ᠠᠷᠭᠠᠲᠤ ᠤᠯᠠᠭᠠᠨ ᠦᠨᠡᠭᠡArgat ulaan ünegАргат улаан үнэг ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠭᠠᠲᠤ ᠤᠯᠠᠭᠠᠨ ᠦᠨᠡᠭᠡArgat ulaan ünegАргат улаан үнэг

ᠠᠷᠭᠠᠲᠤ ᠤᠯᠠᠭᠠᠨ ᠦᠨᠡᠭᠡArgat ulaan ünegАргат улаан үнэг

ᠠᠩᠭᠢᠯᠠᠯ:ᠳᠣᠮᠣᠭ ᠦᠯᠢᠭᠡᠷ
2025-12-04

2229

ᠠᠷᠭᠠᠲᠤ ᠤᠯᠠᠭᠠᠨ ᠦᠨᠡᠭᠡ


        ᠡᠷᠲᠡ ᠤᠷᠢᠳᠤ ᠶ᠋ᠢᠨ ᠴᠠᠭ ᠲᠤ᠌᠂ ᠨᠢᠭᠡ ᠬᠣᠭᠣᠰᠣᠨ ᠶᠠᠳᠠᠭᠤ ᠬᠦᠦ ᠤᠭᠲᠤᠮ ᠵᠤᠷᠠᠮ᠎ᠠ ᠡᠷᠬᠡ ᠲᠣᠣᠷ ᠢ᠋ᠶ᠋ᠠᠷ ᠪᠠᠷᠢᠵᠤ᠂ ᠲᠡᠭᠦᠨ ᠢ᠋ᠶ᠋ᠡᠷ ᠢ᠋ᠶ᠋ᠡᠨ ᠠᠮᠢᠳᠤᠷᠠᠳᠠᠭ ᠪᠠᠢᠵᠠᠢ᠃
       ᠲᠡᠭᠡᠭᠡᠳ ᠨᠢᠭᠡ ᠡᠳᠦᠷ ᠤᠭᠲᠤᠮ ᠵᠤᠷᠠᠮ᠎ᠠ ᠪᠠᠨ ᠠᠩᠨᠠᠵᠤ ᠪᠠᠢᠭᠠᠳ ᠲᠦᠷ ᠠᠮᠠᠷᠠᠨ ᠰᠠᠭᠤᠵᠤ ᠪᠠᠢᠲᠠᠯ᠎ᠠ ᠭᠡᠨᠡᠳᠲᠡ ᠨᠢᠭᠡᠨ ᠤᠯᠠᠭᠠᠨ ᠦᠨᠡᠭᠡ ᠬᠠᠷ᠎ᠠ ᠬᠤᠷᠳᠤ ᠪᠠᠷ ᠢ᠋ᠶ᠋ᠠᠨ ᠳᠠᠪᠬᠢᠵᠤ ᠢᠷᠡᠭᠡᠳ᠂ ᠲᠡᠷᠡ ᠬᠦᠦ ᠶ᠋ᠢᠨ ᠬᠣᠷᠮᠣᠢ ᠳᠣᠣᠭᠤᠷ ᠰᠢᠷᠭᠤᠨ ᠣᠷᠣᠵᠤ ᠭᠡᠨ᠎ᠡ᠃《ᠠ᠂ ᠨᠠᠮ᠎ᠠ ᠶ᠋ᠢ ᠬᠥᠭᠡᠭᠡᠵᠦ ᠶᠠᠪᠤᠭ᠎ᠠ ᠣᠯᠠᠨ ᠮᠣᠷᠢ ᠲᠠᠢ ᠬᠥᠮᠦᠰ ᠬᠦᠷᠴᠦ ᠢᠷᠡᠭᠡᠳ᠂ ᠦᠨᠡᠭᠡ ᠬᠠᠮᠢᠭᠠᠰᠢ ᠪᠠᠨ ᠶᠠᠪᠤᠴᠢᠬᠠᠪᠠ ᠭᠡᠵᠦ ᠠᠰᠠᠭᠤᠪᠠᠯ ᠠᠯᠢ ᠬᠡᠳᠦᠢᠨ ᠲᠡᠷᠡ ᠬᠠᠮᠠᠷ ᠳᠡᠭᠡᠭᠦᠷ ᠳᠠᠪᠠᠭᠠᠳ ᠶᠠᠪᠤᠴᠢᠬᠠᠭᠰᠠᠨ ᠬᠢᠷᠢ! 》 ᠭᠡᠨ᠎ᠡ ᠭᠡᠳ ᠬᠦᠦ ᠶ᠋ᠢᠨ ᠬᠣᠷᠮᠣᠢ ᠳ᠋ᠤ᠌ ᠤᠯᠠᠮ ᠨᠢᠭᠤᠭᠳᠠᠯ᠎ᠠ᠃ ᠭᠡᠲᠡᠯ᠎ᠡ ᠦᠨᠡᠭᠡ ᠶ᠋ᠢ ᠬᠥᠭᠡᠭᠡᠭᠰᠡᠨ ᠪᠣᠯᠤᠯᠲᠠᠢ ᠫᠤᠤ ᠰᠠᠭᠠᠳᠠᠭ ᠠᠪᠤᠭᠰᠠᠨ ᠣᠯᠠᠨ ᠮᠣᠷᠢ ᠲᠠᠢ ᠬᠥᠮᠦᠨ ᠢᠷᠡᠵᠦ《ᠨᠢᠭᠡ ᠲᠣᠮᠣ ᠤᠯᠠᠭᠠᠨ ᠦᠨᠡᠭᠡ ᠬᠠᠮᠢᠭ᠎ᠠ ᠣᠴᠢᠪᠠ ᠤᠤ? ᠬᠦᠦ ᠴᠢ ᠬᠠᠷᠠᠪᠠ ᠤᠤ?》 ᠭᠡᠵᠦ ᠠᠰᠠᠭᠤᠬᠤ ᠳ᠋ᠤ᠌᠂ ᠦᠨᠡᠭᠡᠨ ᠦ᠌ ᠬᠡᠯᠡᠭᠰᠡᠨ ᠶᠣᠰᠣᠭᠠᠷ《ᠨᠢᠭᠡ ᠦᠨᠡᠭᠡ ᠠᠯᠢ ᠬᠡᠳᠦᠢᠨ ᠲᠡᠷᠡ ᠬᠠᠮᠠᠷ ᠳᠡᠭᠡᠭᠦᠷ ᠳᠠᠪᠠᠭᠠᠳ ᠶᠠᠪᠤᠭᠰᠠᠨ᠂ ᠣᠳᠣᠬᠠᠨ ᠶᠠᠪᠤᠪᠠᠯ ᠯᠠᠪ ᠲᠠ ᠭᠦᠢᠴᠡᠨ᠎ᠡ ᠳ᠋ᠠ》 ᠭᠡᠬᠦ ᠳ᠋ᠦ᠍ ᠨᠥᠭᠦᠭᠡ ᠬᠥᠮᠦᠰ ᠣᠮ ᠬᠣᠮ ᠦᠭᠡᠢ ᠳᠠᠪᠬᠢᠯᠳᠤᠨ ᠣᠳᠤᠯ᠎ᠠ᠃ ᠬᠦᠦ ᠪᠣᠰᠲᠠᠯ᠎ᠠ᠂ ᠲᠣᠮᠣ ᠤᠯᠠᠭᠠᠨ ᠦᠨᠡᠭᠡ ᠡᠢᠨᠬᠦ ᠬᠡᠯᠡᠵᠡᠢ᠃《ᠵᠠ᠂ ᠲᠠ ᠮᠢᠨᠦ ᠠᠮᠢ ᠶ᠋ᠢ ᠠᠷᠭ᠎ᠠ ᠦᠭᠡᠢ ᠠᠪᠤᠷᠠᠯ᠎ᠠ᠃ ᠬᠠᠷᠢᠨ ᠪᠢ ᠠᠴᠢ ᠶ᠋ᠢ ᠴᠢᠨᠢ ᠵᠠᠪᠠᠯ ᠬᠠᠷᠢᠭᠤᠯᠬᠤ ᠪᠣᠯᠤᠨ᠎ᠠ᠂ ᠲᠠᠨ ᠤ᠋ ᠠᠵᠤ ᠠᠮᠢᠳᠤᠷᠠᠯ ᠬᠡᠷᠪᠡ?》 