ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠵᠢᠷᠭᠤᠳᠤᠭᠠᠷ ᠪᠦᠯᠦᠭ᠂ 1 ᠰᠦᠮ᠎ᠡ ᠭᠡᠢᠳ Шинэлам – 6-р бүлэг᠂1 сүм гийд
ᠵᠢᠷᠭᠤᠳᠤᠭᠠᠷ ᠪᠦᠯᠦᠭ᠂ᠳᠤᠭᠤᠢᠯᠠᠩ ᠤ᠋ᠨ ᠬᠥᠳᠡᠯᠭᠡᠭᠡᠨ ᠳ᠋ᠦ᠍ ᠬᠣᠯᠪᠣᠭᠳᠠᠭᠰᠠᠨ ᠰᠦᠮ᠎ᠡ ᠬᠡᠢᠳ ᠪᠠ ᠤᠯᠠᠮᠵᠢᠯᠠᠯᠲᠤ ᠲᠠᠬᠢᠯᠭ᠎ᠠ ᠶ᠋ᠢᠨ ᠭᠠᠵᠠᠷ ᠤ᠋ᠳ
ᠨᠢᠭᠡ᠂ ᠰᠦᠮ᠎ᠡ ᠭᠡᠢᠳ
ᠦᠦᠰᠢᠨ ᠬᠤᠰᠢᠭᠤᠨ ᠤ᠋ ᠭᠠᠯᠠᠭᠤᠲᠤ ᠰᠤᠮᠤᠨ ᠤ᠋ ᠭᠠᠯᠠᠭᠤᠲᠤ ᠶ᠋ᠢᠨ ᠰᠦᠮ᠎ᠡ ᠪᠣᠯ ᠮᠢᠩ ᠤᠯᠤᠰ ᠤ᠋ᠨ ᠬᠣᠩ ᠡᠦ ᠶ᠋ᠢᠨ ᠠᠷᠪᠠᠨ ᠳᠥᠷᠪᠡᠳᠦᠭᠡᠷ ᠣᠨ(1381ᠣᠨ) ᠤ᠋ ᠦᠶᠡᠰ ᠽᠦᠩᠺᠠᠸ᠎ᠠ ᠰᠢᠷ᠎ᠠ ᠶ᠋ᠢᠨ ᠱᠠᠰᠢᠨ ᠳ᠋ᠤ᠌ ᠥᠭᠡᠷᠡᠴᠢᠯᠡᠯᠲᠡ ᠬᠢᠵᠦ ᠰᠢᠷ᠎ᠠ ᠶ᠋ᠢᠨ ᠱᠠᠰᠢᠨ ᠬᠥᠭᠵᠢᠨ ᠳᠡᠯᠭᠡᠷᠡᠵᠦ ᠪᠠᠢᠭ᠎ᠠ ᠦᠶ᠎ᠡ ᠳ᠋ᠦ᠍ ᠨᠢᠭᠡᠨ ᠳᠢᠶᠠᠨᠴᠢ ᠯᠠᠮᠠ ᠨᠣᠮ ᠪᠤᠶᠠᠨ ᠦᠢᠯᠡᠳᠦᠨ ᠶᠠᠪᠤᠭᠰᠠᠭᠠᠷ ᠪᠠᠢᠭᠠᠳ ᠥᠨᠥ ᠶ᠋ᠢᠨ ᠱᠠᠨᠰᠢ ᠮᠣᠵᠢ ᠶ᠋ᠢᠨ ᠲᠡᠮᠡᠭᠡᠲᠦ(ᠢᠦᠢ ᠯᠢᠨ) ᠬᠣᠲᠠ ᠶ᠋ᠢᠨ ᠲᠣᠭᠣᠷᠢᠭ ᠤ᠋ᠨ ᠬᠣᠢᠲᠤ ᠬᠡᠰᠡᠭ ᠲᠡᠬᠢ ᠬᠣᠩ ᠰᠢ ᠰᠢᠶᠠ ᠶ᠋ᠢᠨ ᠠᠭᠤᠢ(ᠭᠣᠣᠯ ᠤ᠋ᠨ ᠵᠡᠭᠦᠨ ᠳᠡᠨᠵᠢᠨ ᠳ᠋ᠦ᠍ ᠲᠤᠬᠠᠢ ᠶ᠋ᠢᠨ ᠦᠶ᠎ᠡ ᠶ᠋ᠢᠨ ᠤᠮᠠᠷᠠᠲᠤ ᠶᠤᠸᠠᠨ ᠤᠯᠤᠰ ᠤ᠋ᠨ ᠬᠠᠷᠢᠶᠠᠨ ᠳ᠋ᠠᠬᠢ ᠤᠯᠠᠭᠠᠨ ᠰᠦᠪᠡ ᠶ᠋ᠢᠨ ᠠᠮᠠᠰᠠᠷ ᠤ᠋ᠨ ᠠᠭᠤᠢ ᠭᠡᠳᠡᠭ) ᠲᠦ᠍ ᠰᠠᠭᠤᠵᠤ ᠨᠣᠮ ᠪᠢᠰᠢᠯᠭᠠᠵᠠᠢ᠃ ᠮᠢᠩ ᠤᠯᠤᠰ ᠤ᠋ᠨ ᠬᠣᠩ ᠡᠦ ᠶ᠋ᠢᠨ ᠬᠣᠷᠢᠨ ᠳᠥᠷᠪᠡᠳᠦᠭᠡᠷ ᠣᠨ ᠤ᠋ ᠦᠶᠡᠰ᠂ ᠡᠨᠡ ᠬᠦ᠌ ᠳᠢᠶᠠᠨᠴᠢ ᠯᠠᠮᠠ ᠤᠢᠭᠤᠷᠵᠢᠨ ᠮᠣᠩᠭᠣᠯᠴᠤᠳ ᠤ᠋ᠨ ᠳᠡᠭᠡᠳᠦᠰ ᠦ᠋ᠨ ᠲᠠᠬᠢᠯ ᠤ᠋ᠨ ᠤᠷᠲᠤ ᠳ᠋ᠤ᠌ ᠰᠠᠭᠤᠵᠤ ᠲᠠᠬᠢᠯ ᠤ᠋ᠨ ᠡᠵᠡᠨ ᠯᠠᠮᠠ ᠪᠣᠯᠵᠠᠢ᠃ ᠡᠩᠬᠡ ᠠᠮᠤᠭᠤᠯᠠᠩ ᠬᠠᠭᠠᠨ ᠤ᠋ ᠲᠠᠪᠢᠨ ᠨᠠᠢ᠍ᠮᠠᠳᠤᠭᠠᠷ ᠣᠨ(1719 ᠣᠨ) ᠳ᠋ᠤ᠌ ᠬᠠᠭᠠᠨ ᠤ᠋ ᠵᠠᠷᠯᠢᠭ ᠢ᠋ᠶ᠋ᠠᠷ ᠯᠠᠨᠳᠤᠬᠤᠨ ᠭᠡᠳᠡᠭ ᠮᠠᠨᠵᠤ ᠰᠠᠢᠳ ᠢ᠋ ᠲᠣᠮᠢᠯᠠᠵᠤ᠂《 ᠣᠷᠳᠣᠰ ᠴᠠᠭᠠᠨ ᠬᠡᠷᠡᠮ ᠡᠴᠡ ᠬᠣᠢᠰᠢ ᠭᠤᠴᠢᠨ ᠤ᠋ ᠭᠠᠵᠠᠷ ᠢ᠋ ᠲᠠᠯᠪᠢᠵᠤ ᠲᠠᠷᠢᠶᠠᠴᠢᠳ ᠲᠤ᠌ ᠲᠦᠷᠢᠶᠡᠰᠦᠯᠡᠨ ᠲᠠᠷᠢᠭᠤᠯᠤᠭᠰᠠᠨ》 ᠳ᠋ᠤ᠌ ᠤᠢᠭᠤᠷᠵᠢᠨ ᠮᠣᠩᠭᠣᠯᠴᠤᠳ ᠠᠷᠭ᠎ᠠ ᠪᠤᠰᠤ ᠴᠠᠭᠠᠨ ᠬᠡᠷᠡᠮ ᠦ᠋ᠨ ᠬᠠᠵᠠᠭᠤ ᠳ᠋ᠠᠬᠢ ᠳᠡᠭᠡᠳᠦᠰ ᠦ᠋ᠨ ᠲᠠᠬᠢᠯ ᠤ᠋ᠨ ᠤᠷᠲᠤ ᠪᠠᠨ ᠬᠣᠢᠰᠢ ᠨᠡᠭᠦᠯᠭᠡᠨ ᠬᠢᠴᠢᠭᠦᠷᠲᠦ ᠶ᠋ᠢᠨ ᠭᠣᠣᠯ ᠤ᠋ᠨ ᠪᠠᠷᠠᠭᠤᠨᠳᠠᠬᠢ ᠣᠤ ᠲᠤᠬᠠᠢ ᠭᠡᠬᠦ ᠭᠠᠵᠠᠷ ᠲᠤ᠌(ᠲᠩᠷᠢ ᠲᠡᠳᠬᠦᠭᠴᠢ ᠬᠠᠭᠠᠨ ᠤ᠋ ᠡᠬᠢᠨ ᠦ᠌ ᠦᠶ᠎ᠡ ᠳ᠋ᠦ᠍) ᠪᠠᠷᠢᠵᠤ ᠲᠠᠬᠢᠵᠠᠢ᠃ ᠡᠨᠡ ᠰᠦᠮ᠎ᠡ ᠨᠢ ᠲᠤᠬᠠᠢ ᠶ᠋ᠢᠨ ᠦᠶ᠎ᠡ ᠳ᠋ᠦ᠍《ᠣᠣ ᠲᠣᠬᠣᠢ ᠶ᠋ᠢᠨ ᠰᠦᠮ᠎ᠡ 》ᠭᠡᠵᠦ ᠠᠯᠳᠠᠷᠰᠢᠭᠠᠳ ᠥᠨᠥ ᠲᠡᠮᠡᠭᠡᠲᠦ ᠬᠣᠲᠠ ᠶ᠋ᠢᠨ ᠢᠦᠢ ᠶᠠᠩ ᠲᠣᠭᠣᠷᠢᠭ ᠤ᠋ᠨ ᠨᠢᠦ ᠵᠢᠶᠠ ᠯᠢᠶᠠᠩ ᠪᠠᠯᠭᠠᠰᠤᠨ ᠤ᠋ ᠵᠡᠭᠦᠨ ᠬᠣᠢᠲᠤ ᠬᠡᠰᠡᠭ ᠲᠦ᠍ ᠪᠠᠢᠭ᠎ᠠ ᠭᠣᠣᠯ ᠤ᠋ᠨ ᠲᠣᠬᠣᠢ ᠳᠡᠭᠡᠷ᠎ᠡ ᠬᠠᠭᠤᠴᠢᠨ ᠪᠠᠭᠤᠷᠢ ᠨᠢ ᠪᠣᠢ᠃
1804 ᠣᠨ ᠤ᠋ ᠦᠶᠡᠰ᠂ ᠰᠦᠮ᠎ᠡ ᠶ᠋ᠢᠨ ᠬᠣᠷᠢᠭᠤᠯ ᠤ᠋ᠨ ᠭᠠᠵᠠᠷ ᠢ᠋4000 ᠯᠠᠩ ᠮᠥᠩᠭᠥ ᠪᠡᠷ ᠲᠡᠮᠡᠭᠡᠲᠦ ᠶ᠋ᠢᠨ ᠬᠢᠲᠠᠳ ᠬᠥᠮᠦᠨ ᠳ᠋ᠦ᠍ ᠲᠦᠷᠢᠶᠡᠰᠦᠯᠡᠨ ᠬᠤᠳᠠᠯᠳᠤᠭᠰᠠᠨ ᠪᠣᠯᠬᠣᠷ ᠠᠷᠭ᠎ᠠ ᠪᠤᠰᠤ ᠵᠡᠭᠦᠨ ᠬᠣᠢᠰᠢ ᠭᠤᠴᠢᠨ ᠭᠠᠵᠠᠷ ᠨᠡᠭᠦᠳᠡᠯᠯᠡᠨ ᠰᠢᠯᠵᠢᠵᠦ ᠬᠠᠪᠴᠠᠭᠠᠢ ᠶ᠋ᠢᠨ ᠭᠣᠣᠯ( ᠥᠨᠥ ᠶ᠋ᠢᠨ ᠲᠡᠮᠡᠭᠡᠲᠦ ᠬᠣᠲᠠ ᠶ᠋ᠢᠨ ᠢᠦᠢ ᠶᠠᠩ ᠲᠣᠭᠣᠷᠢᠭ ᠤ᠋ᠨ ᠮᠢᠩ ᠵᠢᠶᠠ ᠸᠠᠨ ᠰᠢᠶᠠᠩ ᠳ᠋ᠤ᠌) ᠶ᠋ᠢᠨ ᠬᠥᠪᠡᠭᠡᠨ ᠳ᠋ᠦ᠍ ᠰᠦᠮ᠎ᠡ ᠪᠡᠨ ᠪᠠᠷᠢᠵᠤ《ᠬᠠᠪᠴᠠᠭᠠᠢ ᠶ᠋ᠢᠨ ᠰᠦᠮ᠎ᠡ》 ᠭᠡᠵᠦ ᠠᠯᠳᠠᠷᠰᠢᠵᠠᠢ᠃
1868 ᠣᠨ ᠳᠠᠷᠤᠢ ᠪᠦᠷᠢᠨᠲᠦ ᠵᠠᠰᠠᠭᠴᠢ ᠶ᠋ᠢᠨ ᠳᠣᠯᠣᠳᠤᠭᠠᠷ ᠣᠨ ᠳ᠋ᠤ᠌ ᠬᠠᠪᠴᠠᠭᠠᠢ ᠶ᠋ᠢᠨ ᠰᠦᠮ᠎ᠡ ᠬᠣᠲᠣᠩᠴᠤᠳ ᠤ᠋ᠨ ᠤᠷᠪᠠᠯᠭᠠᠨ ᠤ᠋ ᠮᠠ ᠬᠤᠸᠠ ᠯᠦᠩ ᠦ᠋ᠨ ᠴᠡᠷᠢᠭ ᠲᠦ᠍ ᠭᠠᠯᠳᠠᠭᠳᠠᠭᠠᠳ ᠭᠤᠷᠪᠠᠳᠠᠬᠢ ᠤᠳᠠᠭ᠎ᠠ ᠪᠠᠷᠠᠭᠤᠨ ᠬᠣᠢᠰᠢ ᠴᠠᠭᠠᠨ ᠭᠣᠣᠯ ᠤ᠋ᠨ ᠲᠣᠬᠣᠢ(ᠣᠳᠣ ᠶ᠋ᠢᠨ ᠲᠡᠮᠡᠭᠡᠲᠦ ᠬᠣᠲᠠ ᠶ᠋ᠢᠨ ᠢᠦᠢ ᠶᠠᠩ ᠲᠣᠭᠣᠷᠢᠭ ᠤ᠋ᠨ ᠰᠠ ᠬᠤᠸᠠ ᠽᠧ ᠰᠢᠶᠠᠩ) ᠳ᠋ᠤ᠌ ᠨᠡᠭᠦᠯᠭᠡᠨ ᠪᠠᠷᠢᠵᠠᠢ᠃ ᠢᠩᠭᠢᠭᠡᠳ《ᠴᠠᠭᠠᠨ ᠭᠣᠣᠯ ᠤ᠋ᠨ ᠬᠡᠢᠳ》 ᠭᠡᠵᠦ ᠠᠯᠳᠠᠷᠰᠢᠵᠠᠢ᠃1900 ᠣᠨ ᠳᠠᠷᠤᠢ ᠪᠠᠳᠠᠷᠠᠭᠤᠯᠲᠤ ᠲᠥᠷᠥ ᠶ᠋ᠢᠨ ᠬᠣᠷᠢᠨ ᠵᠢᠷᠭᠤᠳᠤᠭᠠᠷ ᠣᠨ ᠳ᠋ᠤ᠌ ᠦᠦᠰᠢᠨ ᠨᠣᠶᠠᠨ ᠴᠠᠭᠳᠤᠷᠰᠡᠷᠡᠩ ᠡᠴᠡ ᠡᠨᠡ ᠬᠦ᠌ ᠰᠦᠮ᠎ᠡ ᠶ᠋ᠢᠨ ᠬᠣᠷᠢᠭᠤᠯ ᠤ᠋ᠨ ᠭᠠᠵᠠᠷ ᠢ᠋ ᠲᠡᠮᠡᠭᠡᠲᠦ ᠶ᠋ᠢᠨ ᠭᠠᠵᠠᠷ ᠤ᠋ᠨ ᠡᠵᠡᠳ ᠲᠦ᠍ ᠬᠤᠳᠠᠯᠳᠤᠵᠤ ᠥᠭᠴᠡᠢ᠃ ᠨᠤᠲᠤᠭ ᠤᠰᠤ ᠪᠠᠨ ᠠᠯᠳᠠᠭᠰᠠᠨ ᠤᠢᠭᠤᠷᠵᠢᠨ ᠮᠣᠩᠭᠣᠯᠴᠤᠳ ᠪᠠᠳᠠᠷᠠᠭᠤᠯᠲᠤ ᠲᠥᠷᠥ ᠶ᠋ᠢᠨ ᠬᠣᠷᠢᠨ ᠨᠠᠢ᠍ᠮᠠᠳᠤᠭᠠᠷ ᠣᠨ ᠳᠠᠷᠤᠢ1902 ᠣᠨ ᠳ᠋ᠤ᠌ ᠳᠥᠷᠪᠡᠳᠡᠬᠢ ᠤᠳᠠᠭ᠎ᠠ ᠬᠣᠢᠰᠢ150 ᠭᠠᠵᠠᠷ ᠤ᠋ᠨ ᠠᠯᠤᠰ ᠳᠠᠬᠢ ᠡᠪᠦᠯ ᠵᠤᠨ ᠳᠥᠷᠪᠡᠨ ᠤᠯᠠᠷᠢᠯ ᠳ᠋ᠤ᠌ ᠬᠤᠨ ᠴᠠᠭᠠᠨ ᠭᠠᠯᠠᠭᠤ ᠰᠢᠪᠠᠭᠤ ᠨᠢᠭᠡᠨ ᠤᠨᠳᠤᠷᠤᠮᠠᠯ ᠪᠤᠯᠠᠭ ᠲᠠᠢ ᠭᠣᠣᠯ ᠠ᠋ᠴᠠ ᠪᠤᠴᠠᠳᠠᠭ ᠦᠭᠡᠢ ᠡᠭᠦᠷᠢᠳᠡ ᠨᠤᠲᠤᠭᠰᠢᠭᠰᠠᠨ ᠴᠠᠭᠠᠨ ᠭᠠᠯᠠᠭᠤ ᠲᠠᠢ ᠪᠤᠯᠠᠭ ᠤ᠋ᠨ ᠪᠠᠷᠠᠭᠤᠨ ᠲᠠᠢ ᠬᠠᠲᠠᠭᠤ ᠶ᠋ᠢᠨ ᠬᠤᠸᠠ(ᠣᠷᠣᠢ) ᠳᠡᠭᠡᠷ᠎ᠡ ᠥᠯᠵᠡᠢᠪᠥ᠋ᠷᠢᠨ ᠵᠠᠬᠢᠷᠤᠭᠴᠢ ᠰᠦᠮ᠎ᠡ ᠪᠠᠷᠢᠬᠤ ᠭᠠᠵᠠᠷ ᠢ᠋ ᠦᠵᠡᠵᠦ ᠴᠠᠭᠠᠨ ᠭᠣᠣᠯ ᠤ᠋ᠨ ᠬᠡᠢᠳ ᠢ᠋ ᠨᠡᠭᠦᠯᠭᠡᠨ ᠪᠠᠷᠢᠵᠠᠢ᠃ ᠰᠡᠭᠦᠯᠡᠷ1930 ᠣᠨ ᠳ᠋ᠤ᠌ ᠵᠠᠮᠢᠶᠠᠨᠵᠠᠪ᠂ ᠰᠠᠩᠵᠠᠢ᠂ ᠪᠠᠲᠤᠰᠡᠩᠬᠡᠷ ᠨᠠᠷ ᠬᠣᠯᠪᠣᠭᠠᠯᠠᠨ ᠲᠤᠰ ᠰᠦᠮ᠎ᠡ ᠶ᠋ᠢ ᠳᠡᠭᠡᠷ᠎ᠡ ᠨᠢ ᠳᠠᠪᠬᠤᠷᠯᠢᠭ ᠰᠦᠮ᠎ᠡ ᠪᠠᠷᠢᠵᠤ ᠠᠷᠤ ᠳ᠋ᠤᠨᠢ ᠣᠤ ᠲᠣᠬᠣᠢ ᠶ᠋ᠢᠨ ᠰᠦᠮ᠎ᠡ ᠶ᠋ᠢᠨ ᠤᠭ ᠬᠡᠯᠪᠡᠷᠢ ᠶ᠋ᠢ ᠳᠠᠭᠤᠷᠢᠶᠠᠯᠭᠠᠨ ᠲᠠᠪᠤᠨ ᠲᠠᠰᠤᠯᠭ᠎ᠠ ᠣᠲᠠᠴᠢ ᠶ᠋ᠢᠨ ᠰᠦᠮ᠎ᠡ ᠪᠠᠷᠢᠵᠤ᠂ ᠶᠡᠬᠡ ᠰᠦᠮ᠎ᠡ ᠶ᠋ᠢᠨ ᠡᠮᠦᠨ᠎ᠡ ᠳᠠᠪᠬᠤᠷ ᠲᠤ᠌ ᠬᠦᠯᠦᠲᠦ ᠰᠦᠮ᠎ᠡ ᠪᠣᠯᠤᠨ ᠬᠣᠷᠯᠣ ᠶ᠋ᠢᠨ ᠰᠦᠮ᠎ᠡ᠂ ᠬᠣᠶᠠᠷ ᠶᠡᠬᠡ ᠴᠠᠭᠠᠨ ᠰᠤᠪᠤᠷᠭ᠎ᠠ ᠵᠡᠷᠭᠡ ᠶ᠋ᠢ ᠥᠭᠯᠢᠭᠡ ᠶ᠋ᠢᠨ ᠡᠵᠡᠳ ᠦ᠋ᠨ ᠬᠠᠮᠲᠤ ᠶ᠋ᠢᠨ ᠴᠢᠷᠮᠠᠢᠯᠭ᠎ᠠ ᠪᠠᠷ ᠪᠠᠷᠢᠵᠤ ᠭᠠᠷᠭᠠᠨ᠂ ᠬᠣᠯᠠ ᠣᠢᠷ᠎ᠠ ᠳ᠋ᠤ᠌ ᠭᠣᠶᠣ ᠰᠦᠷᠯᠢᠭ《ᠭᠠᠯᠠᠭᠤᠲᠤ ᠶ᠋ᠢᠨ ᠰᠦᠮ᠎ᠡ》 ᠭᠡᠵᠦ ᠠᠯᠳᠠᠷᠰᠢᠭᠰᠠᠨ ᠪᠠᠢᠨ᠎ᠠ᠃
