭᠡᠢ᠃
34. ᠦᠵᠢᠶᠡᠳ ᠡᠷᠳᠡᠨᠢᠴᠡᠴᠡᠭ
ᠬᠠᠮᠢᠭ᠎ᠠ ᠭᠠᠵᠠᠷ ᠢᠯᠭᠠᠯ ᠦᠭᠡᠢ ᠬᠠᠨ᠎ᠠ ᠯᠠ ᠶᠤᠮ ᠪᠣᠯ ᠲᠠ ᠨᠠᠷ
ᠬᠠᠨ᠎ᠠ ᠶ᠋ᠢᠨ ᠠᠮᠠ ᠰᠢᠭ᠋ ᠨᠡᠢᠯᠡ ᠭᠡᠰᠡᠨ ᠬᠠᠰᠢᠷ ᠰᠤᠷᠭᠠᠯ ᠲᠠ ᠨᠠᠷ᠃
ᠳᠣᠲᠣᠷ᠎ᠠ ᠠ᠋ᠴᠠ ᠲᠥᠷᠥᠭᠦᠯᠦᠭᠰᠡᠨ ᠮᠡᠷᠭᠡᠳ ᠢ᠋ᠶ᠋ᠡᠨ ᠲᠣᠭᠣᠵᠤ᠂ ᠣᠨᠢ ᠨᠢ ᠪᠣᠯᠵᠤ
ᠲᠣᠭᠣᠨᠣ ᠰᠢᠭ᠋ ᠡᠷᠭᠦ ᠭᠡᠰᠡᠨ ᠲᠣᠭᠲᠠᠭᠠᠯ ᠬᠢᠴᠢᠶᠡᠯ ᠲᠠ ᠪᠢᠯᠡ᠃
35. ᠮᠣᠩᠭᠣᠯ ᠰᠦᠨᠡᠰᠦ
ᠥᠪᠡᠷ ᠢ᠋ᠶ᠋ᠡᠨ ᠪᠢᠳᠡ ᠦᠭᠡ ᠬᠡᠯᠡ᠂ ᠦᠰᠦᠭ ᠪᠢᠴᠢᠭ ᠢ᠋ᠶ᠋ᠡᠨ ᠰᠤᠷᠴᠤ ᠬᠡᠷᠡᠭᠯᠡᠬᠦ ᠦᠭᠡᠢ ᠪᠣᠯ ᠥᠪᠡᠷᠲᠡᠭᠡᠨ ᠥᠪᠡᠷ ᠦ᠋ᠨ ᠭᠡᠰᠡᠨ ᠠᠯᠢᠪᠠ ᠪᠠᠨ ᠬᠠᠶᠠᠵᠤ ᠣᠷᠬᠢᠵᠤ ᠪᠠᠢᠨ᠎ᠠ ᠭᠡᠰᠡᠨ ᠦᠭᠡ᠃
36. ᠴᠢ · ᠤᠷᠠᠨᠴᠡᠴᠡᠭ
ᠡᠨᠡ ᠪᠡᠶ᠎ᠡ ᠡᠷᠳᠡᠮ ᠦᠭᠡᠢ ᠪᠣᠯᠪᠠᠰᠤ ᠨᠢᠭᠡ ᠬᠠᠢᠷᠠᠨ᠂
ᠡᠨᠡ ᠡᠳᠦᠷ ᠢ ᠵᠦᠭᠡᠷ ᠥᠩᠭᠡᠷᠡᠭᠦᠯᠪᠡᠰᠦ ᠬᠣᠶᠠᠷ ᠬᠠᠢᠷᠠᠨ᠂
ᠡᠨᠡ ᠨᠠᠰᠤᠨ ᠳ᠋ᠤ᠌ ᠥᠭᠯᠢᠭᠡ ᠪᠤᠶᠠᠨ ᠡᠰᠡ ᠦᠢᠯᠡᠳᠪᠡᠰᠦ ᠭᠤᠷᠪᠠ ᠬᠠᠢᠷᠠᠨ᠃
37. ᠭᠠᠹᠠᠯᠮ᠎ᠠ
ᠥᠴᠥᠭᠡᠳᠦᠷ ᠪᠣᠯ ᠲᠡᠦᠬᠡ᠂ ᠮᠠᠷᠭᠠᠰᠢ ᠪᠣᠯ ᠣᠨᠢᠰᠣᠭ᠎ᠠ᠂ ᠥᠨᠥᠳᠥᠷ ᠪᠣᠯ ᠪᠤᠷᠬᠠᠨ ᠤ᠋ ᠪᠡᠯᠡᠭ᠃ ᠪᠠᠭᠰᠢ ᠪᠣᠯ ᠤᠬᠠᠭᠠᠨ ᠤ᠋ ᠬᠥᠲᠥᠴᠢ ᠨᠣᠮ ᠪᠣᠯ ᠤᠬᠠᠭᠠᠨ ᠤ᠋ ᠬᠤᠷᠢᠶᠠᠩᠭᠤᠢ᠃
38. ᠨᠠᠷᠠᠨᠲᠣᠭᠣᠰ
ᠠᠮᠢᠳᠤᠷᠠᠯ ᠢ᠋ᠶ᠋ᠠᠨ ᠬᠠᠢᠷᠠᠯᠠᠵᠤ
ᠠᠮᠢᠳᠤᠷᠠᠯ ᠢ᠋ᠶ᠋ᠠᠨ ᠴᠢᠮᠡᠵᠦ
ᠠᠮᠢᠳᠤᠷᠠᠯ ᠢ᠋ᠶ᠋ᠠᠨ ᠪᠠᠶᠠᠰᠬᠠᠵᠤ
ᠠᠵᠠ ᠵᠢᠷᠭᠠᠯ ᠲᠠᠢ ᠠᠮᠢᠳᠤᠷᠠᠶ᠎ᠠ!
39. ᠮᠡᠷᠭᠡᠨᠪᠢᠯᠢᠭ᠂
ᠠᠵᠢᠯ ᠬᠥᠮᠦᠨ ᠢ᠋ ᠭᠣᠯᠣᠳᠠᠭ ᠦᠭᠡᠢ
ᠬᠥᠮᠦᠨ ᠠᠵᠢᠯ ᠢ᠋ ᠭᠣᠯᠣᠳᠠᠭ
ᠠᠵᠢᠯ ᠢ᠋ ᠭᠣᠯᠣᠭᠰᠠᠨ ᠬᠥᠮᠦᠨ ᠢ᠋
ᠠᠮᠢᠳᠤᠷᠠᠯ ᠬᠡᠵᠢᠶᠡᠳᠡ ᠭᠣᠯᠣᠳᠠᠭ᠃
40. ᠬᠠᠰᠠᠠᠭᠣᠯᠠ
ᠬᠠᠷᠠᠩᠭᠤᠢ ᠬᠠᠷᠭᠢᠰ ᠂ ᠬᠠᠷᠰᠢ ᠰᠠᠭᠠᠳ ᠢ᠋ ᠬᠠᠭ᠎ᠠ ᠨᠢᠷᠭᠡᠭᠴᠢ ᠪᠣᠯ ᠪᠦᠯᠬᠦᠮᠳᠡᠯ᠂ ᠠᠯᠢᠪᠠ ᠶ᠋ᠢ ᠢᠯᠠᠬᠤ ᠴᠣᠷ ᠤ᠋ᠨ ᠭᠠᠭᠴᠠ ᠮᠥᠩᠬᠡ ᠶ᠋ᠢᠨ ᠬᠤᠷᠴᠠ ᠰᠡᠯᠡᠮ᠎ᠡ ᠪᠣᠯ ᠪᠦᠯᠬᠦᠮᠳᠡᠯ᠁
( ᠯᠢᠭᠳᠡᠨ ᠦ᠌ ᠰᠢᠯᠦᠭ ᠡᠴᠡ)
41. ᠴᠢ · ᠤᠷᠠᠨᠴᠡᠴᠡᠭ
ᠲᠣᠷᠭ᠎ᠠ ᠰᠢᠭ᠋ ᠬᠥᠮᠦᠨ ᠦ᠌ ᠰᠠᠢᠬᠠᠨ ᠨᠤᠲᠤᠭ ᠭᠡᠳ
ᠲᠣᠭᠣᠰᠣ ᠲᠠᠢ ᠲᠥᠷᠥᠭᠰᠡᠨ ᠨᠤᠲᠤᠭ ᠢ᠋ᠶ᠋ᠠᠨ ᠪᠤᠤ ᠮᠠᠷᠲᠠ
ᠥᠩᠭᠡᠯᠡᠭ ᠰᠠᠢᠬᠠᠨ ᠬᠣᠲᠠ ᠶ᠋ᠢᠨ ᠦᠵᠡᠮᠵᠢ ᠳ᠋ᠦ᠍ ᠰᠣᠭᠲᠣᠭᠤᠷᠠᠭᠰᠠᠨ ᠴᠤ᠌
