ᠮᠣᠭᠠᠢ ᠶ᠋ᠢᠨ ᠵᠤᠯᠪᠤᠳᠠᠰᠤMogoin zulbadasМогойн зулбадас ᠠᠮᠢᠲᠠᠨ ᠤ᠋ ᠶᠢᠷᠲᠢᠨᠴᠦ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠭᠠᠢ ᠶ᠋ᠢᠨ ᠵᠤᠯᠪᠤᠳᠠᠰᠤMogoin zulbadasМогойн зулбадас

ᠮᠣᠭᠠᠢ ᠶ᠋ᠢᠨ ᠵᠤᠯᠪᠤᠳᠠᠰᠤMogoin zulbadasМогойн зулбадас

2025-12-05

173

ᠮᠣᠭᠠᠢ ᠶ᠋ᠢᠨ ᠵᠤᠯᠪᠤᠳᠠᠰᠤ

    ᠲᠤᠰ ᠡᠮ ᠪᠣᠯ ᠵᠠᠢᠭᠤᠯ ᠮᠣᠭᠠᠢ ᠶ᠋ᠢᠨ ᠢᠵᠠᠭᠤᠷ ᠤ᠋ᠨ ᠠᠮᠢᠲᠠᠨ ᠪᠣᠯᠬᠤ ᠬᠠᠷ᠎ᠠ ᠬᠥᠮᠦᠰᠬᠡᠲᠦ ᠬᠡᠮᠡᠷᠯᠢᠭ ᠮᠣᠭᠠᠢ᠂ ᠬᠡᠮᠡᠷᠯᠢᠭ ᠮᠣᠭᠠᠢ ᠵᠡᠷᠭᠡ ᠣᠯᠠᠨ ᠵᠦᠢᠯ ᠦ᠋ᠨ ᠮᠣᠭᠠᠢ ᠶ᠋ᠢᠨ ᠵᠤᠯᠪᠤᠳᠠᠰᠤ ᠮᠥᠨ᠃ ᠪᠠᠰᠠ ᠪᠦᠷᠦ᠋ᠨᠪᠠᠭ ᠭᠡᠳᠡᠭ᠃
    [ ᠤᠤᠯ ᠠᠮᠢᠲᠠᠨ]1. ᠬᠠᠷ᠎ᠠ ᠬᠥᠮᠦᠰᠬᠡᠲᠦ ᠬᠡᠮᠡᠷᠯᠢᠭ ᠮᠣᠭᠠᠢ ᠤᠷᠲᠤ ᠨᠢ1.7cm ᠣᠷᠴᠢᠮ᠂ ᠬᠣᠰᠢᠭᠤ ᠶ᠋ᠢᠨ ᠬᠠᠢᠷᠰᠤ ᠶ᠋ᠢᠨ ᠥᠷᠭᠡᠨ ᠨᠢ ᠥᠨᠳᠥᠷ ᠡᠴᠡ ᠨᠢ ᠵᠢᠭᠠᠬᠠᠨ ᠶᠡᠬᠡ᠃ᠵᠠᠪᠠᠵᠢ ᠶ᠋ᠢᠨ ᠬᠠᠢᠷᠰᠤ ᠶ᠋ᠢᠨ ᠳᠡᠭᠡᠳᠦ ᠬᠥᠪᠡᠭᠡ ᠨᠢ ᠵᠤᠤᠪᠠᠩ ᠲᠣᠭᠣᠷᠢᠭ ᠬᠡᠯᠪᠡᠷᠢ ᠲᠡᠢ᠃ ᠨᠢᠳᠦᠨ ᠦ᠌ ᠡᠮᠦᠨ᠎ᠡ ᠬᠠᠢᠷᠰᠤ ᠨᠢ2—3 ᠢᠯᠲᠠᠰᠤ᠂ ᠮᠠᠩᠨᠠᠢ ᠬᠠᠢᠷᠰᠤ ᠲᠠᠢ ᠪᠠᠨ ᠵᠠᠯᠭᠠᠬᠤ ᠦᠭᠡᠢ᠃ ᠨᠢᠳᠦᠨ ᠦ᠌ ᠠᠷᠤ ᠶ᠋ᠢᠨ ᠬᠠᠢᠷᠰᠤ ᠨᠢ2 ᠢᠯᠲᠠᠰᠤ᠃ ᠡᠮᠦᠨ᠎ᠡ ᠴᠢᠮᠠᠷᠬᠠᠢ ᠬᠠᠢᠷᠰᠤ ᠨᠢ2 ᠢᠯᠲᠠᠰᠤ᠃ ᠬᠣᠢᠲᠤ ᠴᠢᠮᠠᠷᠬᠠᠢ ᠬᠠᠢᠷᠰᠤ ᠨᠢ3 ᠢᠯᠲᠠᠰᠤ᠃ ᠳᠡᠭᠡᠳᠦ ᠤᠷᠤᠭᠤᠯ ᠤ᠋ᠨ ᠬᠠᠢᠷᠰᠤ ᠨᠢ9 ᠢᠯᠲᠠᠰᠤ᠃ ᠳᠣᠣᠷᠠᠲᠤ ᠤᠷᠤᠭᠤᠯ ᠤ᠋ᠨ ᠬᠠᠢᠷᠰᠤ ᠨᠢ11 ᠢᠯᠲᠠᠰᠤ᠃ ᠲᠣᠯᠣᠭᠠᠢ ᠨᠢ ᠬᠦᠷᠡᠩ ᠰᠢᠷ᠎ᠠ ᠥᠩᠭᠡ ᠲᠡᠢ᠃ ᠵᠠᠪᠠᠵᠢ ᠶ᠋ᠢᠨ ᠬᠠᠢᠷᠰᠤ ᠠ᠋ᠴᠠ ᠳᠡᠭᠡᠳᠦ ᠤᠷᠤᠭᠤᠯ ᠤ᠋ᠨ ᠬᠠᠮᠤᠭ ᠰᠡᠭᠦᠯᠴᠢ ᠶ᠋ᠢᠨ ᠬᠣᠶᠠᠷ ᠬᠠᠢᠷᠰᠤ ᠶ᠋ᠢᠨ ᠳᠡᠭᠡᠳᠦ ᠬᠠᠭᠠᠰ ᠬᠡᠰᠡᠭ ᠨᠢ ᠬᠠᠷ᠎ᠠ ᠥᠩᠭᠡ ᠲᠡᠢ᠂ ᠰᠢᠷ᠎ᠠ ᠲᠣᠯᠪᠣ ᠲᠠᠢ ᠲᠤᠯᠠ ᠬᠠᠷ᠎ᠠ ᠬᠥᠮᠥᠰᠬᠡ ᠠᠳᠠᠯᠢ᠃ ᠳᠡᠭᠡᠳᠦ ᠤᠷᠤᠭᠤᠯ ᠪᠠ ᠬᠣᠭᠣᠯᠠᠢ ᠵᠠᠯᠭᠢᠭᠤᠷ ᠤ᠋ᠨ ᠬᠡᠰᠡᠭ ᠨᠢ ᠰᠢᠷ᠎ᠠ ᠥᠩᠭᠡ ᠲᠡᠢ᠃ ᠨᠢᠷᠤᠭᠤ ᠨᠢ ᠨᠠᠩᠭᠢᠶᠠᠳ ᠠᠷᠤᠷ᠎ᠠ ᠶ᠋ᠢᠨ ᠥᠩᠭᠡ ᠲᠡᠢ ᠪᠥᠭᠡᠳ4 ᠵᠤᠷᠪᠤᠰ ᠤᠷᠲᠤᠯᠵᠢᠨ ᠬᠠᠷ᠎ᠠ ᠵᠢᠷᠤᠭᠠᠰᠤ ᠲᠠᠢ᠃ ᠬᠦᠵᠦᠭᠦᠦ ᠡᠴᠡ ᠬᠣᠢᠰᠢ ᠪᠠᠨ ᠳᠡᠭᠡᠰᠦᠨ ᠱᠠᠲᠤ ᠰᠢᠭ᠋ ᠠᠯᠠᠭ ᠡᠷᠢᠶᠡᠨ᠃ ᠪᠡᠶ᠎ᠡ ᠶ᠋ᠢᠨ ᠬᠠᠵᠠᠭᠤ ᠶ᠋ᠢᠨ ᠡᠮᠦᠨ᠎ᠡ ᠬᠡᠰᠡᠭ ᠲᠤᠨᠢ ᠤᠷᠲᠤᠯᠵᠢᠨ ᠵᠠᠮᠪᠠᠷᠠᠭ᠎ᠠ ᠦᠭᠡᠢ ᠬᠠᠷ᠎ᠠ ᠲᠣᠯᠪᠣ ᠲᠠᠢ᠃ ᠰᠡᠭᠦᠯ ᠦ᠋ᠨ ᠬᠠᠭᠠᠰ ᠬᠡᠰᠡᠭ ᠨᠢ ᠠᠶᠠᠨᠳᠠᠭᠠᠨ ᠶᠡᠬᠡᠳᠴᠦ᠂ ᠬᠠᠷ᠎ᠠ ᠥᠩᠭᠡ ᠲᠡᠢ ᠤᠷᠲᠤᠯᠵᠢᠨ ᠪᠦᠰᠡ ᠪᠣᠯᠳᠠᠭ᠃ ᠰᠡᠭᠦᠯ ᠦ᠋ᠨ ᠠᠷᠤ ᠨᠢ ᠰᠢᠷ᠎ᠠ᠂ ᠳᠣᠣᠷ᠎ᠠ ᠲᠠᠯ᠎ᠠ ᠪᠠ ᠬᠠᠵᠠᠭᠤ ᠨᠢ ᠰᠢᠷᠠᠩᠭᠤᠢ᠃
2 ᠬᠡᠮᠡᠷᠯᠢᠭ ᠮᠣᠭᠠᠢ ᠤᠷᠲᠤ ᠨᠢ1.8m. ᠲᠣᠯᠣᠭᠠᠢ ᠶ᠋ᠢᠨ ᠬᠡᠰᠡᠭ ᠨᠢ ᠬᠦᠵᠦᠭᠦᠦ ᠡᠴᠡ ᠪᠡᠨ ᠵᠢᠭᠠᠬᠠᠨ ᠲᠣᠮᠣ᠃ᠡᠮᠦᠨ᠎ᠡ ᠮᠠᠩᠨᠠᠢ ᠶ᠋ᠢᠨ ᠬᠠᠢᠷᠰᠤ ᠶ᠋ᠢᠨ ᠥᠷᠭᠡᠨ ᠨᠢ ᠤᠷᠲᠤ ᠠ᠋ᠴᠠ ᠨᠢ ᠶᠡᠬᠡ᠂ ᠬᠣᠶᠠᠷ ᠬᠠᠢᠷᠰᠤ ᠶ᠋ᠢᠨ ᠬᠣᠭᠣᠷᠣᠨᠳᠣᠬᠢ ᠵᠠᠭᠠᠳᠠᠰᠤ ᠱᠤᠭᠤᠮ ᠨᠢ ᠬᠠᠮᠠᠷ ᠤ᠋ᠨ ᠬᠣᠭᠣᠷᠣᠨᠳᠣᠬᠢ ᠬᠠᠢᠷᠰᠤ ᠠ᠋ᠴᠠ ᠪᠠᠨ ᠤᠷᠲᠤ᠃ ᠮᠠᠩᠨᠠᠢ ᠶ᠋ᠢᠨ ᠬᠠᠢᠷᠰᠤ ᠶ᠋ᠢᠨ ᠡᠮᠦᠨ᠎ᠡ ᠲᠠᠯ᠎ᠠ ᠨᠢ ᠠᠷᠤ ᠲᠠᠯ᠎ᠠ ᠠ᠋ᠴᠠ ᠪᠠᠨ ᠵᠢᠭᠠᠬᠠᠨ ᠥᠷᠭᠡᠨ᠃ ᠲᠣᠯᠣᠭᠠᠢ ᠶ᠋ᠢᠨ ᠣᠷᠣᠢ ᠶ᠋ᠢᠨ ᠬᠠᠢᠷᠰᠤ ᠨᠢ ᠥᠷᠭᠡᠨ ᠲᠣᠮᠣ᠃ ᠡᠮᠦᠨ᠎ᠡ ᠬᠠᠮᠠᠷ ᠤ᠋ᠨ ᠬᠠᠢᠷᠰᠤ ᠨᠢ ᠨᠠᠷᠢᠨ ᠤᠷᠲᠤ᠂ ᠬᠣᠢᠨ᠎ᠠ ᠬᠠᠮᠠᠷ ᠤ᠋ᠨ ᠬᠠᠢᠷᠰᠤ ᠨᠢ ᠥᠷᠭᠡᠨ ᠶᠡᠬᠡ᠂ ᠬᠠᠮᠠᠷ ᠤ᠋ᠨ ᠨᠦᠬᠡ ᠨᠢ ᠲᠣᠮᠣ ᠪᠥᠭᠡᠳ ᠬᠠᠮᠠᠷ ᠤ᠋ᠨ2 ᠬᠠᠢᠷᠰᠤ ᠶ᠋ᠢᠨ ᠳᠤᠮᠳᠠ ᠠ᠋ᠴᠠ ᠵᠢᠭᠠᠬᠠᠨ ᠠᠷᠤ ᠳ᠋ᠤ᠌ ᠪᠠᠢᠷᠢᠯᠠᠨ᠎ᠠ᠃ ᠨᠢᠳᠦᠨ ᠦ᠌ ᠡᠮᠦᠨ᠎ᠡ ᠬᠠᠢᠷᠰᠤ ᠨᠢ 2 ᠢᠯᠲᠠᠰᠤ᠂ ᠵᠠᠷᠢᠮ ᠳ᠋ᠠᠭᠠᠨ3 ᠢᠯᠲᠠᠰᠤ᠂1 ᠢᠯᠲᠠᠰᠤ ᠲᠠᠢ ᠨᠢ ᠮᠠᠰᠢ ᠴᠥᠭᠡᠨ᠃ ᠨᠢᠳᠦᠨ ᠦ᠌ ᠠᠷᠤ ᠬᠠᠢᠷᠰᠤ ᠨᠢ2 ᠢᠯᠲᠠᠰᠤ᠃ᠡᠮᠦᠨ᠎ᠡ ᠴᠢᠮᠠᠷᠬᠠᠢ ᠬᠠᠢᠷᠰᠤ ᠨᠢ2 ᠢᠯᠲᠠᠰᠤ᠂ ᠨᠠᠷᠢᠨ ᠤᠷᠲᠤ᠂ ᠬᠠᠶᠠ ᠳ᠋ᠠᠭᠠᠨ3 ᠢᠯᠲᠠᠰᠤ ᠲᠠᠢ ᠴᠣ ᠪᠣᠢ᠃ ᠠᠷᠤ ᠴᠢᠮᠠᠷᠬᠠᠢ ᠶ᠋ᠢᠨ ᠬᠠᠢᠷᠰᠤ ᠨᠢ3ᠢᠯᠲᠠᠰᠤ᠂ ᠣᠬᠣᠷ ᠮᠥᠷᠲᠡᠭᠡᠨ ᠥᠷᠭᠡᠨ᠃ ᠳᠡᠭᠡᠳᠦ ᠤᠷᠤᠭᠤᠯ ᠤ᠋ᠨ ᠬᠠᠢᠷᠰᠤ ᠨᠢ8 ᠢᠯᠲᠠᠰᠤ ᠪᠥᠭᠡᠳ4·5 ᠳ᠋ᠤᠭᠠᠷ ᠬᠣᠶᠠᠷ ᠢᠯᠲᠠᠰᠤ ᠨᠢ ᠨᠢᠳᠦᠨ ᠳ᠋ᠦ᠍ ᠣᠷᠣᠨ᠎ᠠ᠃7 ᠳ᠋ᠤᠭᠠᠷ ᠢᠯᠲᠠᠰᠤ ᠨᠢ ᠬᠠᠮᠤᠭ ᠲᠣᠮᠣ᠃ ᠵᠠᠪᠠᠵᠢᠨ ᠬᠠᠢᠷᠰᠤ ᠨᠢ1ᠢᠯᠲᠠᠰᠤ᠂ ᠬᠠᠶᠠ ᠳ᠋ᠠᠭᠠᠨ 2 ᠢᠯᠲᠠᠰᠤ ᠪᠠᠢᠳᠠᠭ᠃ ᠨᠢᠷᠤᠭᠤ ᠪᠣᠯᠤᠨ ᠲᠣᠯᠣᠭᠠᠢ ᠶ᠋ᠢᠨ ᠬᠡᠰᠡᠭ ᠦ᠋ᠨ ᠬᠠᠢᠷᠰᠤᠨ ᠢᠯᠲᠠᠰᠤ ᠶ᠋ᠢᠨ ᠳᠥᠷᠪᠡᠨ ᠲᠠᠯ᠎ᠠ ᠪᠠᠷ ᠨᠢ ᠬᠠᠷ᠎ᠠ᠂ ᠭᠣᠣᠯ ᠨᠢ ᠰᠢᠷ᠎ᠠ᠂ ᠪᠡᠶ᠎ᠡ ᠶ᠋ᠢᠨ ᠡᠮᠦᠨ᠎ᠡ ᠬᠠᠭᠠᠰ ᠬᠡᠰᠡᠭ ᠨᠢ30 ᠵᠤᠷᠪᠤᠰ ᠣᠷᠴᠢᠮ ᠮᠡᠳᠡᠭᠳᠡᠮ᠎ᠡ ᠰᠢᠷ᠎ᠠ ᠥᠩᠭᠡ ᠲᠡᠢ ᠬᠥᠨᠳᠡᠯᠡᠨ ᠲᠠᠰᠢᠭᠤ ᠡᠷᠢᠶᠡᠨ ᠲᠡᠢ ᠪᠥᠭᠡᠳ ᠪᠡᠶ᠎ᠡ ᠶ᠋ᠢᠨ ᠬᠣᠢᠨ᠎ᠠ ᠬᠠᠭᠠᠰ ᠬᠡᠰᠡᠭ ᠲᠦ᠍ ᠬᠦᠷᠦᠭᠡᠳ ᠠᠷᠢᠯᠤᠨ᠎ᠠ᠃ ᠵᠥᠪᠬᠡᠨ ᠬᠠᠢᠷᠰᠤᠨ ᠤ᠋ ᠭᠣᠣᠯ ᠳ᠋ᠤᠨᠢ ᠰᠢᠷ᠎ᠠ ᠲᠣᠯᠪᠣ ᠲᠠᠢ᠃ ᠬᠡᠪᠡᠯᠢ ᠨᠢ ᠰᠢᠷ᠎ᠠ᠂ ᠬᠠᠷ᠎ᠠ ᠡᠷᠢᠶᠡᠨ ᠲᠣᠯᠪᠣ ᠲᠠᠢ᠃
    [ ᠠᠮᠢᠳᠤᠷᠠᠬᠤ ᠣᠷᠴᠢᠨ ᠬᠢᠭᠡᠳ ᠲᠠᠷᠬᠠᠴᠠ] ᠬᠠᠷ᠎ᠠ ᠬᠥᠮᠦᠰᠬᠡᠲᠦ ᠬᠡᠮᠡᠷᠯᠢᠭ ᠮᠣᠭᠠᠢ ᠪᠣᠯ ᠣᠯᠠᠩᠬᠢ ᠳ᠋ᠠᠭᠠᠨ ᠭᠡᠷ ᠲᠦ᠍ ᠠᠮᠢᠳᠤᠷᠠᠵᠤ ᠬᠤᠯᠤᠭᠠᠨ᠎ᠠ᠂ ᠰᠢᠪᠠᠭᠤ ᠪᠠᠷ ᠲᠡᠵᠢᠭᠡᠯ ᠪᠣᠯᠭᠠᠳᠠᠭ᠃ ᠬᠣᠣᠷ ᠦᠭᠡᠢ᠃ ᠬᠡᠮᠡᠷᠯᠢᠭ ᠮᠣᠭᠠᠢ ᠪᠣᠯ ᠣᠯᠠᠩᠬᠢ ᠳ᠋ᠠᠭᠠᠨ ᠥᠨᠳᠥᠷ ᠠᠭᠤᠯᠠ ᠪᠠ ᠲᠠᠯ᠎ᠠ ᠭᠠᠵᠠᠷ ᠠᠮᠢᠳᠤᠷᠠᠵᠤ ᠪᠤᠰᠤᠳ ᠵᠦᠢᠯ ᠦ᠋ᠨ ᠮᠣᠭᠠᠢ ᠪᠠᠷ ᠢᠳᠡᠰᠢᠯᠡᠳᠡᠭ᠃ ᠬᠠᠷ᠎ᠠ ᠬᠥᠮᠦᠰᠬᠡᠲᠦ ᠬᠡᠮᠡᠷᠯᠢᠭ ᠮᠣᠭᠠᠢ ᠾᠧᠪᠧᠢ ᠡᠴᠡ ᠬᠥᠬᠡᠮᠦ᠋ᠷᠡᠨ ᠦ᠌ ᠤᠷᠤᠰᠬᠠᠯ ᠳᠠᠭᠠᠤ ᠣᠷᠣᠨ ᠵᠢᠴᠢ ᠪᠠᠷᠠᠭᠤᠨ ᠡᠮᠦᠨᠡᠲᠦ ᠣᠷᠣᠨ ᠳ᠋ᠤ᠌ ᠲᠠᠷᠬᠠᠴᠠ ᠲᠠᠢ᠃ ᠬᠡᠮᠡᠷᠯᠢᠭ ᠮᠣᠭᠠᠢ ᠪᠣᠯ ᠠᠨᠾᠦ᠋ᠢ᠂ ᠵᠢᠶᠠᠩᠰᠦ᠂ ᠵᠧᠵᠢᠶᠠᠩ᠂ ᠹᠦᠵᠢᠶᠠᠨ᠂ ᠲᠠᠢᠸᠠᠨ᠂ ᠭᠤᠸᠠᠩᠳᠦ᠋ᠩ