ᠡᠨᠡ ᠰᠦᠮ᠎ᠡ ᠨᠢ ᠦᠦᠰᠢᠨ ᠬᠤᠰᠢᠭᠤᠨ ᠤ᠋ ᠳᠤᠭᠤᠢᠯᠠᠩ ᠤ᠋ᠨ ᠬᠥᠳᠡᠯᠭᠡᠭᠡᠨ ᠦ᠌ ᠭᠣᠣᠯ ᠰᠠᠭᠤᠷᠢᠨ ᠭᠠᠵᠠᠷ ᠪᠣᠯᠵᠤ᠂ ᠮᠥᠨ ᠴᠦ᠍ ᠰᠢᠨᠡᠯᠡᠮ᠎ᠡ ᠶ᠋ᠢᠨ ᠠᠷᠪᠠᠨ ᠬᠣᠶᠠᠳᠤᠭᠠᠷ ᠬᠣᠷᠢᠶᠠᠨ ᠤ᠋ ᠮᠣᠷᠢᠲᠤ ᠴᠡᠷᠢᠭ ᠦ᠋ᠨ ᠲᠤᠸᠠᠨ ᠪᠦ ᠶ᠋ᠢᠨ ᠰᠠᠭᠤᠭ᠎ᠠ ᠭᠠᠵᠠᠷ ᠮᠥᠨ(ᠣᠳᠣ ᠰᠢᠨᠠᠯᠠᠮ᠎ᠠ ᠶ᠋ᠢᠨ ᠬᠠᠭᠤᠴᠢᠨ ᠰᠠᠭᠤᠴᠠ᠂ ᠤᠯᠤᠰ ᠤ᠋ᠨ ᠰᠣᠶᠣᠯ ᠲᠡᠦᠬᠡ ᠶ᠋ᠢᠨ ᠨᠢᠭᠡᠳᠦᠭᠡᠷ ᠳᠡᠰ ᠦ᠋ᠨ ᠬᠠᠮᠠᠭᠠᠯᠠᠯᠲᠠ ᠶ᠋ᠢᠨ ᠭᠠᠵᠠᠷ)᠃ ᠡᠨᠳᠡ ᠪᠠᠰᠠ ᠴᠠᠭᠠᠨ ᠪᠢᠴᠢᠨ ᠵᠢᠯ ᠦ᠋ᠨ ᠭᠠᠯᠠᠭᠤᠲᠤ ᠶ᠋ᠢᠨ ᠴᠢᠭᠤᠯᠭᠠᠨ ᠴᠢᠭᠤᠯᠤᠭᠰᠠᠨ ᠭᠠᠵᠠᠷ ᠪᠣᠯᠤᠨ ᠰᠢᠨᠡᠯᠡᠮ᠎ᠡ ᠶ᠋ᠢ ᠳᠡᠭᠦᠵᠢᠯᠡᠨ ᠲᠠᠮᠤᠯᠠᠭᠰᠠᠨ ᠪᠦᠳᠦᠭᠦᠨ ᠬᠠᠢᠯᠠᠰᠤᠨ ᠮᠣᠳᠣ ᠵᠡᠷᠭᠡ ᠬᠤᠪᠢᠰᠬᠠᠯ ᠤ᠋ᠨ ᠲᠡᠦᠬᠡᠲᠦ ᠭᠣᠣᠯᠳᠠᠯᠭ᠎ᠠ ᠲᠠᠢ ᠰᠣᠶᠣᠯ ᠵᠢᠭᠤᠯᠴᠢᠯᠠᠯ ᠤ᠋ᠨ ᠭᠠᠵᠠᠷ ᠤ᠋ᠳ ᠪᠣᠢ᠃
ᠡᠨᠡ ᠰᠦᠮ᠎ᠡ ᠳ᠋ᠦ᠍ ᠦᠦᠰᠢᠨ ᠬᠤᠰᠢᠭᠤᠨ ᠤ᠋ ᠬᠠᠮᠤᠭ ᠠᠩᠬᠠᠨ ᠤ᠋ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠢ᠋ ᠪᠠᠢᠭᠤᠯᠤᠨ ᠨᠠᠮ ᠤ᠋ᠨ ᠬᠡᠰᠢᠭᠦᠨ ᠡᠯᠰᠡᠵᠦ᠂ ᠦᠦᠰᠢᠨ ᠬᠤᠰᠢᠭᠤᠨ ᠤ᠋ ᠨᠠᠮ ᠤ᠋ᠨ ᠬᠣᠷᠢᠶ᠎ᠠ ᠶ᠋ᠢ ᠡᠭᠦᠰᠬᠡᠨ ᠪᠠᠢᠭᠤᠯᠵᠠᠢ᠃ ᠡᠨᠳᠡ ᠳᠤᠭᠤᠢᠯᠠᠩ ᠤ᠋ᠨ ᠬᠥᠳᠡᠯᠭᠡᠭᠡᠨ ᠳ᠋ᠡᠬᠢ ᠣᠯᠠᠨ ᠤᠳᠠᠭᠠᠨ ᠤ᠋ ᠲᠡᠦᠬᠡᠲᠦ ᠤᠴᠢᠷ ᠤ᠋ᠳ ᠢ᠋ ᠵᠥᠪᠯᠡᠨ ᠲᠣᠭᠲᠠᠭᠠᠵᠤ ᠥᠩᠭᠡᠷᠡᠭᠰᠡᠨ ᠲᠡᠦᠬᠡ ᠶ᠋ᠢᠨ ᠤᠯᠠ ᠮᠥᠷ ᠲᠡᠢ᠃
(ᠬᠣᠶᠠᠷ) ᠬᠠᠯᠢᠭᠤᠲᠤ ᠶ᠋ᠢᠨ ᠰᠦᠮ᠎ᠡ
ᠦᠦᠰᠢᠨ ᠬᠤᠰᠢᠭᠤᠨ ᠤ᠋ ᠪᠠᠶᠠᠨᠴᠠᠢᠳᠠᠮ ᠳ᠋ᠤ᠌ ᠪᠠᠢᠭ᠎ᠠ ᠬᠠᠯᠢᠭᠤᠲᠤ ᠶ᠋ᠢᠨ ᠰᠦᠮ᠎ᠡ ᠪᠣᠯ ᠡᠷᠲᠡ ᠳᠡᠭᠡᠳᠦ ᠦᠶ᠎ᠡ ᠳ᠋ᠡᠭᠡᠨ ᠬᠠᠯᠢᠭᠤ ᠪᠤᠯᠠᠭ᠎ᠠ ᠶ᠋ᠢᠨ ᠣᠪᠣᠭ᠎ᠠ ᠪᠠᠢᠭᠰᠠᠨ《ᠬᠠᠯᠢᠭᠤ ᠪᠤᠯᠠᠭ᠎ᠠ ᠶ᠋ᠢᠨ ᠲᠠᠬᠢᠯᠭ᠎ᠠ ᠶ᠋ᠢᠨ ᠤᠷᠲᠤ》 ᠭᠡᠬᠦ ᠪᠥᠬᠡ ᠶ᠋ᠢᠨ ᠰᠢᠲᠦᠭᠡᠨ ᠦ᠌ ᠭᠠᠵᠠᠷ ᠠ᠋ᠴᠠ ᠡᠬᠢᠯᠡᠯᠲᠡ ᠲᠡᠢ ᠪᠣᠯᠬᠣᠷ《ᠬᠠᠯᠢᠭᠤᠲᠤ ᠶᠢᠨ ᠰᠦᠮ᠎ᠡ》 ᠭᠡᠵᠦ ᠠᠯᠳᠠᠷᠰᠢᠵᠠᠢ᠃ ᠴᠢᠩ ᠤᠯᠤᠰ ᠤ᠋ᠨ ᠡᠶᠡᠪᠡᠷ ᠵᠠᠰᠠᠭᠴᠢ ᠶ᠋ᠢᠨ ᠠᠷᠪᠠᠭᠠᠳ ᠣᠨ(1655 ᠣᠨ) ᠤ᠋ ᠦᠶ᠎ᠡ ᠳ᠋ᠦ᠍ ᠦᠦᠰᠢᠨ ᠬᠠᠷᠢᠶᠠᠨ ᠤ᠋ ᠲᠠᠢᠵᠢ ᠪᠠᠳᠠᠢ ᠭᠡᠳᠡᠭ ᠬᠥᠮᠦᠨ ᠬᠣᠶᠠᠷ ᠲᠠᠰᠤᠯᠭ᠎ᠠ ᠰᠦᠮ᠎ᠡ ᠪᠠᠷᠢᠵᠤ ᠬᠠᠯᠢᠭᠤᠲᠤ ᠶ᠋ᠢᠨ ᠶᠡᠬᠡ ᠰᠡᠰᠡ ᠶ᠋ᠢᠨ ᠣᠷᠣᠢ ᠳᠡᠭᠡᠷ᠎ᠡ ᠰᠠᠭᠤᠵᠤ ᠪᠠᠢᠭᠰᠠᠨ ᠲᠣᠯᠢ ᠬᠦᠷᠦ ᠶ᠋ᠢᠨ ᠭᠡᠷ ᠦ᠋ᠨ ᠪᠤᠷᠬᠠᠨ ᠢ᠋ ᠠᠪᠴᠢᠷᠠᠨ ᠲᠠᠬᠢᠯᠭ᠎ᠠ ᠬᠢᠵᠦ᠂ ᠤᠤᠯ ᠤ᠋ᠨ ᠪᠥᠬᠡ ᠶ᠋ᠢᠨ ᠱᠠᠰᠢᠨ ᠤ᠋ ᠤᠷᠲᠤ ᠶ᠋ᠢ ᠰᠢᠷ᠎ᠠ ᠶ᠋ᠢᠨ ᠱᠠᠰᠢᠨ ᠤ᠋ ᠰᠦᠮ᠎ᠡ ᠪᠣᠯᠭᠠᠨ ᠥᠭᠡᠷᠡᠴᠢᠯᠡᠵᠡᠢ᠃
ᠮᠠᠨᠵᠤ ᠴᠢᠩ ᠦ᠋ᠨ ᠲᠩᠷᠢ ᠲᠡᠳᠬᠦᠭᠴᠢ ᠬᠠᠭᠠᠨ ᠤ᠋ ᠳᠥᠷᠪᠡᠳᠦᠭᠡᠷ ᠣᠨ(1740 ᠣᠨ) ᠤ᠋ ᠶᠡᠬᠡ ᠵᠣᠣ ᠴᠢᠭᠤᠯᠭᠠᠨ ᠤ᠋ ᠣᠷᠳᠣᠰ ᠤ᠋ᠨ ᠪᠠᠷᠠᠭᠤᠨ ᠭᠠᠷ ᠤ᠋ᠨ ᠡᠮᠦᠨᠡᠲᠦ ᠬᠤᠰᠢᠭᠤᠨ ᠤ᠋ ᠭᠠᠵᠠᠷ ᠤ᠋ᠨ ᠵᠢᠷᠤᠭ ᠳᠡᠭᠡᠷ᠎ᠡ《ᠲᠠᠢᠵᠢ ᠪᠠᠳᠠᠢ ᠶ᠋ᠢᠨ ᠰᠦᠮ᠎ᠡ》 ᠭᠡᠵᠦ ᠲᠡᠮᠳᠡᠭᠯᠡᠭᠳᠡᠵᠡᠢ᠃ ᠲᠡᠭᠦᠨ ᠦ᠌ ᠳᠠᠷᠠᠭ᠎ᠠ ᠡᠨᠡ ᠬᠦ᠌ ᠰᠦᠮ᠎ᠡ ᠶ᠋ᠢ ᠰᠠᠮᠲᠠᠨᠵᠠᠮᠰᠤ ᠭᠡᠳᠡᠭ ᠬᠠᠷ᠎ᠠ ᠬᠥᠮᠦᠨ ᠬᠠᠯᠢᠭᠤᠲᠤ ᠶ᠋ᠢᠨ ᠭᠣᠣᠯ ᠤ᠋ᠨ ᠬᠥᠪᠡᠭᠡᠨ ᠳ᠋ᠦ᠍ ᠨᠤᠲᠤᠭ ᠰᠢᠨᠵᠢᠵᠦ ᠬᠣᠢᠰᠢ ᠨᠡᠭᠦᠯᠭᠡᠨ ᠨᠢᠭᠡ ᠲᠠᠰᠤᠯᠭ᠎ᠠ ᠶ᠋ᠢᠨ ᠬᠡᠮᠵᠢᠶᠡᠲᠡᠢ ᠣᠷᠣᠨ ᠨᠤᠲᠤᠭ ᠤ᠋ᠨ ᠡᠵᠡᠳ ᠦ᠋ᠨ ᠰᠦᠮ᠎ᠡ ᠪᠠᠷᠢᠵᠤ᠂ ᠠᠷᠤ ᠳ᠋ᠤᠨᠢ ᠠᠷᠪᠠᠨ ᠭᠤᠷᠪᠠᠨ ᠣᠪᠣᠭ᠎ᠠ ᠪᠣᠰᠬᠠᠨ ᠳᠠᠬᠢᠵᠤ(ᠣᠳᠣ ᠶ᠋ᠢᠨ ᠰᠠᠪᠳᠠᠭ ᠤ᠋ᠨ ᠰᠦᠮ᠎ᠡ) ᠪᠠᠢᠭᠠᠳ ᠡᠩᠬᠡ ᠠᠮᠤᠭᠤᠯᠠᠩ ᠤ᠋ᠨ ᠲᠠᠪᠢᠨ ᠳᠥᠷᠪᠡᠳᠦᠭᠡᠷ ᠣᠨ(1715 ᠣᠨ) ᠳ᠋ᠤ᠌ ᠮᠠᠴᠠᠭ ᠠᠪᠴᠤ ᠯᠠᠮᠠ ᠪᠣᠯᠤᠭᠰᠠᠨ ᠰᠠᠮᠲᠠᠨᠵᠠᠮᠰᠤ ᠭᠦᠦᠰᠢ ᠬᠣᠯᠠ ᠣᠢᠷ᠎ᠠ ᠶ᠋ᠢᠨ ᠰᠦᠰᠦᠭᠲᠡᠨ ᠦ᠌ ᠲᠤᠰᠠᠯᠠᠮᠵᠢ ᠪᠠᠷ ᠠᠷᠪᠠᠨ ᠬᠣᠶᠠᠷ ᠠᠭᠤᠢ ᠶ᠋ᠢᠨ ᠬᠡᠯᠪᠡᠷᠢᠲᠡᠢ ᠶᠤᠭᠤᠷ ᠰᠦᠮ᠎ᠡ ᠪᠠᠷᠢᠵᠤ ᠪᠤᠷᠬᠠᠨ ᠨᠣᠮ ᠤ᠋ᠨ ᠭᠤᠷᠪᠠᠨ ᠰᠢᠲᠦᠭᠡᠨ ᠢ᠋ ᠪᠦᠷᠢᠯᠳᠦᠭᠦᠯᠦᠭᠰᠡᠨ ᠡᠴᠡ ᠠᠷᠠᠳ ᠣᠯᠠᠨ ᠤ᠋ ᠳᠤᠮᠳᠠ ᠨᠢᠭᠡ ᠦᠶ᠎ᠡ《ᠭᠦᠦᠰᠢ ᠶ᠋ᠢᠨ ᠰᠦᠮ᠎ᠡ》 ᠭᠡᠵᠦ ᠠᠯᠳᠠᠷᠰᠢᠪᠠ᠃
ᠲᠤᠰ ᠰᠦᠮ᠎ᠡ ᠶ᠋ᠢᠨ ᠲᠥᠪᠡᠳ ᠨᠣᠮ ᠤ᠋ᠨ ᠨᠡᠷ᠎ᠡ ᠨᠢ《ᠴᠢᠳᠠᠭᠴᠢ ᠶ᠋ᠢᠨ ᠱᠠᠰᠢᠨ ᠢ᠋ ᠳᠡᠯᠭᠡᠷᠡᠭᠦᠯᠦᠭᠴᠢ ᠬᠡᠢᠳ》 ᠭᠡᠬᠦ ᠠᠭᠤᠯᠭ᠎ᠠ ᠲᠠᠢ ᠪᠥᠭᠡᠳ ᠦᠦᠰᠢᠨ ᠬᠠᠷᠢᠶᠠᠨ ᠤ᠋ ᠰᠦᠮ᠎ᠡ ᠪᠣᠯᠤᠨ᠎ᠠ᠃ ᠡᠨᠡ ᠬᠦ᠌ ᠰᠦᠮ᠎ᠡ ᠶ᠋ᠢᠨ ᠭᠣᠣᠯ ᠳᠤᠭᠠᠩ ᠨᠢ1866 ᠣᠨ ᠳ᠋ᠤ᠌ ᠬᠣᠲᠣᠩᠴᠤᠳ ᠤ᠋ᠨ ᠪᠣᠰᠤᠯᠭ᠎ᠠ ᠶ᠋ᠢᠨ ᠴᠡᠷᠢᠭ ᠲᠦ᠍ ᠭᠠᠯᠳᠠᠭᠳᠠᠵᠤ ᠳᠠᠬᠢᠨ ᠰᠡᠷᠭᠦᠭᠳᠡᠨ ᠪᠠᠢᠭᠤᠯᠤᠭᠳᠠᠬᠤ ᠳ᠋ᠠᠭᠠᠨ49 ᠲᠠᠰᠤᠯᠭ᠎ᠠ ᠭᠣᠣᠯ ᠳᠤᠭᠠᠩ᠂13 ᠪᠠᠭ᠎ᠠ ᠰᠦᠮ᠎ᠡ ᠲᠡᠢ ᠪᠣᠯᠵᠠᠢ᠃
ᠥᠨᠥ ᠰᠦᠮ᠎ᠡ ᠶ᠋ᠢᠨ ᠬᠡᠷᠡᠭᠯᠡᠭᠡᠨ ᠦ᠌ ᠭᠠᠵᠠᠷ ᠤ᠋ᠨ ᠲᠠᠯᠠᠪᠠᠢ ᠨᠢ8365.5 ᠲᠠᠷᠢᠶᠠᠨ ᠭᠠᠵᠠᠷ ᠪᠠ ᠣᠢᠵᠢᠭᠤᠯᠭᠠ ᠶ᠋ᠢᠨ ᠭᠠᠵᠠᠷ ᠤ᠋ᠨ ᠲᠠᠯᠠᠪᠠᠢ ᠨᠢ368686 ᠲᠡᠭᠰᠢ ᠳᠥᠷᠪᠡᠯᠵᠢᠨ ᠮᠧᠲ᠋ᠷ ᠭᠠᠵᠠᠷ ᠢ᠋ ᠡᠵᠡᠯᠡᠵᠦ ᠪᠣᠢ᠃
ᠬᠠᠯᠢᠭᠤᠲᠤ ᠰᠦᠮ᠎ᠡ ᠨᠢ ᠳᠤᠭᠤᠢᠯᠠᠩ ᠤ᠋ᠨ ᠬᠥᠳᠡᠯᠭᠡᠭᠡᠨ ᠦ᠌ ᠴᠢᠬᠤᠯᠠ ᠲᠡᠦᠬᠡᠲᠦ ᠭᠠᠵᠠᠷ ᠤ᠋ᠨ ᠨᠢᠭᠡ ᠪᠣᠯᠬᠤ ᠶᠤᠮ᠃ ᠠᠯᠢ ᠡᠷᠲᠡ ᠦᠦᠰᠢᠨ ᠬᠤᠰᠢᠭᠤᠨ ᠳ᠋ᠤ᠌ ᠥᠷᠨᠢᠭᠰᠡᠨ ᠠᠷᠪᠠᠨ ᠨᠢᠭᠡᠨ ᠳᠤᠭᠤᠢᠯᠠᠩ ᠤ᠋ᠨ ᠴᠢᠬᠤᠯᠠ ᠰᠠᠭᠤᠷᠢᠨ ᠭᠠᠵᠠᠷ ᠪᠠᠢᠵᠤ᠂ ᠠᠷᠪᠠᠨ ᠨᠢᠭᠡᠨ ᠳᠤᠭᠤᠢᠯᠠᠩ ᠤ᠋ᠨ ᠳᠣᠲᠣᠷ᠎ᠠ ᠠ᠋ᠴᠠ ᠢᠲᠡᠭᠡᠯ ᠨᠠᠢᠳᠠᠪᠤᠷᠢᠲᠠᠢ ᠬᠥᠮᠦᠰ ᠢ᠋ ᠰᠣᠩᠭᠣᠵᠤ《 ᠣᠯᠠᠨ ᠤ᠋ ᠵᠥᠪᠯᠡᠯ》 ᠢ᠋ ᠪᠠᠢᠭᠤᠯᠵᠤ᠂1912 ᠣᠨ(ᠬᠠᠷ᠎ᠠ ᠬᠤᠯᠤᠭᠠᠨ᠎ᠠ ᠵᠢᠯ᠂ ᠠᠷᠠᠳ ᠤᠯᠤᠰ ᠤ᠋ᠨ ᠠᠩᠬᠠᠳᠤᠭᠠᠷ ᠣᠨ) ᠠ᠋ᠴᠠ ᠬᠣᠢᠰᠢ ᠬᠠᠯᠢᠭᠤᠲᠤ ᠶ᠋ᠢᠨ ᠰᠦᠮ᠎ᠡ ᠨᠢ《ᠣᠯᠠᠨ ᠤ᠋ ᠵᠥᠪᠯᠡᠯ》 ᠦ᠋ᠨ ᠠᠯᠪᠠᠨ ᠡᠷᠬᠢᠯᠡᠬᠦ ᠭᠠᠵᠠᠷ ᠪᠣᠯᠵᠠᠢ᠃
1927 ᠣᠨ ᠤ᠋10 ᠰᠠᠷ᠎ᠠ ᠠ᠋ᠴᠠ1928 ᠣᠨ ᠤ᠋6 ᠰᠠᠷ᠎ᠠ ᠬᠦᠷᠲᠡᠯ᠎ᠡ ᠲᠥᠪ ᠬᠣᠷᠢᠶᠠᠨ ᠤ᠋ ᠴᠡᠷᠢᠭ ᠦ᠋ᠨ ᠨᠢᠭᠡ᠂ ᠬᠣᠶᠠᠳᠤᠭᠠᠷ ᠪᠠᠲ᠋ᠯᠢᠶᠤᠨ ᠤ᠋(ᠬᠠᠷᠠᠴᠢᠨ ᠴᠡᠷᠢᠭ) ᠵᠠᠬᠢᠷᠭ᠎ᠠ ᠶ᠋ᠢᠨ ᠰᠠᠭᠤᠭ᠎ᠠ ᠭᠠᠵᠠᠷ ᠪᠠᠢᠪᠠ᠃
1928 ᠣᠨ ᠤ᠋4 ᠰᠠᠷ᠎ᠠ ᠳ᠋ᠤ᠌ ᠦᠦᠰᠢᠨ ᠬᠤᠰᠢᠭᠤᠨ ᠤ᠋17 ᠨᠠᠮ ᠤ᠋ᠨ ᠡᠭᠦᠷ ᠦ᠋ᠨ ᠱᠦᠵᠢ ᠨᠠᠷ ᠤ᠋ᠨ ᠬᠤᠷᠠᠯ ᠢ᠋ ᠬᠠᠯᠢᠭᠤᠲᠤ ᠶ᠋ᠢᠨ ᠰᠦᠮ᠎ᠡ ᠳ᠋ᠦ᠍ ᠬᠤᠷᠠᠯᠳᠤᠭᠤᠯᠵᠤ᠂ ᠤᠭ ᠤ᠋ᠨ ᠳᠣᠲᠣᠭᠠᠳᠤ ᠮᠣᠩᠭᠣᠯ ᠤ᠋ᠨ ᠲᠥᠪ ᠬᠣᠷᠢᠶᠠᠨ ᠤ᠋ ᠭᠦᠢᠴᠡᠳᠬᠡᠬᠦ ᠭᠡᠰᠢᠭᠦᠨ᠂ ᠲᠥᠪ ᠬᠣᠷᠢᠶᠠᠨ ᠤ᠋ ᠴᠡᠷᠢᠭ ᠦ᠋ᠨ ᠰᠧᠯᠢᠩ᠂ ᠲᠥᠪ ᠬᠣᠷᠢᠶᠠᠨ ᠤ᠋ ᠣᠨᠴᠠ ᠲᠣᠮᠢᠯᠠᠭᠰᠠᠨ ᠲᠥᠯᠥᠭᠡᠯᠡᠭᠴᠢ ᠪᠡᠷ ᠶᠠᠪᠤᠭ᠎ᠠ ᠤᠷᠪᠠᠭᠴᠢ ᠰᠠᠢᠨᠪᠠᠶᠠᠷ(ᠪᠤᠤ ᠶᠤᠸᠠᠢ ᠴᠢᠩ) ᠢ᠋ ᠠᠷᠭᠠᠴᠠᠭᠠᠬᠤ ᠲᠤᠬᠠᠢ ᠴᠢᠬᠤᠯᠠ ᠠᠷᠭ᠎ᠠ ᠪᠣᠳᠣᠯᠭ᠎ᠠ ᠶ᠋ᠢ ᠨᠢᠭᠤᠴᠠ ᠪᠠᠷ ᠶᠠᠷᠢᠯᠴᠠᠨ ᠲᠣᠭᠲᠠᠪᠠ᠃
ᠰᠢᠨᠠᠯᠠᠮ᠎ᠠ ᠶ᠋ᠢᠨ ᠠᠷᠪᠠᠨ ᠬᠣᠶᠠᠳᠤᠭᠠᠷ ᠬᠣᠷᠢᠶᠠᠨ ᠤ᠋ ᠮᠣᠷᠢᠲᠤ ᠴᠡᠷᠢᠭ ᠦ᠋ᠨ ᠬᠣᠶᠠᠳᠤᠭᠠᠷ ᠪᠠᠲ᠋ᠯᠢᠶᠤᠨ ᠤ᠋ ᠵᠠᠬᠢᠷᠭ᠎ᠠ(ᠪᠠᠲ᠋ᠯᠢᠶᠤᠨ ᠳᠠᠷᠤᠭ᠎ᠠ ᠡᠷᠳᠡᠨᠢ᠂ ᠭᠡᠨᠳᠦᠨᠯᠢᠭ᠌ᠰᠣᠭ ᠱᠠᠪᠷᠤᠩ) ᠤ᠋ᠨ ᠰᠠᠭᠤᠭ᠎ᠠ ᠭᠠᠵᠠᠷ ᠪᠠᠢᠪᠠ᠃
1928 ᠣᠨ ᠳ᠋ᠤ᠌ ᠬᠣᠰᠢᠭᠤ ᠨᠠᠮ ᠤ᠋ᠨ ᠬᠣᠷᠢᠶ᠎ᠠ᠂ ᠰᠢᠨᠠᠯᠠᠮ᠎ᠠ ᠶ᠋ᠢᠨ ᠠᠷᠪᠠᠨ ᠬᠣᠶᠠᠳᠤᠭᠠᠷ ᠬᠣᠷᠢᠶ᠎ᠠ᠂ ᠬᠣᠰᠢᠭᠤ ᠱᠠᠩ ᠶᠠᠮᠤᠨ ᠤ᠋ ᠲᠦᠰᠢᠮᠡᠳ ᠣᠷᠣᠯᠴᠠᠭᠰᠠᠨ ᠭᠤᠷᠪᠠᠨ ᠡᠲᠡᠭᠡᠳ ᠦ᠋ᠨ ᠬᠤᠷᠠᠯ ᠢ᠋ ᠳᠠᠬᠢᠨ ᠬᠤᠷᠠᠯᠳᠤᠭᠤᠯᠤᠭᠰᠠᠨ ᠭᠠᠵᠠᠷ ᠪᠣᠯᠤᠨ᠎ᠠ᠃
(ᠭᠤᠷᠪᠠ) ᠤᠯᠠᠭᠠᠨᠲᠣᠯᠣᠭᠠᠢ ᠶ᠋ᠢᠨ ᠰᠦᠮ᠎ᠡ
ᠮᠠᠯᠴᠢᠨ ᠮᠣᠩᠭᠣᠯᠴᠤᠳ ᠤ᠋ᠨ ᠬᠡᠢᠮᠣᠷᠢ ᠳᠠᠯᠠᠯᠤᠭᠰᠠᠨ ᠰᠢᠪᠠᠷ ᠤ᠋ᠨ ᠴᠠᠢᠳᠠᠮ ᠳ᠋ᠤ᠌ ᠪᠠᠯᠳᠠᠨ᠂ ᠳᠠᠮᠪᠠᠵᠠᠮᠰᠤ ᠭᠡᠳᠡᠭ ᠬᠣᠶᠠᠷ ᠬᠥᠮᠦᠨ ᠰᠠᠢᠰᠢᠶᠠᠯᠲᠤ ᠢᠷᠦᠭᠡᠯᠲᠦ ᠶ᠋ᠢᠨ ᠬᠣᠷᠢᠨ ᠲᠠᠪᠤᠳᠤᠭᠠᠷ ᠣᠨ ᠳᠠᠷᠤᠢ1820 ᠣᠨ ᠳ᠋ᠤ᠌ ᠰᠡᠳᠬᠢᠯ ᠨᠢᠭᠡᠳᠦᠨ ᠡᠢᠮᠦ ᠰᠠᠢᠬᠠᠨ ᠰᠢᠪᠠᠷ ᠤ᠋ᠨ ᠴᠠᠢᠳᠠᠮ ᠳ᠋ᠤ᠌ ᠰᠦᠮ᠎ᠡ ᠪᠠᠢᠭᠤᠯᠵᠤ ᠪᠤᠶᠠᠨ ᠦᠢᠯᠡᠳᠦᠶ᠎ᠡ ᠭᠡᠮᠡᠨ ᠠᠢᠯᠠᠳᠬᠠᠯ ᠤ᠋ᠨ ᠪᠢᠴᠢᠭ ᠢ᠋ᠶ᠋ᠡᠨ ᠪᠠᠪᠤᠤ ᠲᠤᠰᠠᠯᠠᠭᠴᠢ ᠳ᠋ᠤ᠌ ᠳᠡᠪᠰᠢᠭᠦᠯᠵᠡᠢ᠃ ᠪᠠᠪᠤᠤ ᠲᠤᠰᠠᠯᠠᠭᠴᠢ ᠶ᠋ᠢᠨ ᠭᠡᠷ ᠨᠢ ᠴᠦ᠍ ᠰᠢᠪᠠᠷ ᠤ᠋ᠨ ᠴᠠᠢᠳᠠᠮ ᠳ᠋ᠤ᠌ ᠪᠠᠢᠭᠰᠠᠨ ᠲᠤᠯᠠ ᠥᠪᠡᠷ ᠦ᠋ᠨ ᠡᠷᠬᠡ ᠦᠭᠡᠢ ᠪᠠᠶᠠᠷᠯᠠᠵᠤ ᠳᠠᠷᠤᠢ ᠳ᠋ᠤᠨᠢ ᠵᠥᠪᠰᠢᠶᠡᠷᠡᠵᠡᠢ᠃ ᠢᠩᠭᠢᠭᠡᠳ ᠰᠢᠪᠠᠷ ᠤ᠋ᠨ ᠴᠠᠢᠳᠠᠮ ᠤ᠋ᠨ ᠳᠤᠮᠳᠠᠬᠢ ᠤᠯᠠᠭᠠᠨ ᠬᠠᠳᠠᠨ ᠳᠣᠪᠣᠴᠠᠭ ᠳᠡᠭᠡᠷ᠎ᠡ ᠭᠠᠵᠠᠷ ᠰᠠᠴᠤᠯᠠᠵᠤ ᠬᠣᠷᠢᠨ ᠲᠠᠪᠤᠨ ᠲᠠᠰᠤᠯᠭ᠎ᠠ ᠶᠡᠬᠡ ᠰᠦᠮ᠎ᠡ ᠶ᠋ᠢ ᠪᠠᠷᠢᠵᠠᠢ᠃ ᠵᠠᠷᠢᠮ ᠬᠥᠮᠦᠰ ᠡᠨᠡ ᠳᠣᠪᠣᠴᠠᠭ ᠨᠢ ᠤᠯᠠᠭᠠᠨ ᠬᠠᠳᠠ ᠪᠠᠷ ᠪᠦᠷᠢᠯᠳᠦᠭᠰᠡᠨ ᠲᠤᠯᠠ ᠪᠡᠯᠭᠡᠳᠡᠯ ᠮᠠᠭᠤ ᠭᠡᠮᠡᠨ ᠶᠠᠷᠢᠯᠴᠠᠵᠤ ᠪᠠᠢᠭᠰᠠᠨ ᠭᠡᠨ᠎ᠡ᠃ ᠡᠨᠡ ᠨᠢ ᠬᠠᠷᠢᠨ ᠮᠠᠭᠤ ᠪᠢᠰᠢ ᠪᠠᠢᠭᠰᠠᠨ ᠶᠤᠮ ᠪᠠᠢᠨ᠎ᠠ᠃ ᠡᠨᠡ ᠮᠠᠶᠢᠭ ᠤ᠋ᠨ ᠴᠢᠯᠠᠭᠤ ᠶ᠋ᠢ《ᠪᠤᠴᠠᠯᠤᠮᠠᠯ ᠴᠢᠯᠠᠭᠤ》(方沸石᠂ ᠠᠨᠠᠯᠼᠢᠲ) ᠭᠡᠳᠡᠭ᠃ ᠰᠢᠪᠠᠷ ᠤ᠋ᠨ ᠴᠠᠢᠳᠠᠮ ᠤ᠋ᠨ ᠪᠠᠷᠠᠭᠤᠨ ᠥᠨᠳᠥᠷᠯᠢᠭ ᠰᠢᠯᠢ ᠳ᠋ᠦ᠍᠂ ᠣᠳᠣᠬᠠᠨ ᠳ᠋ᠤ᠌ ᠳᠡᠯᠡᠬᠡᠢ ᠳᠡᠭᠡᠷ᠎ᠡ ᠪᠤᠯᠠᠭᠳᠠᠴᠠ ᠪᠠᠷ ᠬᠠᠮᠤᠭ ᠤ᠋ᠨ ᠶᠡᠬᠡ ᠪᠤᠴᠠᠯᠤᠮᠠᠯ ᠴᠢᠯᠠᠭᠤ ᠶ᠋ᠢᠨ ᠬᠠᠳᠠᠭᠠᠯᠠᠭᠳᠠᠴᠠ ᠲᠠᠢ ᠪᠠᠢᠭ᠎ᠠ ᠶ᠋ᠢ ᠨᠢᠭᠡᠨᠲᠡ ᠬᠠᠢᠨ ᠪᠠᠢᠴᠠᠭᠠᠯᠲᠠ ᠪᠠᠷ ᠲᠣᠳᠣᠯᠠᠵᠠᠢ᠃ ᠡᠢᠮᠦ ᠨᠢᠭᠡᠨ ᠤᠯᠠᠭᠠᠨ ᠥᠩᠭᠡ ᠲᠡᠢ ᠪᠤᠴᠠᠯᠤᠮᠠᠯ ᠴᠢᠯᠠᠭᠤ ᠶ᠋ᠢᠨ ᠳᠣᠪᠣᠴᠠᠭ ᠳᠡᠭᠡᠷ᠎ᠡ ᠪᠠᠷᠢᠭᠰᠠᠨ ᠲᠤᠯᠠ《ᠤᠯᠠᠭᠠᠨᠲᠣᠯᠣᠭᠠᠢ ᠶ᠋ᠢᠨ ᠰᠦᠮ᠎ᠡ》 ᠭᠡᠵᠦ ᠨᠡᠷᠡᠢᠳᠦᠭᠰᠡᠨ ᠪᠠᠢᠵᠠᠢ᠃ ᠤᠯᠠᠭᠠᠨᠲᠣᠯᠣᠭᠠᠢ ᠶ᠋ᠢᠨ ᠰᠦᠮ᠎ᠡ ᠶ᠋ᠢ ᠲᠥᠪᠡᠳ ᠢ᠋ᠶ᠋ᠡᠷ ᠫᠣᠩᠰᠣᠭᠴᠣᠢᠯᠠᠩ ᠭᠡᠬᠦ ᠪᠥᠭᠡᠳ ᠣᠷᠳᠣᠰ ᠲᠣᠭᠠᠯᠠᠯ ᠤ᠋ᠨ ᠲᠠᠪᠤᠨ ᠰᠠᠷ᠎ᠠ ᠶ᠋ᠢᠨ ᠠᠷᠪᠠᠨ ᠲᠠᠪᠤᠨ ᠳ᠋ᠤ᠌ ᠴᠠᠮ ᠲᠠᠢ ᠪᠠᠢᠳᠠᠭ᠃
ᠰᠢᠨᠡᠯᠡᠮ᠎ᠡ ᠶ᠋ᠢᠨ ᠠᠷᠪᠠᠨ ᠬᠣᠶᠠᠳᠤᠭᠠᠷ ᠬᠣᠷᠢᠶᠠᠨ ᠤ᠋ ᠮᠣᠷᠢᠲᠤ ᠴᠡᠷᠢᠭ ᠦ᠋ᠨ ᠵᠠᠬᠢᠷᠭ᠎ᠠ ᠨᠢ ᠵᠠᠷᠢᠮ ᠦᠶ᠎ᠡ ᠳ᠋ᠦ᠍ ᠲᠤᠰ ᠰᠦᠮ᠎ᠡ ᠳ᠋ᠦ᠍ ᠰᠠᠭᠤᠵᠤ ᠦᠦᠰᠢᠨ ᠬᠤᠰᠢᠭᠤᠨ ᠤ᠋ ᠡᠮᠦᠨᠡᠲᠦ ᠬᠢᠵᠠᠭᠠᠷ ᠢ᠋ ᠰᠠᠬᠢᠨ ᠬᠠᠮᠠᠭᠠᠯᠠᠵᠤ ᠪᠠᠢᠵᠠᠢ᠃1928 ᠣᠨ ᠳ᠋ᠤ᠌ ᠲᠡᠮᠡᠭᠡᠲᠦ ᠶ᠋ᠢᠨ ᠵᠢᠩ ᠶᠤᠸᠠᠢ ᠰᠢᠦ ᠶ᠋ᠢᠨ ᠮᠣᠷᠢᠲᠤ ᠶᠠᠪᠠᠭᠠᠨ ᠬᠡᠳᠦᠨ ᠮᠢᠩᠭᠠᠨ ᠴᠡᠷᠢᠭ ᠲᠦ᠍ ᠰᠦᠮ᠎ᠡ ᠶ᠋ᠢᠨ ᠪᠤᠷᠬᠠᠨ ᠰᠢᠲᠦᠭᠡᠨ ᠣᠯᠠᠨ ᠵᠦᠢᠯ ᠦ᠋ᠨ ᠦᠨᠡᠲᠦ ᠡᠳ᠋ ᠡᠷᠳᠡᠨᠢᠰ ᠬᠣᠭᠣᠰᠣᠷᠠᠲᠠᠯ᠎ᠠ ᠪᠤᠯᠢᠶᠠᠭᠳᠠᠵᠤ᠂ ᠵᠥᠪᠬᠡᠨ ᠶᠡᠬᠡ ᠰᠦᠮ᠎ᠡ ᠨᠢ ᠪᠤᠷᠬᠠᠨ ᠵᠠᠪᠰᠠᠷᠯᠠᠭᠳᠠᠭᠰᠠᠨ ᠶᠤᠮ᠃
(ᠳᠥᠷᠪᠡ) ᠮᠠᠩᠬᠠᠲᠤ ᠶ᠋ᠢᠨ ᠰᠦᠮ᠎ᠡ
ᠮᠠᠩᠬᠠᠲᠤ ᠶ᠋ᠢᠨ ᠰᠦᠮ᠎ᠡ ᠪᠣᠯ ᠲᠩᠷᠢ ᠲᠡᠳᠬᠦᠭᠴᠢ ᠶ᠋ᠢᠨ ᠨᠠᠢ᠍ᠮᠠᠳᠤᠭᠠᠷ ᠣᠨ ᠳᠠᠷᠤᠢ1743 ᠣᠨ ᠤ᠋ ᠦᠶ᠎ᠡ ᠳ᠋ᠦ᠍ ᠦᠦᠰᠢᠨ ᠬᠤᠰᠢᠭᠤᠨ ᠤ᠋ ᠪᠠᠰᠤᠳ ᠬᠠᠷᠢᠶᠠᠨ ᠤ᠋ ᠪᠠᠭ᠎ᠠ ᠰᠤᠮᠤᠨ ᠤ᠋ ᠲᠠᠢᠵᠢ ᠪᠠᠯᠭᠠᠨ ᠤ᠋ ᠭᠡᠷ ᠦ᠋ᠨ ᠭᠠᠳᠠᠨ᠎ᠠ ᠪᠠᠨ ᠪᠠᠢᠭᠤᠯᠤᠭᠰᠠᠨ ᠬᠣᠶᠠᠷ ᠲᠠᠰᠤᠯᠭ᠎ᠠ ᠪᠤᠷᠬᠠᠨ ᠤ᠋ ᠭᠡᠷ ᠪᠠᠢᠵᠠᠢ᠃ ᠬᠣᠵᠢᠮ ᠨᠢ ᠣᠢᠷ᠎ᠠ ᠣᠷᠴᠢᠮ ᠤ᠋ᠨ ᠮᠠᠯᠴᠢᠨ ᠮᠣᠩᠭᠣᠯᠴᠤᠳ ᠪᠠᠯᠭᠠᠨ ᠤ᠋ ᠳ᠋ᠤ᠌ ᠢᠷᠡᠬᠦ ᠪᠣᠯᠭᠠᠨ᠂ ᠠᠮᠢᠨ ᠡᠵᠡᠨ ᠲᠠᠢᠵᠢ ᠬᠥᠮᠦᠨ ᠢ᠋ᠶ᠋ᠡᠨ ᠬᠦᠨᠳᠦᠳᠬᠡᠬᠦ ᠶ᠋ᠢᠨ ᠳᠠᠭᠠᠤ ᠤᠷᠢᠳ ᠢ᠋ᠶ᠋ᠠᠷ ᠪᠤᠷᠬᠠᠨ ᠤ᠋ ᠭᠡᠷ ᠲᠦ᠋ᠨᠢ ᠣᠷᠣᠵᠤ ᠵᠤᠯᠠ ᠰᠢᠲᠠᠭᠠᠵᠤ ᠬᠦᠵᠢ ᠡᠷᠭᠦᠭᠡᠳ ᠳᠠᠷᠠᠭ᠎ᠠ ᠨᠢ ᠲᠠᠢᠵᠢ ᠶ᠋ᠢᠨ ᠳ᠋ᠡᠭᠡᠨ ᠣᠷᠣᠵᠤ ᠠᠮᠤᠷ ᠮᠡᠨᠳᠦ ᠠᠰᠠᠭᠤᠳᠠᠭ ᠭᠡᠨ᠎ᠡ᠃ ᠡᠢᠮᠦ ᠡᠴᠡ ᠪᠠᠯᠭᠠᠨ ᠲᠠᠢᠵᠢ ᠴᠤ᠌ ᠪᠠᠶᠠᠷᠯᠠᠵᠤ᠂ ᠪᠤᠷᠬᠠᠨ᠂ ᠨᠣᠮ᠂ ᠲᠠᠬᠢᠯ ᠴᠤᠳᠪᠠ ᠪᠠᠨ ᠨᠡᠮᠡᠭᠳᠡᠭᠦᠯᠵᠦ ᠪᠠᠢᠭᠰᠠᠭᠠᠷ ᠭᠡᠷ ᠲᠦ᠋ᠨᠢ ᠪᠠᠭᠲᠠᠬᠤ ᠦᠭᠡᠢ ᠪᠣᠯᠴᠢᠬᠠᠵᠠᠢ᠃ ᠢᠩᠭᠢᠭᠡᠳ ᠬᠣᠵᠢᠮ ᠨᠢ ᠬᠣᠷᠢᠨ ᠲᠠᠪᠤᠨ ᠲᠠᠰᠤᠯᠭ᠎ᠠ ᠬᠣᠶᠠᠷ ᠳᠠᠪᠬᠤᠷ ᠲᠠᠢ ᠰᠦᠮ᠎ᠡ ᠶ᠋ᠢ ᠪᠠᠢᠭᠤᠯᠵᠤ ᠪᠠᠰᠠ ᠴᠣᠢᠵᠣᠩ ᠳᠣᠭᠰᠢᠳ ᠤ᠋ᠨ ᠰᠦᠮ᠎ᠡ ᠳᠥᠷᠪᠡ ᠶ᠋ᠢ ᠪᠠᠷᠢᠵᠠᠢ᠃ ᠬᠥᠮᠦᠰ ᠲᠡᠭᠦᠨ ᠢ᠋《ᠮᠠᠩᠬᠠᠲᠤ ᠶ᠋ᠢᠨ ᠰᠦᠮ᠎ᠡ》 ᠭᠡᠵᠦ ᠨᠡᠷᠡᠯᠡᠬᠦ ᠪᠣᠯᠵᠤ᠂ ᠡᠨᠡ ᠨᠢ ᠨᠡᠯᠢᠶᠡᠳ ᠬᠣᠵᠢᠭᠤ ᠶ᠋ᠢᠨ ᠦᠶ᠎ᠡ ᠪᠣᠯᠤᠯᠲᠠᠢ᠃
