ᠳᠡᠰ ᠦ᠋ᠨ ᠪᠠᠭᠠᠰᠤDesiin baasДэсийн баас ᠠᠮᠢᠲᠠᠨ ᠤ᠋ ᠶᠢᠷᠲᠢᠨᠴᠦ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠡᠰ ᠦ᠋ᠨ ᠪᠠᠭᠠᠰᠤDesiin baasДэсийн баас

ᠳᠡᠰ ᠦ᠋ᠨ ᠪᠠᠭᠠᠰᠤDesiin baasДэсийн баас

2025-12-04

285

ᠳᠡᠰ ᠦ᠋ᠨ ᠪᠠᠭᠠᠰᠤ 

    ᠲᠤᠰ ᠡᠮ ᠪᠣᠯ ᠬᠠᠷᠴᠠᠭᠠᠢ ᠶ᠋ᠢᠨ ᠢᠵᠠᠭᠤᠷ ᠤ᠋ᠨ ᠠᠮᠢᠲᠠᠨ ᠪᠣᠯᠬᠤ ᠳᠡᠰ ᠦ᠋ᠨ ᠬᠠᠲᠠᠭᠠᠭᠰᠠᠨ ᠪᠠᠭᠠᠰᠤ ᠮᠥᠨ᠃ ᠪᠠᠰᠠ ᠶᠠᠲ᠋ᠠᠯ᠂ ᠵᠠᠭᠤᠳ ᠪᠦᠷᠦᠨ ᠭᠡᠳᠡᠭ᠃
    [ ᠤᠤᠯ ᠠᠮᠢᠲᠠᠨ] ᠪᠡᠶ᠎ᠡ ᠶ᠋ᠢᠨ ᠤᠷᠲᠤ ᠨᠢ118cm᠂ ᠳᠠᠯᠠᠪᠴᠢ ᠨᠢ76.5cm᠂ ᠰᠡᠭᠦᠯ ᠨᠢ41cm᠃ ᠮᠠᠩᠨᠠᠢ ᠠ᠋ᠴᠠ ᠪᠠᠨ ᠲᠣᠯᠣᠭᠠᠢ ᠶ᠋ᠢᠨ ᠠᠷᠤ ᠬᠦᠷᠲᠡᠯ᠎ᠡ ᠪᠡᠨ ᠬᠦᠷᠡᠩ ᠨᠣᠣᠯᠣᠭᠤᠷ ᠥᠳᠥ ᠲᠡᠢ᠃ ᠲᠣᠯᠣᠭᠠᠢ ᠶ᠋ᠢᠨ ᠠᠷᠤ ᠶ᠋ᠢᠨ ᠨᠣᠣᠯᠣᠭᠤᠷ ᠥᠳᠥ ᠨᠢ ᠨᠡᠯᠢᠶᠡᠳ ᠢᠬᠴᠤ ᠮᠥᠷᠲᠡᠭᠡᠨ ᠥᠩᠭᠡ ᠨᠢ ᠵᠢᠭᠠᠬᠠᠨ ᠭᠦᠢᠬᠡᠨ᠃ ᠵᠠᠪᠠᠵᠢᠨ ᠬᠡᠰᠡᠭ ᠲᠡᠭᠡᠨ ᠵᠢᠭᠠᠬᠠᠨ ᠥᠷᠭᠡᠰᠦ ᠦᠰᠦ ᠲᠡᠢ᠃ ᠬᠦᠵᠦᠭᠦᠦ ᠶ᠋ᠢᠨ ᠬᠠᠯᠴᠠᠭᠠᠢ ᠬᠡᠰᠡᠭ ᠨᠢ ᠬᠥᠬᠡᠪᠲᠦᠷ᠃ ᠡᠷᠡᠦ ᠨᠤᠭᠤᠯᠤᠭᠠᠰᠤ ᠨᠢ ᠬᠦᠷᠡᠪᠲᠦᠷ ᠴᠠᠭᠠᠨ᠃ ᠮᠥᠷᠥ᠂ ᠪᠦᠬᠦ ᠠᠷᠤ ᠬᠡᠰᠡᠭ ᠨᠢ ᠪᠦᠳᠡᠭᠢ ᠬᠦᠷᠡᠩ ᠥᠩᠭᠡ ᠲᠡᠢ᠃ ᠳᠠᠯᠠᠪᠴᠢ ᠳᠡᠭᠡᠷ᠎ᠡ ᠨᠢ ᠪᠦᠷᠬᠦᠭᠦᠯ ᠥᠳᠥ ᠲᠡᠢ᠂ ᠳᠡᠳ᠋ ᠨᠢᠰᠦᠯᠲᠡ ᠶ᠋ᠢᠨ ᠥᠳᠥ ᠪᠠ ᠭᠤᠷᠪᠠᠳᠤᠭᠠᠷ ᠨᠢᠰᠦᠯᠲᠡ ᠶ᠋ᠢᠨ ᠥᠳᠥ ᠨᠢ ᠨᠢᠷᠤᠭᠤᠨ ᠤ᠋ ᠥᠩᠭᠡ ᠲᠡᠢ ᠪᠡᠨ ᠢᠵᠢᠯ ᠥᠩᠭᠡ ᠲᠡᠢ ᠪᠤᠶᠤ ᠪᠠᠷᠠᠭᠠᠨ ᠬᠦᠷᠡᠩ ᠥᠩᠭᠡ ᠲᠡᠢ᠂ ᠠᠩᠬ᠎ᠠ ᠨᠢᠰᠦᠯᠲᠡ ᠶ᠋ᠢᠨ ᠥᠳᠥ ᠪᠠ ᠲᠡᠭᠦᠨ ᠦ᠌ ᠥᠳᠥ ᠲᠡᠩᠭᠡᠯᠢᠭ ᠨᠢ ᠪᠦᠷ ᠬᠠᠷ᠎ᠠ ᠬᠦᠷᠡᠩ ᠥᠩᠭᠡ ᠲᠡᠢ᠃ ᠳᠣᠣᠷ᠎ᠠ ᠪᠡᠶ᠎ᠡ ᠶ᠋ᠢᠨ ᠣᠯᠠᠩᠬᠢ ᠨᠢ ᠬᠠᠷ᠎ᠠ ᠬᠦᠷᠡᠩ᠂ ᠴᠡᠭᠡᠵᠢᠨ ᠦ᠌ ᠡᠮᠦᠨ᠎ᠡ ᠨᠢ ᠦᠰᠦᠯᠢᠭ ᠨᠣᠣᠯᠣᠭᠤᠷ ᠥᠳᠥ ᠲᠡᠢ᠂ ᠬᠣᠶᠠᠷ ᠬᠠᠵᠠᠭᠤ ᠪᠠᠷ ᠨᠢ ᠲᠤᠰ ᠪᠦᠷᠢ1 ᠪᠠᠭᠴᠠ ᠰᠡᠪᠰᠡᠭᠡᠷ ᠵᠢᠳᠠ ᠬᠡᠯᠪᠡᠷᠢᠲᠦ ᠤᠷᠲᠤ ᠥᠳᠥ ᠲᠡᠢ᠃ ᠴᠡᠭᠡᠵᠢ᠂ ᠬᠡᠪᠡᠯᠢ ᠶ᠋ᠢᠨ ᠥᠳᠥ ᠳᠡᠭᠡᠷ᠎ᠡ ᠨᠢ ᠪᠦᠷ ᠶᠠᠯᠢᠮ ᠦᠭᠡᠢ ᠭᠦᠢᠬᠡᠨ ᠭᠤᠯᠳᠤ ᠵᠢᠷᠤᠭᠠᠰᠤ ᠲᠠᠢ᠃ ᠪᠥᠭᠰᠡ ᠶ᠋ᠢᠨ ᠣᠷᠴᠢᠨ᠂ ᠰᠡᠭᠦᠯ ᠦ᠋ᠨ ᠳᠣᠣᠷᠠᠬᠢ ᠪᠦᠷᠬᠦᠪᠴᠢ ᠥᠳᠥ ᠨᠢ ᠭᠦᠢᠬᠡᠨ ᠬᠦᠷᠡᠪᠲᠦᠷ ᠴᠠᠭᠠᠨ ᠥᠩᠭᠡ ᠲᠡᠢ᠂ ᠬᠥᠯ ᠦ᠋ᠨ ᠪᠦᠷᠬᠦᠪᠴᠢ ᠥᠳᠥ ᠨᠢ ᠬᠠᠷ᠎ᠠ ᠬᠦᠷᠡᠩ ᠪᠥᠭᠡᠳ ᠬᠤᠷᠤᠭᠤᠨ ᠤᠭ ᠲᠤ᠌ ᠬᠦᠷᠳᠡᠭ᠃
    [ ᠠᠮᠢᠳᠤᠷᠠᠬᠤ ᠣᠷᠴᠢᠨ ᠬᠢᠭᠡᠳ ᠲᠠᠷᠬᠠᠴᠠ] ᠣᠯᠠᠩᠬᠢ ᠳ᠋ᠠᠭᠠᠨ ᠳᠠᠯᠠᠢ ᠶ᠋ᠢᠨ ᠲᠦᠪᠰᠢᠨ ᠡᠴᠡ2000~4500 ᠤ᠋ ᠠᠭᠤᠯᠠᠷᠬᠠᠭ ᠭᠠᠵᠠᠷ᠂ ᠥᠨᠳᠥᠷᠯᠢᠭ ᠲᠠᠯ᠎ᠠ ᠭᠠᠵᠠᠷ  ᠲᠤ᠌ ᠠᠮᠢᠳᠤᠷᠠᠨ᠎ᠠ᠃ ᠠᠮᠢᠲᠠᠨ ᠤ᠋ ᠰᠡᠭ ᠢ᠋ᠶ᠋ᠡᠷ ᠢᠳᠡᠰᠢᠯᠡᠳᠡᠭ᠃ ᠥᠪᠥᠷ ᠮᠣᠩᠭᠣᠯ᠂ ᠰᠢᠨᠵᠢᠶᠠᠩ᠂ ᠭᠠᠨᠰᠦ᠂ ᠬᠥᠬᠡᠨᠠᠭᠤᠷ᠂ ᠲᠥᠪᠡᠳ ᠲᠦ᠍ ᠲᠠᠷᠬᠠᠴᠠ ᠲᠠᠢ᠃ ᠤᠮᠠᠷᠠᠲᠤ ᠣᠷᠣᠨ᠂ ᠯᠢᠶᠣᠤᠨᠢᠩ ᠤ᠋ᠨ ᠡᠮᠦᠨ᠎ᠡ ᠬᠡᠰᠡᠭ᠂ ᠵᠧᠵᠢᠶᠠᠩ᠂ ᠹᠦᠵᠢᠶᠠᠨ᠂ ᠱᠠᠨᠰᠢ ᠳ᠋ᠤ᠌ ᠪᠠᠰᠠ ᠬᠠᠶᠠ ᠬᠠᠷᠠᠭᠳᠠᠳᠠᠭ᠃
    [ ᠲᠡᠭᠦᠵᠦ ᠪᠣᠯᠪᠠᠰᠤᠷᠠᠭᠤᠯᠬᠤ] ᠳᠥᠷᠪᠡᠨ ᠤᠯᠠᠷᠢᠯ ᠳ᠋ᠤ᠌ ᠴᠥᠮ ᠠᠪᠴᠤ ᠪᠣᠯᠤᠨ᠎ᠠ᠃ ᠲᠡᠭᠦᠵᠦ ᠠᠪᠤᠭᠰᠠᠨ ᠤ᠋ ᠰᠡᠭᠦᠯᠡᠷ ᠬᠣᠯᠢᠴᠠ ᠶ᠋ᠢ ᠨᠢ ᠠᠷᠢᠯᠭᠠᠨ᠎ᠠ᠃
ᠠᠮᠲᠠ᠂ ᠴᠢᠨᠠᠷ᠂ ᠡᠷᠳᠡᠮ] ᠭᠤᠱᠤᠭᠤᠨ ᠠᠮᠲᠠ ᠲᠠᠢ᠂ ᠪᠦᠯᠢᠶᠡᠨ ᠴᠢᠨᠠᠷ ᠲᠠᠢ᠃
    [ ᠴᠢᠳᠠᠯ ᠪᠠ ᠭᠣᠣᠯᠳᠠᠭᠤ ᠵᠠᠰᠠᠬᠤ] ᠪᠡᠲᠡᠭᠢ ᠶ᠋ᠢ ᠡᠪᠳᠡᠬᠦ᠂ ᠢᠯᠴᠢ ᠶ᠋ᠢ ᠰᠡᠯᠪᠢᠬᠦ᠂ ᠢᠳᠡᠭᠡᠨ ᠢ᠋ ᠰᠢᠩᠭᠡᠭᠡᠬᠦ᠂ ᠳᠤᠷ᠎ᠠ ᠶ᠋ᠢ ᠨᠡᠭᠡᠭᠡᠬᠦ᠂ ᠬᠠᠪᠤᠳᠠᠷ ᠢ᠋ ᠬᠠᠷᠢᠭᠤᠯᠬᠤ ᠪᠤᠶᠤ ᠯᠡᠪᠡᠷᠡᠭᠦᠯᠬᠦ ᠴᠢᠳᠠᠯ ᠲᠠᠢ᠃ ᠭᠣᠣᠯᠳᠠᠭᠤ ᠠᠶᠤᠤᠯᠢᠬᠠᠢ ᠶ᠋ᠢᠨ ᠪᠡᠲᠡᠭᠢ᠂ ᠲᠡᠮᠦᠷ ᠬᠠᠭᠲᠤ ᠪᠠᠳᠭ᠋ᠠᠨ᠂ ᠡᠰᠡ ᠰᠢᠩᠭᠡᠭᠰᠡᠨ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

    ᠬᠢᠲᠠᠳ ᠨᠡᠷ᠎ᠡ᠄秃鹫粪 (秃鹫)
    ᠠᠩᠭ᠌ᠯᠢ ᠨᠡᠷ᠎ᠡ᠄Aegpius monachus linnaeus
ᠦᠰᠦᠭ ᠠᠮᠢᠯᠠᠭᠤᠯᠤᠭᠴᠢ᠄ ᠣᠶᠤᠨᠴᠢᠮᠡᠭ
ᠬᠢᠨᠠᠭᠴᠢ᠄ ᠲᠤᠶᠠᠭ᠎ᠠ