ᠬᠤᠪᠧᠢ᠂ ᠰᠧᠴᠤᠸᠠᠨ᠂ ᠶᠦᠨᠨᠠᠨ ᠳ᠋ᠤ᠌ ᠲᠠᠷᠬᠠᠴᠠ ᠲᠠᠢ᠃           [ ᠡᠳ᠋ᠰᠢᠭᠦᠯᠦᠨ ᠪᠣᠯᠪᠠᠰᠤᠷᠠᠭᠤᠯᠬᠤ] ᠬᠠᠪᠤᠷ ᠵᠤᠨ ᠤ᠋ ᠬᠣᠭᠣᠷᠣᠨᠳᠣ ᠪᠤᠶᠤ ᠡᠪᠦᠯ ᠦ᠋ᠨ ᠡᠬᠢᠨ ᠳ᠋ᠦ᠍ ᠴᠤᠭᠯᠠᠭᠤᠯᠵᠤ᠂ ᠰᠢᠪᠡᠷ ᠰᠢᠷᠣᠢ ᠶ᠋ᠢ ᠨᠢ ᠠᠷᠢᠯᠭᠠᠭᠠᠳ ᠬᠠᠲᠠᠭᠠᠨ᠎ᠠ᠃
    [ ᠠᠮᠲᠠ᠂ ᠴᠢᠨᠠᠷ᠂ ᠡᠷᠳᠡᠮ] ᠠᠮᠲᠠᠯᠢᠭ᠂ ᠳᠠᠪᠤᠰᠤᠯᠢᠭ ᠠᠮᠲᠠ ᠲᠠᠢ᠂ ᠲᠡᠭᠰᠢ ᠴᠢᠨᠠᠷ ᠲᠠᠢ᠂ ᠪᠠᠭ᠎ᠠ ᠬᠣᠣᠷ ᠲᠠᠢ᠃
    [ ᠴᠢᠳᠠᠯ ᠪᠠ ᠭᠣᠣᠯᠳᠠᠭᠤ ᠵᠠᠰᠠᠬᠤ] ᠥᠭᠡᠷᠢ ᠰᠢᠷ᠎ᠠ ᠤᠰᠤ ᠶ᠋ᠢ ᠬᠠᠲᠠᠭᠠᠬᠤ᠂ ᠬᠠᠪᠤᠳᠠᠷ ᠢ᠋ ᠬᠠᠷᠢᠭᠤᠯᠬᠤ᠂ ᠬᠣᠷᠣᠬᠠᠢ ᠶ᠋ᠢ ᠨᠢᠲᠤᠯᠬᠤ᠂ ᠵᠠᠭᠠᠲᠤᠨᠠᠬᠤ ᠶ᠋ᠢ ᠵᠣᠭᠰᠣᠭᠠᠬᠤ ᠴᠢᠳᠠᠯ ᠲᠠᠢ᠃ ᠭᠣᠣᠯᠳᠠᠭᠤ ᠠᠯᠠᠭ ᠮᠠᠷᠢᠶ᠎ᠠ᠂ ᠬᠠᠮᠠᠭᠤ᠂ ᠢᠯᠢᠳᠦ᠂ ᠨᠢᠰᠤᠭᠤ ᠭᠦᠪᠳᠦᠷᠦᠦ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

    ᠬᠢᠲᠠᠳ ᠨᠡᠷ᠎ᠡ᠄蛇蜕(1.黑眉锦蛇2.锦蛇)
    ᠠᠩᠭ᠌ᠯᠢ ᠨᠡᠷ᠎ᠡ᠄1.Elaphe taeniurus Gope 2.Elaphe carinata Gunther

ᠦᠰᠦᠭ ᠠᠮᠢᠯᠠᠭᠤᠯᠤᠭᠴᠢ᠄ ᠲᠤᠶᠠᠭ᠎ᠠ
ᠬᠢᠨᠠᠭᠴᠢ᠄ ᠣᠶᠤᠨᠴᠢᠮᠡᠭ ᠤᠷᠠᠨᠴᠢᠮᠡᠭ