ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠨᠣᠶᠠᠨ ᠭᠤᠸᠠᠢ ᠳ᠋ᠤ᠌ ᠨᠣᠬᠠᠢ ᠶ᠋ᠢᠨ ᠪᠠᠭᠠᠰᠤ ᠢᠳᠡᠭᠦᠯᠪᠡ Гураван настай гунаган улаан баатар - Ноён гуайд нохойн баас идүүлэв ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠨᠣᠶᠠᠨ ᠭᠤᠸᠠᠢ ᠳ᠋ᠤ᠌ ᠨᠣᠬᠠᠢ ᠶ᠋ᠢᠨ ᠪᠠᠭᠠᠰᠤ ᠢᠳᠡᠭᠦᠯᠪᠡ Гураван настай гунаган улаан баатар - Ноён гуайд нохойн баас идүүлэв

ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠨᠣᠶᠠᠨ ᠭᠤᠸᠠᠢ ᠳ᠋ᠤ᠌ ᠨᠣᠬᠠᠢ ᠶ᠋ᠢᠨ ᠪᠠᠭᠠᠰᠤ ᠢᠳᠡᠭᠦᠯᠪᠡ Гураван настай гунаган улаан баатар - Ноён гуайд нохойн баас идүүлэв

ᠠᠩᠭᠢᠯᠠᠯ:ᠳᠣᠮᠣᠭ ᠦᠯᠢᠭᠡᠷ
2025-12-03

134

ᠨᠣᠶᠠᠨ ᠭᠤᠸᠠᠢ ᠳ᠋ᠤ᠌ ᠨᠣᠬᠠᠢ ᠶ᠋ᠢᠨ ᠪᠠᠭᠠᠰᠤ ᠢᠳᠡᠭᠦᠯᠪᠡ


       ᠡᠷᠲᠡ ᠤᠷᠢᠳᠤ ᠴᠠᠭ ᠲᠤ᠌ ᠨᠢᠭᠡ ᠰᠦᠷᠡᠬᠡᠢ ᠠᠶᠤᠯᠲᠠᠢ ᠬᠠᠨ ᠨᠣᠶᠠᠨ ᠭᠡᠭᠴᠢ ᠪᠠᠢᠭᠰᠠᠨ ᠭᠡᠨ᠎ᠡ᠃ ᠡᠨᠡ ᠬᠠᠨ ᠨᠣᠶᠠᠨ ᠪᠣᠯ ᠪᠢ ᠮᠡᠷᠭᠡᠨ᠂ ᠪᠢ ᠤᠬᠠᠭᠠᠨᠲᠠᠢ᠂ ᠪᠢ ᠬᠡᠨ ᠬᠥᠮᠦᠨ ᠡᠴᠡ ᠢᠯᠡᠭᠦᠦ ᠭᠡᠵᠦ ᠪᠠᠷᠳᠠᠮᠨᠠᠨ ᠣᠮᠣᠷᠬᠠᠵᠤ ᠶᠠᠪᠤᠳᠠᠭ ᠭᠡᠨ᠎ᠡ᠃ ᠪᠠᠰᠠ ᠮᠢᠨᠦ ᠬᠠᠷᠢᠶᠠᠲᠤ ᠠᠷᠠᠳ ᠨᠠᠳᠠ ᠠ᠋ᠴᠠ ᠠᠶᠤᠬᠤ ᠦᠭᠡᠢ ᠬᠥᠮᠦᠨ ᠦᠭᠡᠢ ᠭᠡᠵᠦ ᠮᠠᠰᠢ ᠭᠡᠬᠢᠯᠵᠡᠨ ᠶᠠᠪᠤᠳᠠᠭ ᠠᠵᠢ᠃ ᠶᠡᠷᠦ ᠡᠨᠡ ᠬᠠᠨ ᠨᠣᠶᠠᠨ ᠪᠣᠯ ᠦᠨᠡᠬᠡᠷ ᠤᠴᠠᠷᠠᠭᠰᠠᠨ ᠬᠥᠮᠦᠨ ᠪᠦᠬᠦᠨ ᠢ᠋ ᠵᠠᠩᠨᠠᠵᠤ ᠬᠠᠷᠠᠭᠰᠠᠨ ᠬᠥᠮᠦᠨ ᠪᠦᠬᠦᠨ ᠢ᠋ ᠵᠠᠨᠴᠢᠨ ᠭᠤᠶᠠᠳᠠᠳᠠᠭ ᠲᠤᠯᠠ ᠡᠨᠡ ᠨᠣᠶᠠᠨ ᠲᠠᠢ ᠤᠴᠠᠷᠠᠭᠰᠠᠨ ᠬᠥᠮᠦᠨ ᠴᠥᠮ ᠲᠣᠯᠣᠭᠠᠢ ᠪᠠᠨ ᠳᠠᠷᠤᠵᠤ ᠬᠠᠨ ᠨᠣᠶᠠᠨ ᠤ᠋ ᠡᠰᠡᠷᠭᠦ ᠬᠠᠷᠠᠨ ᠦᠵᠡᠬᠦ ᠦᠭᠡᠢ᠂ ᠭᠤᠲᠤᠯ ᠤ᠋ᠨ ᠦᠵᠦᠭᠦᠷ ᠳᠡᠪᠡᠯ ᠦ᠋ᠨ ᠬᠣᠷᠮᠣᠢ ᠶ᠋ᠢᠨ ᠲᠡᠳᠦᠢ ᠶ᠋ᠢ ᠯᠡ ᠬᠠᠷᠠᠳᠠᠭ ᠭᠡᠨ᠎ᠡ᠃ ᠡᠭᠦᠨ ᠳ᠋ᠦ᠍ ᠡᠨᠡ ᠬᠠᠨ ᠨᠣᠶᠠᠨ ᠶᠡᠬᠡ ᠪᠠᠶᠠᠷᠯᠠᠨ ᠮᠢᠨᠦ ᠰᠦᠷ ᠴᠢᠳᠠᠯ ᠳ᠋ᠤ᠌ ᠬᠡᠳᠦᠢ ᠣᠯᠠᠨ ᠠᠮᠢᠲᠠᠨ ᠠᠶᠤᠨ ᠪᠥᠬᠥᠢᠳᠡᠭ ᠪᠣᠢ ᠭᠡᠵᠦ ᠬᠥᠭᠡᠷᠳᠡᠭ ᠪᠠᠢᠵᠠᠢ᠃  
       ᠲᠡᠭᠡᠭᠡᠳ ᠲᠡᠷᠡ ᠨᠢᠭᠡᠨ ᠵᠢᠯ ᠦ᠋ᠨ ᠨᠠᠮᠤᠷ ᠤ᠋ᠨ ᠣᠪᠣᠭᠠᠨ ᠤ᠋ ᠨᠠᠢᠷ  ᠲᠤ᠌ ᠮᠥᠨ ᠳᠡᠭᠡᠳᠦᠰ ᠡᠴᠡ ᠲᠣᠭᠲᠠᠭᠠᠭᠰᠠᠨ ᠶᠣᠰᠣᠭᠠᠷ ᠢ᠋ᠶ᠋ᠠᠨ ᠰᠠᠳᠤᠨ ᠲᠥᠷᠥᠯ᠂ ᠡᠬᠡᠨᠡᠷ ᠬᠡᠦᠬᠡᠳ᠂ ᠲᠦᠰᠢᠮᠡᠯ ᠴᠡᠷᠢᠭ ᠭᠡᠬᠦ ᠪᠦᠬᠦᠨ ᠢ᠋ᠶ᠋ᠡᠨ ᠳᠠᠭᠠᠭᠤᠯᠤᠨ ᠢᠷᠡᠭᠰᠡᠨ ᠠᠵᠤᠭᠤ᠃ 
