ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ᠂ ᠬᠥᠬᠡᠯᠤᠤ ᠨᠠᠷ –ᠨᠢᠭᠡᠳᠦᠭᠡᠷ ᠪᠣᠲᠢ-ᠡᠷᠬᠢᠮ ᠨᠠᠢᠷᠠᠯᠭᠠᠳᠤ ᠢᠳᠡᠭᠡᠨ ᠤᠮᠳᠠᠭᠠᠨ–1 Идээ ундааны жинхэнэ товч–Хүсэхүй᠂ Хөхлуу нар – 1-р боть᠂Эрхэм найрлагат итгэн ундаа-1
ᠡᠷᠬᠢᠮ ᠨᠠᠢᠷᠠᠯᠭᠠᠳᠤ ᠢᠳᠡᠭᠡᠨ ᠤᠮᠳᠠᠭᠠᠨ -1

ᠮᠠᠰᠳᠠᠵᠢ ᠶᠢᠨ ᠱᠥᠯᠥ
ᠪᠡᠶ᠎ᠡ ᠮᠠᠬᠠᠪᠣᠳ ᠢ᠋ ᠰᠢᠮᠡᠵᠢᠭᠦᠯᠦᠨ᠂ ᠬᠣᠳᠣᠭᠣᠳᠣ ᠳᠡᠯᠢᠭᠦᠦ ᠶ᠋ᠢ ᠪᠦᠯᠢᠶᠡᠰᠬᠡᠨ᠂ ᠬᠡᠢ ᠶ᠋ᠢ ᠶᠠᠪᠤᠭᠤᠯᠤᠨ᠎ᠠ᠃ ᠬᠣᠨᠢᠨ ᠮᠢᠬ᠎ᠠ ᠨᠢᠭᠡ ᠮᠥᠴᠢ ᠶ᠋ᠢ ᠰᠠᠯᠭᠠᠨ ᠬᠡᠷᠴᠢᠵᠦ᠂ ᠭᠠᠭᠤᠯᠠ ᠲᠠᠪᠤᠨ ᠪᠦᠬᠦᠯᠢ᠂ ᠰᠢᠩᠼᠠ ᠬᠣᠶᠠᠷ ᠴᠢᠨ᠂ ᠸᠠᠨᠳᠧᠦ ᠪᠤᠷᠴᠠᠭ ᠳᠤᠮᠳᠠᠭᠤᠷ ᠱᠧᠩ ᠢ᠋ ᠬᠡᠮᠬᠡᠴᠢᠭᠡᠳ ᠬᠠᠯᠢᠰᠤ ᠶ᠋ᠢ ᠠᠪᠴᠤ ᠬᠠᠶᠠᠨ᠎ᠠ᠃
ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠪᠤᠴᠠᠯᠭᠠᠭᠠᠳ ᠱᠥᠯᠦᠨ ᠳᠣᠲᠣᠷᠠᠬᠢ ᠵᠦᠢᠯ ᠦ᠋ᠳ ᠢ᠋ ᠱᠦᠭᠦᠵᠦ ᠭᠠᠷᠭᠠᠭᠰᠠᠨ ᠤ᠋ ᠳᠠᠷᠠᠭ᠎ᠠ᠂ ᠪᠣᠯᠭᠣᠭᠰᠠᠨ ᠸᠠᠨᠳᠧᠦ ᠪᠤᠷᠴᠠᠭ ᠬᠣᠶᠠᠷ ᠭᠧ᠂ ᠲᠤᠲᠤᠷᠭ᠎ᠠ ᠨᠢᠭᠡᠨ ᠱᠧᠩ᠂ ᠮᠠᠰᠳᠠᠵᠢ ᠨᠢᠭᠡ ᠴᠢᠨ᠂ ᠳᠠᠪᠤᠰᠤ ᠥᠴᠦᠬᠡᠨ ᠲᠡᠳᠦᠢ ᠬᠢᠵᠦ ᠨᠠᠢᠷᠠᠭᠤᠯᠵᠤ ᠲᠡᠭᠰᠢᠯᠡᠭᠡᠳ᠂ ᠥᠨᠥᠬᠢ ᠬᠡᠷᠴᠢᠭᠰᠡᠨ ᠮᠢᠬ᠎ᠠ ᠪᠠ ᠦᠨᠦᠷᠲᠦ ᠨᠣᠭᠣᠭᠠᠨ ᠤ᠋ ᠨᠠᠪᠴᠢ ᠶ᠋ᠢ ᠨᠡᠮᠡᠷᠢᠯᠡᠨ ᠬᠢᠮᠦᠢ᠃
(ᠲᠠᠢᠯᠪᠤᠷᠢᠯᠠᠬᠤ ᠠᠨᠤ ᠳᠡᠭᠡᠷ᠎ᠡ ᠪᠢᠴᠢᠭᠳᠡᠭᠰᠡᠨ ᠮᠠᠰᠳᠠᠵᠢ ᠬᠡᠮᠡᠬᠦ ᠦᠭᠡ ᠶ᠋ᠢ ᠬᠢᠲᠠᠳ ᠳᠡᠪᠲᠡᠷ ᠳᠠᠬᠢ ᠵᠠᠷᠢᠮ ᠲᠠᠢᠯᠪᠤᠷᠢ ᠠ᠋ᠴᠠ ᠦᠵᠡᠬᠦ ᠳ᠋ᠦ᠍᠂ ᠡᠨᠡ ᠢᠨᠦ ᠬᠣᠲᠣᠩ ᠣᠷᠣᠨ᠎ᠠ ᠤᠷᠭᠤᠳᠠᠭ ᠮᠠᠰᠢ ᠠᠩᠬᠢᠯᠤᠮᠠᠯ ᠦᠨᠦᠷᠲᠡᠢ ᠨᠢᠭᠡᠨ ᠲᠥᠷᠥᠯ ᠦ᠋ᠨ ᠦᠷᠡᠰᠲᠦ ᠤᠷᠭᠤᠮᠠᠯ ᠭᠡᠳᠡᠭ᠂ ᠴᠣᠬᠣᠮ ᠶᠠᠮᠠᠷ ᠶᠠᠭᠤᠮ᠎ᠠ ᠪᠣᠯᠬᠤ ᠶ᠋ᠢ ᠬᠠᠷᠢᠨ ᠨᠡᠷ᠎ᠡ ᠳᠤᠷᠠᠳᠤᠭᠰᠠᠨ ᠦᠭᠡᠢ᠂ ᠲᠡᠢᠮᠦ ᠡᠴᠡ ᠤᠭ ᠠᠪᠢᠶ᠎ᠠ ᠪᠠᠷ ᠨᠢ ᠪᠢᠴᠢᠪᠡ᠃ — ᠣᠷᠴᠢᠭᠤᠯᠤᠭᠴᠢ ᠠ᠋ᠴᠠ)
ᠠᠷᠪᠠᠢ ᠶ᠋ᠢᠨ ᠱᠥᠯᠥ
ᠡᠨᠡ ᠪᠣᠯᠪᠠᠰᠤ ᠰᠠᠪᠠ ᠶ᠋ᠢ ᠪᠦᠯᠢᠶᠡᠰᠬᠡᠨ ᠬᠡᠢ ᠶ᠋ᠢ ᠳᠣᠭᠣᠭᠰᠢ ᠶᠠᠪᠤᠭᠤᠯᠤᠨ᠂ ᠬᠣᠳᠣᠭᠣᠳᠣ ᠳᠡᠯᠢᠭᠦᠦ ᠶ᠋ᠢ ᠰᠠᠢᠵᠢᠷᠠᠭᠤᠯᠵᠤ᠂ ᠲᠠᠴᠢᠶᠠᠳᠠᠨ ᠤᠮᠳᠠᠭᠠᠰᠬᠤ ᠶ᠋ᠢ ᠵᠣᠭᠰᠣᠭᠠᠵᠤ᠂ ᠬᠦᠢᠲᠡᠨ ᠬᠡᠢ ᠶ᠋ᠢ ᠡᠪᠳᠡᠵᠦ᠂ ᠬᠡᠪᠡᠯᠢ ᠬᠥᠭᠡᠭᠡᠵᠦ ᠴᠣᠩᠬᠤᠢᠬᠤ ᠶ᠋ᠢ ᠠᠷᠢᠯᠭᠠᠮᠤᠢ᠃
ᠬᠣᠨᠢ ᠶ᠋ᠢᠨ ᠮᠢᠬ᠎ᠠ ᠨᠢᠭᠡᠨ ᠮᠥᠴᠢ ᠶ᠋ᠢ ᠰᠠᠯᠭᠠᠨ ᠬᠡᠷᠴᠢᠵᠦ᠂ ᠭᠠᠭᠤᠯᠠ᠂ ᠲᠠᠪᠤᠨ ᠪᠦᠬᠦᠯᠢ ᠠᠷᠪᠠᠢ ᠶ᠋ᠢᠨ ᠴᠠᠭᠠᠨ ᠬᠣᠶᠠᠷ ᠱᠧᠩ ᠢ᠋ ᠪᠤᠴᠠᠯᠤᠭᠰᠠᠨ ᠤᠰᠤ ᠪᠠᠷ ᠤᠬᠢᠶᠠᠨ ᠴᠡᠪᠡᠷᠯᠡᠭᠡᠳ ᠪᠠᠬᠠᠨ ᠴᠢᠨᠠᠵᠤ ᠪᠣᠯᠭᠣᠭᠠᠨ᠎ᠠ᠃
ᠳᠡᠭᠡᠷᠡᠬᠢ ᠪᠤᠴᠠᠯᠭᠠᠭᠰᠠᠨ ᠱᠥᠯᠦᠨ ᠳᠣᠲᠣᠷᠠᠬᠢ ᠵᠦᠢᠯ ᠦ᠋ᠳ ᠢ᠋ ᠱᠦᠭᠦᠵᠦ ᠭᠠᠷᠭᠠᠭᠰᠠᠨ ᠰᠡᠭᠦᠯᠡᠷ ᠠᠷᠪᠠᠢ ᠶ᠋ᠢᠨ ᠴᠠᠭᠠᠨ ᠢ᠋ᠶ᠋ᠠᠨ ᠬᠢᠵᠦ ᠪᠤᠴᠠᠯᠭᠠᠨ ᠪᠣᠯᠭᠣᠭᠠᠭᠠᠳ ᠳᠠᠪᠤᠰᠤ ᠶ᠋ᠢ ᠥᠴᠦᠬᠡᠨ ᠲᠡᠳᠦᠢ ᠬᠢᠵᠦ ᠨᠠᠢᠷᠠᠭᠤᠯᠤᠨ ᠥᠨᠥᠬᠢ ᠬᠡᠷᠴᠢᠭᠰᠡᠨ ᠮᠢᠬ᠎ᠠ ᠪᠠᠨ ᠱᠥᠯᠦᠨ ᠳ᠋ᠦ᠍ᠷ ᠬᠢᠮᠦᠢ᠃
ᠪᠠᠷᠪᠤ ᠶ᠋ᠢᠨ ᠱᠥᠯᠥ
ᠡᠨᠡ ᠪᠣᠯᠪᠠᠰᠤ (ᠪᠠᠷᠠᠭᠤᠨ ᠭᠠᠵᠠᠷ ᠤ᠋ᠨ ᠬᠣᠭᠣᠯᠠ ᠵᠠᠭᠤᠰᠢ ᠶ᠋ᠢᠨ ᠨᠡᠷ᠎ᠡ ᠭᠡᠵᠦ ᠤᠭ ᠵᠣᠬᠢᠶᠠᠯ ᠳ᠋ᠤᠷ ᠲᠠᠢᠯᠪᠤᠷᠢᠯᠠᠪᠠ)᠃ ᠡᠨᠡ ᠢᠨᠦ ᠬᠣᠳᠣᠭᠣᠳᠣ ᠳᠡᠯᠢᠭᠦᠦ ᠶ᠋ᠢ ᠰᠡᠯᠪᠢᠨ ᠬᠡᠢ ᠶ᠋ᠢ ᠤᠷᠤᠭᠤ ᠠᠷᠢᠯᠭᠠᠵᠤ ᠥᠷᠥᠴᠡ ᠴᠡᠭᠡᠵᠢ ᠶ᠋ᠢ ᠠᠭᠤᠵᠢᠷᠠᠭᠤᠯᠤᠮᠤᠢ᠃
ᠬᠣᠨᠢᠨ ᠮᠢᠬ᠎ᠠ ᠨᠢᠭᠡᠨ ᠮᠥᠴᠢ ᠶ᠋ᠢ ᠰᠠᠯᠭᠠᠨ ᠬᠡᠷᠴᠢᠵᠦ᠂ ᠭᠠᠭᠤᠯᠠ ᠲᠠᠪᠤᠨ ᠪᠦᠬᠦᠯᠢ ᠶ᠋ᠢ ᠬᠡᠮᠬᠡᠴᠢᠵᠦ ᠬᠠᠯᠢᠰᠤ ᠶ᠋ᠢ ᠠᠨᠤ ᠠᠪᠴᠤ ᠬᠠᠶᠠᠨ᠂ ᠯᠤᠤᠪᠠᠩ ᠬᠣᠶᠠᠷ᠃
ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠪᠤᠴᠠᠯᠭᠠᠭᠠᠳ ᠱᠥᠯᠦᠨ ᠳᠣᠲᠣᠷᠠᠬᠢ ᠵᠦᠢᠯ ᠦ᠋ᠳ ᠢ᠋ ᠱᠦᠭᠦᠵᠦ ᠠᠪᠤᠭᠰᠠᠨ ᠬᠣᠢᠨ᠎ᠠ ᠬᠡᠷᠴᠢᠭᠰᠡᠨ ᠮᠢᠬ᠎ᠠ ᠪᠠ ᠪᠣᠯᠭᠣᠭᠰᠠᠨ ᠬᠡᠷᠴᠢᠮᠡᠯ ᠯᠤᠤᠪᠠᠩ ᠢ᠋ᠶ᠋ᠠᠨ ᠬᠢᠭᠡᠳ᠂ ᠳᠡᠭᠡᠷ᠎ᠡ ᠨᠢ ᠵᠠᠨᠹᠦᠯᠠᠨ (ᠤᠭ ᠵᠣᠬᠢᠶᠠᠯ ᠳ᠋ᠤ᠌ ᠲᠠᠢᠯᠪᠤᠷᠢᠯᠠᠭᠰᠠᠨ ᠠᠨᠤ ᠡᠨᠡ ᠪᠣᠯᠪᠠᠰᠤ ᠬᠣᠲᠣᠩ ᠣᠷᠣᠨ᠎ᠠ ᠤᠷᠭᠤᠭᠰᠠᠨ ᠭᠦᠷᠭᠦᠮ ᠬᠡᠮᠡᠮᠦᠢ— ᠣᠷᠴᠢᠭᠤᠯᠤᠭᠴᠢ ᠠ᠋ᠴᠠ )ᠨᠢᠭᠡᠨ ᠴᠢᠨ ᠶᠦᠩᠸ᠎ᠠ ᠬᠣᠶᠠᠷ ᠴᠢᠨ᠂ ᠨᠠᠯᠢᠱᠠᠮ ᠬᠣᠶᠠᠷ ᠴᠢᠨ ᠬᠠᠰᠢᠨᠢ (ᠤᠭ ᠵᠣᠬᠢᠶᠠᠯ ᠳ᠋ᠤ᠌ ᠲᠠᠢᠯᠪᠤᠷᠢᠯᠠᠭᠰᠠᠨ ᠠᠨᠤ ᠰᠢᠩᠭᠦᠨ ᠬᠡᠮᠡᠮᠦᠢ) ᠬᠠᠭᠠᠰ ᠴᠢᠨ ᠦᠨᠦᠷᠲᠦ ᠨᠣᠭᠣᠭ᠎ᠠ ᠶ᠋ᠢᠨ ᠨᠠᠪᠴᠢ ᠪᠠ ᠳᠠᠪᠤᠰᠤ ᠶ᠋ᠢ ᠥᠴᠦᠬᠡᠨ ᠲᠡᠳᠦᠢ ᠬᠢᠵᠦ ᠨᠠᠢᠷᠠᠭᠤᠯᠤᠭᠠᠳ ᠠᠭᠰᠢᠭᠤᠨ ᠲᠤᠲᠤᠷᠭ᠎ᠠ ᠶ᠋ᠢᠨ ᠪᠤᠳᠠᠭ᠎ᠠ ᠲᠠᠢ ᠢᠳᠡᠬᠦ ᠳ᠋ᠡᠭᠡᠨ ᠼᠤᠤ (ᠢᠰᠬᠦᠯᠡᠩ ᠰᠢᠭᠦᠰᠦ) ᠶ᠋ᠢ ᠵᠢᠭᠠᠬᠠᠨ ᠬᠢᠨ᠎ᠡ᠃
ᠱᠠᠷᠮᠤᠭ ᠤ᠋ᠨ ᠱᠥᠯᠥ
ᠡᠨᠡ ᠪᠣᠯᠪᠠᠰᠤ ᠰᠠᠪᠠ ᠶ᠋ᠢ ᠰᠡᠯᠪᠢᠨ ᠬᠡᠢ ᠶ᠋ᠢ ᠤᠷᠤᠭᠤ ᠠᠷᠢᠯᠭᠠᠨ ᠬᠣᠳᠣᠭᠣᠳᠣ ᠳᠡᠯᠢᠭᠦᠦ ᠶ᠋ᠢ ᠰᠠᠢᠵᠢᠷᠠᠭᠤᠯᠤᠮᠤᠢ᠃
ᠡᠭᠦᠨ ᠳ᠋ᠦ᠍ᠷ ᠬᠣᠨᠢᠨ ᠮᠢᠬ᠎ᠠ ᠨᠢᠭᠡ ᠮᠥᠴᠢ ᠶ᠋ᠢ ᠰᠠᠯᠭᠠᠨ ᠬᠡᠷᠴᠢᠵᠦ ᠭᠠᠭᠤᠯᠠ ᠲᠠᠪᠤᠨ ᠪᠦᠬᠦᠯᠢ᠂ ᠸᠠᠨᠳᠧᠦ ᠪᠤᠷᠴᠠᠭ ᠳᠤᠮᠳᠠᠭᠤᠷ ᠱᠧᠩ ᠢ᠋ ᠬᠡᠮᠬᠡᠴᠢᠭᠡᠳ ᠬᠠᠯᠢᠰᠤ ᠶ᠋ᠢ ᠨᠢ ᠠᠪᠴᠤ ᠬᠠᠶᠠᠮᠤᠢ᠂ ᠰᠠᠷᠮᠤᠭ ᠮᠠᠨᠵᠢᠨ ᠲᠠᠪᠤᠨ ᠪᠦᠬᠦᠯᠢ᠃
ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠪᠤᠴᠠᠯᠭᠠᠭᠠᠳ ᠱᠥᠯᠦᠨ ᠳᠣᠲᠣᠷᠠᠬᠢ ᠵᠦᠢᠯ ᠦ᠋ᠳ ᠢ᠋ ᠱᠦᠭᠦᠵᠦ ᠭᠠᠷᠭᠠᠭᠰᠠᠨ ᠤ᠋ ᠳᠠᠷᠠᠭ᠎ᠠ ᠸᠠᠨᠳᠧᠦ ᠪᠤᠷᠴᠠᠭ ᠬᠣᠶᠠᠷ ᠭᠧ ᠲᠤᠲᠤᠷᠭ᠎ᠠ ᠶ᠋ᠢᠨ ᠪᠤᠳᠠᠭ᠎ᠠ ᠨᠢᠭᠡ ᠱᠧᠩ᠂ ᠪᠣᠯᠭᠣᠭᠰᠠᠨ ᠮᠠᠨᠵᠢᠨ ᠢ᠋ ᠬᠡᠰᠡᠭᠯᠡᠨ ᠬᠡᠷᠴᠢᠵᠦ᠂ ᠮᠢᠬ᠎ᠠ ᠶ᠋ᠢᠨ ᠬᠠᠮᠲᠤ ᠱᠥᠯᠦᠨ ᠳ᠋ᠦ᠍ ᠬᠢᠭᠡᠳ ᠳᠠᠪᠤᠰᠤ ᠶ᠋ᠢ ᠥᠴᠦᠬᠡᠨ ᠲᠡᠳᠦᠢ ᠬᠢᠵᠦ ᠨᠠᠢᠷᠠᠭᠤᠯᠤᠨᠠ᠃
ᠱᠦᠮᠦᠰᠠ ᠶ᠋ᠢᠨ ᠱᠥᠯᠥ
ᠡᠨᠡ ᠢᠨᠦ ᠳᠣᠭᠣᠭᠰᠢ ᠪᠡᠶ᠎ᠡ ᠶ᠋ᠢᠨ ᠲᠠᠮᠢᠷ ᠢ᠋ ᠰᠡᠯᠪᠢᠵᠦ᠂ ᠪᠡᠯᠬᠡᠭᠦᠰᠦ ᠡᠪᠦᠳᠦᠭ ᠦ᠋ᠨ ᠬᠦᠴᠦᠨ ᠲᠠᠮᠢᠷ ᠢ᠋ ᠰᠠᠢᠵᠢᠷᠠᠭᠤᠯᠤᠨ᠂ ᠬᠣᠳᠣᠭᠣᠳᠣ ᠳᠡᠯᠢᠭᠦᠦ ᠶ᠋ᠢ ᠪᠤᠯᠢᠶᠡᠰᠭᠡᠨ ᠬᠡᠢ ᠶ᠋ᠢ ᠶᠠᠪᠤᠭᠤᠯᠤᠮᠤᠢ᠃
ᠡᠭᠦᠨ ᠳ᠋ᠦ᠍ ᠬᠣᠨᠢᠨ ᠮᠢᠬ᠎ᠠ ᠨᠢᠭᠡᠨ ᠮᠥᠴᠢ ᠶ᠋ᠢ ᠰᠠᠯᠭᠠᠨ ᠬᠡᠷᠴᠢᠵᠦ᠂ ᠭᠠᠭᠤᠯᠠ ᠲᠠᠪᠤᠨ ᠪᠦᠬᠦᠯᠢ ᠱᠦᠮᠦᠰᠠ ᠨᠢᠭᠡ ᠯᠠᠩ᠃
ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠪᠤᠴᠠᠯᠭᠠᠭᠠᠳ ᠱᠥᠯᠦᠨ ᠳᠣᠲᠣᠷᠠᠬᠢ ᠵᠦᠢᠯ ᠦ᠋ᠳ ᠢ᠋ ᠱᠦᠭᠦᠵᠦ ᠠᠪᠤᠭᠰᠠᠨ ᠤ᠋ ᠬᠣᠢᠨ᠎ᠠ᠂ ᠾᠧᠱᠢ ᠭᠠᠵᠠᠷ ᠤ᠋ᠨ ᠦ ᠮᠠ᠋ ᠱᠢ ᠬᠡᠮᠡᠬᠦ ᠢᠳᠡᠭᠡᠨ ᠪᠤᠳᠠᠭᠠᠨ ᠭᠤᠯᠢᠷ ᠤ᠋ᠨ ᠵᠢᠵᠢᠭ ᠪᠣᠭᠣᠷᠰᠣᠭ ᠢ᠋ ᠬᠢᠵᠦ ᠪᠠᠰᠠ ᠰᠢᠩᠭᠦᠨ ᠬᠠᠭᠠᠰ ᠴᠢᠨ᠂ ᠳᠠᠪᠤᠰᠤ ᠥᠴᠦᠬᠡᠨ ᠲᠡᠳᠦᠢ ᠶ᠋ᠢ ᠬᠢᠵᠦ ᠨᠠᠢᠷᠠᠭᠤᠯᠤᠮᠤᠢ᠃
ᠪᠢᠯᠪᠠ ᠶ᠋ᠢᠨ ᠱᠥᠯᠥ
ᠡᠨᠡ ᠢᠨᠦ ᠬᠣᠳᠣᠭᠣᠳᠣ ᠳᠡᠯᠢᠭᠦᠦ ᠶ᠋ᠢ ