ᠰᠢᠯᠦᠭ ᠪᠠ ᠰᠡᠳᠬᠢᠯ-ᠪᠦ᠊· ᠳᠠᠯᠠᠨᠲᠠᠢШүлэг ба сэтгэл-Бү·Далантай
ᠰᠢᠯᠦᠭ ᠪᠠ ᠰᠡᠳᠬᠢᠯ
ᠵᠣᠬᠢᠶᠠᠭᠴᠢ᠄ ᠪᠦ᠊· ᠳᠠᠯᠠᠨᠲᠠᠢ
ᠨᠠᠪᠴᠢᠲᠤ ᠨᠣᠭᠣᠭᠠᠨ ᠲᠠᠯ᠎ᠠ ᠮᠢᠨᠢ
ᠮᠥᠷ ᠢ᠋ ᠲᠠᠮᠠᠭᠠᠯᠠᠨ ᠬᠠᠳᠠᠭᠠᠯᠠᠵᠤ
ᠨᠠᠭᠤᠷ ᠤ᠋ᠨ ᠲᠤᠩᠭᠠᠯᠠᠭ ᠬᠡᠯᠬᠢᠶ᠎ᠡ ᠨᠢ
ᠨᠢᠭᠤᠷ ᠢ᠋ ᠵᠢᠷᠤᠭᠯᠠᠨ ᠬᠣᠴᠣᠷᠤᠭᠰᠠᠨ
ᠮᠠᠷᠲᠠᠵᠤ ᠴᠢᠳᠠᠳᠠᠭ ᠦᠭᠡᠢ ᠨᠤᠲᠤᠭ ᠮᠢᠨᠢ
ᠨᠠᠮᠤᠷ ᠲᠤ᠌ ᠪᠠᠨ ᠰᠢᠷᠭᠠᠯᠲᠤᠨ ᠡᠷᠢᠭᠳᠡᠬᠦ ᠶᠦᠮ
ᠮᠠᠩᠬᠠᠨ ᠤ᠋ ᠲᠣᠷᠯᠣᠭ ᠢ᠋ᠶ᠋ᠠᠨ ᠵᠠᠢᠳᠠᠯᠠᠭᠠᠳ
ᠨᠠᠰᠤ ᠮᠢᠨᠢ ᠪᠠᠭ᠎ᠠ ᠳ᠋ᠤ᠌ ᠪᠠᠨ ᠪᠤᠴᠠᠬᠤ ᠶᠤᠮ
ᠬᠡᠭᠡᠷ᠎ᠡ ᠶ᠋ᠢᠨ ᠰᠢᠪᠠᠭᠤᠳ ᠤ᠋ᠨ ᠵᠢᠷᠭᠢᠭᠡᠨ ᠳ᠋ᠦ᠍ ᠨᠢ
ᠬᠠᠢᠷ᠎ᠠ ᠶ᠋ᠢᠨ ᠪᠣᠯᠵᠣᠭ᠎ᠠ ᠤᠶᠠᠭᠳᠠᠳᠠᠭ
ᠵᠡᠭᠡᠷ᠎ᠡ ᠶ᠋ᠢᠨ ᠢᠨᠵᠠᠭ᠎ᠠ ᠤᠮᠳᠠᠯᠠᠳᠠᠭ
ᠬᠠᠢᠯ ᠤ᠋ᠨ ᠤᠰᠤ ᠨᠢ ᠮᠡᠯᠮᠡᠷᠡᠳᠡᠭ
ᠲᠤᠶᠠᠭ᠎ᠠ ᠰᠠᠴᠤᠭᠰᠠᠨ ᠡᠯᠡᠰᠦᠨ ᠦ᠌ ᠪᠡᠨ
ᠳᠠᠭᠤᠤ ᠲᠠᠢ ᠰᠠᠯᠬᠢ ᠪᠠᠷ ᠠᠷᠴᠢᠭᠤᠯᠵᠦ
ᠲᠣᠷᠭᠠᠨ ᠬᠠᠯᠭᠢᠶ᠎ᠠ ᠴᠤᠪᠤᠷᠠᠭᠤᠯᠤᠭᠰᠠᠨ