       ᠭᠡᠲᠡᠯ᠎ᠡ ᠡᠨᠡ ᠣᠪᠣᠭᠠᠨ ᠨᠠᠢᠷ ᠲᠤ᠌ ᠢᠷᠡᠭᠰᠡᠨ ᠠᠷᠠᠳ ᠣᠯᠠᠨ ᠪᠦᠬᠦᠨ ᠦ᠌ ᠳᠤᠮᠳᠠ᠂ ᠨᠢᠭᠡᠨ ᠠᠭᠤᠯᠠ ᠬᠠᠩᠭᠠᠢ ᠶ᠋ᠢᠨ ᠠᠷᠤ ᠳ᠋ᠤ᠌᠂ ᠥᠷᠭᠡᠨ ᠲᠠᠯ᠎ᠠ ᠶ᠋ᠢᠨ ᠥᠨᠴᠥᠭ ᠲᠦ᠍᠂ ᠤᠰᠤ ᠮᠥᠷᠡᠨ ᠦ᠌ ᠬᠥᠪᠡᠭᠡ ᠳ᠋ᠦ᠍᠂ ᠣᠢ ᠰᠢᠭᠤᠢ ᠶ᠋ᠢᠨ ᠬᠠᠵᠠᠭᠤ ᠳ᠋ᠤ᠌ ᠨᠤᠲᠤᠭᠯᠠᠭᠰᠠᠨ ᠠᠷᠠᠳ ᠪᠠᠲᠤᠪᠥ᠋ᠬᠡ ᠶ᠋ᠢᠨ ᠬᠥᠪᠡᠭᠦᠨ ᠳᠠᠰᠢ ᠭᠡᠳᠡᠭ ᠨᠡᠷ᠎ᠡ ᠲᠡᠢ ᠮᠡᠷᠭᠡᠨ ᠬᠦᠦ ᠪᠠᠢᠵᠠᠢ᠃ ᠡᠨᠡ ᠬᠦᠦ᠂ ᠪᠠᠷᠴᠢᠳ ᠶᠡᠬᠡ ᠲᠡᠢ ᠬᠠᠨ ᠨᠣᠶᠠᠨ ᠢ᠋ ᠪᠠᠭ᠎ᠠ ᠠ᠋ᠴᠠ ᠪᠠᠨ ᠰᠣᠨᠣᠰᠤᠭᠰᠠᠨ ᠪᠥᠭᠡᠳ ᠨᠢᠭᠡᠨ ᠤᠳᠠᠭ᠎ᠠ ᠣᠯᠵᠤ ᠦᠵᠡᠶ᠎ᠡ ᠭᠡᠵᠦ ᠪᠣᠳᠣᠵᠤ ᠪᠠᠢᠵᠠᠢ᠃ ᠭᠡᠪᠡᠴᠦ ᠠᠪᠤ ᠡᠵᠢ ᠨᠢ ᠬᠦᠦ ᠪᠡᠨ ᠬᠡᠷᠡᠭ ᠲᠠᠲᠠᠬᠤ ᠠ᠋ᠴᠠ ᠠᠶᠤᠵᠤ ᠶᠡᠷᠦ ᠭᠠᠳᠠᠭᠰᠢ ᠶᠠᠪᠤᠭᠤᠯᠳᠠᠭ ᠦᠭᠡᠢ ᠪᠠᠢᠵᠠᠢ᠃ 
       ᠢᠩᠭᠢᠭᠰᠡᠭᠡᠷ ᠪᠠᠢᠭᠠᠳ ᠡᠨᠡ ᠵᠢᠯ ᠮᠡᠷᠭᠡᠨ ᠲᠠᠰᠢ ᠮᠥᠨ ᠠᠷᠪᠠᠨ ᠨᠠᠢ᠍ᠮᠠᠨ ᠨᠠᠰᠤᠲᠠᠢ ᠪᠣᠯᠵᠤ ᠡᠷ᠎ᠡ ᠶ᠋ᠢᠨ ᠲᠣᠭᠠᠨ ᠳ᠋ᠤ᠌ ᠣᠷᠣᠵᠤ᠂ ᠡᠷ᠎ᠡ ᠶ᠋ᠢᠨ ᠬᠣᠩᠭᠣᠨ ᠳ᠋ᠠᠭᠠᠨ ᠬᠦᠷᠦᠭᠰᠡᠨ ᠲᠤᠯᠠ ᠠᠪᠤ ᠡᠵᠢ ᠨᠢ ᠮᠥᠨ ᠨᠠᠢᠷ ᠲᠤ᠌ ᠶᠠᠪᠤᠭᠤᠯᠬᠤ ᠪᠠᠷ ᠵᠥᠪᠰᠢᠶᠡᠷᠡᠭᠰᠡᠨ ᠲᠤᠯᠠ᠂ ᠬᠣᠨᠢᠴᠢᠨ ᠬᠦᠦ ᠮᠡᠷᠭᠡᠨ ᠳᠠᠰᠢ ᠶᠡᠬᠡ ᠪᠠᠶᠠᠷᠯᠠᠵᠤ ᠬᠤᠪᠴᠠᠯᠠᠨ ᠭᠠᠷᠴᠤ ᠶᠠᠪᠤᠬᠤ ᠳ᠋ᠤ᠌ ᠠᠪᠤ ᠡᠵᠢ ᠬᠣᠶᠠᠷ ᠨᠢ ᠢᠳᠬᠠᠨ ᠳᠠᠪᠲᠠᠨ ᠰᠤᠷᠭᠠᠭᠰᠠᠨ ᠨᠢ᠄《ᠨᠣᠮᠣᠬᠠᠨ ᠰᠢᠳᠤᠷᠭᠤ ᠶᠠᠪᠤᠵᠤ ᠢᠷ᠎ᠡ! ᠬᠡᠷᠡᠭ ᠪᠢᠲᠡᠭᠡᠢ ᠭᠠᠷᠭ᠎ᠠ! ᠬᠡᠪ ᠢ᠋ᠶ᠋ᠡᠨ ᠰᠠᠬᠢᠵᠤ᠂ ᠬᠢᠷᠢ ᠪᠡᠨ ᠮᠡᠳᠡᠵᠦ ᠶᠠᠪᠤ! ᠠᠬᠠᠰ ᠵᠠᠬᠠᠰ ᠤ᠋ᠨ ᠢ᠋ᠶ᠋ᠠᠨ ᠦᠭᠡᠨ ᠳ᠋ᠦ᠍ᠨᠢ ᠣᠷᠣ! ᠨᠣᠶᠠᠨ ᠡᠷᠬᠢᠮ ᠦ᠋ᠳ ᠲᠡᠢ ᠮᠥᠴᠡᠭᠡᠷᠬᠡᠵᠦ ᠪᠣᠯᠬᠤ ᠦᠭᠡᠢ᠃ ᠲᠡᠳᠡᠨ ᠢ᠋ ᠪᠦᠷ ᠲᠩᠷᠢ ᠶ᠋ᠢᠨ ᠵᠠᠷᠤᠴᠠ ᠭᠡᠵᠦ ᠬᠡᠯᠡᠳᠡᠭ ᠶᠦᠮ᠃ ᠬᠠᠨ ᠨᠣᠶᠠᠨ ᠲᠠᠢ ᠬᠠᠯᠳᠠᠵᠤ ᠦᠵᠡᠶ᠎ᠡ ᠭᠡᠵᠦ ᠴᠢ ᠤᠷᠢᠳᠤ ᠬᠡᠯᠡᠵᠦ ᠪᠠᠢᠭᠰᠠᠨ ᠢ᠋ᠶ᠋ᠠᠨ ᠮᠠᠷᠲᠠᠭᠠᠷᠠᠢ! ᠬᠥᠮᠦᠨ ᠦ᠌ ᠭᠠᠭᠴᠠ ᠬᠦᠦ᠂ ᠪᠡᠶ᠎ᠡ ᠪᠡᠨ ᠴᠢ ᠮᠢᠨᠢ ᠬᠡᠷᠰᠡᠦᠯᠡ᠃》 ᠭᠡᠵᠦ ᠬᠡᠯᠡᠭᠡᠳ ᠶᠠᠪᠤᠭᠤᠯᠤᠭᠰᠠᠨ ᠭᠡᠨ᠎ᠡ᠃  
       ᠲᠡᠭᠡᠭᠡᠳ ᠮᠡᠷᠭᠡᠨ ᠲᠡᠰᠢ ᠬᠦᠦ ᠣᠪᠣᠭᠠᠨ ᠤ᠋ ᠨᠠᠢᠷ  ᠲᠤ᠌ ᠢᠷᠡᠵᠦ ᠦᠶ᠎ᠡ ᠶ᠋ᠢᠨ ᠵᠠᠯᠠᠭᠤ ᠨᠥᠬᠥᠳ ᠲᠡᠢ ᠪᠡᠨ ᠠᠭᠤᠯᠵᠠᠵᠤ ᠦᠢᠮᠡᠯᠳᠦᠨ ᠬᠥᠭᠡᠷᠦᠯᠳᠦᠨ ᠨᠠᠷᠭᠢᠯᠳᠤᠵᠤ᠂ᠳᠠᠭᠤᠯᠠᠯᠴᠠᠨ᠂ᠪᠥᠵᠢᠭᠯᠡᠨ᠂ ᠲᠣᠭᠯᠠᠯᠴᠠᠨ ᠪᠠᠷᠢᠯᠳᠤᠵᠤ᠂ ᠳᠠᠯᠤ ᠮᠥᠷᠥ ᠪᠡᠨ ᠠᠯᠠᠭᠠᠳᠠᠯᠴᠠᠨ᠂ ᠠᠷᠢᠬᠢ ᠳᠠᠷᠠᠰᠤ ᠤᠤᠭᠤᠵᠤ᠂ ᠣᠨᠢᠰᠣᠭ᠎ᠠ ᠪᠢᠲᠡᠭᠦᠦ ᠶᠠᠷᠢᠯᠴᠠᠨ᠂ ᠳᠠᠪᠠᠭᠤ ᠨᠠᠭᠠᠳᠤᠯᠴᠠᠨ ᠪᠠᠢᠲᠠᠯ᠎ᠠ ᠭᠡᠨᠡᠳᠲᠡ ᠣᠯᠠᠨ ᠬᠥᠮᠦᠨ ᠦᠢᠮᠡᠯᠳᠦᠵᠦ ᠬᠣᠢᠰᠢ ᠪᠠᠨ ᠣᠷᠣᠭᠰᠢ ᠪᠠᠨ ᠭᠦᠶᠦᠯᠳᠦᠵᠦ᠂ ᠬᠠᠨ ᠨᠣᠶᠠᠨ ᠢᠷᠡᠪᠡ ᠭᠡᠵᠦ ᠬᠠᠰᠬᠢᠷᠤᠯᠳᠤᠨ ᠰᠠᠨᠳᠤᠷᠴᠤ ᠢᠨᠠᠭᠰᠢ ᠴᠢᠨᠠᠭᠰᠢ ᠪᠠᠨ ᠰᠢᠬᠠᠯᠴᠠᠨ ᠬᠡᠲᠦᠷᠬᠡᠢ ᠰᠠᠨᠳᠤᠷᠴᠤ ᠪᠠᠢᠵᠠᠢ᠃ ᠡᠭᠦᠨ ᠢ᠋ ᠮᠡᠷᠭᠡᠨ ᠲᠡᠰᠢ ᠬᠦᠦ ᠦᠵᠡᠭᠡᠳ ᠨᠥᠬᠥᠳ ᠲᠡᠭᠡᠨ ᠬᠡᠯᠡᠭᠰᠡᠨ ᠨᠢ᠄《ᠪᠢ ᠬᠠᠨ ᠨᠣᠶᠠᠨ ᠤ᠋ ᠤᠮᠠᠳᠠᠭ ᠢ᠋ ᠣᠯᠠᠨ ᠤ᠋ ᠨᠢᠭᠤᠷ ᠳᠡᠭᠡᠷ᠎ᠡ ᠠᠳᠬᠤᠵᠤ᠂ ᠬᠡᠷᠡᠭ ᠲᠦ᠍ ᠣᠷᠣᠬᠤ ᠦᠭᠡᠢ ᠭᠠᠷᠴᠤ ᠴᠢᠳᠠᠨ᠎ᠠ》 ᠭᠡᠰᠡᠨ ᠳ᠋ᠦ᠍᠂ ᠬᠠᠵᠠᠭᠤ ᠳ᠋ᠤ᠌ ᠪᠠᠢᠭᠰᠠᠨ ᠨᠥᠬᠥᠳ ᠨᠢ ᠬᠠᠮᠠᠷ ᠠᠮᠠ ᠪᠠᠨ ᠪᠠᠷᠢᠵᠤ᠄  