ᠲᠤᠰ ᠰᠦᠮ᠎ᠡ ᠶ᠋ᠢᠨ ᠲᠥᠪᠡᠳ ᠨᠡᠷ᠎ᠡ ᠨᠢ ᠨᠡᠢᠲᠡᠨᠭᠦᠨᠪᠢᠯᠢᠭ ᠬᠡᠢᠳ ᠭᠡᠬᠦ ᠪᠥᠭᠡᠳ ᠣᠷᠳᠣᠰ ᠲᠣᠭᠠᠯᠠᠯ ᠤ᠋ᠨ ᠵᠢᠯ ᠪᠦᠷᠢ ᠶ᠋ᠢᠨ ᠲᠠᠪᠤᠨ ᠰᠠᠷ᠎ᠠ ᠶ᠋ᠢᠨ ᠠᠷᠪᠠᠨ ᠲᠠᠪᠤᠨ ᠳ᠋ᠤ᠌ ᠴᠠᠮ ᠲᠠᠢ᠂ ᠴᠠᠭᠠᠨ ᠰᠠᠷ᠎ᠠ ᠶ᠋ᠢᠨ ᠠᠷᠪᠠᠨ ᠲᠠᠪᠤᠨ ᠳ᠋ᠤ᠌ ᠳᠣᠲᠣᠷ᠎ᠠ ᠶ᠋ᠢᠨ ᠴᠠᠮ ᠲᠠᠢ᠃ ᠰᠦᠮ᠎ᠡ ᠶ᠋ᠢᠨ ᠵᠡᠭᠦᠨ ᠬᠣᠢᠲᠤ ᠭᠤᠷᠪᠠᠨ ᠤ᠋ ᠭᠠᠵᠠᠷ ᠤ᠋ᠨ ᠠᠯᠤᠰ ᠲᠤ᠌ ᠲᠦᠭᠦᠬᠡᠢ ᠬᠤᠵᠢᠷ ᠤ᠋ᠨ ᠠᠭᠤᠯᠤᠭᠳᠠᠴᠠ ᠪᠠᠷ ᠪᠠᠭ᠎ᠠ᠂ ᠪᠠᠢᠭᠠᠯᠢ ᠶ᠋ᠢᠨ ᠴᠡᠪᠡᠷ ᠳᠠᠪᠤᠰᠤᠨ ᠤ᠋ ᠨᠠᠭᠤᠷ《ᠮᠠᠩᠬᠠᠲᠤ ᠶ᠋ᠢᠨ ᠨᠠᠭᠤᠷ》 ᠪᠠᠢᠳᠠᠭ ᠲᠤᠯᠠ ᠮᠠᠩᠬᠠᠲᠤ ᠶ᠋ᠢᠨ ᠰᠦᠮ᠎ᠡ ᠨᠢ ᠬᠣᠯᠠ ᠣᠢᠷ᠎ᠠ ᠳ᠋ᠤ᠌ ᠶᠡᠬᠡ ᠨᠡᠷ᠎ᠡ ᠠᠯᠳᠠᠷ ᠲᠠᠢ ᠪᠠᠢᠳᠠᠭ᠃
ᠮᠠᠩᠬᠠᠲᠤ ᠶ᠋ᠢᠨ ᠰᠦᠮ᠎ᠡ ᠨᠢ ᠪᠠᠨᠳᠢᠳᠠ ᠯᠠᠮᠠ ᠳᠠᠪᠠᠽᠠᠩᠪᠤ ᠶ᠋ᠢᠨ ᠦᠶ᠎ᠡ ᠳ᠋ᠦ᠍ᠷ ᠶᠡᠬᠡ ᠬᠥᠭᠵᠢᠵᠡᠢ᠃ ᠲᠡᠷᠡ ᠦᠶ᠎ᠡ ᠳ᠋ᠦ᠍ ᠰᠦᠮ᠎ᠡ ᠡᠴᠡ ᠭᠠᠳᠠᠭᠰᠢ ᠳᠥᠷᠪᠡᠨ ᠵᠦᠭ ᠲᠦ᠍ ᠲᠤᠰ ᠪᠦᠷᠢ ᠠᠷᠪᠠᠨ ᠭᠠᠵᠠᠷ ᠤ᠋ᠨ ᠬᠠᠷ᠎ᠠ ᠬᠣᠷᠢᠭᠤᠯ ᠤ᠋ᠨ ᠭᠠᠵᠠᠷ ᠲᠠᠢ ᠪᠥᠭᠡᠳ ᠡᠨᠡ ᠨᠢ ᠴᠢᠭᠤᠯᠭᠠᠨ ᠪᠠ ᠬᠣᠰᠢᠭᠤ ᠵᠠᠰᠠᠭ ᠤ᠋ᠨ ᠲᠠᠮᠠᠭ᠎ᠠ ᠲᠠᠢ ᠠᠯᠪᠠᠨ ᠪᠢᠴᠢᠭ ᠢ᠋ᠶ᠋ᠡᠷ ᠲᠣᠭᠲᠠᠭᠠᠭᠳᠠᠭᠰᠠᠨ ᠳᠦᠷᠢᠮ ᠵᠠᠷᠴᠢᠮ ᠲᠠᠢ᠂ ᠡᠨᠡ ᠬᠦ᠌ ᠬᠣᠷᠢᠭᠤᠯ ᠤ᠋ᠨ ᠭᠠᠵᠠᠷ ᠲᠤ᠌ ᠠᠢᠯ ᠡᠷᠦᠬᠡ ᠰᠠᠭᠤᠬᠤ ᠪᠤᠶᠤ ᠠᠪᠠ ᠬᠣᠮᠣᠷᠭ᠎ᠠ ᠬᠢᠵᠦ ᠠᠲᠠᠷ ᠬᠠᠭᠠᠯᠪᠤᠷᠢᠯᠠᠨ ᠲᠠᠷᠢᠶ᠎ᠠ ᠲᠠᠷᠢᠵᠤ ᠪᠣᠯᠳᠠᠭ ᠦᠭᠡᠢ ᠳᠦᠷᠢᠮ ᠲᠣᠭᠲᠠᠭᠠᠯ ᠲᠠᠢ᠃ ᠡᠭᠦᠨ ᠡᠴᠡ ᠵᠠᠷᠢᠮ ᠢ᠋ ᠨᠢ ᠰᠡᠢᠷᠡᠭᠦᠯᠪᠡᠯ᠄
ᠠᠷᠢᠭᠤᠨ ᠣᠷᠣᠨ ᠮᠠᠩᠬᠠᠲᠤ ᠶ᠋ᠢᠨ ᠰᠦᠮ᠎ᠡ ᠶ᠋ᠢᠨ ᠠᠯᠲᠠᠨ ᠬᠣᠷᠢᠭᠤᠯ ᠳ᠋ᠤ᠌
ᠠᠢᠯ ᠰᠠᠭᠤᠵᠤ ᠡᠷᠦᠬᠡ ᠪᠤᠰᠬᠠᠵᠤ ᠪᠣᠯᠬᠤ ᠦᠭᠡᠢ᠂
ᠠᠪᠠ ᠬᠣᠮᠣᠷᠭ᠎ᠠ ᠥᠭᠡᠰᠢ ᠲᠠᠯᠪᠢᠨ ᠠᠩ ᠬᠢᠬᠦ ᠪᠠ
ᠠᠮᠢᠨ ᠢ᠋ ᠲᠠᠰᠤᠯᠵᠤ ᠬᠢᠯᠢᠨᠴᠡ ᠬᠢᠬᠦ ᠶ᠋ᠢ ᠶᠡᠷᠦ ᠦᠢᠯᠡᠳᠬᠦ ᠦᠭᠡᠢ᠂
ᠠᠨᠵᠢᠰᠤ ᠬᠥᠳᠡᠯᠭᠡᠨ ᠠᠲᠠᠷ ᠬᠠᠭᠠᠯᠵᠤ ᠭᠠᠵᠠᠷ ᠬᠥᠨᠳᠡᠪᠡᠯ
ᠠᠯᠪᠠᠨ ᠵᠠᠰᠠᠭ ᠤ᠋ᠨ ᠳᠦᠷᠢᠮ ᠬᠠᠤᠯᠢ ᠪᠠᠷ ᠴᠢᠩᠭ᠎ᠠ ᠰᠢᠢᠳᠬᠡᠨ᠎ᠡ
ᠭᠡᠬᠦ ᠵᠡᠷᠭᠡ ᠪᠡᠷ ᠪᠢᠴᠢᠵᠦ ᠪᠣᠢ᠃
ᠥᠯᠵᠡᠢᠵᠢᠷᠭᠠᠯ(ᠰᠢᠨᠠᠯᠠᠮ᠎ᠠ) ᠬᠡᠪᠲᠦ ᠶᠣᠰᠣᠨ ᠤ᠋ ᠦᠶ᠎ᠡ ᠪᠡᠷ ᠵᠠᠯᠭᠠᠭ᠎ᠠ ᠶ᠋ᠢᠨ ᠴᠠᠢᠳᠠᠮ ᠠ᠋ᠴᠠ ᠮᠠᠩᠬᠠᠲᠤ ᠶ᠋ᠢᠨ ᠰᠦᠮ᠎ᠡ ᠣᠷᠴᠢᠮ ᠨᠡᠭᠦᠳᠡᠯᠯᠡᠨ ᠢᠷᠡᠵᠦ ᠪᠤᠷᠭᠠᠰᠤᠨ ᠥᠪᠥᠩ ᠪᠠᠷᠢᠵᠤ ᠰᠠᠭᠤᠵᠤ᠂ ᠦᠶ᠎ᠡ ᠶ᠋ᠢᠨ ᠳᠡᠭᠦᠦ ᠰᠣᠳᠨᠠᠮᠷᠠᠰᠢ ᠨᠢ ᠲᠤᠰ ᠰᠦᠮ᠎ᠡ ᠶ᠋ᠢᠨ ᠱᠠᠪᠢ ᠯᠠᠮᠠ ᠪᠣᠯᠵᠤ ᠨᠣᠮ ᠪᠢᠰᠢᠯᠭᠠᠭᠰᠠᠨ ᠪᠠᠢᠨ᠎ᠠ᠃
ᠰᠡᠭᠦᠯᠡᠷ ᠨᠢ ᠰᠢᠨᠠᠯᠠᠮ᠎ᠠ ᠶ᠋ᠢᠨ ᠠᠷᠪᠠᠨ ᠬᠣᠶᠠᠳᠤᠭᠠᠷ ᠬᠣᠷᠢᠶᠠᠨ ᠤ᠋ ᠮᠣᠷᠢᠲᠤ ᠴᠡᠷᠢᠭ ᠦ᠋ᠨ ᠵᠠᠬᠢᠷᠭ᠎ᠠ ᠵᠠᠷᠢᠮ ᠦᠶ᠎ᠡ ᠳ᠋ᠦ᠍ ᠮᠠᠩᠬᠠᠲᠤ ᠶ᠋ᠢᠨ ᠰᠦᠮ᠎ᠡ ᠳᠡᠭᠡᠷ᠎ᠡ ᠰᠠᠭᠤᠵᠤ᠂ ᠣᠯᠠᠨ ᠤᠳᠠᠭ᠎ᠠ ᠮᠣᠷᠢᠲᠤ ᠴᠡᠷᠢᠭ ᠦ᠋ᠨ ᠪᠣᠯᠪᠠᠰᠤᠷᠠᠯ ᠰᠤᠷᠭᠠᠭᠤᠯᠢᠯᠠᠯ ᠢ᠋ ᠬᠢᠵᠦ ᠴᠡᠷᠢᠭ ᠲᠡᠢᠨ ᠦ᠌ ᠮᠡᠷᠭᠡᠵᠢᠯ ᠮᠡᠳᠡᠯᠭᠡ ᠪᠡᠨ ᠳᠡᠭᠡᠭᠰᠢᠯᠡᠭᠦᠯᠵᠦ ᠶᠠᠪᠤᠭᠰᠠᠨ ᠲᠡᠦᠬᠡ ᠲᠡᠢ᠃ ᠲᠤᠬᠠᠢ ᠶ᠋ᠢᠨ ᠦᠶ᠎ᠡ ᠳ᠋ᠦ᠍ ᠮᠠᠩᠬᠠᠲᠤ ᠨᠠᠭᠤᠷ ᠤ᠋ᠨ ᠳᠠᠪᠤᠰᠤ ᠶ᠋ᠢ ᠴᠡᠷᠢᠭ ᠢ᠋ᠶ᠋ᠡᠷ ᠬᠠᠮᠢᠶᠠᠷᠴᠤ ᠴᠡᠷᠢᠭ ᠲᠡᠢᠨ ᠪᠣᠯᠤᠨ ᠠᠮᠢᠳᠤᠷᠠᠯ ᠤ᠋ᠨ ᠵᠠᠷᠤᠳᠠᠯ ᠤ᠋ᠨ ᠵᠠᠷᠢᠮ ᠬᠡᠰᠡᠭ ᠢ᠋ᠶ᠋ᠡᠨ ᠳᠠᠪᠤᠰᠤᠨ ᠤ᠋ ᠣᠷᠣᠯᠭ᠎ᠠ ᠪᠠᠷ ᠰᠢᠢᠳᠪᠦᠷᠢᠯᠡᠵᠦ ᠪᠠᠢᠵᠠᠢ᠃
(ᠲᠠᠪᠤ) ᠦᠦᠰᠢᠨᠵᠤᠤ ᠶ᠋ᠢᠨ ᠰᠦᠮ᠎ᠡ
ᠦᠦᠰᠢᠨ ᠬᠤᠰᠢᠭᠤᠨ ᠤ᠋ ᠦᠦᠰᠢᠨᠵᠤᠤ ᠨᠢ ᠤᠮᠠᠷᠠᠲᠤ ᠶᠤᠸᠠᠨ ᠤᠯᠤᠰ ᠤ᠋ᠨ ᠠᠯᠲᠠᠨ ᠬᠠᠭᠠᠨ ᠤ᠋ ᠦᠶ᠎ᠡ ᠳ᠋ᠦ᠍ ᠦᠦᠰᠢᠨ ᠬᠤᠰᠢᠭᠤᠨ ᠤ᠋ ᠴᠠᠭᠠᠨᠨᠠᠭᠤᠷ ᠤ᠋ᠨ ᠪᠠᠷᠠᠭᠤᠨ ᠡᠮᠦᠨᠡᠬᠢ ᠪᠠᠯᠠᠷ ᠡᠷᠲᠡᠨ ᠦ᠌ ᠣᠢ ᠰᠢᠭᠤᠢ ᠲᠠᠢ ᠶᠡᠬᠡ ᠪᠠᠯᠠᠷ ᠤ᠋ᠨ ᠳᠤᠮᠳᠠᠬᠢ ᠱᠠᠨᠳᠠ ᠶ᠋ᠢᠨ ᠪᠣᠷᠣᠲᠣᠯᠣᠭᠠᠢ ᠳ᠋ᠤ᠌ ᠪᠤᠶᠠᠨᠲᠤ ᠬᠡᠮᠡᠭᠴᠢ ᠬᠥᠮᠦᠨ ᠬᠠᠮᠤᠭ ᠠᠩᠬ᠎ᠠ ᠤᠰᠤᠨ ᠬᠤᠷᠠᠯ ᠤ᠋ᠨ ᠰᠦᠮ᠎ᠡ ᠪᠠᠢᠭᠤᠯᠵᠤ ᠨᠣᠮ ᠬᠤᠷᠠᠯ ᠢ᠋ ᠡᠬᠢᠯᠡᠭᠦᠯᠦᠭᠰᠡᠨ ᠡᠴᠡ ᠬᠣᠢᠰᠢ ᠠᠨᠳᠤᠤ ᠲᠥᠪᠡᠳ ᠦ᠋ᠨ ᠣᠷᠣᠨ ᠠ᠋ᠴᠠ ᠰᠠᠭᠠᠲᠠᠭᠰᠠᠨ ᠨᠠᠩᠰᠤ ᠭᠡᠭᠴᠢ ᠯᠠᠮᠠ ᠡᠨᠡ ᠬᠦ᠌ ᠤᠰᠤᠨ ᠬᠤᠷᠠᠯ ᠤ᠋ᠨ ᠰᠦᠮ᠎ᠡ ᠶ᠋ᠢᠨ ᠰᠠᠭᠤᠷᠢᠨ ᠳᠡᠭᠡᠷ᠎ᠡ ᠭᠤᠷᠪᠠᠨ ᠲᠠᠰᠤᠯᠭ᠎ᠠ ᠷᠠᠰᠢᠷᠠᠪᠵᠠᠢᠯᠠᠩ(ᠳᠡᠭᠡᠳᠦ ᠰᠦᠮ᠎ᠡ) ᠬᠡᠢᠳ ᠢ᠋ ᠪᠠᠢᠭᠤᠯᠪᠠ᠃ ᠲᠡᠷᠡ ᠦᠶ᠎ᠡ ᠡᠴᠡ《ᠭᠡᠯᠦᠩ ᠨᠠᠩᠰᠤ ᠶ᠋ᠢᠨ ᠰᠦᠮ᠎ᠡ》 ᠭᠡᠵᠦ ᠠᠯᠳᠠᠷᠰᠢᠭᠰᠠᠨ ᠪᠥᠭᠡᠳ ᠬᠦᠵᠢᠰ ᠦ᠋ᠨ ᠤᠲᠤᠭ᠎ᠠ ᠥᠳᠬᠡᠷᠡᠵᠦ ᠵᠤᠯᠠ ᠶ᠋ᠢᠨ ᠭᠡᠷᠡᠯ ᠪᠠᠳᠠᠷᠠᠨ ᠨᠣᠮ ᠤ᠋ᠨ ᠳᠠᠭᠤᠨ ᠴᠤᠤᠷᠢᠶᠠᠲᠤᠭᠰᠠᠨ ᠪᠠᠢᠨ᠎ᠠ᠃
ᠮᠠᠨᠵᠤ ᠴᠢᠩ ᠦ᠋ᠨ ᠡᠩᠬᠡ ᠠᠮᠤᠭᠤᠯᠠᠩ ᠬᠠᠭᠠᠨ ᠤ᠋ ᠲᠠᠪᠢᠨ ᠬᠣᠶᠠᠳᠤᠭᠠᠷ ᠣᠨ ᠳᠠᠷᠤᠢ1713 ᠣᠨ ᠳ᠋ᠤ᠌ ᠴᠢᠩ ᠦ᠋ᠨ ᠲᠥᠷᠥ ᠡᠴᠡ ᠵᠠᠷᠯᠢᠭ ᠢ᠋ᠶ᠋ᠠᠷ ᠵᠢᠩᠬᠢᠨᠢ ᠢᠯᠡᠳᠬᠡᠯ ᠢᠯᠡᠷᠬᠡᠢᠯᠡᠯ ᠣᠯᠭᠣᠵᠤ ᠳᠡᠭᠴᠢᠨᠳᠠᠮᠤᠴᠣᠢᠭᠠᠯᠰᠠᠯᠯᠢᠩ ᠬᠡᠢᠳ(ᠵᠠᠷᠯᠢᠭ ᠢ᠋ᠶ᠋ᠠᠷ ᠰᠣᠶᠣᠷᠬᠠᠭᠰᠠᠨ ᠭᠠᠨᠵᠤᠤᠷ ᠨᠣᠮ ᠤ᠋ᠨ ᠬᠡᠢᠳ ᠭᠡᠰᠡᠨ ᠤᠳᠬ᠎ᠠ ᠲᠠᠢ) ᠭᠡᠵᠦ ᠨᠡᠷᠡᠢᠳᠦᠭᠰᠡᠨ ᠡᠴᠡ ᠦᠦᠰᠢᠨ ᠬᠠᠷᠢᠶᠠᠨ ᠠ᠋ᠴᠠ ᠡᠵᠡᠨ ᠮᠡᠳᠡᠵᠦ ᠰᠦᠮ᠎ᠡ ᠶ᠋ᠢᠨ ᠵᠠᠶᠠᠭ ᠵᠠᠷᠴᠢᠮ ᠢ᠋ ᠭᠦᠢᠴᠡᠳᠬᠡᠨ ᠬᠡᠳᠦᠨ ᠦᠶ᠎ᠡ ᠶ᠋ᠢᠨ ᠬᠣᠰᠢᠭᠤ ᠸᠠᠩ ᠨᠣᠶᠠᠳ ᠤ᠋ᠨ ᠬᠦᠴᠦᠲᠦ ᠳᠡᠮᠵᠢᠯᠭᠡ ᠪᠠ ᠥᠷᠭᠡᠨ ᠣᠯᠠᠨ ᠥᠭᠯᠢᠭᠡ ᠶ᠋ᠢᠨ ᠡᠵᠡᠳ ᠦ᠋ᠨ ᠴᠢᠩ ᠦᠨᠡᠨ ᠰᠦᠰᠦᠭ ᠪᠢᠰᠢᠷᠡᠯ ᠢ᠋ᠶ᠋ᠡᠷ ᠰᠦᠮ᠎ᠡ ᠶ᠋ᠢᠨ ᠪᠠᠷᠢᠯᠭ᠎ᠠ ᠪᠣᠯᠤᠨ ᠰᠣᠶᠣᠯ ᠨᠢ ᠶᠡᠬᠡ ᠪᠡᠷ ᠥᠷᠭᠡᠴᠡ ᠬᠥᠭᠵᠢᠪᠡ᠃
ᠦᠦᠰᠢᠨ ᠬᠤᠰᠢᠭᠤᠨ ᠤ᠋ ᠵᠠᠰᠠᠭ ᠪᠡᠢᠰᠡ ᠷᠠᠰᠢᠰᠡᠷᠡᠩ ᠦ᠋ᠨ ᠦᠶ᠎ᠡ ᠳ᠋ᠦ᠍(1734~1773 ᠣᠨ) ᠭᠤᠴᠢᠨ ᠲᠠᠰᠤᠯᠭ᠎ᠠ ᠬᠣᠶᠠᠷ ᠳᠠᠪᠬᠤᠷ ᠰᠤᠭᠴᠢᠨ ᠰᠦᠮ᠎ᠡ ᠶ᠋ᠢ ᠪᠠᠢᠭᠤᠯᠵᠤ᠂ ᠲᠩᠷᠢ ᠲᠡᠳᠬᠦᠭᠴᠢ ᠶ᠋ᠢᠨ ᠳᠥᠴᠢᠨ ᠬᠣᠶᠠᠳᠤᠭᠠᠷ ᠣᠨ ᠳ᠋ᠤ᠌ ᠽᠠᠨᠢᠳ ᠷᠠᠰᠠᠩ ᠢ᠋ ᠪᠠᠢᠭᠤᠯᠵᠠᠢ᠃
ᠬᠥᠬᠡ ᠪᠢᠴᠢᠨ ᠵᠢᠯ ᠳᠠᠷᠤᠢ1884 ᠣᠨ ᠳ᠋ᠤ᠌ ᠰᠢᠷ᠎ᠠ ᠬᠠᠷ᠎ᠠ ᠥᠭᠯᠢᠭᠡ ᠶ᠋ᠢᠨ ᠡᠵᠡᠳ ᠬᠠᠮᠲᠤᠷᠠᠵᠤ ᠳᠡᠯᠡᠬᠡᠢ ᠶ᠋ᠢᠨ ᠠᠯᠳᠠᠷᠲᠤ ᠰᠣᠶᠣᠯ ᠤ᠋ᠨ ᠲᠣᠮᠣ ᠪᠦᠲᠦᠭᠡᠯ ᠪᠣᠯᠬᠤ《ᠭᠠᠨᠵᠤᠤᠷ》《ᠳ᠋ᠠᠨᠵᠤᠤᠷ》 ᠨᠣᠮ ᠢ᠋ ᠲᠥᠪᠡᠳ ᠦ᠋ᠨ ᠣᠷᠣᠨ ᠠ᠋ᠴᠠ ᠦᠦᠰᠢᠨᠵᠣᠣ ᠳ᠋ᠤ᠌ ᠵᠠᠯᠠᠵᠤ ᠠᠪᠴᠢᠷᠠᠨ ᠲᠠᠯᠪᠢᠵᠠᠢ᠃
