ᠥᠭᠡᠬᠦᠨᠳᠡᠢ ᠶ᠋ᠢᠨ ᠰᠢᠯᠢ-ᠪᠠᠲᠤÖökhöndein shil-BatӨөхөндэйн шил-Бат
ᠥᠭᠡᠬᠦᠨᠳᠡᠢ ᠶ᠋ᠢᠨ ᠰᠢᠯᠢ
ᠪᠠᠲᠤ᠄ ᠵᠠ᠂ ᠥᠭᠡᠬᠦᠨᠳᠡᠢ ᠶ᠋ᠢᠨ ᠰᠢᠯᠢ ᠭᠡᠰᠡᠨ ᠰᠢᠨ᠎ᠡ ᠳᠠᠭᠤᠤ ᠮᠠᠨᠢ ᠣᠳᠣ ᠮᠠᠨ ᠤ᠋ ᠤᠷᠠᠨ ᠪᠦᠲᠦᠭᠡᠯ ᠲᠦᠮᠡᠨ ᠣᠯᠠᠨ ᠳ᠋ᠤ᠌ ᠪᠠᠨ ᠰᠣᠨᠣᠷᠳᠠᠬᠤ ᠪᠣᠯᠤᠯ᠎ᠠ᠃ ᠥᠭᠡᠬᠦᠨᠳᠡᠢ ᠶ᠋ᠢᠨ ᠰᠢᠯᠢ ᠡᠨᠡ ᠨᠤᠲᠤᠭ ᠪᠣᠯ ᠮᠠᠨ ᠤ᠋ ᠠᠷᠤ ᠬᠣᠷᠴᠢᠨ ᠬᠤᠰᠢᠭᠤᠨ ᠤ᠋ ᠬᠠᠮᠤᠭ ᠤ᠋ᠨ ᠬᠣᠢᠲᠤ ᠵᠠᠬ᠎ᠠ ᠲᠠᠯᠢᠨᠬᠤᠸᠠ ᠶ᠋ᠢᠨ ᠡᠮᠦᠨ᠎ᠡ ᠲᠠᠯ᠎ᠠ ᠳ᠋ᠤ᠌ ᠪᠠᠢᠳᠠᠭ᠃ ᠲᠩᠷᠢ ᠡᠴᠡ ᠬᠠᠷᠪᠤᠵᠤ ᠪᠠᠭᠤᠭᠰᠠᠨ ᠰᠣᠯᠢᠷ ᠣᠳᠣ ᠨᠤᠭᠤᠳ ᠬᠣᠨᠢᠨ ᠰᠦᠷᠦᠭ ᠰᠢᠭ ᠪᠤᠲᠠᠷᠠᠵᠤ ᠪᠠᠭᠤᠭᠰᠠᠨ ᠴᠢᠯᠠᠭᠤ ᠨᠤᠭᠤᠳ ᠪᠠᠢᠳᠠᠭ᠃ ᠶᠠᠷᠢᠶᠠᠨ ᠦᠭᠡᠢ ᠮᠠᠨ ᠤ᠋ ᠪᠠᠶᠠᠡᠦ᠌ᠨᠳᠦᠷ ᠨᠤᠲᠤᠭ ᠪᠣᠯ ᠶᠣᠰᠣᠲᠠᠢ ᠰᠠᠢᠬᠠᠨ ᠪᠠᠢᠭᠠᠯᠢ ᠶ᠋ᠢᠨ ᠦᠵᠡᠮᠵᠢ ᠶ᠋ᠢᠨ ᠣᠷᠣᠨ᠂ ᠬᠠᠮᠠᠭᠠᠯᠠᠯᠲᠠ ᠶ᠋ᠢᠨ ᠴᠦ᠍ ᠣᠷᠣᠨ᠃ ᠲᠡᠢᠮᠦ ᠰᠠᠢᠬᠠᠨ ᠭᠠᠵᠠᠷ ᠨᠤᠲᠤᠭ ᠃ ᠡᠨᠡ ᠰᠠᠢᠬᠠᠨ ᠨᠤᠲᠤᠭ ᠳᠡᠭᠡᠷ᠎ᠡ ᠡᠢᠮᠦ ᠰᠠᠢᠬᠠᠨ ᠥᠭᠡᠬᠦᠨᠳᠡᠢ ᠴᠢᠯᠠᠭᠤ ᠨᠤᠭᠤᠳ ᠬᠣᠨᠢᠨ ᠰᠦᠷᠦᠭ ᠰᠢᠭ ᠪᠤᠲᠠᠷᠠᠭᠠᠳ ᠴᠠᠢᠷᠠᠭᠰᠠᠨ ᠨᠢ ᠣᠳᠣ ᠮᠢᠨᠦ ᠰᠢᠯᠦᠭ ᠲᠦ᠍ ᠭᠠᠷᠤᠭᠰᠠᠨ ᠃ ᠲᠡᠷᠡ ᠰᠢᠯᠦᠭ ᠦ᠋ᠨ ᠦᠭᠡᠨ ᠳ᠋ᠦ᠍ ᠲᠩᠷᠢ ᠶ᠋ᠢᠨ ᠵᠠᠭᠠᠳᠠᠰᠤ ᠪᠤᠲᠠᠷᠠᠵᠤ ᠪᠠᠭᠤᠭᠰᠠᠨ ᠲᠡᠨᠢᠭᠡᠷ ᠰᠢᠯᠢ ᠴᠢᠮᠡᠭ ᠪᠠᠢᠨ᠎ᠠ ᠭᠡᠵᠦ ᠪᠢᠴᠢᠭᠰᠡᠨ᠃
ᠨᠤᠲᠤᠭ ᠮᠢᠨᠢ ᠡᠢᠮᠦ ᠰᠡᠳᠬᠢᠯ ᠳ᠋ᠦ᠍ ᠪᠠᠬᠠᠳᠤᠮ᠎ᠠ ᠨᠢᠳᠦ ᠳᠦᠭᠦᠷᠭᠡᠮᠡ ᠦᠵᠡᠮᠵᠢ ᠪᠦᠷᠢᠳᠦᠭᠰᠡᠨ ᠡᠢᠮᠦ ᠰᠠᠢᠬᠠᠨ ᠨᠤᠲᠤᠭ ᠪᠣᠯᠬᠣᠷ ᠬᠡᠨ ᠴᠦ᠍ ᠭᠡᠰᠡᠨ ᠬᠠᠢᠷᠠᠯᠠᠵᠤ ᠶᠠᠪᠤᠨ᠎ᠠ᠃ ᠲᠡᠷᠡ ᠮᠥᠷᠲᠡᠭᠡᠨ ᠳᠠᠭᠤᠨ ᠳ᠋ᠤ᠌ ᠮᠥᠩᠬᠡᠯᠡᠭᠡᠳ ᠦᠯᠡᠳᠡᠭᠡᠬᠦ ᠳ᠋ᠦ᠍ ᠬᠣᠢᠴᠢ ᠶ᠋ᠢᠨ ᠦᠷ᠎ᠡ ᠬᠡᠦᠬᠡᠳ ᠬᠦᠷᠲᠡᠯ᠎ᠡ ᠪᠦᠭᠦᠳᠡ ᠰᠠᠢᠬᠠᠨ ᠬᠠᠢᠷᠠᠯᠠᠵᠤ ᠬᠠᠮᠠᠭᠠᠯᠠᠵᠤ ᠶᠠᠪᠤᠨ᠎ᠠ ᠭᠡᠵᠦ ᠪᠣᠳᠣᠵᠤ ᠪᠠᠢᠨ᠎ᠠ᠃
ᠡᠷᠳᠡᠨᠢᠪᠢᠯᠢᠭ᠄ ᠥᠭᠡᠬᠦᠨᠳᠡᠢ ᠶ᠋ᠢᠨ ᠰᠢᠯᠢ ᠭᠡᠰᠡᠨ ᠳᠠᠭᠤᠤ ᠪᠣᠯ ᠨᠢᠳᠤᠨᠤᠨ ᠬᠠᠪᠤᠷ ᠂ ᠬᠣᠶᠠᠷ ᠮᠢᠩᠭ᠎ᠠ ᠬᠣᠷᠢᠨ ᠳᠥᠷᠪᠡᠨ ᠣᠨ ᠤ᠋ ᠬᠠᠪᠤᠷ ᠰᠢᠨ᠎ᠡ ᠪᠢᠴᠢᠭᠳᠡᠭᠰᠡᠨ ᠳᠠᠭᠤᠤ᠃ ᠮᠠᠨ ᠤ᠋ ᠢᠷᠠᠭᠤ ᠨᠠᠢᠷᠠᠭᠴᠢ ᠪᠠᠲᠤ ᠠᠬ᠎ᠠ ᠶ᠋ᠢᠨ ᠮᠢᠨᠢ ᠰᠢᠯᠦᠭ ᠂ ᠪᠠᠲᠤ ᠠᠬ᠎ᠠ ᠪᠢᠳᠡ ᠬᠣᠶᠠᠭᠤᠯᠠ ᠲᠡᠷᠡ ᠦᠶ᠎ᠡ ᠳ᠋ᠦ᠍ ᠬᠡᠦᠬᠡᠳ ᠦ᠋ᠨ ᠳᠠᠭᠤᠤ ᠬᠢᠬᠦ ᠰᠠᠨᠠᠭ᠎ᠠ ᠲᠠᠢ ᠶᠠᠷᠢᠯᠴᠠᠵᠤ ᠪᠠᠢᠭᠰᠠᠨ᠃ ᠴᠢᠩᠭᠢᠭᠡᠳ ᠪᠠᠲᠤ ᠠᠬ᠎ᠠ ᠬᠣᠢᠰᠢ ᠪᠠᠶᠠᠡᠦ᠌ᠨᠳᠦᠷ ᠨᠤᠲᠤᠭ ᠢ᠋ᠶ᠋ᠠᠷ ᠶᠠᠪᠤᠵᠤ ᠪᠠᠢᠬᠤ ᠳ᠋ᠤ᠌᠂ ᠥᠭᠡᠬᠦᠨᠳᠡᠢ ᠶ᠋ᠢᠨ ᠰᠢᠯᠢ ᠭᠡᠬᠦ ᠡᠢᠮᠦ ᠰᠠᠢᠬᠠᠨ ᠨᠤᠲᠤᠭ ᠢ᠋ᠶ᠋ᠠᠷ ᠥᠩᠭᠡᠷᠡᠭᠡᠳ᠂ ᠡᠨᠳᠡ ᠨᠢᠭᠡ ᠭᠣᠶᠣ ᠰᠢᠯᠦᠭ ᠪᠢᠴᠢᠭᠡᠳ ᠨᠠᠳᠠᠳᠤ ᠬᠠᠢᠷᠠᠯᠠᠭᠠᠳ ᠲᠡᠭᠡᠭᠡᠳ ᠪᠢ ᠨᠢᠳᠤᠨᠤᠨ ᠬᠠᠪᠤᠷ ᠪᠢᠴᠢᠵᠦ ᠭᠠᠷᠭᠠᠭᠰᠠᠨ ᠶᠤᠮ᠃ ᠲᠡᠭᠡᠭᠡᠳ ᠥᠪᠡᠷ ᠦ᠋ᠨ ᠭᠡᠷ ᠪᠦᠯᠢ ᠪᠡᠷ ᠢ᠋ᠶ᠋ᠡᠨ ᠡᠨᠡ ᠳᠠᠭᠤᠤ ᠶ᠋ᠢ ᠳᠠᠭᠤᠯᠠᠭᠰᠠᠨ ᠪᠠᠢᠭ᠎ᠠ ᠶᠤᠮ᠂ ᠴᠢᠩᠭᠢᠭᠡᠳ ᠥᠨᠥ ᠵᠤᠨ᠂ 2025 ᠣᠨ 8 ᠰᠠᠷ᠎ᠠ ᠳ᠋ᠤ᠌ ᠥᠭᠡᠬᠦᠨᠳᠡᠢ ᠶ᠋ᠢᠨ ᠴᠢᠯᠠᠭᠤ ᠪᠠᠶ᠋ᠢᠭ᠎ᠠ ᠰᠢᠯᠢ ᠳᠡᠭᠡᠷ᠎ᠡ ᠨᠢ ᠬᠦᠷᠦᠭᠡᠳ ᠡᠨᠡᠬᠦ ᠺᠯᠢᠫ ᠢ᠋ ᠬᠢᠭᠰᠡᠨ᠃ ᠡᠨᠡ ᠳᠠᠭᠤᠨ ᠤ᠋ ᠺᠯᠢᠫ ᠬᠢᠬᠦ ᠳ᠋ᠦ᠍ ᠮᠠᠨ ᠤ᠋ ᠺᠯᠢᠫ ᠦ᠋ᠨ ᠤᠳᠤᠷᠢᠳᠤᠭᠠᠴᠢ᠂ ᠪᠠᠭᠰᠢ ᠠᠯᠲᠠᠨᠭᠠᠳᠠᠰᠤ ᠤᠳᠤᠷᠢᠳᠤᠭᠠᠴᠢ ᠪᠠᠷ᠂ ᠰᠡᠭᠦᠳᠡᠷᠯᠡᠭᠴᠢ ᠪᠡᠷ᠂ ᠵᠢᠷᠤᠭᠯᠠᠭᠴᠢ ᠪᠠᠷ ᠠᠵᠢᠯᠯᠠᠭᠰᠠᠨ ᠪᠠᠢᠭ᠎ᠠ ᠶᠤᠮ᠃ ᠺᠯᠢᠫ ᠦ᠋ᠨ ᠦᠰᠦᠭ ᠢ᠋ ᠮᠠᠨ ᠤ᠋ ᠬᠦᠦ ᠥᠪᠡᠷ ᠢ᠋ᠶ᠋ᠡᠨ ᠪᠢᠴᠢᠭᠰᠡᠨ᠃ ᠲᠡᠭᠡᠭᠡᠳ ᠲᠡᠨᠳᠡ ᠡᠳᠦᠷ ᠦ᠋ᠨ ᠦᠵᠡᠮᠵᠢ ᠰᠥᠨᠢ ᠶ᠋ᠢᠨ ᠦᠵᠡᠮᠵᠢ ᠭᠡᠵᠦ ᠬᠣᠶᠠᠷ ᠦᠵᠡᠮᠵᠢ ᠠᠪᠤᠭᠰᠠᠨ ᠃ ᠲᠡᠭᠡᠭᠡᠳ ᠰᠥᠨᠢ ᠪᠣᠯᠬᠣᠷ ᠪᠠᠶᠠᠡᠦ᠌ᠨᠳᠦᠷ ᠲᠦ᠍ ᠶᠡᠬᠡ ᠬᠦᠢᠲᠡᠨ᠂ ᠣᠷᠣᠢ᠂ ᠰᠢᠨ᠎ᠡ ᠴᠠᠭ ᠤ᠋ᠨ ᠬᠡᠦᠬᠡᠳ ᠦ᠋ᠨ ᠬᠤᠪᠴᠠᠰᠤ ᠪᠣᠯᠬᠤ ᠪᠠᠷ ᠢ᠋ᠶ᠋ᠠᠨ ᠲᠠᠭᠠᠷᠠᠭᠠᠳ ᠤᠬᠢᠯᠠᠭᠠᠳ ᠯᠠ ᠂᠂᠂ ᠲᠡᠭᠡᠵᠦ ᠪᠠᠢᠭᠠᠳ ᠯᠠ ᠰᠡᠭᠦᠳᠡᠷᠯᠡᠭᠰᠡᠨ᠃ ᠡᠨᠡ ᠳᠠᠭᠤᠨ ᠤ᠋ ᠠᠶ᠎ᠠ ᠲᠤᠩ ᠠᠮᠠᠷᠬᠠᠨ ᠮᠥᠷᠲᠡᠭᠡᠨ ᠭᠣᠶᠣ ᠣᠷᠣᠵᠤ ᠢᠷᠡᠭᠰᠡᠨ ᠃ ᠰᠢᠯᠦᠭ ᠊ᠢ ᠬᠠᠷᠠᠩᠭᠤᠲᠠ ᠪᠠᠨ ᠠᠶ᠎ᠠ ᠨᠢ ᠣᠷᠣᠵᠤ ᠢᠷᠡᠭᠰᠡᠨ᠂ ᠭᠡᠷ ᠪᠦᠯᠢ ᠶ᠋ᠢᠨ ᠬᠠᠮᠲᠤᠯᠢᠭ ᠪᠣᠯᠬᠣᠷ ᠡᠬᠡᠰᠢᠭ ᠳᠥᠷᠪᠡᠨ ᠪᠡᠷᠬᠡ ᠭᠡᠵᠦ ᠠᠪᠤᠭᠰᠠᠨ᠂ ᠴᠢᠩᠭᠢᠭᠡᠳ ᠬᠠᠮᠤᠭ ᠠᠩᠬᠠᠨ ᠤ᠋ ᠪᠦᠲᠦᠭᠡᠯ ᠪᠣᠯᠬᠤ ᠥᠭᠡᠬᠦᠨᠳᠡᠢ ᠶ᠋ᠢᠨ ᠰᠢᠯᠢ ᠭᠡᠬᠦ ᠳᠠᠭᠤᠤ ᠪᠠᠨ ᠲᠠ ᠪᠦᠬᠦᠨ ᠳ᠋ᠦ᠍ ᠲᠣᠯᠢᠳᠠᠭᠤᠯᠵᠤ ᠪᠠᠢᠨ᠎ᠠ᠃
ᠥᠭᠡᠬᠦᠨᠳᠡᠢ ᠶ᠋ᠢᠨ ᠰᠢᠯᠢ
ᠦᠭᠡ᠄ ᠪᠠᠲᠤ
ᠠᠶ᠎ᠠ᠄ ᠡᠷᠳᠡᠨᠢᠪᠢᠯᠢᠭ
ᠳᠠᠭᠤᠴᠢᠨ᠄ ᠡᠭᠡᠰᠢᠭ ᠳᠥᠷᠪᠡᠨ ᠪᠡᠷᠬᠡ
ᠬᠥᠬᠡ ᠲᠩᠷᠢ ᠡᠴᠡ ᠢᠷᠡᠭᠰᠡᠨ
ᠬᠥᠬᠡ ᠢᠰᠢᠭᠡᠨ ᠦ᠌ ᠤᠳᠤᠮ ᠯᠠ ᠪᠠᠢᠨ᠎ᠠ
ᠬᠥᠲᠥᠯ ᠳᠦᠭᠦᠷᠡᠩ ᠪᠡᠯᠴᠢᠭᠰᠡᠨ
ᠬᠣᠨᠢᠨ ᠰᠦᠷᠦᠭ ᠦ᠋ᠨ ᠪᠠᠷ᠎ᠠ ᠪᠠᠢᠨ᠎ᠠ
ᠥᠭᠡᠬᠦᠨᠳᠡᠢ ᠥᠭᠡᠬᠦᠨᠳᠡᠢ
ᠥᠭᠡᠬᠦᠨᠳᠡᠢ ᠥᠭᠡᠬᠦᠨᠳᠡᠢ
ᠲᠩᠷᠢ ᠶ᠋ᠢᠨ ᠵᠠᠭᠠᠳᠠᠰᠤ ᠠᠰᠬᠠᠷᠠᠭᠰᠠᠨ
ᠲᠡᠨᠢᠭᠡᠷ ᠰᠢᠯᠢ ᠶ᠋ᠢᠨ ᠴᠢᠮᠡᠭ ᠪᠠᠢᠨ᠎ᠠ
ᠲᠤᠩ ᠬᠣᠯᠠ ᠠ᠋ᠴᠠ ᠭᠡᠷᠡᠯᠲᠦᠭᠰᠡᠨ
ᠲᠠᠤᠯᠠᠢ ᠴᠠᠭᠠᠨ ᠴᠢᠯᠠᠭᠤ ᠪᠠᠢᠨ᠎ᠠ
ᠲᠩᠷᠢ ᠶ᠋ᠢᠨ ᠵᠠᠭᠠᠳᠠᠰᠤ ᠠᠰᠬᠠᠷᠠᠭᠰᠠᠨ
ᠲᠡᠨᠢᠭᠡᠷ ᠰᠢᠯᠢ ᠶ᠋ᠢᠨ ᠴᠢᠮᠡᠭ ᠪᠠᠢᠨ᠎ᠠ
ᠥᠭᠡᠬᠦᠨᠳᠡᠢ ᠥᠭᠡᠬᠦᠨᠳᠡᠢ
ᠥᠭᠡᠬᠦᠨᠳᠡᠢ ᠥᠭᠡᠬᠦᠨᠳᠡᠢ
ᠲᠩᠷᠢ ᠶ᠋ᠢᠨ ᠵᠠᠭᠠᠳᠠᠰᠤ ᠠᠰᠬᠠᠷᠠᠭᠰᠠᠨ
ᠲᠡᠨᠢᠭᠡᠷ ᠰᠢᠯᠢ ᠶ᠋ᠢᠨ ᠴᠢᠮᠡᠭ ᠪᠠᠢᠨ᠎ᠠ
ᠥᠭᠡᠬᠦᠨᠳᠡᠢ ᠥᠭᠡᠬᠦᠨᠳᠡᠢ
ᠥᠭᠡᠬᠦᠨᠳᠡᠢ ᠥᠭᠡᠬᠦᠨᠳᠡᠢ
ᠦᠨᠡᠬᠡᠷ ᠰᠠᠢᠬᠠᠨ ᠨᠤᠲᠤᠭ ᠶᠤᠮ
ᠡᠪᠦᠭᠡ ᠳᠡᠭᠡᠳᠦᠰ ᠡᠴᠡ ᠥᠪᠯᠡᠵᠦ ᠥᠭᠭᠦᠭᠰᠡᠨ