      《ᠬᠥᠶᠢ! ᠴᠢ ᠰᠣᠯᠢᠶᠠᠷᠠᠴᠢᠬᠠᠪᠠ ᠤᠤ? ᠬᠠᠷ᠎ᠠ ᠲᠣᠯᠣᠭᠠᠢ ᠪᠠᠨ ᠢᠯᠡᠭᠦᠦ ᠦᠵᠡᠵᠦ ᠪᠠᠢᠨ᠎ᠠ ᠤᠤ? ᠬᠠᠨ ᠨᠣᠶᠠᠨ ᠤ᠋ ᠤᠮᠠᠳᠠᠭ ᠢ᠋ ᠨᠢ ᠪᠠᠷᠢᠬᠤ ᠪᠠᠢᠲᠤᠭᠠᠢ᠂ ᠬᠠᠷᠠᠵᠤ ᠦᠵᠡᠪᠡᠴᠦ ᠬᠠᠰᠠ ᠶ᠋ᠢᠨ ᠮᠢᠬ᠎ᠠ ᠶ᠋ᠢ ᠴᠢᠨᠢ ᠬᠠᠭᠠᠷᠠᠲᠠᠯ᠎ᠠ ᠵᠠᠨᠴᠢᠨ᠎ᠠ》 ᠭᠡᠵᠦ ᠬᠤᠪᠢ ᠬᠣᠪᠢᠨ ᠳ᠋ᠠᠭᠠᠨ ᠬᠡᠯᠡᠯᠴᠡᠵᠦ᠂ ᠠᠮᠠ ᠠᠮᠠᠨ ᠳ᠋ᠠᠭᠠᠨ ᠶᠠᠷᠢᠯᠴᠠᠵᠤ ᠮᠡᠷᠭᠡᠨ ᠬᠦᠦ ᠶ᠋ᠢ ᠢᠳᠬᠠᠬᠤ ᠳ᠋ᠤ᠌ ᠮᠡᠷᠭᠡᠨ ᠬᠦᠦ ᠢᠨᠢᠶᠡᠵᠦ᠄《ᠬᠡᠷᠪᠡ ᠪᠢ ᠪᠠᠷᠢᠵᠤ ᠴᠢᠳᠠᠭᠠᠳ ᠬᠡᠷᠡᠭ ᠲᠦ᠍ ᠣᠷᠣᠬᠤ ᠦᠭᠡᠢ ᠭᠠᠷᠪᠠᠯ᠂ ᠲᠠ ᠨᠠᠷ ᠶᠠᠭᠠᠬᠢᠬᠤ ᠪᠣᠢ?》 ᠭᠡᠰᠡᠨ ᠳ᠋ᠦ᠍᠂ ᠳᠡᠷᠭᠡᠳᠡ ᠪᠠᠢᠭᠰᠠᠨ ᠪᠠᠶᠠᠨ᠂ ᠬᠤᠳᠠᠯᠳᠤᠭᠠᠴᠢᠨ ᠰᠣᠨᠣᠰᠤᠭᠠᠳ᠄《ᠬᠡᠷᠪᠡ ᠴᠢ ᠬᠠᠨ ᠨᠣᠶᠠᠨ ᠤ᠋ ᠤᠮᠠᠳᠠᠭ ᠢ᠋ ᠪᠠᠷᠢᠵᠤ᠂ ᠬᠡᠷᠡᠭ ᠭᠠᠷᠪᠠᠯ ᠴᠢᠨᠦ ᠤᠨᠤᠵᠤ ᠪᠠᠢᠬᠤ ᠰᠠᠢᠨ ᠮᠣᠷᠢ ᠪᠠᠨ ᠡᠮᠡᠭᠡᠯ ᠬᠠᠵᠠᠭᠠᠷ ᠲᠠᠢ ᠨᠢ ᠴᠥᠮ ᠨᠠᠳᠠ ᠳ᠋ᠤ᠌ ᠥᠭᠪᠡᠯ ᠪᠢ ᠮᠥᠷᠥᠢ ᠲᠠᠯᠪᠢᠶ᠎ᠠ!》 ᠭᠡᠰᠡᠨ ᠳ᠋ᠦ᠍᠂ ᠳᠠᠰᠢ ᠬᠦᠦ᠄《ᠬᠡᠷᠪᠡ ᠬᠡᠷᠡᠭ ᠭᠠᠷᠬᠤ ᠦᠭᠡᠢ ᠪᠥᠭᠡᠳ ᠬᠡᠷᠡᠭ ᠢ᠋ᠶ᠋ᠡᠨ ᠪᠦᠲᠦᠭᠡᠪᠡᠯ ᠴᠢ ᠶᠠᠭᠤ ᠪᠠᠨ ᠲᠠᠯᠪᠢᠨ᠎ᠠ ᠪᠣᠢ?》 ᠭᠡᠰᠡᠨ ᠳ᠋ᠦ᠍ ᠬᠤᠳᠠᠯᠳᠤᠭᠠᠴᠢᠨ᠄《ᠪᠢ ᠳᠠᠷᠤᠢ ᠠᠯᠲᠠᠨ ᠵᠣᠭᠣᠰ ᠵᠠᠭᠤ ᠶ᠋ᠢ ᠲᠣᠭᠠᠯᠠᠵᠤ ᠴᠢᠮ᠎ᠠ ᠳ᠋ᠤ᠌ ᠥᠭᠭᠦᠶ᠎ᠡ!》 ᠭᠡᠰᠡᠨ ᠳ᠋ᠦ᠍᠂ ᠲᠡᠰᠢ᠄《ᠪᠢ ᠴᠢᠨᠦ ᠵᠣᠭᠣᠰ ᠢ᠋ ᠴᠣ ᠠᠪᠬᠤ ᠦᠭᠡᠢ᠃ ᠲᠡᠷᠡ ᠣᠯᠠᠨ ᠵᠣᠭᠣᠰ ᠨᠠᠳᠠ ᠬᠡᠷᠡᠭ ᠦᠭᠡᠢ᠃ ᠭᠠᠭᠴᠠ ᠴᠢ ᠬᠣᠨᠢ ᠠᠯᠠᠵᠤ ᠪᠢᠳᠡ ᠬᠡᠳᠦᠨ ᠵᠠᠯᠠᠭᠤ ᠶ᠋ᠢ ᠰᠠᠢᠨ ᠳᠠᠢᠯᠠᠨ ᠢᠳᠡᠭᠦᠯᠵᠦ ᠤᠤᠭᠤᠯᠭᠠᠪᠠᠯ ᠪᠣᠯᠴᠢᠬᠠᠨ᠎ᠠ᠃》 ᠭᠡᠰᠡᠨ ᠳ᠋ᠦ᠍᠂ ᠬᠤᠳᠠᠯᠳᠤᠭᠠᠴᠢᠨ᠄《ᠪᠣᠯᠤᠨ᠎ᠠ!》 ᠭᠡᠵᠦ ᠮᠥᠷᠥᠢ ᠲᠣᠭᠲᠠᠵᠤ ᠭᠡᠨ᠎ᠡ᠃ ᠢᠩᠭᠢᠭᠡᠳ ᠳᠠᠰᠢ ᠣᠯᠠᠨ ᠬᠥᠮᠦᠨ ᠦ᠌ ᠳᠤᠮᠳᠠᠭᠤᠷ ᠰᠢᠬᠠᠯᠳᠤᠨ ᠣᠪᠣᠭᠠᠨ ᠤ᠋ ᠵᠦᠭ ᠮᠠᠴᠤᠨ ᠣᠴᠢᠬᠤ ᠳ᠋ᠤ᠌ ᠬᠤᠳᠠᠯᠳᠤᠭᠠᠴᠢᠨ᠄ 《ᠣᠳᠣ ᠡᠨᠡ ᠬᠤᠪᠠᠬᠠᠢ ᠮᠣᠳᠣᠨ ᠡᠮᠡᠭᠡᠯ ᠲᠡᠢ ᠬᠤᠳᠠᠷᠭ᠎ᠠ ᠰᠠᠢᠲᠠᠢ ᠰᠠᠭᠠᠷᠠᠯ ᠮᠣᠷᠢ᠂ ᠮᠢᠨᠦ ᠪᠣᠯᠪᠠ ᠭᠡᠵᠦ ᠪᠠᠶᠠᠷᠯᠠᠵᠤ ᠪᠠᠢᠵᠤ ᠭᠡᠨ᠎ᠡ᠃》 ᠭᠡᠪᠡᠴᠦ ᠮᠡᠷᠭᠡᠨ ᠲᠠᠰᠢ ᠶ᠋ᠢᠨ ᠨᠥᠬᠥᠳ ᠨᠢ ᠣᠳᠣ ᠮᠠᠨ ᠤ᠋ ᠳᠠᠰᠢ ᠰᠣᠯᠢᠶᠠᠷᠠᠵᠤ ᠬᠠᠨ ᠨᠣᠶᠠᠨ ᠲᠠᠢ ᠬᠠᠯᠳᠠᠨ᠂ ᠬᠠᠷ᠎ᠠ ᠲᠣᠯᠣᠭᠠᠢ ᠪᠠᠨ ᠭᠡᠭᠡᠬᠦ ᠳ᠋ᠦ᠍ ᠬᠦᠷᠪᠡ ᠭᠡᠵᠦ ᠵᠣᠪᠠᠨ᠂ ᠬᠣᠢᠨ᠎ᠠ ᠠ᠋ᠴᠠ ᠨᠢ ᠨᠡᠬᠡᠵᠦ ᠣᠴᠢᠪᠠ ᠭᠡᠨ᠎ᠡ᠃ 