ᠲᠣᠰᠣᠨ ᠬᠤᠷ᠎ᠠ ᠳ᠋ᠤ᠌ ᠨᠢ ᠤᠬᠢᠶᠠᠭᠳᠠᠳᠠᠭ
ᠲᠣᠮᠣᠭ᠎ᠠ ᠦᠭᠡᠢ ᠨᠠᠰᠤᠨ ᠳ᠋ᠤ᠌ ᠪᠠᠨ
ᠲᠤᠭᠤᠯᠤᠭᠰᠠᠨ ᠰᠠᠢᠬᠠᠨ ᠳᠤᠷᠠᠳᠬᠠᠯ ᠢ᠋ᠶ᠋ᠠᠨ ᠳᠣᠮᠤᠭᠰᠢᠭᠤᠯᠵᠤ
ᠲᠣᠭ᠎ᠠ ᠲᠠᠢ ᠨᠠᠰᠤᠨ ᠤ᠋ ᠠᠶᠠᠨ ᠳ᠋ᠤ᠌ ᠪᠠᠨ
ᠰᠠᠨᠴᠢᠭ ᠪᠤᠭᠤᠷᠤᠯᠬᠠᠨ ᠵᠢᠪᠬᠤᠭᠠᠵᠢᠨᠠ
ᠡᠩᠬᠦᠷᠡᠢᠯᠡᠵᠦ ᠲᠣᠷᠨᠢᠭᠤᠯᠤᠭᠰᠠᠨ ᠨᠤᠲᠤᠭ ᠠ᠋ᠴᠠ ᠪᠠᠨ
ᠡᠮᠵᠡᠭᠯᠡᠨ ᠬᠠᠢᠯᠵᠤ ᠮᠣᠷᠳᠠᠬᠤ ᠳ᠋ᠤ᠌ ᠪᠠᠨ
ᠲᠠᠯ᠎ᠠ ᠰᠢᠭ᠋ ᠰᠡᠳᠬᠢᠯ ᠲᠡᠢ ᠠᠷᠠᠳ ᠠ᠋ᠴᠠ ᠪᠠᠨ
ᠲᠠᠨᠢᠬᠤ ᠦᠭᠡᠢ ᠶᠦᠮ ᠰᠢᠭ ᠰᠠᠯᠤᠯᠴᠠᠬᠤ ᠳ᠋ᠤ᠌ ᠪᠠᠨ
ᠨᠠᠷᠠ ᠨᠢ ᠨᠠᠯᠠᠭᠠᠷ ᠥᠨᠳᠥᠷᠯᠢᠭ ᠦ᠋ᠨ
ᠬᠠᠯᠠᠭᠤᠨ ᠰᠠᠯᠬᠢ ᠪᠠᠷ ᠦᠨᠦᠰᠦᠭᠦᠯᠵᠦ
ᠰᠠᠷ᠎ᠠ ᠨᠢ ᠲᠡᠷᠭᠡᠯ ᠬᠢᠯᠢ ᠶ᠋ᠢᠨ
ᠰᠥᠨᠢ ᠶ᠋ᠢᠨ ᠮᠠᠨᠠᠭᠠᠨ ᠳ᠋ᠤ᠌ ᠬᠠᠨᠠᠢᠬᠤ ᠳ᠋ᠤ᠌
ᠦᠳᠡᠰᠢ ᠶ᠋ᠢᠨ ᠣᠭᠲᠠᠷᠭᠤᠢ ᠪᠠᠨ ᠮᠠᠨᠠᠨ
ᠣᠳᠣᠳ ᠨᠢ ᠭᠢᠯᠠᠯᠵᠠᠨ ᠰᠢᠪᠡᠨᠡᠳᠡᠭ ᠪᠠᠢᠯ᠎ᠠ
ᠦᠷ ᠦ᠋ᠨ ᠴᠣᠯᠮᠣᠨ ᠢ᠋ ᠠᠴᠢᠶᠠᠯᠠᠨ
ᠠᠳᠤᠭᠤᠳ ᠨᠢ ᠳᠣᠷᠭᠢᠯᠳᠤᠨ ᠪᠡᠯᠴᠢᠳᠡᠭ ᠪᠠᠢᠯ᠎ᠠ
ᠬᠦᠯᠦᠭ ᠦ᠋ᠨ ᠶ᠋ᠢᠡᠨ ᠰᠢᠨᠳᠠᠰᠤ ᠶ᠋ᠢ ᠰᠣᠷᠢᠭᠰᠠᠨ