ᠭᠡᠵᠦ ᠠᠰᠠᠭᠤᠵᠤ ᠭᠡᠨ᠎ᠡ᠃《ᠪᠢ ᠤᠭᠲᠤᠮ ᠵᠤᠷᠠᠮ᠎ᠠ ᠡᠷᠬᠡ ᠲᠣᠣᠷ ᠢ᠋ᠶ᠋ᠠᠷ ᠪᠠᠷᠢᠵᠤ ᠠᠮᠢ ᠵᠢᠭᠤᠳᠠᠭ ᠪᠢᠯᠡ》 ᠭᠡᠵᠦ ᠬᠦᠦ ᠦᠨᠡᠨ ᠪᠠᠢᠳᠠᠯ ᠢ᠋ᠶ᠋ᠠᠨ ᠬᠡᠯᠡᠯ᠎ᠡ᠃《ᠤᠭᠲᠤᠮ ᠵᠤᠷᠠᠮ᠎ᠠ ᠪᠠᠷ ᠶᠠᠭᠠᠬᠢᠵᠤ ᠠᠮᠢ ᠲᠡᠵᠢᠭᠡᠬᠦ ᠪᠢᠯᠡ ᠳ᠋ᠠ ᠠ᠋! ᠴᠢᠨᠣ᠎ᠠ ᠶ᠋ᠢᠨ ᠠᠷᠠᠰᠤ ᠪᠣᠯ ᠰᠠᠢᠬᠠᠨ ᠬᠣᠭᠣᠯᠠ ᠭᠡᠳ ᠶᠠᠭᠤᠮ᠎ᠠ ᠶᠠᠭᠤᠮ᠎ᠠ ᠪᠠᠷ ᠰᠣᠯᠢᠵᠤ ᠪᠣᠯᠤᠨ᠎ᠠ ᠳ᠋ᠠ》 ᠭᠡᠬᠦ ᠳ᠋ᠦ᠍᠂ ᠬᠦᠦ《ᠬᠡᠩ ᠮᠢᠨᠦ ᠮᠠᠭᠤ ᠡᠷᠭᠢᠨ ᠳ᠋ᠦ᠍ ᠣᠷᠣᠵᠤ ᠣᠯᠳᠠᠬᠤ ᠴᠢᠨᠣ᠎ᠠ ᠭᠡᠵᠦ ᠬᠠᠮᠢᠭ᠎ᠠ ᠪᠠᠢᠬᠤ ᠪᠤᠢ ᠳ᠋ᠠ》 ᠭᠡᠵᠦ ᠬᠡᠯᠡᠬᠦ ᠳ᠋ᠦ᠍᠂《ᠲᠠ ᠨᠠᠳᠠᠳᠤ ᠪᠥᠰᠡᠨ ᠳ᠋ᠦ᠍ ᠪᠡᠨ ᠪᠠᠢᠭ᠎ᠠ ᠬᠤᠩᠬ᠎ᠠ ᠶ᠋ᠢ ᠨᠠᠳᠠᠳᠤ ᠵᠡᠭᠦᠵᠦ ᠥᠭᠬᠦ ᠦᠭᠡᠢ ᠤᠤ?》 ᠭᠡᠵᠦ ᠭᠤᠶᠤᠬᠤ ᠳ᠋ᠤ᠌ ᠬᠦᠦ ᠦᠨᠡᠭᠡᠨ ᠦ᠌ ᠬᠦᠰᠡᠭᠰᠡᠨ ᠢ᠋ ᠪᠡᠶᠡᠯᠡᠭᠦᠯᠵᠦ ᠥᠭᠭᠦᠯ᠎ᠡ᠃ ᠦᠨᠡᠭᠡ ᠲᠡᠷᠡ ᠡᠳᠦᠷ ᠡᠴᠡ ᠴᠠᠰᠢ ᠶᠠᠪᠤᠵᠤ ᠶᠠᠩᠵᠤ ᠪᠦᠷᠢ ᠶ᠋ᠢᠨ ᠠᠷᠢᠶᠠᠲᠠᠨ ᠠᠮᠢᠲᠠᠳ ᠤ᠋ᠨ ᠳᠡᠷᠭᠡᠳᠡᠭᠦᠷ ᠶᠠᠪᠤᠵᠤ ᠪᠠᠢᠲᠠᠯ᠎ᠠ ᠴᠢᠨᠣ᠎ᠠ ᠲᠠᠭᠠᠷᠠᠯᠳᠤᠭᠠᠳ᠂《ᠦᠨᠡᠭᠡ ᠴᠢ ᠡᠨᠡ ᠬᠥᠭᠡᠷᠦᠬᠦᠢ ᠶᠠᠭᠤᠮ᠎ᠠ ᠶ᠋ᠢ ᠬᠠᠮᠢᠭ᠎ᠠ ᠠ᠋ᠴᠠ ᠣᠯᠤᠭᠠᠳ ᠵᠡᠭᠦᠴᠢᠬᠡᠪᠡ? ᠨᠠᠭᠠᠳᠤᠬᠢ ᠴᠢᠨᠢ ᠶᠠᠭᠠᠬᠢᠳᠠᠭ ᠡᠳ᠋ ᠪᠣᠢ?》 ᠭᠡᠵᠦ ᠠᠰᠠᠭᠤᠬᠤ ᠳ᠋ᠤ᠌ ᠦᠨᠡᠭᠡ᠄《ᠡᠨᠡ ᠶᠠᠭᠤᠮ᠎ᠠ ᠶ᠋ᠢ ᠣᠯᠬᠤ ᠳ᠋ᠤ᠌ ᠲᠡᠢᠮᠦ ᠯᠡ ᠲᠦᠪᠡᠭᠲᠡᠢ ᠪᠢᠰᠢ ᠯᠠ ᠳ᠋ᠠ᠂ ᠤᠷᠢᠳᠤ ᠪᠤᠯᠠᠭ ᠤ᠋ᠨ ᠮᠥᠰᠥᠨ ᠳᠡᠭᠡᠷ᠎ᠡ ᠡᠳᠦᠷ ᠰᠥᠨᠢ ᠬᠣᠶᠠᠷ ᠣᠴᠣᠢᠭᠠᠳ ᠰᠠᠭᠤᠬᠤ ᠪᠠᠷ ᠨᠢᠭᠡ ᠡᠪᠦᠭᠡᠨ ᠢᠷᠡᠭᠡᠳ ᠬᠦᠵᠦᠭᠦᠨ ᠳ᠋ᠦ᠍ ᠵᠡᠭᠦᠵᠦ ᠥᠭᠳᠡᠭ ᠶᠤᠮ ᠳ᠋ᠠ!》 ᠭᠡᠵᠦ ᠭᠡᠨ᠎ᠡ᠃《ᠡᠭᠦᠨ ᠢ᠋ ᠵᠡᠭᠦᠭᠰᠡᠨ ᠪᠠᠢᠬᠤ ᠳ᠋ᠤ᠌ ᠤᠮᠳᠠ ᠬᠣᠭᠣᠯᠠ ᠪᠠᠷ ᠲᠠᠰᠤᠷᠠᠳᠠᠭ ᠦᠭᠡᠢ ᠶᠤᠮ ᠰᠢᠦ ᠳ᠋ᠠ》 ᠭᠡᠵᠦ ᠭᠡᠨ᠎ᠡ᠃
      《ᠦ᠂ ᠨᠠᠮ᠎ᠠ ᠶ᠋ᠢ ᠲᠡᠭᠡᠵᠦ ᠣᠴᠣᠢᠭᠠᠳ ᠰᠠᠭᠤᠪᠠᠯ ᠵᠡᠭᠦᠵᠦ ᠥᠭᠬᠦ ᠪᠣᠯᠪᠠ ᠤᠤ?》 ᠭᠡᠵᠦ ᠴᠢᠨᠣ᠎ᠠ ᠠᠰᠠᠭᠤᠯ᠎ᠠ᠂《ᠨᠠᠳᠠᠳᠤ ᠵᠡᠭᠦᠵᠦ ᠥᠭᠭᠦᠭᠰᠡᠨ ᠶᠦᠮ ᠴᠢᠨᠢ ᠲᠠᠨ ᠳ᠋ᠤ᠌ ᠵᠡᠭᠦᠵᠦ ᠥᠭᠭᠦᠯᠭᠦᠢ ᠯᠡ ᠶᠠᠭᠠᠬᠢᠬᠤᠪ》 ᠭᠡᠵᠦ ᠦᠨᠡᠭᠡ ᠬᠠᠷᠢᠭᠤᠯᠤᠯ᠎ᠠ᠃ ᠴᠢᠨᠣ᠎ᠠ ᠬᠦᠵᠦᠭᠦᠨ ᠳ᠋ᠡᠭᠡᠨ ᠬᠤᠩᠬ᠎ᠠ ᠣᠯᠵᠤ ᠵᠡᠭᠦᠬᠦ ᠪᠡᠷ᠂ ᠲᠡᠷᠡ ᠪᠤᠯᠠᠭ ᠴᠢᠨᠢ ᠴᠣᠬᠣᠮ ᠬᠠᠮᠢᠭ᠎ᠠ ᠪᠠᠢᠳᠠᠭ ᠶᠤᠮ ᠳ᠋ᠠ ᠭᠡᠵᠦ ᠯᠠᠪᠯᠠᠨ ᠰᠠᠢᠨ ᠵᠢᠭᠠᠯᠭᠠᠵᠤ ᠠᠪᠤᠭᠠᠳ ᠦᠯᠡᠳᠡᠵᠦ ᠭᠡᠨ᠎ᠡ᠃ ᠦᠨᠡᠭᠡ ᠡᠢᠨᠬᠦ ᠴᠢᠨᠣ᠎ᠠ ᠳ᠋ᠤ᠌ ᠬᠡᠯᠡᠭᠰᠡᠨ ᠦ᠌ ᠪᠡᠨ ᠳᠠᠷᠠᠭ᠎ᠠ ᠬᠦᠦ ᠳᠡᠭᠡᠷ᠎ᠡ ᠭᠦᠶᠦᠵᠦ ᠢᠷᠡᠭᠡᠳ᠂《ᠵᠠ ᠬᠦ᠂ ᠮᠠᠷᠭᠠᠰᠢ ᠥᠷᠯᠥᠭᠡ ᠡᠨᠡ ᠤᠷᠢᠳᠤ ᠪᠤᠯᠠᠭ ᠤ᠋ᠨ ᠮᠥᠰᠥᠨ ᠳᠡᠭᠡᠷ᠎ᠡ ᠨᠢᠭᠡ ᠴᠢᠨᠣ᠎ᠠ ᠪᠥᠭᠰᠡ ᠪᠡᠷ ᠢ᠋ᠶ᠋ᠡᠨ ᠨᠠᠭᠠᠯᠳᠤᠭᠰᠠᠨ ᠪᠠᠢᠬᠤ ᠪᠣᠢ᠂ ᠲᠡᠭᠦᠨ ᠢ᠋ ᠠᠩᠨᠠᠭᠠᠳ ᠠᠷᠠᠰᠤ ᠪᠠᠷ ᠨᠢ ᠬᠡᠷᠡᠭ ᠲᠡᠢ ᠶᠠᠭᠤᠮ᠎ᠠ ᠰᠣᠯᠢᠵᠤ ᠠᠪᠤᠭᠠᠷᠠᠢ!》 ᠭᠡᠵᠦ ᠬᠡᠯᠡᠭᠡᠳ ᠶᠠᠪᠤᠵᠤ ᠭᠡᠨ᠎ᠡ᠃ ᠬᠦᠦ ᠮᠠᠷᠭᠠᠰᠢ ᠥᠷᠯᠥᠭᠡ ᠨᠢ ᠶᠠᠭᠤᠨ ᠮᠠᠭᠠᠳ ᠭᠡᠳ ᠪᠤᠯᠠᠭ ᠤ᠋ᠨ ᠮᠠᠩᠬᠠᠨ ᠳ᠋ᠤ᠌ ᠣᠴᠢᠲᠠᠯ᠎ᠠ᠂ ᠶᠡᠷᠦ ᠨᠢ ᠪᠤᠯᠠᠭ ᠤ᠋ᠨ ᠮᠥᠰᠥᠨ ᠳᠡᠭᠡᠷ᠎ᠡ ᠨᠢᠭᠡ ᠴᠢᠨᠣ᠎ᠠ ᠣᠴᠣᠢᠭᠠᠳ ᠰᠠᠭᠤᠵᠤ ᠪᠠᠢᠨ᠎ᠠ ᠭᠡᠨ᠎ᠡ᠃ ᠴᠢᠨᠣ᠎ᠠ ᠬᠤᠩᠬ᠎ᠠ ᠵᠡᠭᠦᠵᠦ ᠥᠭᠬᠦ ᠡᠪᠦᠭᠡᠨ ᠪᠢᠰᠢ ᠪᠠᠢᠭ᠎ᠠ ᠶ᠋ᠢ ᠬᠠᠷᠠᠭᠠᠳ ᠵᠢᠭᠤᠲᠠᠬᠤ ᠭᠡᠰᠡᠨ ᠪᠣᠯᠪᠠᠴᠤ ᠪᠥᠭᠰᠡᠨ ᠪᠡᠶ᠎ᠡ ᠪᠡᠷ ᠢ᠋ᠶ᠋ᠡᠨ ᠪᠤᠯᠠᠭ ᠤ᠋ᠨ ᠮᠥᠰᠥᠨ ᠳ᠋ᠦ᠍ ᠨᠠᠭᠠᠯᠳᠤᠵᠤ ᠬᠥᠯᠳᠡᠭᠰᠡᠨ ᠭᠡᠨ᠎ᠡ᠃ ᠮᠥᠨᠥ ᠬᠦᠦ ᠴᠢᠨᠣ᠎ᠠ ᠶ᠋ᠢ ᠠᠩᠨᠠᠭᠠᠳ ᠠᠷᠠᠰᠤ ᠪᠠᠷ ᠢ᠋ᠶ᠋ᠠᠨ ᠤᠮᠳᠠ ᠬᠣᠭᠣᠯᠠ ᠡᠷᠭᠢᠭᠦᠯᠦᠨ ᠬᠡᠷᠡᠭ ᠲᠡᠢ ᠶᠠᠭᠤᠮ᠎ᠠ ᠰᠠᠨ ᠢ᠋ᠶ᠋ᠠᠨ ᠠᠷᠠᠯᠵᠠᠵᠤ ᠭᠡᠨ᠎ᠡ᠃
       ᠲᠡᠷᠡ ᠨᠤᠲᠤᠭ ᠲᠤ᠌ ᠠᠷᠰᠯᠠᠨ ᠪᠠᠷᠰ ᠠ᠋ᠴᠠ ᠡᠬᠢᠯᠡᠭᠡᠳ ᠲᠥᠷᠥᠯ ᠪᠦᠷᠢ ᠶ᠋ᠢᠨ ᠠᠷᠢᠶᠠᠲᠠᠨ ᠠᠮᠢᠲᠠᠨ ᠡᠯᠪᠡᠭ ᠶᠦᠮ ᠭᠡᠨ᠎ᠡ᠃ ᠨᠢᠭᠡ ᠡᠳᠦᠷ ᠥᠨᠥ ᠬᠦᠦ ᠠᠭᠤᠯᠠᠨ ᠳ᠋ᠤ᠌ ᠭᠠᠷᠴᠤ ᠠᠩ ᠬᠢᠬᠦ ᠪᠡᠷ ᠶᠠᠪᠤᠭᠠᠳ᠂ ᠪᠠᠷᠰ ᠲᠤ᠌ ᠪᠠᠷᠢᠭᠤᠯᠬᠤ ᠳ᠋ᠤ᠌ ᠬᠦᠷᠴᠦ᠂ ᠠᠷᠠᠢ ᠭᠡᠵᠦ ᠭᠡᠷ ᠲᠡᠭᠡᠨ ᠣᠷᠣᠵᠤ ᠢᠷᠡᠯ᠎ᠡ᠃ ᠲᠦᠳᠡ ᠤᠳᠠᠯ ᠦᠭᠡᠢ ᠪᠠᠰᠠ ᠨᠢᠭᠡ ᠠᠷᠰᠯᠠᠨ ᠲᠠᠢ ᠲᠠᠭᠠᠷᠠᠯᠳᠤᠵᠤ᠂《ᠴᠢᠮ᠎ᠠ ᠶ᠋ᠢ ᠢᠳᠡᠨ᠎ᠡ ᠳ᠋ᠠ ᠬᠦ》 ᠭᠡᠬᠦ ᠳ᠋ᠦ᠍ ᠨᠢ᠂ ᠠᠷᠭ᠎ᠠ ᠤᠬᠠᠭᠠᠨ ᠰᠡᠢᠯᠵᠦ ᠬᠣᠶᠠᠭᠤᠯᠠ ᠪᠠᠨ ᠡᠷ᠎ᠡ ᠴᠢᠳᠠᠯ ᠢ᠋ᠶ᠋ᠠᠨ ᠦᠵᠡᠭᠡᠳ ᠬᠡᠨ ᠳᠡᠢᠯᠦᠭᠰᠡᠨ ᠨᠢ ᠳᠡᠢᠯᠦᠭᠳᠡᠭᠰᠡᠨ ᠢ᠋ᠶ᠋ᠡᠨ ᠢᠳᠡᠶ᠎ᠡ ᠭᠡᠵᠦ ᠲᠣᠬᠢᠷᠠᠵᠤ ᠭᠡᠨ᠎ᠡ᠃ ᠲᠡᠭᠡᠭᠡᠳ ᠭᠡᠷ ᠲᠡᠭᠡᠨ ᠬᠠᠷᠢᠵᠤ ᠢᠷᠡᠲᠡᠯ᠎ᠡ ᠤᠯᠠᠭᠠᠨ ᠦᠨᠡᠭᠡ ᠲᠣᠰᠣᠨ ᠠᠭᠤᠯᠵᠠᠯ᠎ᠠ᠃ ᠪᠢ ᠪᠠᠷᠰ ᠠᠷᠰᠯᠠᠨ ᠳ᠋ᠤ᠌ ᠢᠳᠡᠭᠦᠯᠴᠢᠬᠡᠬᠦ ᠭᠡᠳ ᠠᠮᠤᠷ ᠦᠭᠡᠢ ᠪᠠᠢᠳᠠᠭ ᠪᠣᠯᠤᠯ᠎ᠠ᠃ ᠡᠨᠡ ᠡᠳᠦᠷ ᠠᠷᠰᠯᠠᠨ ᠳ᠋ᠤ᠌ ᠬᠦᠴᠦ ᠪᠡᠨ ᠦᠵᠡᠯᠴᠡᠭᠡᠳ ᠬᠡᠨ ᠳᠡᠢᠯᠦᠭᠰᠡᠨ ᠨᠢ ᠳᠡᠢᠯᠦᠭᠳᠡᠭᠰᠡᠨ ᠢ᠋ᠶ᠋ᠡᠨ ᠢᠳᠡᠶ᠎ᠡ ᠭᠡᠵᠦ ᠠᠮᠠ ᠭᠠᠷᠴᠤ ᠠᠷᠭᠠᠯᠠᠵᠤ ᠠᠮᠢ ᠦᠯᠡᠲᠡᠯ᠎ᠡ᠃ ᠣᠳᠣ ᠶᠠᠭᠠᠬᠢᠳᠠᠭ ᠪᠢᠯᠡ ᠭᠡᠵᠦ ᠭᠡᠨ᠎ᠡ᠃ ᠠᠷᠭᠠᠲᠤ ᠤᠯᠠᠭᠠᠨ ᠦᠨᠡᠭᠡ᠂ ᠠᠩᠴᠢᠨ ᠬᠦᠦ ᠳ᠋ᠦ᠍᠄《ᠠᠷᠰᠯᠠᠨ ᠲᠠᠢ ᠶᠠᠮᠠᠷ ᠶᠠᠮᠠᠷ ᠶᠠᠭᠤᠮ᠎ᠠ ᠪᠠᠷ ᠶᠠᠭᠠᠬᠢᠵᠤ ᠬᠦᠴᠦ ᠪᠡᠨ ᠦᠵᠡᠬᠦ ᠶ᠋ᠢ ᠲᠣᠬᠢᠷᠠᠭᠠᠳ ᠢᠷ᠎ᠡ᠂ ᠤᠰᠤ ᠦᠭᠡᠢ ᠭᠠᠵᠠᠷ ᠠ᠋ᠴᠠ ᠤᠰᠤ ᠭᠠᠷᠲᠠᠯ᠎ᠠ ᠳᠡᠪᠰᠡᠶ᠎ᠡ᠂ ᠤᠷᠭᠤᠭ᠎ᠠ ᠮᠣᠳᠣ ᠶ᠋ᠢ ᠤᠭ ᠦᠨᠳᠦᠰᠦ ᠪᠡᠷ ᠢ᠋ᠶ᠋ᠡᠨ ᠠᠯᠠᠭᠠᠳᠠᠨ ᠬᠠᠶᠠᠶ᠎ᠠ᠃ ᠬᠡᠭᠡᠷ᠎ᠡ ᠶ᠋ᠢᠨ ᠴᠢᠯᠠᠭᠤ ᠶ᠋ᠢ ᠬᠠᠭ᠎ᠠ ᠪᠠᠵᠠᠵᠤ ᠰᠢᠭᠦᠰᠦ ᠭᠠᠷᠭᠠᠵᠤ ᠨᠠᠭᠠᠳᠤᠨ᠎ᠠ ᠰᠢᠦ ᠭᠡᠵᠦ ᠬᠡᠯᠡᠭᠡᠷᠡᠢ᠃ ᠬᠡᠷᠪᠡ ᠠᠷᠰᠯᠠᠨ ᠵᠥᠪᠰᠢᠶᠡᠷᠡᠪᠡᠯ ᠪᠢ ᠴᠢᠮ᠎ᠠ ᠳ᠋ᠤ᠌ ᠠᠷᠭ᠎ᠠ ᠵᠢᠭᠠᠵᠤ ᠥᠭᠭᠦᠶ᠎ᠡ》 ᠭᠡᠵᠡᠢ᠃
       ᠲᠡᠭᠡᠭᠡᠳ ᠮᠠᠷᠭᠠᠰᠢ ᠨᠢ ᠦᠨᠡᠭᠡᠨ ᠦ᠌ ᠬᠡᠯᠡᠭᠰᠡᠨ ᠶᠣᠰᠣᠭᠠᠷ ᠠᠷᠰᠯᠠᠨ ᠲᠠᠢ ᠣᠴᠢᠵᠤ ᠠᠭᠤᠯᠵᠠᠭᠠᠳ ᠬᠣᠶᠠᠭᠤᠯᠠ ᠪᠠᠨ ᠡᠢᠮᠦ ᠭᠤᠷᠪᠠᠨ ᠵᠦᠢᠯ ᠢ᠋ᠶ᠋ᠡᠷ ᠢᠩᠭᠢᠵᠦ ᠢᠩᠭᠢᠵᠦ ᠬᠦᠴᠦ ᠪᠡᠨ ᠦᠵᠡᠶ᠎ᠡ ᠭᠡᠬᠦ ᠳ᠋ᠦ᠍ ᠨᠢ ᠠᠷᠰᠯᠠᠨ ᠵᠥᠪᠰᠢᠶᠡᠷᠡᠵᠦ ᠭᠡᠨ᠎ᠡ᠃ ᠬᠦᠦ ᠠᠷᠭᠠᠲᠤ ᠤᠯᠠᠭᠠᠨ ᠦᠨᠡᠭᠡᠨ ᠳ᠋ᠦ᠍ ᠢᠷᠡᠭᠡᠳ᠄《ᠣᠳᠣ ᠶᠠᠭᠠᠬᠢᠬᠤ ᠪᠣᠢ?》 ᠭᠡᠬᠦ ᠳ᠋ᠦ᠍᠂《ᠡᠨᠡᠬᠡᠨ ᠨᠢᠭᠡ ᠳᠣᠪᠣ ᠶ᠋ᠢ ᠬᠣᠩᠬᠣᠢᠯᠠᠵᠤ ᠭᠦᠵᠡᠭᠡ ᠲᠡᠢ ᠤᠰᠤ ᠬᠢᠭᠡᠳ ᠪᠤᠯᠠᠴᠢᠬ᠎ᠠ᠂ ᠪᠠᠰᠠ ᠨᠢᠭᠡ ᠮᠣᠳᠣ ᠶ᠋ᠢ ᠦᠨᠳᠦᠰᠦ ᠪᠡᠷ ᠨᠢ ᠪᠣᠯᠭ᠎ᠠ ᠰᠤᠭᠤ ᠲᠠᠲᠠᠭᠠᠳ ᠡᠷᠭᠢᠭᠦᠯᠦᠭᠡᠳ ᠬᠠᠭᠤᠴᠢᠨ ᠶᠠᠩᠵᠤ ᠪᠠᠷ ᠨᠢ ᠪᠤᠯᠠᠭᠠᠷᠢ! ᠮᠥᠨ ᠨᠢᠭᠡ ᠰᠢᠪᠠᠭᠤᠨ ᠤ᠋ ᠥᠨᠳᠡᠭᠡ ᠣᠯᠤᠭᠠᠳ᠂ ᠨᠥᠭᠦᠭᠡ ᠳᠣᠪᠣ ᠶ᠋ᠢᠨ ᠢ᠋ᠶ᠋ᠡᠨ ᠣᠢᠷᠠᠯᠴᠠᠭ᠎ᠠ ᠲᠠᠯᠪᠢᠭᠠᠷᠠᠢ!》 ᠭᠡᠵᠦ ᠬᠡᠯᠡᠯ᠎ᠡ᠃ ᠬᠦᠦ ᠦᠨᠡᠭᠡᠨ ᠦ᠌ ᠬᠡᠯᠡᠭᠰᠡᠨ ᠶᠣᠰᠣᠭᠠᠷ ᠪᠦᠭᠦᠳᠡ ᠶ᠋ᠢ ᠪᠡᠯᠡᠳᠬᠡᠭᠡᠳ ᠲᠠᠯᠪᠢᠵᠠᠢ᠃ ᠪᠣᠯᠵᠣᠭᠠᠲᠤ ᠡᠳᠦᠷ ᠢ᠋ᠶ᠋ᠡᠨ ᠬᠦᠦ ᠠᠷᠰᠯᠠᠨ ᠬᠣᠶᠠᠷ ᠠᠭᠤᠯᠵᠠᠵᠤ ᠭᠡᠨ᠎ᠡ᠃ ᠲᠡᠭᠡᠭᠡᠳ᠄《ᠬᠡᠨ ᠨᠢ ᠡᠬᠢᠯᠡᠭᠡᠳ ᠪᠠᠷ᠎ᠠ ᠴᠢᠳᠠᠯ ᠢ᠋ᠶ᠋ᠠᠨ ᠦᠵᠡᠭᠦᠯᠬᠦ ᠪᠣᠢ?》 ᠭᠡᠬᠦ ᠳ᠋ᠦ᠍᠂ ᠠᠷᠰᠯᠠᠨ《ᠴᠢ ᠡᠬᠢᠯᠡ!》 ᠭᠡᠵᠦ ᠬᠦᠦ ᠳ᠋ᠦ᠍ ᠬᠡᠯᠡᠯ᠎ᠡ᠃ ᠥᠨᠥᠬᠢ ᠬᠦᠦ ᠭᠦᠵᠡᠭᠡ ᠲᠡᠢ ᠤᠰᠤ ᠬᠢᠭᠰᠡᠨ ᠳᠣᠪᠣ ᠳᠡᠭᠡᠷ᠎ᠡ ᠢᠷᠡᠭᠡᠳ ᠳᠡᠪᠰᠡᠲᠡᠯ᠎ᠡ ᠴᠥᠮᠥᠷᠡᠵᠦ ᠳᠣᠣᠷ᠎ᠠ ᠠ᠋ᠴᠠ ᠨᠢ ᠤᠰᠤ ᠣᠷᠭᠢᠯᠵᠤ ᠭᠡᠨ᠎ᠡ᠃ ᠰᠢᠪᠠᠭᠤᠨ ᠤ᠋ ᠥᠨᠳᠡᠭᠡ ᠪᠡᠨ ᠠᠪᠴᠤ ᠪᠠᠵᠠᠲᠠᠯ᠎ᠠ ᠲᠡᠭᠦᠨ ᠡᠴᠡ ᠪᠡᠨ ᠰᠢᠭᠦᠰᠦ ᠭᠠᠷᠴᠤ ᠪᠠᠢᠨ᠎ᠠ ᠭᠡᠨ᠎ᠡ᠃ ᠪᠠᠰᠠ ᠳᠡᠯᠡᠳᠦᠭᠰᠡᠨ ᠮᠣᠳᠣ ᠪᠠᠨ ᠡᠰᠡᠷᠭᠦ ᠲᠠᠯ᠎ᠠ ᠯᠤᠭ᠎ᠠ ᠠᠯᠠᠭᠠᠳᠠᠭᠰᠠᠨ ᠳ᠋ᠤ᠌ ᠮᠣᠳᠣ ᠦᠨᠳᠦᠰᠦ ᠪᠡᠷ ᠢ᠋ᠶ᠋ᠡᠨ ᠪᠤᠯᠭᠤᠷᠠᠭᠠᠳ ᠤᠨᠠᠵᠤ ᠭᠡᠨ᠎ᠡ᠃ ᠭᠡᠲᠡᠯ᠎ᠡ ᠠᠷᠰᠯᠠᠨ ᠡᠳᠦᠷᠵᠢᠨ ᠬᠦ᠋ ᠭᠠᠵᠠᠷ ᠳᠡᠪᠰᠡᠭᠰᠡᠨ ᠪᠣᠯᠪᠠᠴᠤ ᠬᠣᠩᠬᠣᠢᠬᠤ ᠠ᠋ᠴᠠ ᠪᠢᠰᠢ ᠤᠰᠤ ᠶᠡᠷᠦᠳᠡᠭᠡᠨ ᠭᠠᠷᠤᠭᠰᠠᠨ ᠦᠭᠡᠢ᠂ ᠬᠡᠭᠡᠷ᠎ᠡ ᠶ᠋ᠢᠨ ᠴᠠᠭᠠᠨ ᠴᠢᠯᠠᠭᠤ ᠶ᠋ᠢ ᠬᠠᠭᠠᠷᠠᠲᠠᠯ᠎ᠠ ᠪᠠᠵᠠᠭᠰᠠᠨ ᠪᠣᠯᠪᠠᠴᠤ ᠰᠢᠭᠦᠰᠦ ᠡᠰᠡ ᠭᠠᠷᠤᠯ᠎ᠠ᠃ ᠤᠷᠭᠤᠭ᠎ᠠ ᠮᠣᠳᠣ ᠶ᠋ᠢ ᠬᠡᠴᠢᠨᠡᠨ ᠠᠯᠠᠭᠠᠳᠠᠪᠠᠴᠤ ᠳᠤᠮᠳᠠᠭᠤᠷ ᠨᠢ ᠬᠤᠭᠤᠷᠠᠬᠤ ᠠ᠋ᠴᠠ ᠦᠨᠳᠦᠰᠦ ᠪᠡᠷ ᠢ᠋ᠶ᠋ᠡᠨ ᠪᠤᠯᠭᠤᠷᠠᠭᠰᠠᠨ ᠦᠭᠡᠢ ᠭᠡᠨ᠎ᠡ᠃
       ᠲᠡᠭᠡᠭᠡᠳ ᠡᠨᠡ ᠬᠥᠮᠦᠨ ᠭᠡᠭᠴᠢ ᠠᠮᠢᠲᠠᠨ ᠦᠨᠡᠬᠡᠷ ᠬᠦᠴᠦ ᠲᠡᠢ ᠨᠢᠭᠡ ᠶᠠᠭᠤᠮ᠎ᠠ ᠭᠡᠳ ᠵᠢᠭᠤᠲᠠᠵᠤ ᠶᠠᠪᠤᠲᠠᠯ᠎ᠠ ᠪᠠᠷᠰ ᠲᠠᠢ ᠲᠠᠭᠠᠷᠠᠯᠳᠤᠵᠤ ᠭᠡᠨ᠎ᠡ᠃《ᠡᠨᠳᠡ ᠨᠢᠭᠡ ᠰᠦᠷᠡᠬᠡᠢ ᠪᠠᠷ᠎ᠠ ᠲᠠᠢ ᠬᠥᠮᠦᠨ ᠪᠠᠢᠨ᠎ᠠ᠃ ᠪᠢ ᠯᠡ ᠬᠦᠴᠦ ᠬᠦᠷᠬᠦ ᠦᠭᠡᠢ ᠶᠤᠮ ᠪᠠᠢᠨ᠎ᠠ᠃ ᠴᠢ ᠶᠠᠭᠠᠬᠢᠳᠠᠭ ᠪᠣᠯ!》 ᠭᠡᠬᠦ ᠳ᠋ᠦ᠍ ᠪᠠᠷᠰ᠂《ᠵᠠ ᠪᠢ ᠬᠦᠴᠦ ᠰᠣᠷᠢᠭᠠᠳ ᠦᠵᠡᠶ᠎ᠡ》 ᠭᠡᠳ ᠶᠠᠪᠤᠵᠤ ᠪᠠᠢᠲᠠᠯ᠎ᠠ ᠪᠠᠰᠠ ᠨᠢᠭᠡ ᠴᠢᠨᠣ᠎ᠠ ᠲᠠᠢ ᠲᠠᠭᠠᠷᠠᠯᠳᠤᠵᠠᠢ᠃ ᠴᠢᠨᠣ᠎ᠠ ᠪᠠᠷᠰ ᠤ᠋ᠨ ᠬᠡᠯᠡᠬᠦ ᠶ᠋ᠢ ᠰᠣᠨᠣᠰᠤᠭᠠᠳ᠄《ᠲᠡᠷᠡ ᠬᠥᠮᠦᠨ ᠭᠡᠳ ᠪᠠᠢᠭ᠎ᠠ ᠴᠢᠨᠢ᠂ ᠮᠢᠨᠦ ᠨᠢᠭᠡ ᠨᠠᠢᠵᠠ ᠶ᠋ᠢ ᠮᠥᠰᠥᠨ ᠳᠡᠭᠡᠷ᠎ᠡ ᠰᠠᠭᠤᠵᠤ ᠪᠠᠢᠬᠤ ᠳ᠋ᠤ᠌ ᠨᠢ ᠠᠩᠨᠠᠭᠰᠠᠨ ᠶᠤᠮ᠃ ᠲᠡᠷᠡ ᠮᠠᠭᠤ ᠬᠦᠦ ᠳ᠋ᠦ᠍ ᠲᠡᠢᠮᠦ ᠮᠤᠨᠳᠠᠭ ᠶᠡᠬᠡ ᠪᠠᠷ᠎ᠠ ᠴᠢᠳᠠᠯ ᠪᠠᠢᠬᠤ ᠦᠭᠡᠢ᠃ ᠬᠣᠶᠠᠭᠤᠯᠠ ᠪᠠᠨ ᠬᠠᠮᠲᠤ ᠣᠴᠢᠶ᠎ᠠ》 ᠭᠡᠬᠦ ᠳ᠋ᠦ᠍᠂ ᠪᠠᠷᠰ《ᠬᠡᠷᠡᠭ ᠦᠭᠡᠢ ᠲᠡᠷᠡ ᠬᠥᠮᠦᠨ ᠴᠢᠨᠢ ᠠᠷᠰᠯᠠᠨ ᠲᠠᠢ ᠬᠦᠴᠦ ᠴᠢᠳᠠᠯ ᠢ᠋ᠶ᠋ᠠᠨ ᠦᠵᠡᠭᠡᠳ ᠳᠡᠢᠯᠦᠭᠰᠡᠨ ᠭᠡᠳᠡᠭ ᠰᠢᠦ᠃ ᠪᠢ ᠴᠢᠨᠦ ᠦᠭᠡᠨ ᠳ᠋ᠦ᠍ ᠨᠢᠭᠡ ᠯᠡ ᠢᠲᠡᠭᠡᠬᠦ ᠦᠭᠡᠢ ᠪᠠᠢᠨ᠎ᠠ》 ᠭᠡᠬᠦ ᠳ᠋ᠦ᠍᠂《ᠲᠠ ᠮᠢᠨᠦ ᠦᠭᠡᠨ ᠳ᠋ᠦ᠍ ᠢᠲᠡᠭᠡᠬᠦ ᠦᠭᠡᠢ ᠪᠠᠢᠭ᠎ᠠ ᠪᠣᠯ᠂ ᠬᠣᠶᠠᠭᠤᠯᠠ ᠪᠠᠨ ᠬᠦᠵᠦᠭᠦᠦ ᠪᠡᠨ ᠬᠣᠯᠪᠣᠭᠠᠳ ᠣᠴᠢᠶ᠎ᠠ》 ᠭᠡᠵᠦ ᠴᠢᠨᠣ᠎ᠠ ᠬᠡᠯᠡᠯ᠎ᠡ᠃ ᠲᠡᠭᠡᠭᠡᠳ ᠪᠠᠷᠰ ᠢ᠋ ᠳᠠᠭᠠᠭᠤᠯᠤᠨ ᠬᠦᠦ ᠶ᠋ᠢᠨ ᠳ᠋ᠦ᠍ ᠣᠴᠢᠬᠤ ᠪᠠᠷ ᠪᠣᠯᠵᠠᠢ᠃ ᠬᠠᠷᠢᠨ ᠠᠷᠭᠠᠲᠤ ᠤᠯᠠᠭᠠᠨ ᠦᠨᠡᠭᠡ ᠡᠭᠦᠨ ᠢ᠋ ᠣᠯᠵᠤ ᠮᠡᠳᠡᠭᠡᠳ ᠬᠦᠦ ᠳ᠋ᠦ᠍᠄《ᠵᠠ ᠬᠦ᠋ ᠡᠨᠳᠡ ᠡᠴᠡ ᠴᠢᠨᠣ᠎ᠠ ᠪᠠᠷᠰ ᠬᠣᠶᠠᠷ ᠬᠣᠯᠪᠣᠭᠠᠲᠠᠢ ᠢᠷᠡᠬᠦ ᠶᠦᠮ ᠪᠠᠢᠨ᠎ᠠ ᠰᠢᠦ᠂ ᠴᠢ ᠭᠡᠷ ᠦ᠋ᠨ ᠢ᠋ᠶ᠋ᠡᠨ ᠬᠣᠢᠲᠤ ᠳᠠᠪᠠᠭᠠᠨ ᠳᠡᠭᠡᠷ᠎ᠡ ᠭᠠᠷᠤᠭᠠᠳ ᠨᠢᠷᠤᠭᠤ ᠪᠠᠨ ᠡᠭᠦᠷᠦᠨ ᠬᠡᠨᠡᠭ ᠦᠭᠡᠢ ᠶᠠᠩᠵᠤ ᠲᠠᠢ᠂ ᠠᠯᠢ ᠬᠦ᠋ ᠨᠠᠳᠠᠳᠤ ᠥᠷᠢ ᠲᠡᠢ ᠥᠨᠥᠬᠢ ᠴᠢᠨᠣ᠎ᠠ ᠭᠠᠭᠴᠠ ᠮᠠᠭᠤ ᠪᠠᠷᠰ ᠬᠥᠲᠥᠯᠦᠭᠡᠳ ᠢᠷᠡᠵᠦ ᠶᠠᠪᠤᠬᠤ ᠰᠢᠭ᠋ ᠪᠠᠢᠨ᠎ᠠ᠃ ᠤᠷᠢᠳᠤ ᠠᠭᠤᠯᠠᠨ ᠠ᠋ᠴᠠ ᠠᠩᠨᠠᠭᠰᠠᠨ ᠪᠠᠷᠰ ᠤ᠋ᠨ ᠭᠤᠶ᠎ᠠ᠂ ᠬᠣᠢᠲᠤ ᠠᠭᠤᠯᠠᠨ ᠠ᠋ᠴᠠ ᠠᠩᠨᠠᠭᠰᠠᠨ ᠠᠷᠰᠯᠠᠨ ᠤ᠋ ᠡᠪᠴᠢᠭᠦᠦ ᠬᠣᠶᠠᠷ ᠢ᠋ ᠴᠢᠨᠣ᠎ᠠ ᠳ᠋ᠤ᠌ ᠱᠠᠩᠨᠠᠵᠤ ᠥᠭ᠃ ᠬᠠᠷᠢᠨ ᠡᠨᠡ ᠬᠥᠲᠥᠯᠵᠦ ᠶᠠᠪᠤᠭ᠎ᠠ ᠪᠠᠷᠰ ᠤ᠋ᠨ ᠬᠥᠯ ᠳ᠋ᠦ᠍ ᠴᠢᠳᠥᠷ ᠬᠢᠭᠡᠳ ᠤᠶᠠ ᠭᠡᠵᠦ ᠬᠥᠮᠦᠨ ᠲᠡᠢ ᠶᠠᠷᠢᠵᠤ ᠪᠠᠢᠭ᠎ᠠ ᠮᠠᠶᠢᠭ ᠦᠵᠡᠭᠦᠯᠦᠭᠡᠳ ᠬᠠᠰᠬᠢᠷᠤᠭᠠᠳ ᠪᠠᠢᠭᠠᠷᠠᠢ》 ᠭᠡᠵᠦ ᠭᠡᠨ᠎ᠡ᠃
       ᠬᠦᠦ ᠠᠴᠢᠲᠤ ᠤᠯᠠᠭᠠᠨ ᠦᠨᠡᠭᠡᠨ ᠦ᠌ ᠪᠡᠨ ᠬᠡᠯᠡᠭᠰᠡᠨ ᠶᠣᠰᠣᠭᠠᠷ ᠪᠦᠭᠦᠳᠡ ᠶ᠋ᠢ ᠬᠡᠯᠡᠵᠦ ᠬᠠᠰᠬᠢᠷᠴᠤ ᠭᠠᠷᠴᠤ ᠭᠡᠨ᠎ᠡ᠃ ᠡᠭᠦᠨ ᠢ᠋ ᠪᠠᠷᠰ ᠰᠣᠨᠣᠰᠤᠩᠭᠤᠲᠠ ᠪᠠᠨ ᠠ ᠵᠠ ᠲᠡᠭᠡᠵᠦ ᠯᠡ ᠲᠠᠭᠠᠷᠠᠨ᠎ᠠ᠃ ᠥᠭᠡᠳᠡ ᠦᠭᠡᠢ ᠮᠠᠭᠤ ᠴᠢᠨᠣ᠎ᠠ ᠨᠠᠮ᠎ᠠ ᠶ᠋ᠢ ᠮᠡᠬᠡᠯᠡᠭᠰᠡᠨ ᠪᠠᠢᠨ᠎ᠠ ᠭᠡᠳ ᠪᠠᠢᠳᠠᠭ ᠬᠤᠷᠳᠤ ᠪᠠᠷ ᠢ᠋ᠶ᠋ᠠᠨ ᠡᠷᠭᠢᠭᠡᠳ ᠳᠠᠪᠬᠢᠬᠤ ᠳ᠋ᠤ᠌ ᠴᠢᠨᠣ᠎ᠠ ᠲᠡᠭᠦᠨ ᠦ᠌ ᠬᠠᠷᠠᠢᠯᠲᠠ ᠶ᠋ᠢ ᠭᠦᠢᠴᠡᠬᠦ ᠦᠭᠡᠢ ᠴᠢᠷᠦᠭᠳᠡᠵᠦ᠂ ᠬᠣᠭᠣᠯᠠᠢ ᠨᠢ ᠪᠣᠭᠣᠭᠳᠠᠬᠤ ᠳ᠋ᠠᠭᠠᠨ ᠰᠢᠲᠦ ᠠᠮᠠ ᠨᠢ ᠢᠷᠵᠠᠢᠵᠤ᠂ ᠠᠷᠠᠢ ᠭᠡᠵᠦ ᠠᠮᠢ ᠭᠣᠣᠯ ᠲᠠᠢ ᠶᠠᠪᠤᠬᠤ ᠶ᠋ᠢ ᠪᠠᠷᠰ ᠬᠠᠷᠠᠭᠠᠳ᠂《ᠠ ᠨᠠᠮ᠎ᠠ ᠶ᠋ᠢ ᠢᠩᠭᠢᠵᠦ ᠶᠠᠪᠤᠬᠤ ᠶ᠋ᠢ ᠢᠩᠭᠢᠵᠦ ᠠᠶᠤᠵᠤ ᠰᠠᠨᠳᠤᠷᠴᠤ ᠶᠠᠪᠤᠬᠤ ᠳ᠋ᠤ᠌ ᠡᠨᠡ ᠮᠠᠭᠤ ᠴᠢᠨᠣ᠎ᠠ ᠪᠠᠰᠠ ᠳᠣᠭᠣᠭᠢ ᠬᠢᠵᠦ ᠢᠨᠢᠶᠡᠨ᠎ᠡ ᠭᠡᠨ᠎ᠡ ᠭᠡᠳ ᠪᠦᠷ ᠬᠤᠷᠳᠤᠨ ᠵᠢᠭᠤᠲᠠᠬᠤ ᠳ᠋ᠤ᠌ ᠴᠢᠨᠣ᠎ᠠ ᠲᠡᠰᠬᠡᠯ ᠦᠭᠡᠢ ᠪᠣᠭᠣᠵᠤ ᠦᠬᠦᠵᠦ ᠭᠡᠨ᠎ᠡ᠃ ᠠᠷᠭᠠᠲᠤ ᠤᠯᠠᠭᠠᠨ ᠦᠨᠡᠭᠡᠨ ᠦ᠌ ᠠᠴᠢ ᠪᠠᠷ ᠠᠷᠰᠯᠠᠨ᠂ ᠪᠠᠷᠰ᠂ ᠴᠢᠨᠣ᠎ᠠ ᠠ᠋ᠴᠠ ᠰᠠᠯᠤᠭᠰᠠᠨ ᠬᠦᠦ ᠠᠶᠤᠬᠤ ᠠᠶᠤᠯ ᠦᠭᠡᠢ ᠠᠮᠤᠷ ᠰᠠᠢᠬᠠᠨ ᠵᠢᠷᠭᠠᠵᠤ ᠭᠡᠨ᠎ᠡ᠃