       ᠡᠨᠡ ᠦᠶᠡᠰ᠂ ᠬᠠᠨ ᠨᠣᠶᠠᠨ ᠣᠪᠣᠭᠠᠨ ᠳ᠋ᠤ᠌ ᠮᠥᠷᠭᠥᠵᠦ ᠪᠠᠷᠠᠭᠠᠳ ᠲᠥᠷᠥᠯ ᠰᠠᠳᠤᠨ᠂ ᠡᠬᠡᠨᠡᠷ ᠬᠡᠦᠬᠡᠳ᠂ ᠲᠦᠰᠢᠮᠡᠯ ᠴᠡᠷᠢᠭ ᠢ᠋ᠶ᠋ᠡᠨ ᠳᠠᠭᠠᠭᠤᠯᠵᠤ᠂ ᠣᠯᠠᠨ ᠬᠥᠮᠦᠨ ᠢ᠋ ᠵᠠᠢ ᠳᠡᠯᠪᠢ ! ᠭᠡᠳᠡᠷᠭᠦ ᠪᠡᠨ! ᠭᠡᠵᠦ ᠶᠡᠬᠡ ᠯᠠᠷᠵᠢᠶ᠎ᠠ ᠲᠠᠲᠠᠵᠤ᠂ ᠰᠦᠷ ᠠᠶᠤᠮᠰᠢᠭᠲᠠᠢ ᠶᠠᠪᠤᠵᠤ ᠪᠠᠢᠬᠤ ᠳ᠋ᠤ᠌ ᠬᠥᠮᠦᠰ ᠬᠣᠶᠠᠷ ᠲᠠᠢᠰᠢ ᠬᠠᠭᠠᠷᠠᠨ᠂ ᠰᠥᠭᠥᠳᠦᠭᠰᠡᠨ ᠬᠥᠮᠦᠰ ᠦ᠋ᠨ ᠳᠤᠮᠳᠠᠭᠤᠷ ᠬᠠᠨ ᠨᠣᠶᠠᠨ ᠠᠯᠬᠤᠯᠠᠨ ᠶᠠᠪᠤᠵᠤ ᠪᠠᠢᠵᠠᠢ᠃ ᠢᠩᠭᠢᠵᠦ ᠶᠠᠪᠤᠵᠤ ᠪᠠᠢᠭᠰᠠᠨ ᠳ᠋ᠤ᠌ ᠣᠯᠠᠨ ᠬᠥᠮᠦᠨ ᠦ᠌ ᠳᠣᠲᠣᠷ᠎ᠠ ᠠ᠋ᠴᠠ ᠨᠢᠭᠡᠨ ᠭᠣᠶᠣ ᠵᠠᠯᠠᠭᠤ ᠰᠢᠬᠠᠯᠴᠠᠨ ᠲᠦᠯᠬᠢᠯᠳᠦᠭᠰᠡᠭᠡᠷ ᠭᠠᠷᠴᠤ ᠢᠷᠡᠭᠡᠳ᠄ 《ᠬᠠᠨ ᠨᠣᠶᠠᠨ ᠭᠤᠸᠠᠢ ᠲᠠ᠂ ᠰᠠᠢᠨ ᠮᠣᠷᠢᠯᠠᠵᠤ ᠪᠠᠢᠨ᠎ᠠ ᠤᠤ? 》ᠭᠡᠰᠡᠨ ᠳ᠋ᠦ᠍᠂ ᠬᠠᠨ ᠨᠣᠶᠠᠨ ᠶᠡᠬᠡ ᠮᠠᠭᠤ ᠨᠢᠳᠦ ᠪᠡᠷ ᠬᠠᠷᠠᠭᠠᠳ᠄ 《ᠰᠠᠢᠨ᠃》 ᠭᠡᠵᠦ ᠬᠡᠯᠡᠭᠰᠡᠨ ᠳᠠᠷᠤᠢ᠂ ᠮᠡᠷᠭᠡᠨ ᠳᠠᠰᠢ ᠳᠠᠪ ᠬᠢᠵᠦ ᠬᠠᠨ ᠨᠣᠶᠠᠨ ᠤ᠋ ᠤᠮᠠᠳᠠᠭ ᠠ᠋ᠴᠠ ᠨᠢ ᠬᠦᠴᠦᠨ ᠦ᠌ ᠴᠢᠨᠡᠭᠡ ᠪᠡᠷ ᠢ᠋ᠶ᠋ᠡᠨ ᠠᠳᠬᠤᠨ ᠮᠤᠰᠬᠢᠵᠦ ᠲᠠᠯᠪᠢᠭᠠᠳ᠂ ᠭᠡᠳᠡᠷᠭᠦ ᠤᠬᠤᠷᠢᠨ ᠵᠣᠭᠰᠣᠪᠠ ᠭᠡᠨ᠎ᠡ᠃  
       ᠬᠠᠨ ᠨᠣᠶᠠᠨ ᠮᠠᠰᠢ ᠡᠪᠡᠳᠦᠭᠰᠡᠨ ᠲᠤᠯᠠ ᠡᠭ ᠠ᠋ ᠭᠡᠵᠦ᠂ ᠴᠢᠷᠠᠢ ᠨᠢ ᠬᠤᠪᠢᠯᠤᠨ ᠢᠴᠢᠩᠭᠦᠷᠡᠭᠡᠳ᠂ ᠴᠡᠷᠢᠭ ᠲᠡᠭᠡᠨ ᠵᠠᠬᠢᠵᠤ ᠮᠡᠷᠭᠡᠨ ᠲᠡᠰᠢ ᠬᠦᠦ ᠶ᠋ᠢ ᠪᠡᠷᠢ! ᠭᠡᠵᠦ ᠪᠠᠷᠢᠭᠤᠯᠤᠭᠠᠳ᠂ ᠪᠠᠭᠤᠳᠠᠯ ᠮᠠᠢᠬᠠᠨ ᠳ᠋ᠠᠭᠠᠨ ᠠᠪᠠᠴᠢᠬᠤ ᠳ᠋ᠤ᠌᠂ ᠲᠠᠰᠢ ᠶ᠋ᠢᠨ ᠨᠥᠬᠥᠳ ᠨᠢ ᠶᠡᠬᠡ ᠠᠶᠤᠵᠤ᠂ ᠬᠠᠨ ᠨᠣᠶᠠᠨ ᠤ᠋ ᠪᠠᠭᠤᠳᠠᠯ ᠤ᠋ᠨ ᠣᠢᠷ᠎ᠠ ᠣᠴᠢᠵᠤ ᠴᠢᠮᠡᠭᠡ ᠰᠣᠨᠣᠰᠴᠤ ᠪᠠᠢᠬᠤ ᠳ᠋ᠤ᠌ ᠥᠨᠥᠬᠢ ᠬᠤᠳᠠᠯᠳᠤᠭᠠᠴᠢᠨ ᠪᠠᠰᠠ ᠢᠷᠡᠵᠦ᠂ ᠡᠨᠡ ᠬᠦᠦ ᠶ᠋ᠢ ᠶᠠᠭᠠᠬᠢᠵᠤ ᠵᠠᠨᠴᠢᠬᠤ ᠶ᠋ᠢ ᠰᠤᠷᠠᠭᠯᠠᠵᠤ ᠪᠠᠢᠲᠠᠯ᠎ᠠ᠂ ᠬᠠᠨ ᠨᠣᠶᠠᠨ ᠲᠦᠰᠢᠯᠭᠡ ᠳ᠋ᠡᠭᠡᠨ ᠰᠠᠭᠤᠵᠤ᠂ ᠮᠡᠷᠭᠡᠨ ᠳᠠᠰᠢ ᠬᠦᠦ ᠶ᠋ᠢ ᠠᠪᠴᠢᠷᠠᠭᠠᠳ ᠶᠡᠬᠡ ᠠᠭᠤᠷᠯᠠᠨ ᠵᠠᠩᠨᠠᠵᠤ᠄《 ᠴᠢ ᠶᠠᠮᠠᠷ ᠰᠠᠮᠠᠭᠤᠷᠠᠭᠰᠠᠨ ᠬᠥᠮᠦᠨ ᠪᠣᠢ? ᠠ! ᠭᠡᠭᠡᠨ ᠴᠠᠭᠠᠨ ᠡᠳᠦᠷ᠂ ᠭᠡᠷᠡᠯᠲᠦ ᠨᠠᠷᠠᠨ ᠤ᠋ ᠳᠣᠣᠷ᠎ᠠ᠂ ᠶᠠᠮᠠᠷ ᠰᠠᠨᠠᠭ᠎ᠠ ᠡᠪᠦᠷᠯᠡᠵᠦ᠂ ᠡᠵᠡᠨ ᠨᠣᠶᠠᠨ ᠳ᠋ᠠᠭᠠᠨ ᠬᠠᠯᠳᠠᠨ᠂ ᠡᠷᠭᠢᠭᠦᠦ ᠶᠠᠪᠤᠳᠠᠯ ᠢ᠋ ᠬᠢᠳᠡᠭ ᠴᠢᠨᠢ ᠶᠠᠭᠤ ᠪᠣᠢ?》 ᠭᠡᠵᠦ ᠮᠠᠰᠢ ᠴᠢᠩᠭᠠᠯᠠᠨ ᠰᠢᠭᠦᠬᠦ ᠳ᠋ᠦ᠍᠂ ᠮᠡᠷᠭᠡᠨ ᠲᠡᠰᠢ ᠬᠦᠦ᠄《ᠨᠣᠶᠠᠨ ᠲᠠ ᠶᠠᠭᠠᠬᠢᠵᠤ ᠰᠢᠢᠳᠬᠡᠪᠡᠯ ᠶᠠᠭᠠᠬᠢᠵᠤ ᠰᠢᠢᠳᠬᠡᠭᠡᠷᠡᠢ! ᠪᠢ ᠨᠢᠭᠡᠨᠲᠡ ᠬᠣᠪᠢᠨ ᠤ᠋ ᠪᠣᠳᠣᠭᠰᠠᠨ ᠳ᠋ᠠᠭᠠᠨ ᠬᠦᠷᠴᠦ ᠭᠦᠢᠴᠡᠪᠡ᠃》 ᠭᠡᠰᠡᠨ ᠳ᠋ᠦ᠍ ᠬᠠᠨ ᠨᠣᠶᠠᠨ᠂ ᠬᠣᠶᠠᠷ ᠵᠢᠭᠦᠷ ᠲᠦ᠍ ᠵᠣᠭᠰᠣᠭᠰᠠᠨ ᠴᠡᠷᠢᠭ ᠢ᠋ᠶ᠋ᠡᠨ ᠳᠠᠭᠤᠳᠠᠨ《ᠡᠨᠡ ᠬᠦᠦ ᠶ᠋ᠢ ᠵᠠᠨᠴᠢ》 ᠭᠡᠰᠡᠨ ᠳ᠋ᠦ᠍ ᠳᠠᠰᠢ ᠬᠦᠦ᠄《ᠬᠠᠨ ᠨᠣᠶᠠᠨ ᠮᠢᠨᠢ ᠨᠠᠮᠠᠶ᠋ᠢ ᠵᠠᠨᠴᠢᠬᠤ ᠳ᠋ᠤ᠌ ᠬᠦᠴᠢᠷ ᠶᠠᠪᠤᠳᠠᠯ ᠦᠭᠡᠢ᠃ ᠪᠢ ᠵᠠᠨᠴᠢᠭᠳᠠᠭᠠᠳ ᠭᠣᠮᠣᠳᠠᠬᠤ ᠭᠠᠵᠠᠷ ᠴᠤ᠌ ᠪᠠᠰᠠ ᠦᠭᠡᠢ᠃ ᠪᠢ ᠬᠡᠳᠦᠢᠨᠡᠢ ᠡᠯ᠎ᠡ ᠵᠦᠢᠯ ᠦ᠋ᠨ ᠡᠷᠡᠭᠦᠦ ᠶ᠋ᠢ ᠬᠦᠯᠢᠶᠡᠨ ᠠᠪᠬᠤ ᠪᠠᠷ ᠪᠡᠯᠡᠳᠬᠡᠵᠦ ᠢᠷᠡᠭᠰᠡᠨ ᠶᠦᠮ》ᠭᠡᠰᠡᠨ ᠳ᠋ᠦ᠍ ᠬᠠᠨ ᠨᠣᠶᠠᠨ ᠪᠠᠬᠠᠨ ᠭᠠᠢᠬᠠᠵᠤ᠄《ᠴᠢ ᠶᠠᠭᠤᠨ ᠳ᠋ᠤ᠌ ᠢᠩᠭᠢᠵᠦ ᠮᠢᠬ᠎ᠠ ᠪᠠᠨ ᠱᠤᠯᠤᠭᠤᠯᠬᠤ ᠰᠠᠨᠠᠭ᠎ᠠ ᠰᠢᠭᠤᠳᠪᠠ?》 ᠭᠡᠰᠡᠨ ᠳ᠋ᠦ᠍᠂ ᠮᠡᠷᠭᠡᠨ ᠲᠡᠰᠢ ᠬᠦᠦ᠂ ᠤᠬᠠᠭᠠᠨ ᠭᠠᠷᠭᠠᠵᠤ᠄《ᠠᠢ! ᠨᠣᠶᠠᠨ ᠲᠠ ᠮᠡᠳᠡᠬᠦ ᠦᠭᠡᠢ ᠪᠠᠢᠨ᠎ᠠ᠃ ᠪᠢ ᠪᠣᠯ ᠨᠢᠭᠡ ᠡᠪᠡᠳᠴᠢᠨ ᠲᠠᠬᠤᠯ ᠲᠠᠢ ᠬᠥᠮᠦᠨ ᠶᠦᠮ᠃ ᠪᠢ ᠪᠣᠯ ᠣᠷᠴᠢᠯᠠᠩ ᠤ᠋ᠨ ᠵᠣᠪᠠᠯᠠᠩ ᠳ᠋ᠤ᠌ ᠣᠷᠢᠶᠠᠭᠳᠠᠭᠰᠠᠨ ᠬᠥᠮᠦᠨ ᠪᠠᠢᠨ᠎ᠠ ᠲᠡᠭᠡᠭᠡᠳ ᠮᠡᠷᠭᠡᠨ ᠪᠠᠭᠰᠢ ᠭᠡᠭᠡᠨ ᠯᠠᠮᠠ ᠪᠠᠷ ᠦᠵᠡᠭᠦᠯᠦᠭᠰᠡᠨ ᠳ᠋ᠦ᠍᠂《ᠲᠩᠷᠢ ᠶ᠋ᠢᠨ ᠤᠮᠠᠳᠠᠭ ᠢ᠋ ᠠᠳᠬᠤᠪᠠᠯ᠂ ᠴᠢᠨᠦ ᠡᠪᠡᠳᠴᠢᠨ ᠰᠠᠢᠨ ᠪᠣᠯᠵᠤ ᠪᠣᠯᠤᠨ᠎ᠠ》 ᠭᠡᠵᠦ ᠬᠡᠯᠡᠵᠦ ᠥᠭᠭᠦᠭᠰᠡᠨ ᠶᠦᠮ᠃ ᠭᠡᠪᠡᠴᠦ ᠪᠢ ᠬᠠᠮᠢᠭ᠎ᠠ ᠠ᠋ᠴᠠ ᠲᠩᠷᠢ ᠶ᠋ᠢᠨ ᠤᠮᠠᠳᠠᠭ ᠢ᠋ ᠣᠯᠵᠤ ᠪᠠᠷᠢᠬᠤ ᠪᠣᠢ᠃ ᠲᠡᠭᠡᠭᠡᠳ ᠳᠠᠬᠢᠨ ᠳᠠᠬᠢᠨ ᠪᠣᠳᠣᠵᠤ ᠦᠵᠡᠪᠡᠯ᠂ ᠬᠠᠨ ᠡᠵᠡᠨ ᠲᠠ᠂ ᠨᠠᠳᠠ ᠲᠩᠷᠢ ᠡᠴᠡ ᠥᠭᠡᠷ᠎ᠡ ᠦᠭᠡᠢ ᠲᠤᠯᠠ᠂ ᠪᠢ ᠨᠢᠭᠡᠨᠲᠡ ᠠᠮᠢ ᠪᠠᠨ ᠴᠥᠯᠡᠨ᠂ ᠡᠯ᠎ᠡ ᠵᠦᠢᠯ ᠦ᠋ᠨ ᠶᠠᠯ᠎ᠠ ᠰᠢᠢᠳᠬᠡᠯ ᠢ᠋ ᠪᠦᠷ ᠬᠦᠯᠢᠶᠡᠨ ᠠᠪᠤᠶ᠎ᠠ ᠭᠡᠵᠦ ᠪᠣᠳᠣᠭᠠᠳ᠂ ᠡᠷᠬᠢᠮ ᠲᠠᠨ ᠤ᠋ ᠤᠮᠠᠳᠠᠭ ᠠ᠋ᠴᠠ ᠠᠳᠬᠤᠵᠤ ᠠᠪᠤᠭᠰᠠᠨ ᠶᠤᠮ ᠰᠢᠦ ᠳᠡ 》 ᠭᠡᠰᠡᠨ ᠳ᠋ᠦ᠍᠂ ᠡᠨᠡ ᠬᠠᠨ ᠲᠡᠰᠬᠡᠯ ᠦᠭᠡᠢ ᠪᠠᠶᠠᠷᠯᠠᠵᠤ᠂ ᠲᠦᠰᠢᠮᠡᠳ ᠲᠡᠭᠡᠨ᠄《ᠵᠠ! ᠲᠠ ᠨᠠᠷ ᠦᠵᠡ᠂ ᠨᠠᠮᠠᠶ᠋ᠢ ᠲᠩᠷᠢ ᠭᠡᠵᠦ ᠬᠡᠯᠡᠵᠦ ᠪᠠᠢᠭ᠎ᠠ ᠪᠢᠰᠢ ᠤᠤ᠃ ᠴᠢ ᠲᠩᠷᠢ ᠪᠡᠨ ᠮᠠᠰᠢ ᠰᠠᠢᠨ ᠣᠯᠪᠠ ᠭᠡᠳ᠂ ᠬᠠ ᠬᠠ ᠬᠠ ᠭᠡᠵᠦ ᠬᠠᠳᠠᠭᠠᠨᠠᠲᠠᠯ᠎ᠠ ᠢᠨᠢᠶᠡᠨ᠂ ᠪᠢ ᠴᠢᠮ᠎ᠠ ᠳ᠋ᠠᠭᠠᠨ ᠲᠩᠷᠢ ᠪᠠᠢᠨ᠎ᠠ᠂ ᠮᠥᠨ ᠮᠥᠨ》ᠭᠡᠵᠦ ᠵᠥᠪᠰᠢᠶᠡᠭᠡᠳ ᠶᠠᠯᠠᠯᠠᠨ ᠬᠠᠤᠯᠢᠳᠠᠭᠰᠠᠨ ᠦᠭᠡᠢ ᠪᠡᠷ ᠮᠡᠷᠭᠡᠨ ᠲᠡᠰᠢ ᠬᠦᠦ ᠶ᠋ᠢ ᠲᠠᠯᠪᠢᠵᠤ ᠶᠠᠪᠤᠭᠤᠯᠪᠠ ᠭᠡᠨ᠎ᠡ᠃  
       ᠲᠡᠰᠢ ᠬᠦᠦ ᠬᠠᠨ ᠤ᠋ ᠮᠠᠢᠬᠠᠨ ᠠ᠋ᠴᠠ ᠴᠣᠬᠢᠭᠳᠠᠨ ᠭᠤᠶᠠᠳᠠᠭᠳᠠᠭᠰᠠᠨ ᠦᠭᠡᠢ ᠪᠡᠷ ᠭᠠᠷᠤᠭᠰᠠᠨ ᠢ᠋ ᠨᠥᠬᠥᠳ ᠨᠢ ᠦᠵᠡᠵᠦ ᠶᠡᠬᠡᠯ᠎ᠡ ᠪᠠᠶᠠᠷᠯᠠᠨ ᠤᠭᠲᠤᠪᠠ᠃ ᠥᠨᠥ ᠬᠤᠳᠠᠯᠳᠤᠭᠠᠴᠢᠨ ᠪᠠᠰᠠ ᠬᠡᠯᠡ ᠪᠡᠨ ᠭᠠᠷᠭᠠᠵᠤ ᠶᠠᠭᠤ ᠴᠤ᠌ ᠳᠤᠤᠭᠠᠷᠤᠭᠰᠠᠨ ᠦᠭᠡᠢ ᠬᠡᠯᠡᠯᠴᠡᠵᠦ ᠲᠣᠭᠲᠠᠭᠰᠠᠨ ᠮᠥᠷᠥᠢ ᠶ᠋ᠢᠨ ᠶᠣᠰᠣᠭᠠᠷ ᠲᠠᠰᠢ ᠬᠢᠭᠡᠳ ᠲᠡᠭᠦᠨ ᠦ᠌ ᠨᠥᠬᠥᠳ ᠲᠦ᠍ ᠬᠣᠨᠢ ᠠᠯᠠᠵᠤ ᠢᠳᠡᠭᠦᠯᠦᠨ᠂ ᠠᠷᠢᠬᠢ ᠤᠤᠭᠤᠯᠭᠠᠨ ᠪᠠᠢᠲᠠᠯ᠎ᠠ ᠮᠡᠷᠭᠡᠨ ᠳᠠᠰᠢ᠄《ᠡᠨᠡ ᠶᠠᠭᠤ ᠪᠠᠢᠬᠤ ᠪᠣᠢ᠃ ᠮᠠᠷᠭᠠᠰᠢ ᠪᠢ ᠠᠷᠭᠠᠯᠠᠵᠤ ᠪᠠᠢᠭᠠᠳ ᠨᠣᠶᠠᠨ ᠶᠡᠬᠡ ᠬᠥᠮᠦᠨ ᠢ᠋ ᠨᠣᠬᠠᠢ ᠶ᠋ᠢᠨ ᠳᠠᠭᠤ ᠪᠠᠷ ᠬᠤᠴᠠᠭᠤᠯᠵᠤ ᠲᠠᠯᠪᠢᠨ᠎ᠠ᠃》 ᠭᠡᠰᠡᠨ ᠳ᠋ᠦ᠍᠂ ᠣᠯᠠᠨ ᠢ᠋ᠶ᠋ᠠᠷ᠄《 ᠬᠥᠶᠢ ! ᠴᠢ ᠡᠨᠡ ᠡᠳᠦᠷ ᠨᠣᠶᠠᠨ ᠤ᠋ ᠤᠮᠠᠳᠠᠭ ᠢ᠋ ᠪᠠᠷᠢᠵᠤ ᠵᠣᠳᠣᠭᠳᠠᠭᠰᠠᠨ ᠦᠭᠡᠢ ᠴᠢᠨᠢ ᠪᠣᠯᠤᠨ᠎ᠠ ᠰᠢᠦ᠃ ᠪᠠᠰᠠ ᠬᠠᠨ ᠨᠣᠶᠠᠨ ᠢ᠋ ᠨᠣᠬᠠᠢ ᠮᠡᠲᠦ ᠬᠤᠴᠠᠭᠤᠯᠵᠤ᠂ ᠣᠳᠣ ᠦᠨᠡᠬᠡᠷ ᠥᠨᠳᠡᠢᠵᠦ ᠴᠢᠳᠠᠬᠤ ᠦᠭᠡᠢ ᠪᠣᠯᠲᠠᠯ᠎ᠠ ᠪᠠᠨ ᠴᠣᠬᠢᠭᠳᠠᠶ᠎ᠠ ᠭᠡᠵᠦ ᠪᠣᠳᠣᠵᠤ ᠪᠠᠢᠨ᠎ᠠ ᠤᠤ?》 ᠭᠡᠰᠡᠨ ᠳ᠋ᠦ᠍᠂ ᠮᠡᠷᠭᠡᠨ ᠳᠠᠰᠢ᠄《ᠶᠠᠭᠤ ᠴᠤ᠌ ᠪᠣᠯᠪᠠ ᠪᠢ ᠲᠡᠷᠡ ᠬᠠᠯᠳᠠᠰᠢ ᠦᠭᠡᠢ ᠬᠠᠨ ᠨᠣᠶᠠᠨ ᠢ᠋ ᠪᠠᠰᠠ ᠨᠢᠭᠡ ᠤᠳᠠᠭ᠎ᠠ ᠤᠷᠤᠯᠳᠤᠵᠤ ᠦᠵᠡᠶ᠎ᠡ》 ᠭᠡᠰᠡᠨ ᠳ᠋ᠦ᠍᠂ ᠬᠤᠳᠠᠯᠳᠤᠭᠠᠴᠢᠨ ᠳᠣᠲᠣᠷ᠎ᠠ ᠪᠠᠨ᠄ 《ᠤᠮᠠᠳᠠᠭ ᠪᠣᠯ ᠪᠠᠷᠢᠵᠤ ᠪᠣᠯᠤᠨ᠎ᠠ᠃ ᠨᠣᠬᠠᠢ ᠰᠢᠭ᠋ ᠬᠤᠴᠠᠭᠤᠯᠬᠤ ᠬᠡᠷᠡᠭ ᠪᠣᠯ ᠪᠦᠲᠦᠵᠦ ᠴᠢᠳᠠᠬᠤ ᠦᠭᠡᠢ᠃ ᠬᠡᠵᠢᠶ᠎ᠡ᠂ ᠨᠣᠶᠠᠨ ᠪᠠᠰᠠ ᠨᠣᠬᠠᠢ ᠰᠢᠭ᠋ ᠬᠤᠴᠠᠵᠤ ᠪᠠᠢᠭᠰᠠᠨ ᠪᠣᠢ?》 ᠭᠡᠵᠦ ᠳᠠᠬᠢᠨ ᠮᠥᠷᠥᠢ ᠬᠡᠯᠡᠯᠴᠡᠭᠰᠡᠨ ᠭᠡᠨ᠎ᠡ᠃ 
       ᠲᠡᠭᠡᠭᠡᠳ ᠮᠠᠷᠭᠠᠰᠢ ᠨᠢ ᠳᠠᠰᠢ ᠬᠦᠦ᠂ ᠨᠣᠶᠠᠨ ᠤ᠋ ᠪᠠᠭᠤᠳᠠᠯ ᠳ᠋ᠤ᠌ ᠣᠴᠢᠭᠰᠠᠨ ᠳ᠋ᠤ᠌ ᠴᠡᠷᠢᠭ ᠨᠢ ᠥᠴᠥᠭᠡᠳᠦᠷ ᠢᠷᠡᠭᠰᠡᠨ ᠬᠥᠮᠦᠨ ᠭᠡᠵᠦ ᠲᠠᠯᠪᠢᠵᠤ ᠣᠷᠣᠭᠤᠯᠪᠠ᠃ ᠲᠡᠰᠢ ᠣᠷᠣᠵᠤ ᠢᠷᠡᠭᠡᠳ ᠨᠣᠶᠠᠨ ᠤ᠋ ᠠᠮᠤᠷ ᠰᠠᠢᠨ ᠢ᠋ ᠠᠰᠠᠭᠤᠵᠤ ᠄《ᠦᠨᠡᠬᠡᠷ ᠲᠩᠷᠢ ᠶ᠋ᠢᠨ ᠤᠮᠠᠳᠠᠭ ᠢ᠋ ᠪᠠᠷᠢᠭᠰᠠᠨ ᠠ᠋ᠴᠠ ᠨᠢᠭᠡᠨ ᠡᠳᠦᠷ ᠦ᠋ᠨ ᠬᠣᠭᠣᠷᠣᠨᠳᠣ ᠪᠡᠶ᠎ᠡ ᠮᠠᠬᠠᠪᠣᠳ ᠮᠢᠨᠢ ᠮᠠᠰᠢ ᠲᠡᠩᠬᠡᠯᠡᠭᠦᠨ ᠪᠣᠯᠤᠯ᠎ᠠ᠃ ᠲᠡᠭᠡᠭᠡᠳ ᠬᠠᠨ ᠨᠣᠶᠠᠨ ᠲᠠᠨ ᠤ᠋ ᠬᠡᠰᠢᠭ ᠲᠦ᠍ ᠮᠥᠷᠭᠥᠬᠦ ᠪᠡᠷ ᠢᠷᠡᠪᠡ》 ᠭᠡᠰᠡᠨ ᠳ᠋ᠦ᠍᠂ ᠨᠣᠶᠠᠨ ᠶᠡᠬᠡ ᠮᠦᠰᠢᠶᠡᠵᠦ᠂ ᠰᠠᠭᠤᠳᠠᠯ ᠥᠭᠴᠦ ᠴᠠᠢ ᠤᠤᠭᠤᠯᠭᠠᠵᠤ ᠪᠠᠢᠬᠤ ᠳ᠋ᠤ᠌᠂ ᠲᠡᠰᠢ ᠬᠦᠦ ᠢᠩᠭᠢᠵᠦ ᠬᠡᠯᠡᠵᠡᠢ᠃《ᠨᠣᠶᠠᠨ! ᠪᠢ ᠨᠢᠭᠡ ᠭᠠᠷᠵᠢ ᠨᠣᠬᠠᠢ ᠣᠯᠵᠤ ᠲᠡᠵᠢᠭᠡᠪᠡ᠃ ᠭᠡᠪᠡᠴᠦ ᠣᠯᠠᠨ ᠬᠥᠮᠦᠨ ᠦ᠌ ᠬᠡᠯᠡᠬᠦ ᠪᠡᠷ ᠭᠠᠷᠵᠢ ᠨᠣᠬᠠᠢ ᠪᠣᠯ ᠨᠢᠶᠠᠩ ᠨᠢᠶᠠᠩ ᠭᠡᠵᠦ ᠬᠤᠴᠠᠳᠠᠭ ᠭᠡᠨ᠎ᠡ᠃ ᠮᠢᠨᠦ ᠲᠡᠷᠡ ᠨᠣᠬᠠᠢ ᠬᠠᠷᠢᠨ ᠶᠠᠩ ᠶᠠᠩ ᠭᠡᠵᠦ ᠬᠤᠴᠠᠨ᠎ᠠ》 ᠭᠡᠰᠡᠨ ᠳ᠋ᠦ᠍ ᠨᠣᠶᠠᠨ᠄《ᠶᠠᠮᠠᠷ ᠬᠥᠮᠦᠨ ᠦ᠌ ᠬᠡᠯᠡᠬᠦ ᠦᠭᠡ ᠪᠣᠢ? ᠦᠨᠡᠬᠡᠷ ᠮᠡᠳᠡᠯᠭᠡ ᠦᠭᠡᠢ ᠪᠠᠢᠨ᠎ᠠ᠃ ᠴᠢ ᠪᠢᠲᠡᠭᠡᠢ ᠬᠤᠳᠠᠯ ᠬᠡᠯᠡ᠂ ᠬᠡᠵᠢᠶ᠎ᠡ ᠪᠠᠰᠠ ᠭᠠᠷᠵᠢ ᠨᠣᠬᠠᠢ ᠶᠠᠩ ᠶᠠᠩ ᠭᠡᠵᠦ ᠬᠤᠴᠠᠳᠠᠭ ᠪᠣᠢ᠃ ᠴᠢ ᠯᠠᠪ ᠬᠠᠮᠢᠭ᠎ᠠ ᠠ᠋ᠴᠠ ᠨᠢᠭᠡ ᠮᠠᠭᠤ ᠶᠡᠷᠦ ᠶ᠋ᠢᠨ ᠨᠣᠬᠠᠢ ᠶ᠋ᠢᠨ ᠭᠥᠯᠥᠭᠡ ᠶ᠋ᠢ ᠣᠯᠵᠤ ᠲᠡᠵᠢᠭᠡᠭᠰᠡᠨ ᠪᠢᠵᠡ᠃ ᠦᠨᠡᠬᠡᠷ ᠰᠠᠢᠨ ᠭᠠᠷᠵᠢ ᠨᠣᠬᠠᠢ ᠪᠣᠯ᠁》 ᠭᠡᠵᠦ ᠨᠣᠶᠠᠨ ᠨᠢᠳᠦ ᠪᠡᠨ ᠪᠦᠯᠲᠡᠢᠯᠭᠡᠨ ᠬᠠᠴᠠᠷ ᠢ᠋ᠶ᠋ᠠᠨ ᠤᠯᠠᠢᠯᠭᠠᠨ ᠬᠦᠵᠦᠭᠦᠦ ᠪᠡᠨ ᠰᠤᠩᠭᠠᠵᠤ᠄《ᠥᠩ ᠥᠩ ᠥᠩ》 ᠭᠡᠵᠦ ᠬᠤᠴᠠᠭᠠᠳ ᠢᠩᠭᠢᠵᠦ ᠬᠤᠴᠠᠨ᠎ᠠ ᠭᠡᠰᠡᠨ ᠳ᠋ᠦ᠍ ᠲᠡᠰᠢ ᠬᠦᠦ᠄《ᠠ! ᠲᠡᠢᠮᠦ᠂ ᠲᠡᠢᠮᠦ》 ᠭᠡᠵᠦ ᠪᠤᠴᠠᠵᠤ ᠭᠠᠷᠤᠭᠰᠠᠨ ᠳ᠋ᠤ᠌᠂ ᠮᠥᠨ ᠨᠥᠬᠥᠳ ᠨᠢ ᠪᠣᠯᠤᠭᠠᠳ ᠬᠤᠳᠠᠯᠳᠤᠭᠠᠴᠢᠨ ᠴᠥᠮ ᠣᠯᠵᠤ ᠰᠣᠨᠣᠰᠤᠭᠰᠠᠨ ᠲᠤᠯᠠ ᠪᠦᠭᠦᠳᠡᠭᠡᠷ ᠭᠡᠳᠡᠰᠦ ᠪᠡᠨ ᠲᠡᠪᠡᠷᠢᠵᠦ ᠢᠨᠢᠶᠡᠯᠳᠦᠨ ᠬᠥᠭᠡᠷᠦᠯᠳᠦᠨ ᠠᠯᠠᠭ᠎ᠠ ᠪᠠᠨ ᠲᠡᠰᠢᠵᠦ ᠨᠣᠶᠠᠨ ᠢᠩᠭᠢᠵᠦ ᠬᠤᠴᠠᠪᠠ ᠭᠡᠵᠦ ᠣᠯᠠᠨ ᠢ᠋ᠶ᠋ᠠᠷ ᠢ᠋ᠶ᠋ᠠᠨ ᠬᠦᠦᠷᠨᠢᠯᠳᠦᠨ ᠬᠡᠯᠡᠯᠴᠡᠵᠦ᠂ ᠬᠠᠯᠳᠠᠰᠢ ᠦᠭᠡᠢ ᠬᠠᠨ ᠨᠣᠶᠠᠨ ᠢ᠋ ᠮᠠᠨ ᠤ᠋ ᠬᠣᠨᠢᠴᠢᠨ ᠳᠠᠰᠢ ᠳᠤᠷ᠎ᠠ ᠪᠠᠷ ᠢ᠋ᠶ᠋ᠠᠨ ᠨᠠᠭᠠᠳᠪᠠ ᠭᠡᠵᠦ ᠠᠷᠠᠳ ᠪᠦᠬᠦᠨ ᠪᠠᠶᠠᠷᠯᠠᠯᠳᠤᠵᠤ ᠭᠡᠨ᠎ᠡ᠃  
       ᠣᠯᠠᠨ ᠢ᠋ᠶ᠋ᠠᠷ ᠲᠦᠷᠬᠢᠵᠦ ᠬᠡᠯᠡᠯᠴᠡᠨ᠂ ᠥᠲᠡᠯᠦᠭᠰᠡᠨ ᠤᠯᠤᠰ ᠨᠢ ᠨᠢᠭᠤᠵᠤ ᠢᠨᠢᠶᠡᠨ᠂ ᠵᠠᠯᠠᠭᠤ ᠤᠯᠤᠰ ᠨᠢ ᠲᠠᠷᠪᠢᠨ ᠳᠠᠭᠤᠷᠢᠶᠠᠵᠤ᠂ ᠨᠣᠶᠠᠨ《ᠥᠩ ᠥᠩ ᠥᠩ》 ᠭᠡᠵᠦ ᠬᠤᠴᠠᠪᠠ ᠭᠡᠵᠦ ᠦᠢᠮᠡᠬᠦ ᠶ᠋ᠢ ᠮᠡᠷᠭᠡᠨ ᠲᠠᠰᠢ ᠬᠦᠦ ᠶᠠᠭᠤ ᠴᠤ᠌ ᠳᠤᠤᠭᠠᠷᠤᠭᠰᠠᠨ ᠦᠭᠡᠢ ᠪᠣᠳᠣᠨ ᠪᠣᠳᠣᠨ ᠰᠠᠭᠤᠭᠰᠠᠭᠠᠷ᠂ ᠭᠡᠨᠡᠳᠲᠡ ᠨᠢᠭᠡᠨ ᠠᠷᠭ᠎ᠠ ᠣᠯᠵᠤ ᠨᠥᠬᠥᠳ ᠲᠡᠭᠡᠨ :《ᠲᠠ ᠦᠵᠡ᠂ ᠨᠣᠶᠠᠨ ᠢ᠋ ᠬᠣᠶᠠᠷ ᠤᠳᠠᠭ᠎ᠠ ᠨᠠᠭᠠᠳᠤᠮ ᠬᠢᠬᠦ ᠳ᠋ᠦ᠍ ᠣᠯᠠᠨ ᠢ᠋ᠶ᠋ᠠᠷ ᠢ᠋ᠶ᠋ᠠᠨ ᠬᠡᠳᠦᠢ ᠪᠡᠶᠡᠰᠴᠦ ᠪᠠᠢᠨ᠎ᠠ ᠪᠣᠢ! ᠪᠢ ᠣᠳᠣ ᠡᠨᠡ ᠬᠠᠯᠳᠠᠰᠢ ᠦᠭᠡᠢ ᠣᠮᠣᠷᠬᠠᠭ ᠮᠤᠩᠬᠠᠭ ᠠᠮᠢᠲᠠᠨ ᠢ᠋ ᠨᠣᠬᠠᠢ ᠶ᠋ᠢᠨ ᠪᠠᠭᠠᠰᠤ ᠢᠳᠡᠭᠦᠯᠵᠦ ᠲᠠᠯᠪᠢᠨ᠎ᠠ》ᠭᠡᠰᠡᠨ ᠳ᠋ᠦ᠍ ᠢᠨᠢᠶᠡᠯᠳᠦᠨ ᠪᠠᠢᠭᠰᠠᠨ ᠨᠥᠬᠥᠳ ᠨᠢ ᠠᠮᠠ ᠪᠠᠨ ᠠᠩᠭᠠᠢᠵᠤ᠂ ᠠᠮᠠᠨ ᠳ᠋ᠠᠬᠢ ᠪᠠᠨ ᠠᠯᠳᠠᠵᠤ᠂ ᠬᠣᠢᠰᠢ ᠤᠬᠤᠷᠢᠵᠤ᠂ ᠬᠡᠯᠡ ᠪᠡᠨ ᠵᠠᠵᠢᠯᠤᠨ᠂ ᠭᠡᠳᠡᠷᠭᠡᠨ ᠰᠠᠭᠤᠵᠤ᠂ ᠭᠡᠳᠡᠰᠦ ᠪᠡᠨ ᠪᠠᠷᠢᠨ᠂ ᠨᠢᠳᠦ ᠨᠢ ᠲᠣᠭᠲᠠᠵᠤ᠂᠄《ᠬᠥᠶᠢ! ᠳᠠᠰᠢ ᠴᠢ ᠡᠨᠡ ᠬᠦ᠌ ᠬᠣᠶᠠᠷ ᠤᠳᠠᠭ᠎ᠠ ᠨᠣᠶᠠᠨ ᠢ᠋ᠶ᠋ᠠᠷ ᠨᠠᠭᠠᠳᠤᠮ ᠬᠢᠭᠰᠡᠨ ᠢ᠋ ᠴᠢᠨᠢ ᠬᠠᠨ ᠨᠣᠶᠠᠨ ᠮᠡᠳᠡᠪᠡᠯ ᠬᠠᠷ᠎ᠠ ᠲᠣᠯᠣᠭᠠᠢ ᠶ᠋ᠢ ᠴᠢᠨᠢ ᠣᠭᠲᠣᠯᠵᠤ᠂ ᠬᠠᠢᠷᠠᠨ ᠪᠡᠶ᠎ᠡ ᠶ᠋ᠢ ᠴᠢᠨᠢ ᠠᠯᠠᠨ᠎ᠠ᠃ ᠡᠨᠡ ᠬᠣᠶᠠᠷ ᠤᠳᠠᠭ᠎ᠠ ᠨᠠᠭᠠᠳᠤᠮ ᠬᠢᠭᠰᠡᠨ ᠴᠢᠨᠢ ᠭᠦᠢᠴᠡᠬᠦ ᠦᠭᠡᠢ ᠤᠤ? ᠣᠳᠣ ᠠᠮᠢ ᠪᠠᠨ ᠬᠠᠳᠠᠭᠠᠯᠠᠵᠤ᠂ ᠪᠡᠶ᠎ᠡ ᠪᠡᠨ ᠪᠦᠲᠦᠨ ᠠᠪᠴᠤ ᠬᠠᠷᠢ᠃ ᠪᠤᠤ ᠬᠠᠷᠢᠨ ᠬᠡᠲᠦᠷᠡᠭᠦᠯᠵᠦ ᠬᠡᠷᠡᠭ ᠲᠠᠲᠠᠭᠠᠷᠠᠢ!》 ᠭᠡᠰᠡᠨ ᠳ᠋ᠦ᠍ ᠲᠡᠰᠢ ᠬᠦᠦ᠄《ᠵᠦᠭᠡᠷ ᠵᠦᠭᠡᠷ᠂ ᠲᠠ ᠦᠵᠡᠵᠦ ᠪᠠᠢ! ᠪᠢ ᠡᠨᠡ ᠬᠠᠷᠠᠩᠭᠤᠢ ᠪᠤᠳᠤᠩᠭᠤᠢ ᠠᠮᠢᠲᠠᠨ ᠢ᠋ ᠦᠨᠡᠬᠡᠷ ᠨᠣᠬᠠᠢ ᠶ᠋ᠢᠨ ᠪᠠᠭᠠᠰᠤ ᠢᠳᠡᠭᠦᠯᠵᠦ ᠲᠠᠯᠪᠢᠶ᠎ᠠ》ᠭᠡᠳ᠂  