ᠬᠥᠭᠡᠷᠦᠬᠦᠢ ᠠᠪᠤ ᠮᠢᠨᠢ ᠬᠠᠷᠠᠭᠳᠠᠳᠠᠭ ᠪᠠᠢᠯ᠎ᠠ
ᠭᠡᠷ ᠦ᠋ᠨ ᠢ᠋ᠶ᠋ᠡᠨ ᠴᠢᠮᠡᠭ ᠨᠢ ᠪᠣᠯᠤᠭᠰᠠᠨ
ᠬᠡᠭᠡᠨᠴᠢᠷ ᠡᠵᠢ ᠮᠢᠨᠢ ᠰᠠᠨᠠᠭᠳᠠᠳᠠᠭ ᠪᠠᠢᠯ᠎ᠠ
ᠬᠠᠷᠪᠤᠭᠰᠠᠨ ᠰᠣᠯᠢᠷ ᠠᠪᠤ ᠶ᠋ᠢᠨ ᠢ᠋ᠶ᠋ᠡᠨ
ᠬᠠᠲᠠᠭᠤ ᠶᠣᠰᠣᠨ ᠤ᠋ ᠬᠡᠯᠲᠡᠷᠬᠡᠢ
ᠬᠠᠯᠢᠭᠰᠠᠨ ᠲᠡᠭᠷᠢ ᠡᠵᠢ ᠶ᠋ᠢᠨ ᠢ᠋ᠶ᠋ᠡᠨ
ᠬᠠᠯᠠᠭᠤᠨ ᠴᠢᠰᠤᠨ ᠤ᠋ ᠲᠠᠰᠤᠷᠬᠠᠢ
ᠠᠬ᠎ᠠ ᠡᠭᠡᠴᠢ ᠳᠡᠭᠦᠦ ᠳᠠᠶᠠᠭᠠᠷ ᠢ᠋ᠶ᠋ᠠᠨ
ᠠᠮᠤᠭᠤᠯᠠᠩ ᠲᠡᠩᠬᠡᠯᠡᠭᠦᠨ ᠴᠡᠩᠭᠡᠯᠳᠦᠵᠦ
ᠦᠷ᠎ᠡ ᠠᠴᠢ ᠨᠠᠷ ᠥᠭᠡᠳᠡ ᠲᠡᠢ
ᠥᠨᠢᠷ ᠵᠢᠷᠭᠠᠯ ᠢ᠋ᠶ᠋ᠠᠷ ᠪᠠᠶᠠᠰᠤᠯᠳᠤᠨᠠᠮ
ᠣᠩᠭᠣᠨ ᠴᠡᠩᠬᠡᠷ ᠲᠠᠯ᠎ᠠ ᠶ᠋ᠢᠨ ᠢ᠋ᠶ᠋ᠡᠨ
ᠣᠭᠣᠨᠣ ᠶ᠋ᠢᠨ ᠰᠦᠷᠦᠭ ᠢ᠋ ᠰᠠᠷᠠᠪᠴᠢᠯᠠᠨ
ᠬᠣᠩᠬᠣᠨ ᠳᠠᠭᠤᠨ ᠢ᠋ᠶ᠋ᠠᠷ ᠬᠣᠴᠣᠷᠭᠠᠳᠠᠭ
ᠬᠣᠮ ᠲᠠᠢ ᠲᠡᠮᠡᠭᠡᠳ ᠢ᠋ᠶ᠋ᠡᠨ ᠦᠭᠡᠢᠯᠡᠨ
ᠲᠦᠪᠰᠢᠨ ᠲᠡᠨᠢᠭᠡᠷ ᠲᠠᠯ᠎ᠠ ᠮᠢᠨᠢ
ᠲᠥᠷᠥᠯᠬᠢ ᠵᠢᠰᠦ ᠪᠡᠨ ᠪᠤᠯᠢᠶᠠᠭᠳᠠᠬᠤ ᠳ᠋ᠤ᠌
ᠳᠥᠴᠢᠨ ᠵᠢᠯ ᠦ᠋ᠨ ᠮᠥᠷᠥᠭᠡᠳᠦᠯ ᠳ᠋ᠦ᠍ ᠮᠢᠨᠢ
ᠳᠥᠷᠦᠭᠡᠨ ᠳᠠᠭᠤᠨ ᠬᠠᠩᠭᠢᠨᠠᠭᠰᠠᠨ