ᠪᠦᠷᠢᠨᠲᠦ ᠵᠠᠰᠠᠭᠴᠢ ᠶ᠋ᠢᠨ ᠨᠠᠢ᠍ᠮᠠᠳᠤᠭᠠᠷ ᠣᠨ ᠳᠠᠷᠤᠢ1869 ᠣᠨ ᠳ᠋ᠤ᠌ ᠬᠣᠲᠣᠩ ᠤ᠋ᠨ ᠮᠠ᠋ ᠬᠤᠸᠠ ᠯᠦᠩ ᠦ᠋ᠨ ᠮᠠᠭᠤ ᠬᠤᠯᠠᠭᠠᠢ(ᠳᠡᠭᠡᠷᠡᠮ ᠦ᠋ᠨ ᠴᠡᠷᠢᠭ) ᠲᠦ᠍ ᠽᠠᠨᠢᠳ ᠷᠠᠰᠠᠩ ᠡᠪᠳᠡᠯᠡᠭᠳᠡᠵᠡᠢ᠃
ᠪᠠᠳᠠᠷᠠᠭᠤᠯᠲᠤ ᠲᠥᠷᠥ ᠶ᠋ᠢᠨ ᠠᠷᠪᠠᠨ ᠨᠢᠭᠡᠳᠦᠭᠡᠷ ᠣᠨ ᠳᠠᠷᠤᠢ1885 ᠣᠨ ᠳ᠋ᠤ᠌ ᠥᠭᠯᠢᠭᠡ ᠶ᠋ᠢᠨ ᠡᠵᠡᠨ ᠰᠡᠸᠠᠩᠳᠣᠷᠵᠢ ᠽᠠᠨᠢᠳ ᠷᠠᠰᠠᠩ ᠢ᠋ ᠳᠠᠬᠢᠨ ᠪᠠᠢᠭᠤᠯᠬᠤ ᠪᠠᠷ ᠡᠷᠭᠦᠯᠲᠡ ᠳᠡᠪᠰᠢᠭᠦᠯᠵᠦ ᠨᠢᠭᠡ ᠲᠦᠮᠡᠨ ᠭᠠᠤᠯᠢᠨ ᠵᠣᠭᠣᠰ ᠡᠷᠭᠦᠪᠡ᠃ ᠰᠡᠭᠦᠯᠡᠷ ᠰᠢᠷ᠎ᠠ ᠬᠠᠷ᠎ᠠ ᠥᠭᠯᠢᠭᠡ ᠶ᠋ᠢᠨ ᠡᠵᠡᠳ ᠦ᠋ᠨ ᠴᠢᠷᠮᠠᠢᠯᠭ᠎ᠠ ᠪᠠᠷ ᠭᠤᠷᠪᠠᠨ ᠲᠦᠮᠡ ᠢᠯᠡᠭᠦᠦ ᠮᠥᠩᠭᠥᠨ ᠵᠣᠭᠣᠰ ᠵᠠᠷᠤᠴᠠᠭᠤᠯᠵᠤ ᠣᠷᠴᠢᠨ ᠦᠶ᠎ᠡ ᠶ᠋ᠢᠨ ᠲᠡᠦᠬᠡᠨ ᠳ᠋ᠦ᠍ ᠪᠠᠷᠢᠯᠭ᠎ᠠ ᠶ᠋ᠢᠨ ᠭᠡᠷᠡᠯ ᠭᠢᠯᠪᠠᠭ᠎ᠠ ᠶ᠋ᠢ ᠰᠠᠴᠤᠷᠠᠭᠤᠯᠤᠭᠰᠠᠨ ᠬᠣᠶᠠᠷ ᠳᠠᠪᠬᠤᠷ ᠳᠥᠴᠢ ᠶᠢᠰᠦᠨ ᠲᠠᠰᠤᠯᠭ᠎ᠠ ᠽᠠᠨᠢᠳ ᠷᠠᠰᠠᠩ ᠤ᠋ᠨ ᠰᠦᠮ᠎ᠡ ᠶ᠋ᠢ1888 ᠣᠨ ᠳ᠋ᠤ᠌ ᠪᠠᠢᠭᠤᠯᠵᠤ ᠲᠡᠭᠦᠰᠬᠡᠵᠡᠢ᠃
ᠦᠦᠰᠢᠨᠵᠤᠤ ᠪᠣᠯ ᠦᠦᠰᠢᠨ ᠬᠤᠰᠢᠭᠤᠨ ᠤ᠋ ᠬᠠᠮᠤᠭ ᠤ᠋ᠨ ᠶᠡᠬᠡ ᠵᠣᠣ ᠰᠦᠮ᠎ᠡ ᠪᠣᠯᠵᠤ᠂ ᠭᠠᠳᠠᠨ᠎ᠠ ᠪᠠᠨ ᠠᠷᠪᠠᠨ ᠨᠠᠢ᠍ᠮᠠᠨ ᠬᠡᠢᠳ ᠰᠦᠮ᠎ᠡ ᠶ᠋ᠢ ᠬᠠᠮᠢᠶᠠᠷᠴᠤ᠂ ᠳᠣᠲᠣᠷ᠎ᠠ ᠪᠠᠨ ᠬᠣᠷᠢᠨ ᠳᠥᠷᠪᠡᠨ ᠰᠦᠮ᠎ᠡ ᠶ᠋ᠢ ᠬᠠᠮᠢᠶᠠᠷᠴᠤ ᠮᠢᠩᠭ᠎ᠠ ᠭᠠᠷᠤᠢ ᠯᠠᠮᠠ ᠱᠠᠪᠢ ᠨᠠᠷ ᠲᠠᠢ ᠶᠡᠬᠡ ᠬᠥᠭᠵᠢᠭᠰᠡᠨ ᠵᠣᠣ ᠰᠦᠮ᠎ᠡ ᠪᠣᠯᠴᠢᠬᠠᠵᠠᠢ᠃
ᠢᠷᠭᠡᠨ ᠤᠯᠤᠰ ᠤ᠋ᠨ ᠵᠠᠰᠠᠭ ᠤ᠋ᠨ ᠭᠠᠵᠠᠷ ᠤ᠋ᠨ ᠭᠡᠰᠢᠭᠦᠨ᠂ ᠪᠠᠷᠠᠭᠤᠨ ᠬᠢᠵᠠᠭᠠᠷ ᠤ᠋ᠨ ᠰᠣᠶᠣᠯ ᠢ᠋ ᠳᠡᠯᠭᠡᠷᠡᠭᠦᠯᠬᠦ ᠲᠦᠰᠢᠮᠡᠯ᠂ ᠶᠢᠰᠦᠳᠦᠭᠡᠷ ᠳᠦᠷᠢ ᠶ᠋ᠢᠨ ᠪᠠᠨᠴᠢᠨ ᠪᠣᠭᠳᠠ ᠴᠣᠢᠵᠢᠨᠢᠮᠠ ᠢᠷᠭᠡᠨ ᠤᠯᠤᠰ ᠤ᠋ᠨ ᠬᠣᠷᠢᠨ ᠭᠤᠷᠪᠠᠳᠤᠭᠠᠷ ᠣᠨ ᠳᠠᠷᠤᠢ1934 ᠣᠨ ᠤ᠋ ᠨᠠᠮᠤᠷ ᠶᠡᠬᠡ ᠵᠣᠣ ᠶ᠋ᠢᠨ ᠴᠢᠭᠤᠯᠭᠠᠨ ᠤ᠋ ᠳᠠ ᠨᠣᠶᠠᠨ ᠬᠠᠩᠭᠢᠨ ᠸᠠᠩ ᠠᠯᠲᠠᠠᠧᠴᠢᠷ ᠦ᠋ᠨ ᠤᠷᠢᠯᠭ᠎ᠠ ᠪᠠᠷ ᠬᠠᠩᠭᠢᠨ ᠬᠤᠰᠢᠭᠤᠨ ᠤ᠋ ᠸᠠᠩ ᠤ᠋ᠨ ᠣᠷᠳᠣᠨ ᠳ᠋ᠤ᠌ ᠰᠠᠭᠠᠲᠠᠵᠤ᠂ ᠶᠡᠬᠡ ᠵᠣᠣ ᠶ᠋ᠢᠨ ᠡᠯ᠎ᠡ ᠬᠤᠰᠢᠭᠤᠨ ᠤ᠋ ᠨᠣᠶᠠᠳ ᠲᠦᠰᠢᠮᠡᠳ᠂ ᠴᠡᠷᠢᠭ ᠠᠷᠠᠳ ᠲᠤ᠌ ᠮᠥᠷᠭᠥᠯ ᠲᠠᠯᠪᠢᠨ ᠮᠣᠳᠣᠷ ᠤ᠋ᠨ ᠠᠪᠢᠰᠢᠭ᠌ ᠬᠦᠷᠲᠡᠭᠡᠵᠦ ᠨᠣᠮ ᠠᠢᠯᠠᠳᠴᠠᠢ᠃ ᠡᠨᠡ ᠤᠳᠠᠭ᠎ᠠ ᠪᠠᠨᠴᠢᠨ ᠪᠣᠭᠳᠠ ᠦᠦᠰᠢᠨ ᠬᠤᠰᠢᠭᠤᠨ ᠤ᠋ ᠪᠡᠢᠯᠡ ᠨᠣᠶᠠᠨ ᠲᠡᠭᠦᠰᠠᠠᠮᠤᠭᠤᠯᠠᠩ᠂ ᠦᠦᠰᠢᠨ ᠬᠤᠰᠢᠭᠤᠨ ᠤ᠋ ᠴᠠᠭᠳᠠᠨ ᠰᠡᠷᠭᠡᠢᠯᠡᠬᠦ ᠮᠣᠷᠢᠲᠤ ᠴᠡᠷᠢᠭ ᠦ᠋ᠨ ᠬᠣᠷᠢᠶᠠᠨ ᠳᠠᠷᠤᠭ᠎ᠠ ᠮᠥᠩᠬᠡᠥ᠌ᠯᠵᠡᠢ ᠨᠠᠷ ᠲᠤ᠌᠄《ᠲᠠᠨ ᠤ᠋ ᠦᠦᠰᠢᠨ ᠬᠣᠰᠢᠭᠤ ᠴᠢᠳᠠᠪᠠᠯ ᠨᠢᠭᠡ ᠵᠢᠷᠦᠩ ᠺᠠᠱᠤᠸᠠᠷ ᠤ᠋ᠨ ᠶᠡᠬᠡ ᠰᠤᠪᠤᠷᠭ᠎ᠠ ᠶ᠋ᠢ ᠪᠤᠰᠬᠠᠴᠢᠬᠠᠪᠠᠯ ᠶᠡᠬᠡ ᠰᠠᠢᠨ ᠪᠠᠢᠨ᠎ᠠ᠁》 ᠭᠡᠵᠦ ᠠᠢᠯᠠᠳᠤᠨ ᠰᠣᠶᠣᠷᠬᠠᠭᠰᠠᠨ ᠲᠤᠯᠠ ᠲᠡᠷᠡ ᠦᠶ᠎ᠡ ᠳ᠋ᠦ᠍ ᠳᠡᠯᠡᠬᠡᠢ ᠳ᠋ᠦ᠍ ᠬᠣᠶᠠᠷᠬᠠᠨ ᠪᠠᠢᠬᠤ(ᠨᠧᠫᠧᠯ᠂ ᠡᠨᠡᠳᠬᠡᠭ ᠲᠦ᠍) ᠬᠣᠪᠣᠷ ᠴᠤᠬᠠᠭ ᠡᠷᠳᠡᠨᠢ ᠶ᠋ᠢᠨ ᠰᠤᠪᠤᠷᠭ᠎ᠠ ᠶ᠋ᠢ ᠦᠦᠰᠢᠨ ᠬᠣᠰᠢᠭᠤ ᠨᠢ ᠦᠦᠰᠢᠨᠵᠦᠦ ᠶ᠋ᠢᠨ ᠰᠦᠮ᠎ᠡ ᠳᠡᠭᠡᠷ᠎ᠡ ᠪᠠᠢᠭᠤᠯᠬᠤ ᠪᠠᠷ ᠪᠣᠯᠵᠠᠢ᠃ ᠢᠩᠭᠢᠭᠡᠳ ᠦᠦᠰᠢᠨᠵᠦᠦ ᠶ᠋ᠢᠨ ᠶᠡᠬᠡ ᠡᠷᠳᠡᠮ ᠨᠣᠮ ᠲᠠᠢ ᠪᠠᠭᠰᠢ ᠭᠥᠨᠴᠣᠭᠫᠧᠷᠯᠠᠢ ᠭᠠᠪᠵᠤᠤ1937 ᠣᠨ ᠳ᠋ᠤ᠌ ᠨᠧᠫᠸᠯ ᠤᠯᠤᠰ ᠲᠤ᠌ ᠣᠴᠢᠵᠤ ᠬᠡᠳᠦᠨ ᠵᠢᠯ ᠦ᠋ᠨ ᠬᠤᠭᠤᠴᠠᠭ᠎ᠠ ᠶ᠋ᠢ ᠵᠠᠷᠤᠴᠠᠭᠤᠯᠵᠤ ᠨᠧᠫᠧᠯ ᠤᠯᠤᠰ ᠳᠠᠬᠢ ᠡᠷᠲᠡᠨ ᠦ᠌ ᠵᠢᠷᠤᠩ ᠺᠠᠱᠤᠸᠠᠷ ᠰᠤᠪᠤᠷᠭ᠎ᠠ ᠶ᠋ᠢᠨ ᠪᠠᠷᠢᠯᠭ᠎ᠠ ᠶ᠋ᠢᠨ ᠭᠧᠣᠮᠸᠲ᠋ᠷ ᠤ᠋ᠨ ᠤᠬᠠᠭᠠᠨ ᠢ᠋ ᠰᠤᠳᠤᠯᠵᠤ᠂ ᠵᠢᠷᠤᠭ ᠲᠥᠯᠥᠪᠯᠡᠭᠡ ᠪᠣᠯᠤᠨ ᠭᠡᠷᠡᠯ ᠵᠢᠷᠤᠭ ᠢ᠋ ᠨᠢ ᠠᠪᠴᠢᠷᠠᠨ ᠵᠢᠶᠠᠩ ᠰᠦ᠍ ᠮᠣᠵᠢ ᠶ᠋ᠢᠨ ᠡᠷᠲᠡᠨ ᠦ᠌ ᠪᠠᠷᠢᠯᠭ᠎ᠠ ᠶ᠋ᠢᠨ ᠮᠡᠷᠭᠡᠵᠢᠯᠲᠡᠨ᠂ ᠤᠷᠠᠨ ᠵᠢᠷᠤᠭᠴᠢᠨ ᠨᠠᠷ ᠢ᠋ ᠤᠷᠢᠵᠤ ᠭᠤᠷᠪᠠᠨ ᠵᠢᠯ ᠰᠢᠷᠭᠠᠭᠤ ᠬᠠᠲᠠᠭᠤᠵᠢᠯᠲᠠᠢ ᠪᠠᠷ ᠴᠢᠷᠮᠠᠢᠨ ᠠᠵᠢᠯᠯᠠᠵᠤ᠂ ᠭᠤᠴᠢᠨ ᠲᠦᠮᠡᠨ ᠮᠥᠩᠭᠥᠨ ᠵᠣᠭᠣᠰ ᠵᠠᠷᠤᠴᠠᠭᠤᠯᠵᠤ ᠪᠠᠢᠭᠠᠳ1942 ᠣᠨ ᠳ᠋ᠤ᠌ ᠡᠨᠡ ᠬᠦ᠌ ᠬᠣᠪᠣᠷ ᠴᠤᠬᠠᠭ ᠪᠠᠷᠢᠯᠭ᠎ᠠ ᠵᠢᠷᠦᠩ ᠺᠡᠱᠤᠸᠡᠷ ᠰᠤᠪᠤᠷᠭ᠎ᠠ ᠶ᠋ᠢ ᠣᠷᠳᠣᠰ ᠤ᠋ᠨ ᠦᠦᠰᠢᠨ ᠬᠤᠰᠢᠭᠤᠨ ᠤ᠋ ᠦᠦᠰᠢᠨᠵᠦᠦ ᠰᠦᠮ᠎ᠡ ᠳ᠋ᠦ᠍ ᠪᠠᠢᠭᠤᠯᠤᠭᠰᠠᠨ ᠪᠠᠢᠨ᠎ᠠ᠃ ᠢᠩᠭᠢᠭᠡᠳ ᠦᠦᠰᠢᠨᠵᠦᠦ ᠶ᠋ᠢᠨ ᠰᠦᠮ᠎ᠡ ᠳ᠋ᠦ᠍ ᠵᠢᠷᠦᠩ ᠺᠠᠱᠤᠸᠠᠷ ᠤ᠋ᠨ ᠶᠡᠬᠡ ᠰᠤᠪᠤᠷᠭ᠎ᠠ ᠪᠠ ᠪᠤᠰᠤᠳ ᠶᠡᠬᠡ ᠪᠠᠭ᠎ᠠ ᠰᠤᠪᠤᠷᠭ᠎ᠠ ᠨᠡᠢᠲᠡ ᠬᠣᠶᠠᠷ ᠵᠠᠭᠤ ᠰᠢᠬᠠᠮ ᠪᠣᠯᠵᠤ᠂ ᠲᠠᠢ ᠤᠯᠤᠰ ᠪᠣᠯᠤᠨ ᠪᠧᠷᠮᠠ ᠤᠯᠤᠰ ᠤ᠋ᠨ ᠰᠤᠪᠤᠷᠭᠠᠲᠤ ᠬᠣᠲᠠ ᠮᠡᠲᠦ ᠱᠠᠰᠢᠨ ᠤ᠋ ᠶᠠᠩᠵᠤ ᠪᠦᠷᠢ ᠶ᠋ᠢᠨ ᠰᠤᠪᠤᠷᠭ᠎ᠠ ᠨᠤᠭᠤᠳ ᠨᠢ ᠦᠦᠰᠢᠨᠵᠦᠦ ᠶ᠋ᠢᠨ ᠥᠩᠭᠡ ᠦᠵᠡᠮᠵᠢ ᠶ᠋ᠢ ᠨᠡᠮᠡᠭᠳᠡᠭᠦᠯᠵᠦ᠂ ᠲᠥᠪᠡᠳ ᠮᠣᠩᠭᠣᠯ ᠰᠣᠶᠣᠯ ᠤ᠋ᠨ ᠭᠠᠢᠬᠠᠮᠰᠢᠭᠲᠤ ᠤᠷᠠᠨ ᠪᠦᠲᠦᠭᠡᠯ ᠦ᠋ᠳ ᠨᠢ ᠥᠷᠭᠡᠨ ᠣᠯᠠᠨ ᠮᠥᠷᠭᠥᠯᠴᠢᠨ ᠵᠢᠭᠤᠯᠴᠢᠯᠠᠭᠰᠠᠳ ᠤ᠋ᠨ ᠰᠦᠰᠦᠭ ᠪᠢᠰᠢᠷᠡᠯ ᠳ᠋ᠦ᠍ ᠭᠦᠨ ᠬᠣᠨᠣᠭᠰᠢᠬᠤ ᠪᠣᠯᠤᠯ᠎ᠠ᠃
1926 ᠣᠨ(ᠤᠯᠠᠭᠠᠨ ᠪᠠᠷᠰ ᠵᠢᠯ) ᠦ᠋ᠨ9 ᠰᠠᠷ᠎ᠠ ᠳ᠋ᠤ᠌ ᠳᠣᠲᠣᠭᠠᠳᠤ ᠮᠣᠩᠭᠣᠯ ᠤ᠋ᠨ ᠨᠠᠮ ᠤ᠋ᠨ ᠲᠥᠪ ᠬᠣᠷᠢᠶᠠᠨ ᠤ᠋ ᠨᠠᠷᠢᠨ ᠪᠢᠴᠢᠭ ᠦ᠋ᠨ ᠳᠠᠷᠤᠭ᠎ᠠ ᠮᠧᠷᠰᠧ(ᠭᠦᠸᠧ ᠳ᠋ᠣᠣ ᠹᠦ)᠂ ᠲᠥᠪ ᠬᠣᠷᠢᠶᠠᠨ ᠤ᠋ ᠭᠦᠢᠴᠡᠳᠬᠡᠬᠦ ᠭᠡᠰᠢᠭᠦᠨ ᠦᠦᠰᠢᠨ ᠬᠤᠰᠢᠭᠤᠨ ᠳ᠋ᠤ᠌ ᠰᠠᠭᠤᠬᠤ ᠪᠦᠷᠢᠨ ᠡᠷᠬᠡᠲᠦ ᠲᠥᠯᠥᠭᠡᠯᠡᠭᠴᠢ ᠰᠠᠢᠨᠪᠠᠶᠠᠷ(ᠪᠤᠤ ᠶᠤᠸᠠᠢ ᠴᠢᠩ)᠂ ᠲᠥᠪ ᠬᠣᠷᠢᠶᠠᠨ ᠤ᠋ ᠭᠦᠢᠴᠡᠳᠬᠡᠬᠦ ᠭᠡᠰᠢᠭᠦᠨ ᠠᠷᠪᠠᠨ ᠬᠣᠶᠠᠳᠤᠭᠠᠷ ᠬᠣᠷᠢᠶᠠᠨ ᠤ᠋ ᠮᠣᠷᠢᠲᠤ ᠴᠡᠷᠢᠭ ᠦ᠋ᠨ ᠬᠣᠷᠢᠶᠠᠨ ᠳᠠᠷᠤᠭ᠎ᠠ ᠰᠢᠨᠠᠯᠠᠮ᠎ᠠ᠂ ᠵᠥᠪᠯᠡᠯᠲᠦ ᠬᠣᠯᠪᠣᠭᠠᠲᠤ ᠤᠯᠤᠰ ᠤ᠋ᠨ ᠡᠯᠴᠢᠨ ᠰᠠᠢᠳ ᠡᠪ ᠬᠠᠮᠲᠤ ᠶ᠋ᠢᠨ ᠢᠨᠲ᠋ᠧᠷᠨᠠᠼᠢᠣᠨᠠᠯ ᠤ᠋ᠨ ᠲᠥᠯᠥᠭᠡᠯᠡᠭᠴᠢ ᠹᠦᠯᠢᠮ᠂ ᠮᠣᠩᠭᠣᠯ ᠠᠷᠠᠳ ᠤᠯᠤᠰ ᠤ᠋ᠨ ᠡᠯᠴᠢᠨ ᠰᠠᠢᠳ ᠤᠴᠠᠷᠠᠬᠤ᠂ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠴᠡᠷᠢᠭ ᠦ᠋ᠨ ᠣᠷᠣᠯᠠᠭᠴᠢ ᠰᠧᠯᠢᠩ ᠣᠶᠤᠨᠲᠣᠲᠢ᠂ ᠦᠦᠰᠢᠨ ᠬᠤᠰᠢᠭᠤᠨ ᠤ᠋ ᠵᠠᠰᠠᠭ ᠲᠡᠭᠦᠰᠡᠠᠮᠤᠭᠤᠯᠠᠩ᠂ ᠵᠡᠭᠦᠨ ᠮᠡᠢᠷᠡᠨ ᠬᠤᠷᠴᠠᠪᠢᠯᠢᠭ᠌᠂ ᠬᠣᠰᠢᠭᠤ ᠠᠮᠪᠠᠨ ᠨᠠᠳᠠᠤ(ᠨᠠᠰᠤᠨᠪᠠᠲᠤ) ᠨᠠᠷ ᠣᠷᠣᠯᠴᠠᠭᠰᠠᠨ《ᠭᠤᠷᠪᠠᠨ ᠡᠲᠡᠭᠡᠳ ᠦ᠋ᠨ ᠬᠣᠯᠪᠣᠭᠠᠲᠤ ᠬᠤᠷᠠᠯ》 ᠢ᠋ ᠦᠦᠰᠢᠨᠵᠦᠦ ᠶ᠋ᠢᠨ ᠰᠦᠮ᠎ᠡ ᠳ᠋ᠦ᠍ ᠬᠤᠷᠠᠯᠳᠤᠭᠤᠯᠵᠤ᠂ ᠭᠤᠷᠪᠠᠨ ᠵᠤᠷᠪᠤᠰ ᠭᠡᠷ᠎ᠡ ᠪᠢᠴᠢᠭ ᠢ ᠬᠠᠮᠲᠤ ᠪᠠᠷ ᠶᠠᠷᠢᠯᠴᠠᠨ ᠪᠠᠲᠤᠯᠠᠵᠤ ᠭᠠᠷ ᠤ᠋ᠨ ᠦᠰᠦᠭ ᠵᠢᠷᠤᠭᠰᠠᠨ ᠪᠠᠢᠨ᠎ᠠ᠃