       ᠦᠰᠦᠭ ᠬᠠᠳᠠᠭᠴᠢ᠄ ᠠᠯᠲᠠᠨᠴᠢᠮᠡᠭ
       ᠦᠰᠦᠭ ᠠᠮᠢᠯᠠᠭᠤᠯᠤᠭᠴᠢ᠄ ᠠᠯᠲᠠᠨᠴᠢᠮᠡᠭ
       ᠬᠢᠨᠠᠭᠴᠢ᠄ ᠭᠦᠩᠭᠠᠷ

Аргат улаан үнэг
Эрт урьдын цагт нэг хоосон ядуу хүү оготно, зурманд урхи тор зүүж түүгээрээ амьдардаг байжээ. Тэгтэл нэг өдөр оготно зурам агнаж яваад түр амран сууж байтал гэнэт нэг улаан үнэг хар гүйхээрээ давхиж ирээд тэр хүүгийн хормой доогуур шурган орж “За намайг хайж яваа олон морьтой хүн хүрч ирээд Үнэг хаачив гэж асуувал аль хэдийнээ тэр хамар дээгүүр даваад явчихсан гэж хэлээрэй” гээд хүүгийн хормой доогуур улам нуугдан оров гэнэ.

Гэтэл түүнийг хайсан бололтой буу саадаг агссан олон морьтой хүмүүс хойноос нь давхин ирээд нөгөө хүүгээс "нэг том улаан үнэг хаачив, түүнийг харав уу " гэж асуухад хүү үнэгний хэлсэн ёсоор нэг үнэг аль хэдийн тэр хамар дээгүүр даваад явчихсан. Одоохон явбал гүйцнэ гэхэд тэр улсууд мориныхоо амыг ч татах завдалгүй тэр чигээрээ үнэгний хойноос давхин явцгаав гэнэ.

Нөгөө хүүг босоод явахад үнэг ийн хэлж гэнэ. За та миний амийг аргагүй аварлаа харин ачийг танд заавал хариулах болно. Тэгэхдээ: Таны аж амьдрал хэр зэрэг билээ? гэж асуухад нөгөө хүү нь оготно зурмыг тороор барьж амь зуудаг хүн гэж үнэн байдлаа хэлж гэнэ. Одоо үед оготно зурам ч юу базаах вэ дээ харин чонын арьс үнэтэй шүү дээ. Иймд чоно алж арьсыг нь цай тамхи янз бүрийн зүйлээр худалдана уу гэхэд хүү тэр ямар зүг байх вэ? харин миний урхинд орж надад алагдах тийм чоно хаанаас байх вэ дээ гэж хэлэхэд Та наад бүсэндээ байгаа хонхыг миний хүзүүнд зүүж өгнө үү гэж гуйхад нь хүү бүсэндээ байсан хонхыг тэр үнэгний хүзүүнд зүүж өгчээ.