ᠦᠨᠦᠷ ᠢ᠋ᠶ᠋ᠡᠨ ᠰᠢᠩᠭᠡᠭᠰᠡᠨ ᠨᠢᠯᠬ᠎ᠠ ᠶ᠋ᠢᠨ ᠪᠠᠷᠢᠨᠲᠠᠭ ᠲᠠᠢ ᠥᠯᠥᠭᠡᠢ ᠪᠡᠨ ᠪᠤᠤ ᠮᠠᠷᠲᠠ ᠃
42. ᠭᠠᠹᠠᠯᠮ᠎ᠠ
ᠲᠣᠭᠣᠨᠣ ᠪᠠᠨ ᠲᠤᠯᠤᠭᠰᠠᠨ ᠪᠠᠭᠠᠨ᠎ᠠ ᠶᠤᠮ ᠡᠬᠡ ᠬᠡᠯᠡ ᠮᠢᠨᠢ
ᠲᠤᠯᠭᠠᠨ ᠳ᠋ᠠᠭᠠᠨ ᠪᠠᠳᠮᠠᠯᠠᠭᠰᠠᠨ ᠭᠠᠯ ᠶᠤᠮ ᠡᠬᠡ ᠬᠡᠯᠡ ᠮᠢᠨᠢ
ᠥᠭᠡᠯᠦᠨ ᠠᠲᠤᠨ ᠡᠵᠢ ᠶ᠋ᠢᠨ ᠪᠤᠤᠪᠠᠢ ᠶᠤᠮ ᠡᠬᠡ ᠬᠡᠯᠡ ᠮᠢᠨᠢ
ᠡᠵᠡᠨ ᠪᠣᠭᠳᠠ ᠴᠢᠩᠭᠢᠰ ᠦ᠋ᠨ ᠮᠢᠨᠢ ᠵᠠᠷᠯᠢᠭ ᠶᠤᠮ ᠠ᠋
ᠡᠨᠡᠬᠡᠨ ᠳᠡᠯᠡᠬᠡᠢ ᠳ᠋ᠦ᠍ ᠮᠣᠩᠭᠣᠯ ᠭᠡᠰᠡᠨ ᠲᠠᠮᠠᠭ᠎ᠠ ᠶᠤᠮ ᠠ᠋ ᠡᠬᠡ ᠬᠡᠯᠡ ᠮᠢᠨᠢ᠃
43. ᠪᠤᠤ ᠬᠠᠢ
ᠮᠣᠩᠭᠣᠯᠴᠤᠳ ᠮᠢᠨᠢ ᠡᠬᠡ ᠬᠡᠯᠡ ᠪᠡᠨ ᠬᠠᠢᠷᠠᠯᠠᠵᠤ ᠂ ᠡᠬᠡ ᠬᠡᠯᠡ ᠪᠡᠨ ᠭᠠᠢᠬᠠᠭᠤᠯᠤᠨ᠎ᠠ᠃
44. ᠦᠵᠢᠶᠡᠳ ᠡᠷᠳᠡᠨᠢᠴᠡᠴᠡᠭ
ᠲᠠᠯ᠎ᠠ᠂ ᠭᠷᠠᠳᠦ᠋ᠰ ᠦ᠋ᠨ ᠡᠷᠬᠢᠮᠰᠦᠭ
ᠲᠠᠯᠠᠪᠠᠢ ᠡᠵᠡᠯᠡᠬᠦᠨ ᠦ᠌ ᠶᠡᠬᠡᠮᠰᠦᠭ ᠲᠣᠭᠣᠷᠢᠭ ᠱᠣᠷᠣᠯᠵᠢᠨ ᠤ᠋ ᠭᠣᠶᠣᠮᠰᠣᠭ
ᠲᠣᠭᠠᠨ ᠤ᠋ ᠭᠠᠢᠬᠠᠮᠰᠢᠭ ᠲᠠ ᠪᠢᠯᠡ᠃
ᠰᠦᠨ ᠰᠠᠴᠤᠯᠢ ᠠ ᠬᠣᠯᠪᠣᠭᠠᠨ ᠤ᠋ ᠨᠠᠶ᠋ᠢᠵᠠ ᠨᠠᠷ ᠡᠴᠡ ᠤᠤᠭᠠᠨᠵᠢᠳ ᠬᠢᠨᠠᠪᠠ᠃