ᠰᠠᠴᠤᠷᠠᠨ ᠭᠡᠷᠡᠯᠳᠡᠬᠦ ᠨᠤᠲᠤᠭ ᠤ᠋ᠨ ᠮᠢᠨᠢ
ᠰᠠᠯᠬᠢ ᠬᠥᠰᠢᠭᠡᠯᠡᠭᠰᠡᠨ ᠬᠥᠷᠥᠰᠥ ᠡᠴᠡ
ᠰᠠᠭᠠᠯᠢ ᠰᠦᠨ ᠦ᠌ ᠦᠨᠦᠷ ᠲᠡᠢ
ᠰᠠᠢᠬᠠᠨ ᠵᠠᠬᠢᠶ᠎ᠠ ᠰᠣᠯᠣᠩᠭᠠᠷᠠᠬᠤ ᠳ᠋ᠤ᠌
ᠡᠯᠡᠰᠦᠨ ᠪᠣᠢᠲᠣᠭ ᠲᠠᠢ ᠥᠰᠦᠭᠡᠳ
ᠡᠪᠦᠭᠡᠷᠡᠵᠦ ᠶᠠᠪᠤᠭ᠎ᠠ ᠨᠢᠭᠡ ᠬᠥᠮᠦᠨ
ᠡᠬᠡ ᠬᠠᠲᠤᠨ ᠤ᠋ ᠤᠷᠤᠰᠬᠠᠯ ᠴᠢᠩᠨᠠᠨ
ᠡᠯᠢᠭᠡᠨ ᠰᠠᠳᠤᠨ ᠢ᠋ᠶ᠋ᠠᠨ ᠮᠥᠷᠥᠭᠡᠳᠬᠦ ᠳ᠋ᠦ᠍ ᠪᠡᠨ
ᠪᠢᠷ ᠪᠡᠬᠡ ᠶ᠋ᠢ ᠢᠨᠠᠭᠰᠢᠭᠤᠯᠤᠨ ᠪᠠᠢᠵᠤ
ᠰᠡᠳᠬᠢᠯ ᠢ᠋ᠶ᠋ᠡᠨ ᠳᠡᠯᠭᠡᠨ ᠰᠢᠩᠭᠡᠵᠦ ᠪᠠᠢᠨ᠎ᠠ
ᠪᠢᠯᠢᠭ ᠣᠶᠤᠨ ᠢ᠋ᠶ᠋ᠠᠨ ᠢᠳᠡᠭᠡᠰᠢᠭᠦᠯᠦᠨ
ᠰᠢᠯᠦᠭ ᠢ᠋ᠶ᠋ᠡᠨ ᠬᠡᠯᠬᠢᠭᠡᠳ ᠨᠢᠰᠬᠡᠵᠦ ᠪᠠᠢᠨ᠎ᠠ!
ᠰᠦᠨ ᠰᠠᠴᠤᠯᠢ 《 ᠬᠡg》 ᠬᠣᠯᠪᠣᠭ᠎ᠠ ᠠ᠋ᠴᠠ
ᠦᠰᠦᠭ ᠠᠮᠢᠯᠠᠭᠤᠯᠤᠭᠴᠢ᠄ᠬᠠᠰᠪᠠᠭᠠᠲᠤᠷ᠂ ᠥᠷᠭᠡᠨᠳᠠᠯᠠᠢ᠂ ᠽᠠᠨᠳᠠᠨ4. ᠲᠡᠮᠦᠷ᠂ᠡᠷᠳᠡᠨᠢᠴᠢᠮᠡᠭ᠂ᠨᠠᠷᠠᠨᠲᠣᠭᠣᠰ᠂ᠰᠦᠬᠡ᠂ᠰ·ᠣᠶᠤᠨᠴᠡᠴᠡᠭ᠂ᠪᠠᠶᠠᠨᠪᠢᠯᠢᠭ᠌᠂ᠡᠷᠳᠡᠨᠢᠴᠡᠴᠡᠭ᠂ᠣᠶᠤᠨᠴᠢᠮᠡᠭ᠂ ᠰᠢᠵᠢᠷᠮᠠᠨᠳᠤᠯ᠎ᠠ᠂ᠠᠯᠲᠠᠨᠴᠢᠮᠡᠭ
ᠬᠢᠨᠠᠭᠴᠢ᠄ ᠨᠠ᠊· ᠴᠠᠭᠠᠨ᠂ ᠨᠠᠷᠠᠨᠲᠣᠭᠣᠰ᠂ ᠣᠳᠬᠠᠨᠰᠣ᠎ᠠ