1930 ᠣᠨ ᠳ᠋ᠤ᠌ ᠦᠦᠰᠢᠨᠵᠦᠦ ᠶ᠋ᠢᠨ ᠰᠦᠮ᠎ᠡ ᠨᠢ ᠰᠢᠨᠡᠯᠡᠮ᠎ᠡ ᠶ᠋ᠢᠨ ᠠᠷᠪᠠᠨ ᠬᠣᠶᠠᠳᠤᠭᠠᠷ ᠬᠣᠷᠢᠶᠠᠨ ᠤ᠋ ᠮᠣᠷᠢᠲᠤ ᠴᠡᠷᠢᠭ ᠦ᠋ᠨ ᠵᠠᠬᠢᠷᠭ᠎ᠠ ᠪᠠᠨ ᠰᠠᠭᠤᠭ᠎ᠠ ᠭᠠᠵᠠᠷ ᠪᠠᠢᠵᠠᠢ᠃
(ᠵᠢᠷᠭᠤᠭ᠎ᠠ) ᠲᠣᠭᠣᠯᠲᠠᠢ ᠶ᠋ᠢᠨ ᠰᠦᠮ᠎ᠡ
ᠥᠨᠥ ᠶ᠋ᠢᠨ ᠡᠵᠡᠨ ᠬᠣᠷᠣᠭ᠎ᠠ ᠬᠤᠰᠢᠭᠤᠨ ᠤ᠋ ᠠᠭᠤᠯᠠ ᠶ᠋ᠢᠨ ᠰᠢᠯᠢ ᠶ᠋ᠢᠨ ᠵᠡᠭᠦᠨ ᠬᠣᠢᠨ᠎ᠠ ᠳᠣᠭᠣᠯᠲᠠᠢ ᠭᠡᠭᠴᠢ ᠬᠥᠮᠦᠨ ᠭᠣᠣᠯ ᠥᠭᠯᠢᠭᠡ ᠶ᠋ᠢᠨ ᠡᠵᠡᠨ ᠪᠣᠯᠵᠤ᠂ ᠨᠢᠭᠡᠨ ᠰᠦᠮ᠎ᠡ ᠪᠠᠢᠭᠤᠯᠤᠭᠰᠠᠨ ᠭᠡᠨ᠎ᠡ᠃ ᠡᠢᠮᠦ ᠡᠴᠡ ᠬᠥᠮᠦᠰ ᠡᠨᠡ ᠰᠦᠮ᠎ᠡ ᠶ᠋ᠢ ᠳᠣᠭᠣᠯᠲᠠᠢ ᠭᠡᠰᠡᠨ ᠬᠥᠮᠦᠨ ᠦ᠌ ᠠᠴᠢ ᠪᠠᠷ ᠪᠠᠢᠭᠤᠯᠤᠭᠳᠠᠭᠰᠠᠨ ᠲᠤᠯᠠ《ᠲᠣᠭᠣᠯᠲᠠᠢ ᠶ᠋ᠢᠨ ᠰᠦᠮ᠎ᠡ》 ᠭᠡᠮᠡᠨ ᠨᠡᠷᠡᠯᠡᠬᠦ ᠪᠣᠯᠵᠠᠢ᠃
ᠲᠣᠭᠣᠯᠲᠠᠢ ᠶ᠋ᠢᠨ ᠰᠦᠮ᠎ᠡ ᠶ᠋ᠢ ᠤᠤᠯ ᠳ᠋ᠠᠭᠠᠨ ᠵᠠᠰᠠᠭ ᠦᠦᠰᠢᠨ ᠬᠣᠶᠠᠷ ᠬᠣᠰᠢᠭᠤ ᠳᠤᠮᠳᠠ ᠪᠠᠨ ᠳᠠᠬᠢᠵᠤ ᠰᠢᠲᠦᠳᠡᠭ ᠰᠦᠮ᠎ᠡ ᠪᠠᠢᠭᠰᠠᠨ᠂ ᠰᠡᠭᠦᠯᠡᠷ ᠶᠠᠮᠠᠷ ᠨᠢᠭᠡᠨ ᠤᠴᠢᠷ ᠰᠢᠯᠲᠠᠭᠠᠨ ᠠ᠋ᠴᠠ ᠪᠣᠯᠵᠤ ᠵᠠᠰᠠᠭ ᠦᠦᠰᠢᠨ ᠬᠣᠶᠠᠷ ᠬᠤᠰᠢᠭᠤᠨ ᠤ᠋ ᠯᠠᠮᠠ ᠨᠠᠷ ᠬᠤᠷᠠᠯ ᠴᠣᠢᠷᠤᠭ ᠤ᠋ᠨ ᠲᠤᠬᠠᠢ ᠬᠣᠭᠣᠷᠣᠨᠳᠣ ᠪᠠᠨ ᠡᠪᠳᠡᠷᠡᠯ ᠭᠠᠷᠤᠭᠰᠠᠨ ᠠ᠋ᠴᠠ ᠲᠤᠰ ᠬᠡᠢᠳ ᠦ᠋ᠨ ᠡᠵᠡᠨ ᠯᠠᠮᠠ ᠵᠠᠯᠰᠠᠨᠳᠣᠩᠷᠣᠪ ᠱᠠᠪᠷᠤᠩ ᠢᠷᠭᠡᠨ ᠤᠯᠤᠰ ᠤ᠋ᠨ ᠡᠬᠢᠨ ᠦ᠌ ᠦᠶ᠎ᠡ ᠳ᠋ᠦ᠍(ᠨᠤᠲᠤᠭ ᠤ᠋ᠨ ᠬᠥᠮᠦᠰ ᠬᠥᠬᠡ ᠪᠠᠷᠰ ᠵᠢᠯ ᠪᠠᠷᠢᠭᠰᠠᠨ ᠭᠡᠵᠦ ᠬᠡᠯᠡᠯᠴᠡᠵᠦ ᠪᠣᠢ) ᠦᠦᠰᠢᠨ ᠬᠤᠰᠢᠭᠤᠨ ᠤ᠋ ᠲᠤᠰᠠᠯᠠᠭᠴᠢ ᠷᠠᠳᠨᠠᠪᠠᠨᠽᠠᠷ ᠲᠤ᠌ ᠰᠦᠮ᠎ᠡ ᠶ᠋ᠢᠨ ᠲᠤᠬᠠᠢ ᠮᠡᠳᠡᠭᠦᠯᠦᠯᠲᠡ ᠬᠢᠵᠡᠢ᠃ ᠬᠣᠵᠢᠮ ᠨᠢ ᠬᠣᠶᠠᠷ ᠬᠣᠰᠢᠭᠤ ᠪᠠᠷ ᠢ᠋ᠶ᠋ᠠᠨ ᠬᠡᠯᠡᠯᠴᠡᠭᠡᠨ ᠪᠣᠯᠵᠤ ᠬᠡᠢᠳ ᠰᠦᠮ᠎ᠡ ᠪᠡᠨ ᠬᠤᠪᠢᠶᠠᠬᠤ ᠪᠠᠷ ᠶᠠᠷᠢᠯᠴᠠᠨ ᠲᠣᠭᠲᠠᠵᠤ᠂ ᠤᠤᠯ ᠰᠦᠮ᠎ᠡ ᠶ᠋ᠢ ᠵᠠᠰᠠᠭ ᠬᠣᠰᠢᠭᠤ ᠠᠪᠴᠤ᠂ ᠦᠦᠰᠢᠨ ᠬᠣᠰᠢᠭᠤ ᠬᠤᠪᠢᠶᠠᠵᠤ ᠠᠪᠤᠭᠰᠠᠨ ᠪᠤᠷᠬᠠᠨ ᠰᠢᠲᠦᠭᠡᠨ ᠢ᠋ᠶ᠋ᠡᠨ ᠮᠥᠨ ᠦᠦᠰᠢᠨ ᠬᠤᠰᠢᠭᠤᠨ ᠤ᠋ ᠠᠪᠠᠬᠠᠢ ᠬᠤᠷᠠᠬᠤ ᠶ᠋ᠢᠨ ᠣᠪᠣᠭᠠᠨ ᠤ᠋ ᠵᠡᠭᠦᠨ ᠳᠣᠣᠷ᠎ᠠ ᠥᠩᠰᠢᠭ ᠰᠠᠢᠬᠠᠨ ᠰᠦᠷᠦᠭ ᠮᠠᠯ ᠤ᠋ᠳ ᠠᠯᠠᠭᠯᠠᠨ ᠪᠡᠯᠴᠢᠭᠡᠷᠯᠡᠭᠰᠡᠨ ᠬᠣᠢᠰᠢ ᠡᠮᠦᠨᠡᠰᠢ ᠤᠷᠲᠤᠯᠵᠢᠨ ᠬᠡᠯᠪᠡᠷᠢᠲᠡᠢ ᠥᠳᠬᠡᠨ ᠰᠠᠬᠤᠯᠠᠭ ᠡᠪᠡᠰᠦ ᠪᠡᠯᠴᠢᠭᠡᠷ ᠲᠡᠢ ᠶᠡᠬᠡ ᠴᠠᠢᠳᠠᠮ ᠤ᠋ᠨ ᠡᠬᠢᠨ ᠳᠡᠭᠡᠷ᠎ᠡ᠂ ᠠᠪᠠᠬᠠᠢ ᠬᠤᠷᠠᠬᠤ ᠶ᠋ᠢᠨ ᠲᠠᠬᠢᠯᠭ᠎ᠠ ᠶ᠋ᠢᠨ ᠰᠦᠮ᠎ᠡ ᠲᠡᠢ ᠨᠡᠢᠯᠡᠭᠦᠯᠵᠦ ᠥᠭᠯᠢᠭᠡ ᠶ᠋ᠢᠨ ᠡᠵᠡᠨ ᠵᠠᠯᠰᠠᠨᠳᠣᠩᠷᠣᠪ ᠱᠠᠪᠷᠤᠩ ᠠ᠋ᠴᠠ ᠡᠵᠡᠨ ᠮᠡᠳᠡᠵᠦ ᠬᠠᠮᠢᠶᠠᠷᠤᠭᠠᠳ ᠬᠣᠶᠠᠷ ᠳᠠᠪᠬᠤᠷ ᠲᠠᠢ ᠭᠤᠴᠢᠨ ᠲᠠᠰᠤᠯᠭ᠎ᠠ ᠭᠣᠶᠣ ᠰᠦᠷᠯᠢᠭ ᠡᠷᠲᠡ ᠡᠳᠦᠭᠡ ᠶ᠋ᠢᠨ ᠲᠥᠪᠡᠳ ᠮᠣᠩᠭᠣᠯ ᠪᠠᠷᠢᠯᠭ᠎ᠠ ᠶ᠋ᠢᠨ ᠰᠣᠶᠣᠯ᠂ ᠬᠡ ᠤᠭᠠᠯᠵᠠ ᠤᠷᠠᠨ ᠵᠢᠷᠤᠭ ᠤ᠋ᠨ ᠮᠡᠷᠭᠡᠵᠢᠯ ᠢ᠋ ᠭᠠᠢᠬᠠᠭᠤᠯᠤᠭᠰᠠᠨ ᠭᠣᠣᠯ ᠳᠤᠭᠠᠩ ᠢ᠋ ᠴᠣᠭᠴᠠᠯᠠᠨ ᠪᠠᠢᠭᠤᠯᠵᠠᠢ᠃ ᠡᠭᠦᠨ ᠢ᠋ ᠴᠣᠢᠳᠡᠢᠴᠢᠮᠪᠤ ᠷᠠᠰᠢᠫᠤᠩᠰᠤᠭᠳᠠᠢᠵᠢᠯᠢᠩ ᠬᠡᠮᠡᠵᠦ᠂ ᠣᠷᠳᠣᠰ ᠲᠣᠭᠠᠯᠠᠯ ᠤ᠋ᠨ ᠵᠢᠯ ᠪᠦᠷᠢ ᠶ᠋ᠢᠨ ᠴᠠᠭᠠᠨ ᠰᠠᠷ᠎ᠠ ᠶ᠋ᠢᠨ ᠬᠣᠷᠢ ᠶᠢᠰᠦᠨ᠂ ᠳᠣᠯᠣᠭᠠᠨ ᠰᠠᠷ᠎ᠠ ᠶ᠋ᠢᠨ ᠰᠢᠨ᠎ᠡ ᠶ᠋ᠢᠨ ᠨᠠᠢ᠍ᠮᠠᠨ ᠳ᠋ᠤ᠌ ᠴᠠᠮ ᠤ᠋ᠨ ᠬᠤᠷᠠᠯ ᠲᠠᠢ ᠪᠠᠢᠭᠰᠠᠨ ᠲᠡᠦᠬᠡ ᠲᠡᠢ᠃ ᠬᠥᠮᠦᠰ《ᠰᠢᠨ᠎ᠡ ᠳᠣᠭᠣᠯᠲᠠᠢ》 ᠭᠡᠬᠦ ᠪᠤᠶᠤ ᠬᠣᠵᠢᠮ ᠣᠨ ᠵᠢᠯ ᠤᠳᠠᠭᠠᠳ ᠳᠣᠭᠣᠯᠲᠠᠢ ᠶ᠋ᠢᠨ ᠰᠦᠮ᠎ᠡ ᠭᠡᠬᠦ ᠪᠣᠯᠵᠠᠢ᠃
ᠬᠡᠪᠲᠦ ᠶᠣᠰᠣᠨ ᠤ᠋ ᠠᠩᠬᠠᠳᠤᠭᠠᠷ ᠣᠨ ᠳᠠᠷᠤᠢ1909 ᠣᠨ ᠳ᠋ᠤ᠌ ᠪᠠᠷᠰᠤᠬᠠᠢ ᠥᠷᠲᠡᠭᠡᠨ ᠦ᠌ ᠵᠢᠭᠤᠷᠠᠯᠳᠤᠭᠠᠨ ᠤ᠋ ᠠᠰᠠᠭᠤᠳᠠᠯ ᠪᠣᠯᠤᠨ ᠪᠠᠷᠠᠭᠤᠨ ᠬᠦᠩ ᠶᠧ ᠴᠣᠭᠲᠤᠸᠴᠢᠷ ᠲᠤᠬᠠᠢ ᠶ᠋ᠢᠨ ᠤᠴᠢᠷ ᠶᠠᠪᠤᠳᠠᠯ ᠢ᠋ ᠰᠢᠢᠳᠪᠦᠷᠢᠯᠡᠬᠦ ᠪᠡᠷ ᠰᠤᠢᠶᠤᠸᠠᠨ ᠤ᠋ ᠵᠠᠩᠵᠤᠨ ᠤ᠋ ᠭᠠᠵᠠᠷ᠂ ᠰᠠᠢᠨᠳᠤᠷᠠ ᠶ᠋ᠢᠨ ᠬᠠᠮᠲᠤ ᠮᠡᠳᠡᠭᠴᠢ ᠨᠠᠰᠤᠬᠢᠨ ᠵᠠᠩᠵᠤᠨ ᠪᠣᠯᠤᠨ ᠬᠢᠲᠠᠳ ᠲᠦᠰᠢᠮᠡᠯ᠂ ᠦᠦᠰᠢᠨ ᠬᠤᠰᠢᠭᠤᠨ ᠤ᠋ ᠵᠠᠰᠠᠭ ᠴᠠᠭᠳᠤᠷᠰᠡᠷᠡᠩ ᠨᠠᠷ ᠤ᠋ᠨ ᠣᠷᠣᠯᠴᠠᠭᠰᠠᠨ ᠴᠢᠭᠤᠯᠭᠠᠨ ᠢ᠋ ᠤᠭ ᠤ᠋ᠨ ᠵᠠᠰᠠᠭ ᠬᠤᠰᠢᠭᠤᠨ ᠤ᠋ ᠲᠣᠭᠣᠯᠲᠠᠢ ᠶ᠋ᠢᠨ ᠰᠦᠮ᠎ᠡ ᠳᠡᠭᠡᠷ᠎ᠡ ᠴᠢᠭᠤᠯᠤᠭᠰᠠᠨ ᠪᠠᠢᠨ᠎ᠠ᠃
(ᠳᠣᠯᠣᠭ᠎ᠠ) ᠰᠢᠨᠡᠰᠦᠮ᠎ᠡ
ᠤᠯᠠᠮᠵᠢᠯᠠᠯ ᠶᠠᠷᠢᠶᠠᠨ ᠳ᠋ᠤ᠌ ᠮᠠᠨᠵᠤ ᠴᠢᠩ ᠤᠯᠤᠰ ᠤ᠋ᠨ ᠡᠩᠬᠡ ᠠᠮᠤᠭᠤᠯᠠᠩ ᠬᠠᠭᠠᠨ ᠡᠭᠡᠯ ᠠᠷᠠᠳ ᠤ᠋ᠨ ᠦᠨᠡᠨ ᠪᠠᠢᠳᠠᠯ ᠢ᠋ ᠨᠢᠳᠦ ᠪᠡᠷ ᠢ᠋ᠶ᠋ᠡᠨ ᠦᠵᠡᠵᠦ ᠪᠡᠶ᠎ᠡ ᠪᠡᠷ ᠢ᠋ᠶ᠋ᠡᠨ ᠣᠢᠯᠠᠭᠠᠬᠤ ᠪᠠᠷ ᠭᠤᠢᠷᠠᠨᠴᠢ ᠮᠠᠶᠢᠭ ᠢ᠋ᠶ᠋ᠠᠷ ᠵᠢᠰᠦ ᠪᠤᠷᠤᠭᠤᠯᠠᠨ ᠡᠯᠵᠢᠭᠡ ᠤᠨᠤᠵᠤ ᠬᠥᠳᠡᠭᠡ ᠠᠢᠯ ᠢ᠋ᠶ᠋ᠠᠷ ᠲᠣᠭᠣᠷᠢᠨ ᠶᠠᠪᠤᠵᠠᠢ ᠭᠡᠨ᠎ᠡ᠃ ᠬᠠᠭᠠᠨ ᠡᠵᠡᠨ ᠤᠷᠲᠤ ᠴᠠᠭᠠᠨ ᠬᠡᠷᠡᠮ ᠦ᠋ᠨ ᠣᠢᠷᠠᠯᠴᠠᠭ᠎ᠠ ᠴᠠᠭᠠᠨᠲᠣᠯᠣᠭᠠᠢ ᠬᠡᠮᠡᠬᠦ ᠭᠠᠵᠠᠷ ᠠ᠋ᠴᠠ ᠪᠠᠷᠠᠭᠤᠰᠢᠯᠠᠬᠤ ᠵᠠᠮ ᠳ᠋ᠠᠭᠠᠨ ᠨᠢᠭᠡᠨ ᠮᠣᠩᠭᠣᠯ ᠡᠷᠦᠬᠡ ᠶ᠋ᠢᠨ ᠳ᠋ᠦ᠍ ᠣᠷᠣᠵᠠᠢ᠃ ᠲᠡᠳᠡᠨ ᠲᠡᠢ ᠵᠣᠭᠣᠭᠳᠠᠬᠤ ᠶᠠᠪᠤᠴᠠ ᠳ᠋ᠤ᠌᠄《ᠮᠣᠩᠭᠣᠯᠴᠤᠳ ᠰᠦᠮ᠎ᠡ ᠪᠠᠷᠢᠵᠤ ᠰᠤᠪᠤᠷᠭ᠎ᠠ ᠪᠣᠰᠬᠠᠪᠠᠯ ᠦᠷ᠎ᠡ ᠬᠣᠢᠴᠢᠰ ᠴᠢᠨᠢ ᠨᠣᠶᠠᠨ ᠪᠣᠯᠵᠤ ᠪᠡᠯᠴᠢᠭᠡᠷ ᠳᠦᠭᠦᠷᠡᠩ ᠠᠳᠤᠭᠤ ᠮᠠᠯ ᠲᠠᠢ ᠪᠣᠯᠤᠨ᠎ᠠ》 ᠭᠡᠵᠦ ᠬᠡᠯᠡᠭᠰᠡᠨ ᠳ᠋ᠦ᠍᠂ ᠲᠡᠳᠡ ᠡᠨᠡ ᠬᠦ᠌ ᠡᠯᠵᠢᠭᠡ ᠤᠨᠤᠭᠰᠠᠨ ᠭᠤᠢᠷᠠᠨᠴᠢ ᠶᠠᠭᠤᠮ᠎ᠠ ᠮᠡᠳᠡᠳᠡᠭ ᠬᠥᠮᠦᠨ ᠪᠠᠢᠵᠤ ᠮᠠᠭᠠᠳ ᠦᠭᠡᠢ ᠭᠡᠵᠦ ᠪᠣᠳᠣᠭᠠᠳ ᠭᠡᠷ ᠦ᠋ᠨ ᠢ᠋ᠶ᠋ᠡᠨ ᠳᠡᠷᠭᠡᠳᠡ ᠶᠡᠬᠡ ᠲᠣᠬᠣᠢ ᠬᠡᠮᠡᠬᠦ ᠭᠠᠵᠠᠷ ᠨᠢᠭᠡᠨ ᠪᠢᠴᠢᠬᠠᠨ ᠭᠡᠷ ᠦ᠋ᠨ ᠰᠦᠮ᠎ᠡ ᠪᠠᠢᠭᠤᠯᠵᠤ ᠱᠠᠭᠵᠠᠮᠤᠨᠢ ᠪᠤᠷᠬᠠᠨ ᠢ᠋ ᠡᠷᠬᠡᠰᠢᠭᠦᠯᠦᠨ ᠲᠠᠬᠢᠵᠠᠢ᠃ ᠡᠨᠡ ᠪᠣᠯ ᠰᠢᠨᠡᠰᠦᠮ᠎ᠡ ᠶ᠋ᠢᠨ ᠤᠭ ᠢᠷᠡᠯᠲᠡ ᠪᠣᠯᠬᠤ ᠶᠤᠮ ᠭᠡᠨ᠎ᠡ᠃