Үнэг тэр өдрөө цааш давхиад янз бүрийн араатан амьтдын дэргэдүүр явж байтал чоно дайралдаад үнэг чи энэ хөөрхөн юм хаанаас олоод зүүчихээв наадах чинь яадаг юм бэ гэж асуухад нь энэ юмыг олоход тийм төвөгтэй биш энэ булгийн мөсөн дээр өдөр шөнөгүй оцойгоод суучихлаар нэг өвгөн хүрч ирээд хүзүүнд нь зүүгээд өгдөг юм гэжээ. Намайг оцойж суухаар зүүж өгөх болов уу гэж асуухад нь Надад өгсөн юм танд өгөлгүй яах вэ гэж үнэг хэлэв. Чоно хүзүүндээ хонх олж зүүхээр тэр булаг чинь хаана байдаг юм гэж лавлан асууж аван үлджээ. Үнэг ийн чонод хэлснийхээ дараа хүүд хүрч ирээд За маргааш өглөө энэ булгийн мөсөн дээр нэг чоно бөгсөөрөе наалдчихсан байх вий. Түүнийг очиж цохиж алаад арьсыг нь авч цай идэх юмнаас өгөөрэй гэж хэлээд явжээ.

Хүү маргааш өглөө нь юу магад гэж бодоод булгийн наахан мод бариад явж байтал нээрэн булгийн мөсөн дээр нэг чоно оцойгоод сууж байхыг хараад түргэн түргэн алхсаар очиход нь тэр чоно миний хүзүүнд хонх зүүж өгөх хүн ирж яваа болов уу гэж санаад цааш зугатах гээд ухасхийтэл бөгс нь мөсөнд наалдчихсан байжээ. Тэгэхийн хооронд хүү түүнийг цохиж алаад чонын арьсыг худалдаж цай тамхи зэрэг юмнаас өгч гэнэ. Гэтэл хүүгийн оршин суудаг тэр нутагт арслан барнаас эхлэн янз бүрийн араатан амьтан их байдаг тул бартай ууланд гарч ан хийхээр гарсан боловч баранд идүүлчихсэнгүй арай чамай гэртээ иржээ. Тэгээд нэг өдөр оготно зурам агнаж явтал арслан дайралдаад чамайг иднэ гэхэд нь гайхахдаа За хоёулаа эрийн гурван наадмаар наадаад хэн дийлсэн маань нөгөөгөө идье гэж тохиролцоод цаашаа явж байтал аргат улаан үнэгтэй дайралджээ.

Тэгээд түүнд За би арслан баранд идүүлчих гээд огт болохоо байлаа. Одоо хаачдаг юм билээ гээд мөн арслантай дайралдаж энэ удаа ингэж хэлээд арайхийн амьд гарлаа гэхэд тэр чинь зөв. Харин маргааш очоод түүнтэй ямар ямар аргаар хэрхэн наадах вэ гэж ярилц. Хэрэв тэгээд зөвшөөрөх юм бол хоёулаа цагаан чулуунаас базъя, усгүй газраас ус гартал дэвсэе, ургаа модыг үндэсээр нь булга татаж унагая гэж хэлээд ир. Хэрэв үүнийг зөвшөөрвөл би аргыг нь зааж өгье гэжээ. Тэгээд маргааш нь үнэгний хэлсэн ёсоор арслантай очиж уулзаад хоёулаа ийм гурван зүйлээр ингэж бяраа үзье гэхэд арслан тэгье гэж зөвшөөрөөд үлдэж. Хүү аргат улаан үнэгэндээ ирж бид яг хэлсэн ёсоор чинь ярилцан тохиров. Одоо яахав гэж хүү асуужээ.

Тэгэхэд нь аргат улаан үнэг за одоо нэг довыг аятайхан хонхойлж ухаад дор нь гүзээнд ус хийж тавиад буцаагаад шороогоор нь булчих. Бас нэг модыг үндэсийг нь гартал ухаж булга татаж аваад дор нь эргүүлээд хуучин янзаар нь аятайхан булчих мөн нэг шувууны өндөг олж тэр довынхоо ойролцоо тавьчих гэжээ. Хүү тэр ёсоор нь нэг дов аятайхан авч доод газрыг нь ухаж гүзээтэй ус хийж тавиад, нэг модыг үндсээр нь ухаж булга аваад буцааж тавиад хуучин байдлаар нь булаад, нэг шувууны өндөг олж довныхоо дэргэд тавьжээ. Тэгээд болзоотой өдрөө арслан хүү хоёр уулзаж гэнэ. Тэгээд урьдаар хэн бяраа үзүүлэх вэ гэхэд нь та үзүүл гэж арслан хэлжээ.

Өнчин хүү гүзээтэй ус хийсэн довон дээрээ ирээд дэвстэл дов цөмөрч дороос нь ус дээшээ оргилжээ. Шувууныхаа өндөгийг базтал бас түүнээс шүүс гарчээ. Модыг хэвгий тал руу нь алгадтал үндсээрээ булга үсэрчээ. Гэтэл арслан өдөржингөө дэвссэн боловч хонхойно уу гэхээс ус ер гарсангүй. Бас дараа нь модноос арслан татахад дундуураа хугарахаас үндсээрээ булгарсангүй гэнэ. Тэгэхээр нь аа энэ чинь үнэхээр хүчтэй амьтан юм байна. Би энэ хүнээс хүч дутуу болох нь мэдээжийн хэрэг болов гэж арслан шантарч. Нутагтаа очоод баранд энд нэг сүрхий бяртай хүн байна. Түүнийг би лав хүчрэхгүй юм байна. Чи яадаг бол нэг оролдохгүй юу гэж хэлэхэд нь: Бар за тэгье гэж хэлжээ. Тэгээд байж байтал чоно бас бартай уулзаж тэр хүн миний нэг анд найзыг мөсөн дээр сууж байтал нь бас модоор цохиж алсан юм. Тэр муу хүүд тийм их бяр чадал байхгүй хоёулаа очье гэхэд нь бар ээ мэдэхгүй тэр чинь арслантай эрийн гурван наадам хийгээд түүнийг дийлсэн гэсэн юм шүү. Би ч хувьдаа итгэхгүй байна гэж хэлжээ. Хэрэв та нар надад итгэхгүй байгаа бол хоёулаа хүзүүгээрээ холбоод очьё гэж чоно хэлжээ.

Тэгээд барыг дагуулж хүүгийнд очихоор шийджээ. Гэтэл аргат улаан үнэг үүнийг мэдээд. За хөө эндээс чоно бар хоёр холбоотой ирэх байх шүү чи огт хэнэггүй. Өрт муу чоно чи ганц муу бар хөтлөөд ирэх шив. Урд уулнаас алсан барын гуя хойд уулнаас алсан арслангийн өвчүү хоёрыг чононд чанаж өг. Энэ хөтөлж яваа барыг хөлд нь чөдөр хийгээд уя гэж хүнтэй ярьж байгаа юм шиг хашгирч байгаарай гэж xүүд хэлжээ. Тэгээд хүү чоно бар хоёрын ирэх бараанаар. Чоно нэг муу бар хөтлөөд ирж явах шиг байна. Түүнд урд уулнаас алсан барын гуя хойд уулнаас алсан арслангийн өвчүү хоёрыг чанаж өгөөрөй. Харин хөтөлж ирсэн баранд нь ногт чөдөр хийгээд хурдхан шиг уяарай, гэж хэлэхийг бар сонсонгуутаа. За тэгнээ гэж хэлээд байдаг хурдаараа буцан давхихад нь түүний харайлтыг чоно гүйцэхгүй боогдохдоо айж ам нь ярзайж арайхийж явахыг бар эргэж хараад миний айж сандарч явахад чи бас доог тохуу хийнэ ээ гэж уур нь улам хүрч том том харайгаад явтал чоно боож үхжээ. Арслан бар хоёрыг айлгаж явуулснаас хойш айх юм байхгүй амар сайхан жаргажээ.