ᠦᠯᠢᠭᠡᠷ ᠦ᠋ᠨ ᠰᠠᠢᠬᠠᠨ ᠣᠷᠣᠨ ᠶᠤᠮ
ᠡᠵᠢ ᠳᠡᠯᠡᠬᠡᠢ ᠳ᠋ᠦ᠍ ᠪᠡᠨ ᠡᠷᠬᠡᠯᠡᠭᠰᠡᠨ
ᠢᠰᠢᠭᠡ ᠬᠤᠷᠠᠭ᠎ᠠ ᠨᠢ ᠲᠣᠭᠯᠠᠵᠤ ᠪᠠᠢᠨ᠎ᠠ
ᠡᠷᠬᠢᠰ ᠭᠠᠷᠠᠭ ᠢ᠋ᠶ᠋ᠠᠨ ᠰᠠᠨᠠᠭᠰᠠᠨ
ᠡᠷᠳᠡᠨᠢ ᠴᠠᠭᠠᠨ ᠰᠣᠯᠢᠷ ᠪᠠᠢᠨ᠎ᠠ
ᠥᠭᠡᠬᠦᠨᠳᠡᠢ ᠥᠭᠡᠬᠦᠨᠳᠡᠢ
ᠥᠭᠡᠬᠦᠨᠳᠡᠢ ᠥᠭᠡᠬᠦᠨᠳᠡᠢ
ᠲᠩᠷᠢ ᠶ᠋ᠢᠨ ᠵᠠᠭᠠᠳᠠᠰᠤ ᠠᠰᠬᠠᠷᠠᠭᠰᠠᠨ
ᠲᠡᠨᠢᠭᠡᠷ ᠰᠢᠯᠢ ᠶ᠋ᠢᠨ ᠴᠢᠮᠡᠭ ᠪᠠᠢᠨ᠎ᠠ
ᠠᠯᠢ ᠭᠠᠯᠪᠠ ᠳ᠋ᠤ᠌ ᠪᠠᠭᠤᠭᠰᠠᠨ ᠢ᠋
ᠬᠡᠨ ᠶᠠᠭᠠᠬᠢᠨ ᠮᠡᠳᠡᠬᠦᠪ ᠳᠡ
ᠠᠷᠤ ᠬᠢᠩᠭ᠎ᠠ ᠶ᠋ᠢᠨ ᠳᠣᠮᠣᠭ ᠤ᠋ᠨ
ᠠᠯᠲᠠᠨ ᠣᠨᠢᠰᠣ ᠲᠠᠢ ᠨᠢᠭᠤᠴᠠ ᠪᠠᠢᠨ᠎ᠠ
ᠥᠭᠡᠬᠦᠨᠳᠡᠢ ᠥᠭᠡᠬᠦᠨᠳᠡᠢ
ᠥᠭᠡᠬᠦᠨᠳᠡᠢ ᠥᠭᠡᠬᠦᠨᠳᠡᠢ
ᠲᠩᠷᠢ ᠶ᠋ᠢᠨ ᠵᠠᠭᠠᠳᠠᠰᠤ ᠠᠰᠬᠠᠷᠠᠭᠰᠠᠨ
ᠲᠡᠨᠢᠭᠡᠷ ᠰᠢᠯᠢ ᠶ᠋ᠢᠨ ᠴᠢᠮᠡᠭ ᠪᠠᠢᠨ᠎ᠠ
ᠥᠭᠡᠬᠦᠨᠳᠡᠢ ᠥᠭᠡᠬᠦᠨᠳᠡᠢ
ᠥᠭᠡᠬᠦᠨᠳᠡᠢ ᠥᠭᠡᠬᠦᠨᠳᠡᠢ
ᠲᠩᠷᠢ ᠶ᠋ᠢᠨ ᠵᠠᠭᠠᠳᠠᠰᠤ ᠠᠰᠬᠠᠷᠠᠭᠰᠠᠨ
ᠲᠡᠨᠢᠭᠡᠷ ᠰᠢᠯᠢ ᠶ᠋ᠢᠨ ᠴᠢᠮᠡᠭ ᠪᠠᠢᠨ᠎ᠠ
ᠴᠢᠮᠡᠭ ᠪᠠᠢᠨ᠎ᠠ᠃
ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