ᠲᠡᠦᠬᠡ ᠶ᠋ᠢᠨ ᠲᠡᠮᠳᠡᠭᠯᠡᠯ ᠢ᠋ ᠦᠨᠳᠦᠰᠦᠯᠡᠪᠡᠯ᠂《ᠡᠩᠬᠡ ᠠᠮᠤᠭᠤᠯᠠᠩ ᠤ᠋ᠨ ᠭᠤᠴᠢᠨ ᠲᠠᠪᠤᠳᠤᠭᠠᠷ ᠣᠨ ᠳᠠᠷᠤᠢ1696 ᠣᠨ ᠳ᠋ᠤ᠌ ᠡᠩᠬᠡ ᠠᠮᠤᠭᠤᠯᠠᠩ ᠬᠠᠭᠠᠨ ᠪᠡᠶ᠎ᠡ ᠪᠡᠷ ᠢ᠋ᠶ᠋ᠡᠨ ᠶᠡᠬᠡ ᠴᠡᠷᠢᠭ ᠳᠠᠢᠴᠢᠯᠠᠨ ᠬᠠᠯᠬ᠎ᠠ ᠳ᠋ᠤ᠌ ᠣᠷᠣᠭᠠᠳ ᠵᠦᠩᠭᠠᠷ ᠠᠢᠮᠠᠭ ᠤ᠋ᠨ ᠭᠠᠯᠳᠠᠨ ᠪᠣᠱᠣᠭᠲᠤ ᠶ᠋ᠢ ᠵᠠᠭᠤᠨᠮᠣᠳᠣ(ᠥᠨᠥ ᠶ᠋ᠢᠨ ᠮᠣᠩᠭᠣᠯ ᠤᠯᠤᠰ ᠤ᠋ᠨ ᠣᠷᠬᠣᠨ ᠭᠣᠣᠯ ᠤ᠋ᠨ ᠣᠷᠴᠢᠮ) ᠳ᠋ᠤ᠌ ᠶᠡᠬᠡ ᠪᠡᠷ ᠢᠯᠠᠵᠤ᠂ ᠬᠠᠯᠬ᠎ᠠ ᠮᠣᠩᠭᠣᠯ ᠤ᠋ᠨ ᠨᠤᠲᠤᠭ ᠳᠡᠪᠢᠰᠬᠡᠷ ᠢ᠋ ᠪᠦᠷᠢᠮᠦᠰᠦᠨ ᠡᠵᠡᠯᠡᠪᠡ》᠃ ᠡᠨᠡ ᠤᠳᠠᠭ᠎ᠠ ᠡᠩᠬᠡ ᠠᠮᠤᠭᠤᠯᠠᠩ ᠬᠠᠭᠠᠨ ᠤᠷᠲᠤ ᠬᠤᠭᠤᠴᠠᠭ᠎ᠠ ᠬᠡᠭᠡᠷᠯᠡᠨ ᠪᠠᠢᠯᠳᠤᠵᠤ ᠮᠣᠩᠭᠣᠯ ᠦᠨᠳᠦᠰᠦᠲᠡᠨ ᠢ᠋ ᠲᠦᠪᠰᠢᠳᠬᠡᠬᠦ ᠳ᠋ᠦ᠍ ᠪᠡᠶ᠎ᠡ ᠰᠡᠳᠬᠢᠯ ᠢ᠋ᠶ᠋ᠡᠨ ᠶᠡᠬᠡ ᠯᠡ ᠵᠦᠳᠡᠭᠡᠵᠦ ᠪᠤᠴᠠᠨ ᠢᠷᠡᠭᠡᠳ᠄《ᠮᠣᠩᠭᠣᠯ ᠦᠨᠳᠦᠰᠦᠲᠡᠨ ᠢ᠋ ᠨᠣᠮᠣᠬᠠᠳᠬᠠᠬᠤ ᠳ᠋ᠤ᠌ ᠠᠷᠪᠠᠨ ᠲᠦᠮᠡᠨ ᠴᠡᠷᠢᠭ ᠲᠡᠵᠢᠭᠡᠬᠦ ᠶ᠋ᠢᠨ ᠣᠷᠣᠨ ᠳ᠋ᠤ᠌᠂ ᠮᠣᠩᠭᠣᠯ ᠭᠠᠵᠠᠷ ᠰᠦᠮ᠎ᠡ ᠪᠠᠷᠢᠵᠤ ᠬᠡᠦᠬᠡᠳ ᠢ᠋ ᠨᠢ ᠯᠠᠮᠠ ᠪᠣᠯᠭᠠᠴᠢᠬᠠᠪᠠᠯ ᠪᠣᠯᠴᠢᠬᠠᠨ᠎ᠠ》 ᠭᠡᠵᠡᠢ᠃ ᠡᠨᠡ ᠪᠣᠯ ᠡᠩᠬᠡ ᠠᠮᠤᠭᠤᠯᠠᠩ ᠬᠠᠭᠠᠨ ᠭᠣᠪᠢ ᠶ᠋ᠢᠨ ᠠᠷᠤ ᠠ᠋ᠴᠠ ᠪᠤᠴᠠᠵᠤ ᠢᠷᠡᠭᠡᠳ ᠮᠣᠩᠭᠣᠯ ᠦᠨᠳᠦᠰᠦᠲᠡᠨ ᠢ᠋ ᠢᠯᠪᠢᠨ ᠮᠥᠬᠥᠭᠡᠬᠦ ᠠᠷᠭ᠎ᠠ ᠪᠣᠳᠣᠯᠭ᠎ᠠ ᠶ᠋ᠢᠨ ᠪᠡᠶᠡᠯᠡᠯ ᠪᠣᠯᠤᠨ᠎ᠠ᠃
ᠡᠩᠬᠡ ᠠᠮᠤᠭᠤᠯᠠᠩ ᠤ᠋ᠨ ᠲᠠᠪᠢᠨ ᠨᠠᠢ᠍ᠮᠠᠳᠤᠭᠠᠷ ᠣᠨ ᠳᠠᠷᠤᠢ1719 ᠣᠨ ᠳ᠋ᠤ᠌ ᠤᠷᠲᠤ ᠴᠠᠭᠠᠨ ᠬᠡᠷᠡᠮ ᠡᠴᠡ ᠭᠠᠳᠠᠭᠰᠢ(ᠤᠮᠠᠷᠠᠰᠢ) ᠭᠤᠴᠢᠨ ᠤ᠋ ᠭᠠᠵᠠᠷ ᠤ᠋ᠨ ᠭᠠᠳᠠᠭᠤᠷ ᠳᠠᠩ ᠭᠠᠭᠴᠠ ᠲᠠᠷᠢᠶᠠᠴᠢᠨ ᠳ᠋ᠤ᠌ ᠲᠦᠷᠢᠶᠡᠰᠦᠯᠡᠨ ᠲᠠᠷᠢᠭᠤᠯᠬᠤ ᠬᠡᠷᠡᠭᠲᠡᠢ ᠭᠡᠰᠡᠨ ᠡᠴᠡ ᠶᠡᠬᠡ ᠲᠣᠬᠣᠢ ᠳ᠋ᠠᠬᠢ ᠤᠤᠯ ᠤ᠋ᠨ ᠱᠠᠭᠵᠠᠮᠤᠨᠢ ᠶ᠋ᠢᠨ ᠰᠦᠮ᠎ᠡ ᠶ᠋ᠢ ᠤᠮᠠᠷᠠᠰᠢ ᠰᠢᠯᠵᠢᠭᠦᠯᠦᠨ ᠨᠡᠭᠦᠯᠭᠡᠭᠰᠡᠭᠡᠷ ᠪᠠᠢᠭᠠᠳ ᠰᠦᠮ᠎ᠡ ᠶ᠋ᠢᠨ ᠴᠠᠢᠳᠠᠮ ᠳ᠋ᠤ᠌ ᠬᠣᠶᠠᠳᠠᠬᠢ ᠤᠳᠠᠭ᠎ᠠ ᠪᠠᠷᠢᠵᠠᠢ᠃ ᠲᠤᠰ ᠰᠦᠮ᠎ᠡ ᠶ᠋ᠢᠨ ᠠᠩᠬᠠᠨ ᠤ᠋ ᠥᠭᠯᠢᠭᠡ ᠶ᠋ᠢᠨ ᠡᠵᠡᠨ ᠦ᠌ ᠠᠴᠢ ᠪᠣᠯᠬᠤ ᠰᠠᠨᠵᠢ ᠬᠣᠰᠢᠭᠤ ᠮᠡᠢᠷᠡᠨ ᠪᠣᠯᠤᠭᠰᠠᠨ ᠤ᠋ ᠬᠣᠢᠨ᠎ᠠ ᠭᠣᠣᠯ ᠥᠭᠯᠢᠭᠡ ᠶ᠋ᠢᠨ ᠡᠵᠡᠨ ᠪᠣᠯᠵᠤ᠂ ᠥᠨᠥ ᠶ᠋ᠢᠨ ᠰᠢᠨᠡᠰᠦᠮ᠎ᠡ ᠶ᠋ᠢᠨ ᠰᠢᠯᠢ ᠶ᠋ᠢᠨ ᠠᠯᠠᠪᠤᠷ ᠲᠤ᠌ ᠬᠣᠶᠠᠷ ᠳᠠᠪᠬᠤᠷ ᠲᠠᠢ ᠬᠣᠷᠢᠨ ᠲᠠᠪᠤᠨ ᠲᠠᠰᠤᠯᠭ᠎ᠠ ᠰᠤᠭᠴᠢᠨ ᠳᠤᠭᠠᠩ ᠢ᠋ ᠪᠠᠢᠭᠤᠯᠵᠤ ᠪᠠᠰᠠ ᠠᠷᠪᠠᠨ ᠵᠠᠩ ᠰᠦᠮ᠎ᠡ ᠰᠤᠪᠤᠷᠭ᠎ᠠ ᠨᠤᠭᠤᠳ ᠢ᠋ ᠵᠠᠯᠭᠠᠭ᠎ᠠ ᠵᠠᠯᠭᠠᠭ᠎ᠠ ᠪᠠᠷ ᠪᠠᠢᠭᠤᠯᠤᠭᠰᠠᠭᠠᠷ ᠨᠡᠯᠢᠶᠡᠳ ᠶᠡᠬᠡ ᠰᠦᠮ᠎ᠡ ᠪᠣᠯᠵᠠᠢ᠃ ᠣᠬᠣᠷᠬᠠᠨ ᠬᠤᠭᠤᠴᠠᠭᠠᠨ ᠳ᠋ᠤ᠌ ᠠᠲᠠᠷ ᠬᠠᠭᠠᠯᠪᠤᠷᠢᠯᠠᠵᠤ ᠭᠠᠵᠠᠷ ᠲᠦᠷᠢᠶᠡᠰᠦᠯᠡᠭᠰᠡᠨ ᠰᠢᠯᠲᠠᠭᠠᠨ ᠠ᠋ᠴᠠ ᠡᠨᠡ ᠰᠦᠮ᠎ᠡ ᠭᠤᠷᠪᠠ ᠤᠳᠠᠭ᠎ᠠ ᠳᠠᠬᠢᠨ ᠪᠠᠢᠭᠤᠯᠤᠭᠳᠠᠭᠰᠠᠨ ᠠ᠋ᠴᠠ ᠬᠥᠮᠦᠰ ᠥᠨᠥ ᠪᠣᠯᠲᠠᠯ᠎ᠠ《ᠰᠢᠨᠡᠰᠦᠮ᠎ᠡ》 ᠭᠡᠵᠦ ᠨᠡᠷᠡᠯᠡᠭᠰᠡᠭᠡᠷ ᠣᠨ ᠵᠢᠯ ᠤᠳᠠᠵᠤᠬᠤᠢ᠃
ᠰᠢᠨᠡᠰᠥᠢ᠍ᠮᠠ ᠶ᠋ᠢᠨ ᠭᠣᠣᠯ ᠰᠢᠲᠦᠭᠡᠨ ᠪᠣᠯ ᠮᠢᠩᠭᠠᠨ ᠱᠠᠭᠵᠠᠮᠤᠨᠢ ᠪᠤᠷᠬᠠᠨ᠂ ᠴᠠᠭᠠᠨ ᠳ᠋ᠠᠷ᠎ᠠ ᠡᠬᠡ᠂ ᠨᠣᠭᠣᠭᠠᠨ ᠳ᠋ᠠᠷ᠎ᠠ ᠡᠬᠡ᠂ ᡀᠠᠮᠣ ᠴᠣᠢᠵᠣᠩ ᠪᠣᠯᠤᠨ ᠴᠠᠬᠠᠷᠴᠤᠳ ᠤ᠋ᠨ ᠤᠯᠠᠮᠵᠢᠯᠠᠯᠲᠤ ᠰᠢᠲᠦᠭᠡᠨ ᠴᠠᠭᠠᠨ ᠰᠦᠯᠳᠡ ᠲᠤᠭ ᠪᠣᠯᠤᠨ᠎ᠠ᠃1990 ᠣᠨ ᠤ᠋4 ᠰᠠᠷ᠎ᠠ ᠶ᠋ᠢᠨ7 ᠤ᠋ ᠡᠳᠦᠷ ᠪᠠᠷᠠᠭᠤᠨ ᠻᠸᠷᠮᠠᠨ ᠤ᠋ ᠪᠤᠨ ᠶᠡᠬᠡ ᠰᠤᠷᠭᠠᠭᠤᠯᠢ ᠶ᠋ᠢᠨ ᠲᠥᠪ ᠠᠽᠢᠶ᠎ᠠ ᠶ᠋ᠢ ᠰᠤᠳᠤᠯᠬᠤ ᠭᠠᠵᠠᠷ ᠤ᠋ᠨ ᠰᠠᠭᠠᠰᠲ᠋ᠸᠷ ᠫᠷᠣᠹᠧᠰᠰᠣᠷ᠂ ᠳᠤᠮᠳᠠᠳᠤ ᠤᠯᠤᠰ ᠤ᠋ᠨ ᠨᠡᠢᠭᠡᠮ ᠦ᠋ᠨ ᠰᠢᠨᠵᠢᠯᠡᠬᠦ ᠤᠬᠠᠭᠠᠨ ᠤ᠋ ᠬᠦᠷᠢᠶᠡᠯᠡᠩ ᠦ᠋ᠨ ᠷᠢᠨᠴᠢᠨᠳᠣᠷᠵᠢ ᠫᠷᠣᠹᠧᠰᠰᠣᠷ᠂ ᠥᠪᠥᠷ ᠮᠣᠩᠭᠣᠯ ᠤ᠋ᠨ ᠨᠡᠢᠭᠡᠮ ᠦ᠋ᠨ ᠰᠢᠨᠵᠢᠯᠡᠬᠦ ᠤᠬᠠᠭᠠᠨ ᠤ᠋ ᠬᠦᠷᠢᠶᠡᠯᠡᠩ ᠦ᠋ᠨ ᠰᠤᠳᠤᠯᠤᠭᠴᠢ ᠬᠦᠷᠢᠶᠡᠯᠡᠩ ᠦ᠋ᠨ ᠳᠠᠷᠤᠭ᠎ᠠ ᠯᠢᠦ ᠶ᠋ᠢᠨ ᠰᠦᠸᠧ᠂ ᠡᠵᠡᠨ ᠬᠣᠷᠣᠭ᠎ᠠ ᠬᠤᠰᠢᠭᠤᠨ ᠤ᠋ ᠦᠨᠳᠦᠰᠦᠲᠡᠨ ᠦ᠌ ᠵᠥᠪᠯᠡᠯ ᠦ᠋ᠨ ᠬᠡᠷᠡᠭ ᠡᠷᠬᠢᠯᠡᠬᠦ ᠵᠥᠪᠯᠡᠯ ᠦ᠋ᠨ ᠳᠡᠳ᠋ ᠡᠷᠬᠢᠯᠡᠭᠴᠢ ᠰᠠᠢᠨᠵᠢᠷᠭᠠᠯ ᠵᠡᠷᠭᠡ ᠡᠷᠳᠡᠮᠲᠡᠨ ᠰᠤᠳᠤᠯᠤᠭᠴᠢᠳ ᠲᠤᠰ ᠭᠠᠵᠠᠷ ᠲᠤᠨᠢ ᠣᠴᠢᠵᠤ ᠡᠨᠡ ᠬᠦ᠌ ᠴᠠᠭᠠᠨ ᠰᠦᠯᠳᠡ ᠲᠤᠭ ᠤ᠋ᠨ ᠲᠤᠬᠠᠢ ᠨᠠᠷᠢᠨ ᠨᠢᠮᠪᠠᠢ ᠪᠠᠢᠴᠠᠭᠠᠨ ᠰᠤᠳᠤᠯᠤᠯᠲᠠ ᠬᠢᠭᠡᠳ《ᠡᠨᠡ ᠬᠦ᠌ ᠴᠠᠭᠠᠨ ᠰᠦᠯᠳᠡ ᠰᠢᠲᠦᠭᠡᠨ ᠪᠣᠯ ᠤᠮᠠᠷᠠᠲᠤ ᠶᠤᠸᠠᠨ ᠤᠯᠤᠰ ᠤ᠋ᠨ ᠴᠠᠬᠠᠷ ᠤ᠋ᠨ ᠯᠢᠭᠳᠡᠨ ᠬᠠᠭᠠᠨ ᠤ᠋ ᠦᠯᠡᠳᠡᠭᠡᠭᠰᠡᠨ ᠤᠯᠤᠰ ᠤ᠋ᠨ ᠲᠤᠭ ᠤ᠋ᠨ ᠦᠯᠡᠳᠡᠴᠡ ᠰᠢᠲᠦᠭᠡᠨ》 ᠮᠥᠨ ᠪᠣᠯᠬᠤ ᠶ᠋ᠢ ᠨᠤᠲᠠᠯᠠᠵᠠᠢ᠃ ᠴᠠᠭᠠᠨ ᠰᠦᠯᠳᠡ ᠲᠤᠭ ᠥᠨᠥ ᠴᠦ᠍ ᠦᠷᠭᠦᠯᠵᠢᠯᠡᠨ ᠲᠠᠬᠢᠭᠳᠠᠨ ᠰᠢᠲᠦᠭᠳᠡᠭᠰᠡᠭᠡᠷ ᠪᠣᠢ᠃
ᠣᠷᠳᠣᠰ ᠲᠣᠭᠠᠯᠠᠯ ᠤ᠋ᠨ ᠵᠢᠯ ᠪᠦᠷᠢ ᠶ᠋ᠢᠨ ᠴᠠᠭᠠᠨ ᠰᠠᠷ᠎ᠠ ᠶ᠋ᠢᠨ ᠠᠷᠪᠠᠨ ᠵᠢᠷᠭᠤᠭᠠᠨ ᠳ᠋ᠤ᠌ ᠷᠠᠯᠴᠤᠭ ᠴᠠᠮᠨᠠᠵᠤ᠂ ᠳᠣᠯᠣᠭᠠᠨ ᠰᠠᠷ᠎ᠠ ᠶ᠋ᠢᠨ ᠠᠷᠪᠠᠨ ᠨᠠᠢ᠍ᠮᠠᠨ ᠳ᠋ᠤ᠌ ᠶᠡᠬᠡ ᠴᠠᠮ ᠤ᠋ᠨ ᠬᠤᠷᠠᠯ ᠲᠠᠢ ᠪᠠᠢᠳᠠᠭ᠃
ᠠᠷᠪᠢᠨᠪᠠᠶᠠᠷ ᠬᠣᠶᠠᠳᠠᠬᠢ ᠤᠳᠠᠭ᠎ᠠ ᠰᠢᠨᠡᠰᠥᠢ᠍ᠮᠠ ᠳ᠋ᠤ᠌ ᠢᠷᠡᠬᠦ ᠳ᠋ᠡᠭᠡᠨ ᠴᠢᠭᠤᠯᠭᠠᠨ ᠴᠢᠭᠤᠯᠭᠠᠵᠤ ᠬᠣᠢᠰᠢᠳᠠ ᠰᠠᠬᠢᠬᠤ ᠳᠦᠷᠢᠮ ᠲᠣᠭᠲᠠᠭᠠᠯ ᠤ᠋ᠳ ᠢ᠋ ᠲᠣᠭᠲᠠᠭᠠᠭᠰᠠᠨ ᠪᠠᠢᠨ᠎ᠠ᠃
ᠵᠡᠭᠦᠯᠲᠡ
ᠡᠨᠳᠡ ᠶᠤᠸᠠᠨ ᠤᠯᠤᠰ ᠤ᠋ᠨ ᠴᠠᠭᠠᠨ ᠰᠦᠯᠳᠡ ᠲᠤᠭ ᠤ᠋ᠨ ᠲᠤᠬᠠᠢ ᠠᠩᠬ᠎ᠠ ᠤᠳᠠᠭ᠎ᠠ ᠡᠮᠬᠢᠳᠬᠡᠨ ᠰᠤᠳᠤᠯᠵᠤ ᠳᠡᠯᠡᠬᠡᠢ ᠳ᠋ᠦ᠍ ᠰᠣᠨᠣᠷᠳᠠᠭᠤᠯᠤᠭᠰᠠᠨ ᠡᠷᠬᠡᠰᠡᠴᠡᠨ ᠨᠥᠬᠥᠷ ᠦ᠋ᠨ《ᠴᠠᠭᠠᠨ ᠰᠦᠯᠳᠡ ᠬᠢᠭᠡᠳ ᠲᠡᠭᠦᠨ ᠦ᠌ ᠳᠠᠭᠠᠭᠰᠠᠳ》 ᠭᠡᠬᠦ ᠨᠣᠮ ᠳ᠋ᠤ᠌ ᠪᠢᠴᠢᠭᠳᠡᠭᠰᠡᠨ ᠦᠦᠰᠢᠨ ᠬᠤᠰᠢᠭᠤᠨ ᠤ᠋ ᠰᠢᠨᠡᠰᠥᠢ᠍ᠮᠠ ᠶ᠋ᠢᠨ ᠲᠤᠬᠠᠢ ᠵᠠᠷᠢᠮ ᠬᠡᠰᠡᠭ ᠢ᠋ ᠰᠡᠢᠷᠡᠭᠦᠯᠪᠡ᠃