       ᠮᠠᠷᠭᠠᠰᠢ ᠨᠢ ᠬᠤᠳᠠᠯᠳᠤᠭᠠᠴᠢᠨ ᠠ᠋ᠴᠠ ᠪᠠᠭ᠎ᠠ ᠦᠨᠦᠷ ᠲᠡᠢ ᠡᠮ ᠠᠪᠤᠭᠠᠳ ᠨᠣᠬᠠᠢ ᠶ᠋ᠢᠨ ᠪᠠᠭᠠᠰᠤᠨ ᠳᠡᠭᠡᠷ᠎ᠡ ᠲᠦᠷᠬᠢᠵᠦ᠂ ᠬᠡᠳᠦᠨ ᠳᠠᠪᠬᠤᠷ ᠴᠠᠭᠠᠰᠤ ᠪᠠᠷ ᠪᠠᠭᠯᠠᠵᠤ ᠨᠣᠶᠠᠨ ᠤ᠋ ᠳᠡᠷᠭᠡᠳᠡ ᠢᠷᠡᠭᠡᠳ᠄《ᠬᠠᠨ ᠨᠣᠶᠠᠨ ᠭᠤᠸᠠᠢ! ᠪᠢ ᠣᠳᠣ ᠨᠤᠲᠤᠭ ᠭᠡᠷ ᠲᠡᠭᠡᠨ ᠬᠠᠷᠢᠶ᠎ᠠ ᠭᠡᠵᠦ ᠪᠡᠯᠡᠳᠦᠭᠡᠳ᠂ ᠨᠢᠭᠡ ᠪᠠᠭ᠎ᠠ ᠯᠠᠷᠽᠠ ᠡᠮ ᠠᠪᠤᠭᠰᠠᠨ ᠶᠤᠮ᠃ ᠣᠯᠠᠨ ᠬᠥᠮᠦᠨ ᠴᠥᠮ ᠦᠵᠡᠵᠦ ᠲᠠᠨᠢᠬᠤ ᠦᠭᠡᠢ᠂ ᠦᠨᠡᠨ ᠰᠠᠢᠨ ᠯᠠᠷᠽᠠ ᠪᠢᠰᠢ ᠭᠡᠵᠦ ᠬᠡᠯᠡᠨ᠎ᠡ᠃ ᠪᠢ ᠪᠠᠰᠠ ᠦᠨᠡᠨ ᠬᠤᠳᠠᠯ ᠢ᠋ ᠨᠢ ᠥᠪᠡᠰᠦᠪᠡᠨ ᠢᠯᠭᠠᠵᠤ ᠣᠯᠬᠤ ᠦᠭᠡᠢ᠃ ᠵᠠᠷᠢᠮ ᠬᠥᠮᠦᠨ ᠨᠢ ᠪᠣᠯ ᠦᠨᠡᠨ ᠰᠠᠢᠨ ᠯᠠᠷᠽᠠ ᠭᠡᠵᠦ ᠬᠡᠯᠡᠬᠦ ᠴᠦ᠍ ᠪᠠᠢᠨ᠎ᠠ᠃ ᠡᠭᠦᠨ ᠳ᠋ᠦ᠍ ᠪᠢ ᠤᠴᠢᠷ ᠮᠡᠳᠡᠬᠦ ᠬᠥᠮᠦᠰ ᠦ᠋ᠨ ᠳᠡᠷᠭᠡᠳᠡ ᠣᠴᠢᠵᠤ ᠠᠰᠠᠭᠤᠭᠰᠠᠨ ᠳ᠋ᠤ᠌ ᠲᠡᠳᠡᠨᠡᠷ ᠴᠦ᠍ ᠮᠥᠨ ᠦᠨᠡᠨ ᠬᠤᠳᠠᠯ ᠭᠡᠵᠦ ᠪᠤᠯᠢᠶᠠᠯᠳᠤᠨ ᠢᠯᠭᠠᠷᠠᠬᠤ ᠦᠭᠡᠢ ᠲᠤᠯᠠ᠂ ᠦᠨᠡᠬᠡᠷ ᠮᠡᠷᠭᠡᠨ ᠪᠥᠭᠡᠳ ᠶᠠᠭᠤᠮ᠎ᠠ ᠲᠠᠨᠢᠬᠤ ᠬᠥᠮᠦᠨ᠂ ᠬᠠᠨ ᠨᠣᠶᠠᠨ ᠠ᠋ᠴᠠ ᠥᠭᠡᠷ᠎ᠡ ᠬᠥᠮᠦᠨ ᠣᠯᠳᠠᠬᠤ ᠦᠭᠡᠢ ᠭᠡᠵᠦ ᠪᠢ ᠪᠣᠳᠣᠭᠰᠠᠨ ᠲᠤᠯᠠ ᠪᠠᠰᠠ ᠴᠤ᠌ ᠠᠶᠤᠮᠰᠢᠭ ᠦᠭᠡᠢ ᠲᠠᠨ ᠢ᠋ ᠪᠡᠨ ᠡᠷᠢᠨ ᠢᠷᠡᠪᠡ》 ᠭᠡᠰᠡᠨ ᠳ᠋ᠦ᠍ ᠨᠣᠶᠠᠨ ᠨᠢ᠄《ᠲᠡᠢᠮᠦ᠂ ᠲᠡᠢᠮᠦ! ᠨᠠᠳᠠ ᠠ᠋ᠴᠠ ᠢᠯᠡᠭᠦᠦ ᠮᠡᠳᠡᠬᠦ ᠬᠥᠮᠦᠨ ᠪᠣᠳᠣᠪᠠᠴᠤ ᠥᠭᠡᠷ᠎ᠡ ᠪᠠᠢᠵᠤ ᠪᠣᠯᠬᠤ ᠦᠭᠡᠢ ᠶᠦᠮ᠃ ᠠᠪᠴᠤ ᠢᠷ᠎ᠡ! ᠪᠢ ᠦᠵᠡᠵᠦ ᠥᠭᠭᠦᠶ᠎ᠡ》 ᠭᠡᠵᠦ ᠴᠠᠭᠠᠰᠤᠨ ᠳ᠋ᠤ᠌ ᠪᠠᠭᠯᠠᠭᠰᠠᠨ ᠪᠠᠭᠠᠰᠤ ᠶ᠋ᠢ ᠠᠪᠤᠭᠠᠳ ᠵᠠᠳᠠᠯᠤᠨ ᠨᠡᠭᠡᠭᠡᠵᠦ ᠬᠠᠮᠠᠷ ᠲᠠᠭᠠᠨ ᠦᠨᠦᠷᠲᠦᠵᠦ ᠦᠵᠡᠭᠡᠳ᠂ ᠣᠯᠵᠤ ᠮᠡᠳᠡᠭᠰᠡᠨ ᠰᠢᠭ ᠲᠣᠯᠣᠭᠠᠢ ᠪᠠᠨ ᠪᠠᠬᠠᠨ ᠰᠠᠵᠢᠵᠤ ᠪᠠᠢᠭᠠᠳ ᠠᠮᠠᠨ ᠳ᠋ᠠᠭᠠᠨ ᠬᠠᠵᠠᠵᠤ ᠠᠮᠲᠠᠯᠠᠭᠠᠳ᠂ ᠶᠠᠭᠤ ᠶ᠋ᠢ ᠴᠦ᠍ ᠮᠡᠳᠡᠭᠰᠡᠨ ᠦᠭᠡᠢ ᠪᠣᠯᠪᠠᠴᠤ᠂ ᠮᠡᠳᠡᠭᠰᠡᠨ ᠮᠠᠶᠢᠭᠲᠠᠢ᠂ ᠡᠨᠡ ᠬᠠᠷᠢᠨ ᠯᠠᠷᠽᠠ ᠨᠢ ᠴᠦ᠍ ᠯᠠᠷᠽᠠ ᠮᠥᠨ ᠪᠣᠯᠪᠠᠴᠤ᠂ ᠳᠡᠮᠡᠢ ᠰᠠᠢᠨ ᠯᠠᠷᠽᠠ ᠪᠢᠰᠢ》 ᠭᠡᠵᠦ ᠬᠡᠯᠡᠭᠰᠡᠨ ᠳ᠋ᠦ᠍ ᠮᠡᠷᠭᠡᠨ ᠳᠠᠰᠢ᠄《ᠲᠡᠢᠮᠦ!》 ᠭᠡᠵᠦ ᠭᠠᠷᠴᠤ ᠢᠷᠡᠭᠡᠳ ᠨᠥᠬᠥᠳ ᠲᠡᠢ ᠪᠡᠨ ᠠᠭᠤᠯᠵᠠᠨ ᠡᠯᠢᠭᠡ ᠪᠡᠨ ᠬᠥᠰᠢᠲᠡᠯ᠎ᠡ ᠢᠨᠢᠶᠡᠵᠦ᠂ ᠡᠵᠡᠳ ᠬᠠᠭᠠᠳ ᠮᠡᠷᠭᠡᠨ ᠭᠡᠰᠡᠨ ᠨᠢ ᠡᠢᠮᠦ ᠯᠡ ᠤᠤ ᠭᠡᠵᠦ ᠨᠤᠲᠤᠭ ᠲᠠᠭᠠᠨ ᠪᠤᠴᠠᠵᠤ ᠬᠠᠷᠢᠪᠠ ᠭᠡᠨ᠎ᠡ᠃

       ※ ᠦᠰᠦᠭ ᠠᠮᠢᠯᠠᠭᠤᠯᠤᠭᠴᠢ᠄  ᠬᠡᠯᠡᠰᠣᠶᠣᠯ( ᠪᠤᠤ ᠸᠧᠨ ᠬᠤᠸᠠ)᠂ ᠤᠷᠠᠨᠴᠢᠮᠡᠭ᠂ ᠪᠠᠶᠠᠨᠴᠡᠴᠡᠭ᠂ 
                                           ᠨᠠᠷᠠᠨᠲᠤᠶᠠᠭ᠎ᠠ᠂ ᠡᠭᠦᠯᠡᠩᠬᠤᠸᠠᠷ᠂ ᠠᠯᠲᠠᠨᠴᠢᠮᠡᠭ᠂ ᠣᠶᠤᠨᠴᠢᠮᠡᠭ᠂ 
                                           ᠪᠠᠢ·ᠰᠠᠷᠠᠨ᠎ᠠ᠂ ᠬᠡᠷᠡᠢᠳ·ᠮᠥᠩᠬᠡᠨᠠᠰᠤᠨ᠂ ᠮᠥᠩᠭᠥᠨ
          ※ ᠬᠢᠨᠠᠭᠴᠢ᠄ ᠣᠳᠬᠠᠨᠰᠣ᠎ᠠ᠂ ᠪᠠᠯ᠂ ᠡᠭᠦᠯᠡᠩᠬᠤᠸᠠᠷ᠂ ᠤᠷᠠᠨᠴᠢᠮᠡᠭ᠂ ᠭᠠᠷᠮ᠎ᠠ᠂ ᠰᠡᠬᠡᠭᠡᠷᠡᠯ᠂ 
                                           ᠨᠠᠷᠠᠨ᠂ ᠪᠠᠯᠤᠰᠦᠭ᠂ ᠬᠡᠯᠡᠰᠣᠶᠣᠯ