《᠁ ᠲᠡᠦᠬᠡ ᠲᠡᠮᠳᠡᠭᠯᠡᠯ ᠡᠴᠡ ᠦᠵᠡᠪᠡᠯᠡ᠂ ᠡᠩᠬᠡ ᠠᠮᠤᠭᠤᠯᠠᠩ ᠬᠠᠭᠠᠨ1663 ᠣᠨ᠂1682 ᠣᠨ᠂1697 ᠣᠨ ᠨᠤᠭᠤᠳ ᠲᠤ᠌ ᠪᠦᠷ ᠣᠷᠳᠣᠰ ᠨᠤᠲᠤᠭ ᠲᠤ᠌ ᠢᠷᠡᠵᠦ ᠥᠩᠭᠡᠷᠡᠵᠡᠢ᠃ ᠢᠯᠠᠩᠭᠤᠶ᠎ᠠ1697 ᠣᠨ ᠤ᠋3 ᠰᠠᠷ᠎ᠠ ᠶ᠋ᠢᠨ11 ᠪᠠ12 ᠤᠨ ᠡᠳᠦᠷ ᠡᠩᠬᠡ ᠠᠮᠤᠭᠤᠯᠠᠩ ᠬᠠᠭᠠᠨ ᠴᠠᠬᠠᠷ ᠬᠥᠮᠦᠰ ᠦ᠋ᠨ ᠰᠠᠭᠤᠵᠤ ᠪᠠᠢᠭ᠎ᠠ ᠲᠠᠯ᠎ᠠ ᠪᠤᠯᠠᠭ᠂ ᠬᠠᠯᠢᠭᠤᠲᠤ ᠪᠤᠯᠠᠭ ᠲᠤ᠌ ᠬᠣᠶᠠᠷ ᠬᠣᠨᠣᠵᠤ᠂ ᠪᠠᠷᠠᠭᠤᠨᠰᠢ ᠨᠢᠩᠰᠢᠶᠠ ᠳ᠋ᠤ᠌ ᠣᠴᠢᠵᠤ ᠭᠠᠯᠳᠠᠨ ᠢ᠋ ᠴᠣᠬᠢᠬᠤ ᠪᠠᠷ ᠵᠠᠮ ᠥᠩᠭᠡᠷᠡᠭᠰᠡᠨ ᠶᠦᠮ᠃ ᠡᠨᠡ ᠨᠢ ᠴᠠᠬᠠᠷ ᠤ᠋ᠨ ᠶᠡᠬᠡᠴᠦᠳ ᠬᠠᠭᠠᠨ ᠲᠠᠢ ᠠᠭᠤᠯᠵᠠᠬᠤ ᠵᠠᠪᠰᠢᠶᠠᠨ ᠢ᠋ ᠣᠯᠭᠣᠭᠰᠠᠨ ᠪᠠᠢᠵᠤ ᠮᠡᠳᠡᠨ᠎ᠡ᠃ ᠡᠩᠬᠡ ᠠᠮᠤᠭᠤᠯᠠᠩ ᠬᠠᠭᠠᠨ ᠶᠠᠪᠤᠭᠰᠠᠨ ᠤ᠋ ᠳᠠᠷᠠᠭ᠎ᠠ ᠴᠠᠬᠠᠷ ᠤ᠋ᠨ ᠳᠡᠭᠡᠳᠦᠰ ᠦ᠋ᠳ ᠥᠭᠯᠢᠭᠡ ᠬᠤᠷᠠᠮᠳᠤᠭᠤᠯᠵᠤ ᠡᠨᠡ ᠬᠦ᠌ ᠣᠪᠣᠭ᠎ᠠ ᠬᠢᠭᠡᠳ ᠰᠦᠮ᠎ᠡ ᠪᠡᠨ ᠪᠠᠢᠭᠤᠯᠵᠤ ᠭᠠᠷᠭᠠᠭᠰᠠᠨ ᠭᠡᠳᠡᠭ᠃ ᠰᠦᠮ᠎ᠡ ᠪᠡᠨ ᠪᠠᠢᠭᠤᠯᠵᠤ ᠲᠡᠭᠦᠰᠦᠭᠰᠡᠨ ᠦ᠌ ᠰᠡᠭᠦᠯᠡᠷ ᠲᠤᠰᠬᠠᠢᠯᠠᠨ ᠪᠡᠭᠡᠵᠢᠩ ᠳ᠋ᠦ᠍ ᠬᠦᠷᠴᠦ ᠬᠠᠭᠠᠨ ᠳ᠋ᠤ᠌ ᠤᠴᠠᠷᠠᠵᠤ ᠬᠠᠷᠢᠭᠤ ᠮᠡᠳᠡᠭᠦᠯᠦᠭᠰᠡᠨ ᠳ᠋ᠦ᠍ ᠬᠠᠭᠠᠨ ᠥᠪᠡᠷ ᠦ᠋ᠨ ᠡᠮᠦᠰᠴᠦ ᠪᠠᠢᠭᠰᠠᠨ ᠨᠢᠭᠡ ᠵᠠᠬ᠎ᠠ ᠬᠦᠷᠮ᠎ᠡ ᠪᠡᠨ ᠥᠭᠴᠦ ᠡᠨᠡ ᠰᠦᠮ᠎ᠡ ᠳ᠋ᠦ᠍ ᠳᠠᠬᠢᠭᠤᠯᠤᠭᠰᠠᠨ ᠪᠠᠢᠨ᠎ᠠ᠃ ᠡᠭᠦᠨ ᠡᠴᠡ ᠦᠵᠡᠪᠡᠯ ᠴᠠᠬᠠᠷ ᠬᠠᠷᠢᠶᠠᠨ ᠤ᠋ ᠰᠢᠨᠡᠰᠦᠮ᠎ᠡ ᠭᠡᠭᠴᠢ ᠡᠩᠬᠡ ᠠᠮᠤᠭᠤᠯᠠᠩ ᠬᠠᠭᠠᠨ ᠤ᠋ ᠠᠷᠪᠠᠭᠠᠳ ᠣᠨ ᠠ᠋ᠴᠠ ᠳᠥᠴᠢᠭᠡᠳ ᠣᠨ ᠤ᠋ ᠬᠣᠭᠣᠷᠣᠨᠳᠣ ᠪᠠᠢᠭᠤᠯᠤᠭᠰᠠᠨ ᠪᠣᠯᠤᠯᠴᠠᠭ᠎ᠠ ᠲᠠᠢ᠃ ᠡᠨᠡ ᠰᠦᠮ᠎ᠡ ᠶ᠋ᠢ ᠪᠠᠢᠭᠤᠯᠬᠤ ᠳ᠋ᠤ᠌ ᠭᠣᠣᠯ ᠥᠭᠯᠢᠭᠡ ᠶ᠋ᠢᠨ ᠡᠵᠡᠨ ᠪᠣᠯ ᠴᠠᠬᠠᠷ ᠬᠠᠷᠢᠶᠠᠨ ᠤ᠋ ᠶᠡᠬᠡ ᠰᠤᠮᠤᠨ ᠤ᠋ ᠰᠤᠮᠤᠨ ᠵᠠᠩᠭᠢ ᠪᠠᠳᠠᠢ ᠭᠡᠭᠴᠢ ᠬᠥᠮᠦᠨ ᠭᠡᠨ᠎ᠡ᠃ ᠡᠢᠮᠦ ᠡᠴᠡ ᠲᠤᠬᠠᠢ ᠶ᠋ᠢᠨ ᠦᠶ᠎ᠡ ᠳ᠋ᠦ᠍ ᠡᠨᠡ ᠰᠦᠮ᠎ᠡ ᠶ᠋ᠢ ᠵᠠᠩᠭᠢ ᠪᠠᠳᠠᠢ ᠶ᠋ᠢᠨ ᠰᠦᠮ᠎ᠡ ᠭᠡᠵᠦ ᠴᠦ᠍ ᠨᠡᠷᠡᠯᠡᠵᠦ ᠪᠠᠢᠵᠠᠢ᠃ ᠡᠨᠡ ᠨᠢ ᠣᠳᠣ ᠶ᠋ᠢᠨ ᠢᠦᠢ ᠯᠢᠨ ᠰᠢᠶᠠᠨ ᠤ᠋ ᠪᠠᠯᠭᠠᠰᠤ ᠭᠦᠩᠱᠧ ᠶ᠋ᠢᠨ ᠰᠠᠭᠤᠭ᠎ᠠ ᠭᠠᠵᠠᠷ ᠠ᠋ᠴᠠ ᠪᠠᠷᠠᠭᠤᠨᠰᠢ ᠠᠷᠪᠠᠨ ᠤ᠋ ᠭᠠᠵᠠᠷ ᠲᠤ᠌ ᠪᠠᠢᠭ᠎ᠠ ᠵᠢᠦ ᠮᠢᠶᠣᠤ ᠸᠠᠨ ᠲᠣᠰᠬᠣᠨ ᠳ᠋ᠤ᠌ ᠪᠣᠢ᠃ ᠥᠨᠥ ᠴᠦ᠍ ᠬᠠᠭᠤᠴᠢᠨ ᠰᠦᠮ᠎ᠡ ᠶ᠋ᠢᠨ ᠣᠷᠣ ᠨᠢ ᠦᠯᠡᠳᠡᠭᠰᠡᠭᠡᠷ ᠪᠠᠢᠨ᠎ᠠ᠃ ᠮᠣᠩᠭᠣᠯ ᠢ᠋ᠶ᠋ᠠᠷ ᠬᠠᠭᠤᠴᠢᠨ ᠰᠦᠮ᠎ᠡ ᠶ᠋ᠢᠨ ᠲᠣᠬᠣᠢ ᠭᠡᠳᠡᠭ ᠶᠦᠮ᠃ ᠁ ᠬᠣᠵᠢᠮ ᠨᠢ ᠦᠦᠰᠢᠨ ᠦ᠌ ᠨᠣᠶᠠᠨ ᠴᠠᠭᠠᠨ ᠬᠡᠷᠡᠮ ᠡᠴᠡ ᠬᠣᠢᠰᠢᠬᠢ ᠨᠤᠲᠤᠭ ᠪᠡᠯᠴᠢᠭᠡᠷ ᠢ᠋ᠶ᠋ᠡᠨ ᠲᠠᠷᠢᠶᠠᠴᠢᠳ ᠲᠤ᠌ ᠲᠦᠷᠢᠶᠡᠰᠦᠯᠡᠨ ᠲᠠᠷᠢᠭᠤᠯᠤᠭᠰᠠᠨ ᠠ᠋ᠴᠠ ᠪᠣᠯᠵᠤ᠂ ᠵᠠᠩᠭᠢ ᠪᠠᠳᠠᠢ ᠶ᠋ᠢᠨ ᠰᠦᠮ᠎ᠡ ᠨᠢ ᠮᠠᠨᠵᠤ ᠶ᠋ᠢᠨ ᠲᠩᠷᠢ ᠲᠡᠳᠬᠦᠭᠴᠢ ᠬᠠᠭᠠᠨ ᠤ᠋ ᠰᠡᠭᠦᠯᠴᠢ ᠦᠶ᠎ᠡ᠂ ᠲᠤᠬᠠᠢᠯᠠᠪᠠᠯ ᠠᠷᠪᠠᠨ ᠨᠠᠢ᠍ᠮᠠᠳᠤᠭᠠᠷ ᠵᠠᠭᠤᠨ ᠤ᠋ ᠰᠡᠭᠦᠯᠴᠢ ᠪᠡᠷ ᠬᠠᠭᠤᠴᠢᠨ ᠰᠦᠮ᠎ᠡ ᠶ᠋ᠢᠨ ᠲᠣᠬᠣᠢ ᠠ᠋ᠴᠠ ᠪᠠᠨ ᠤᠮᠠᠷᠠᠰᠢ ᠬᠣᠷᠢᠨ ᠭᠠᠵᠠᠷ ᠰᠢᠯᠵᠢᠵᠦ ᠴᠠᠢᠳᠠᠮ ᠭᠠᠵᠠᠷ ᠨᠡᠭᠦᠵᠦ ᠢᠷᠡᠵᠡᠢ᠃ ᠡᠨᠡ ᠨᠢ ᠣᠳᠣᠬᠢ ᠪᠠᠯᠭᠠᠰᠤ ᠭᠦᠩᠱᠧ ᠡᠴᠡ ᠬᠣᠢᠰᠢ ᠬᠣᠷᠢᠨ ᠲᠠᠪᠤᠨ ᠤ᠋ ᠭᠠᠵᠠᠷ ᠲᠤ᠌ ᠪᠣᠢ᠃᠁ ᠵᠠᠩᠭᠢ ᠪᠠᠳᠠᠢ ᠶ᠋ᠢᠨ ᠰᠦᠮ᠎ᠡ ᠡᠨᠳᠡ ᠨᠡᠭᠦᠵᠦ ᠢᠷᠡᠭᠰᠡᠨ ᠡᠴᠡ ᠬᠣᠢᠰᠢ ᠰᠢᠨᠡᠰᠦᠮ᠎ᠡ ᠬᠡᠮᠡᠬᠦ ᠨᠡᠷᠡᠢᠳᠦᠯ ᠲᠡᠢ ᠪᠣᠯᠵᠠᠢ᠃ ᠡᠨᠡ ᠨᠢ ᠠᠩᠬᠠᠨ ᠤ᠋ ᠰᠦᠮ᠎ᠡ — ᠬᠠᠭᠤᠴᠢᠨ ᠰᠦᠮ᠎ᠡ ᠡᠴᠡ ᠪᠡᠨ ᠢᠯᠭᠠᠭᠳᠠᠬᠤ ᠶ᠋ᠢᠨ ᠳᠤᠮᠳᠠ ᠪᠣᠢ ᠪᠣᠯᠤᠭᠰᠠᠨ ᠨᠡᠷ᠎ᠡ ᠪᠣᠯᠤᠨ᠎ᠠ᠃ ᠠᠷᠪᠠ ᠶᠢᠰᠦᠳᠦᠭᠡᠷ ᠵᠠᠭᠤᠨ ᠤ᠋ ᠡᠬᠢᠨ ᠳ᠋ᠦ᠍ ᠡᠨᠳᠡᠬᠢ ᠭᠠᠵᠠᠷ ᠨᠤᠲᠤᠭ ᠢ᠋ ᠪᠠᠰᠠ ᠲᠠᠷᠢᠶᠠᠴᠢᠳ ᠲᠤ᠌ ᠲᠦᠷᠢᠶᠡᠰᠦᠯᠡᠨ ᠭᠠᠷᠭᠠᠭᠰᠠᠨ ᠳ᠋ᠤ᠌1821 ᠣᠨ᠂ ᠴᠠᠭᠠᠭᠴᠢᠨ ᠮᠣᠭᠠᠢ ᠵᠢᠯ ᠳ᠋ᠦ᠍ ᠴᠠᠬᠠᠷᠴᠤᠳ ᠡᠨᠳᠡ ᠡᠴᠡ ᠰᠦᠮ᠎ᠡ ᠬᠡᠢᠳ ᠢ᠋ᠶ᠋ᠡᠨ ᠨᠡᠭᠦᠯᠭᠡᠵᠦ ᠪᠠᠷᠠᠭᠤᠨᠰᠢ ᠳᠠᠯᠠᠨ ᠭᠠᠵᠠᠷ ᠲᠤ᠌ ᠰᠢᠯᠵᠢᠭᠦᠯᠦᠨ ᠣᠳᠣ ᠶ᠋ᠢᠨ ᠦᠦᠰᠢᠨ ᠬᠤᠰᠢᠭᠤᠨ ᠤ᠋ ᠲᠣᠯᠢ ᠰᠤᠮᠤᠨ ᠤ᠋ ᠲᠠᠯ᠎ᠠ ᠶ᠋ᠢᠨ ᠤᠰᠤ ᠭᠠᠴᠠᠭᠠᠨ ᠤ᠋ ᠬᠥᠬᠡ ᠤᠰᠤᠨ ᠰᠢᠯᠢ ᠳ᠋ᠦ᠍ ᠨᠡᠭᠦᠯᠭᠡᠨ ᠪᠠᠢᠭᠤᠯᠵᠤ ᠦᠷᠭᠦᠯᠵᠢᠯᠡᠨ ᠰᠢᠨᠡᠰᠦᠮ᠎ᠡ ᠭᠡᠬᠦ ᠨᠡᠷᠡᠢᠳᠦᠯ ᠢ᠋ᠶ᠋ᠡᠷ ᠳᠠᠭᠤᠳᠠᠭᠰᠠᠭᠠᠷ ᠪᠣᠢ》᠃
(ᠨᠠᠢ᠍ᠮᠠ) ᠱᠠᠷᠯᠢᠭ ᠤ᠋ᠨ ᠰᠦᠮ᠎ᠡ
ᠱᠠᠷᠯᠢᠭ ᠤ᠋ᠨ ᠰᠦᠮ᠎ᠡ ᠶ᠋ᠢ ᠪᠠᠢᠭᠤᠯᠤᠭᠠᠳ ᠮᠠᠨᠵᠤ ᠶ᠋ᠢᠨ ᠬᠠᠭᠠᠨ ᠳ᠋ᠤ᠌ ᠲᠤᠰᠬᠠᠢ ᠲᠦᠰᠢᠮᠡᠯ ᠣᠴᠢᠵᠤ ᠠᠢᠯᠠᠳᠬᠠᠬᠤ ᠳ᠋ᠠᠭᠠᠨ᠄《ᠥᠴᠦᠬᠡᠨ ᠪᠢᠳᠡ ᠨᠠᠷ ᠬᠠᠭᠠᠨ ᠡᠵᠡᠨ ᠦ᠌ ᠥᠯᠮᠡᠢ ᠪᠠᠲᠤᠳᠬᠠᠬᠤ ᠶ᠋ᠢᠨ ᠲᠥᠯᠥᠭᠡ ᠡᠮᠦᠨᠡᠰᠢ ᠬᠠᠨᠳᠤᠭᠰᠠᠨ ᠰᠢᠷ᠎ᠠ ᠡᠯᠢᠭᠡ ᠳᠡᠭᠡᠷ᠎ᠡ ᠨᠢᠭᠡ ᠰᠦᠮ᠎ᠡ ᠪᠠᠷᠢᠯ᠎ᠠ》 ᠭᠡᠬᠦ ᠳ᠋ᠦ᠍ ᠬᠠᠭᠠᠨ ᠡᠵᠡᠨ ᠢᠳᠡᠭᠡ ᠶᠠᠳᠠᠨ (ᠦᠨᠡᠮᠰᠢᠬᠦ ᠦᠭᠡᠢ)《ᠡᠪᠦ᠋ ᠬᠠᠢᠷᠠᠬᠠᠨ》 ᠭᠡᠵᠦ ᠭᠠᠢᠬᠠᠰᠢ ᠠᠯᠳᠠᠭᠰᠠᠨ ᠳ᠋ᠤ᠌ ᠲᠡᠷᠡ ᠲᠦᠰᠢᠮᠡᠯ ᠨᠢᠭᠡ ᠲᠣᠯᠣᠭᠠᠢ ᠮᠥᠷᠭᠥᠭᠡᠳ ᠭᠠᠷᠴᠤ ᠶᠠᠪᠤᠵᠠᠢ᠃ ᠲᠡᠭᠡᠭᠡᠳ ᠲᠡᠷᠡ ᠲᠤᠬᠠᠢ ᠶ᠋ᠢᠨ ᠦᠶ᠎ᠡ ᠶ᠋ᠢᠨ ᠵᠤᠷᠭᠠᠨ ᠶᠠᠮᠤᠨ ᠤ᠋ ᠭᠠᠵᠠᠷ ᠬᠦᠷᠴᠦ᠂ ᠬᠠᠭᠠᠨ ᠡᠵᠡᠨ ᠡᠴᠡ《ᠡᠶᠡᠪᠡᠷ ᠬᠠᠢᠷᠠᠬᠠᠨ》 ᠭᠡᠰᠡᠨ ᠨᠡᠷ᠎ᠡ ᠰᠣᠶᠣᠷᠬᠠᠯᠠ ᠭᠡᠵᠦ ᠬᠡᠯᠡᠭᠡᠳ ᠲᠡᠷᠡ ᠳᠠᠷᠤᠢ ᠳ᠋ᠤᠨᠢ ᠮᠠᠨᠵᠤ ᠬᠢᠲᠠᠳ ᠮᠣᠩᠭᠣᠯ ᠭᠤᠷᠪᠠᠨ ᠵᠦᠢᠯ ᠦ᠋ᠨ ᠦᠰᠦᠭ ᠢ᠋ᠶ᠋ᠡᠷ《ᠡᠶᠡᠪᠡᠷ ᠬᠠᠢᠷᠠᠬᠠᠨ》 ᠭᠡᠬᠦ ᠶᠡᠬᠡ ᠫᠠᠢᠰᠠ ᠪᠢᠴᠢᠭᠦᠯᠵᠦ ᠠᠪᠤᠭᠠᠳ ᠢᠷᠡᠵᠡᠢ ᠭᠡᠨ᠎ᠡ᠃ ᠡᠨᠡ ᠫᠠᠢᠰᠠ ᠶ᠋ᠢ ᠶᠡᠬᠡ ᠰᠦᠮ᠎ᠡ ᠶ᠋ᠢᠨ ᠳᠡᠭᠡᠳᠦ ᠳᠠᠪᠬᠤᠷ ᠤ᠋ᠨ ᠡᠮᠦᠨ᠎ᠡ ᠰᠠᠷᠠᠪᠴᠢᠨ ᠠ᠋ᠴᠠ ᠡᠯᠭᠦᠵᠦ ᠪᠠᠢᠵᠠᠢ᠃ ᠰᠢᠷ᠎ᠠ ᠡᠯᠢᠭᠡ ᠳᠡᠭᠡᠷ᠎ᠡ ᠪᠠᠢᠭᠤᠯᠤᠭᠰᠠᠨ ᠲᠤᠯᠠ ᠬᠣᠵᠢᠮ ᠬᠥᠮᠦᠰ《ᠰᠢᠷ᠎ᠠ ᠡᠯᠢᠭᠡ ᠶ᠋ᠢᠨ ᠰᠦᠮ᠎ᠡ》 ᠭᠡᠵᠦ᠂《ᠰᠢᠷ᠎ᠠ ᠡᠯᠢᠭᠡ》 ᠨᠢ ᠶᠠᠪᠤᠭᠰᠠᠭᠠᠷ ᠪᠠᠢᠵᠤ《ᠱᠠᠷᠯᠢᠭ》 ᠪᠣᠯᠤᠨ ᠬᠤᠪᠢᠷᠠᠭᠠᠳ ᠲᠡᠦᠬᠡᠨ ᠳ᠋ᠦ᠍ ᠠᠯᠳᠠᠷᠰᠢᠵᠠᠢ᠃ ᠱᠠᠷᠯᠢᠭ ᠤ᠋ᠨ ᠰᠦᠮ᠎ᠡ ᠨᠢ ᠴᠠᠭᠠᠭᠴᠢᠨ ᠭᠠᠬᠠᠢ ᠵᠢᠯ ᠡᠴᠡ ᠡᠮᠦᠨ᠎ᠡ ᠦᠦᠰᠢᠨ ᠬᠤᠰᠢᠭᠤᠨ ᠳ᠋ᠤ᠌ ᠥᠷᠨᠢᠭᠰᠡᠨ ᠠᠷᠪᠠᠨ ᠬᠣᠶᠠᠷ ᠳᠤᠭᠤᠢᠯᠠᠩ ᠤ᠋ᠨ ᠦᠶ᠎ᠡ ᠳ᠋ᠦ᠍ ᠳᠤᠭᠤᠢᠯᠠᠩ ᠤ᠋ᠨ ᠭᠣᠣᠯ ᠰᠠᠭᠤᠷᠢᠰᠢᠯ ᠪᠣᠯᠵᠤ ᠪᠠᠢᠭᠰᠠᠨ ᠶᠤᠮ᠃
ᠦᠰᠦᠭ ᠠᠮᠢᠯᠠᠭᠤᠯᠤᠭᠴᠢ᠄ ᠪᠠᠯ᠂ ᠰᠠᠷᠠᠨᠲᠤᠶᠠᠭ᠎ᠠ᠂ ᠪᠠᠳᠮᠠᠰᠡᠴᠡᠨ᠂ ᠣᠶᠤᠨᠪᠠᠲᠤ
ᠬᠢᠨᠠᠭᠴᠢ᠄ ᠣᠳᠬᠣᠨᠴᠡᠴᠡᠭ᠂ ᠪᠠᠯ᠂ ᠠᠯᠲᠠᠨᠱᠠ
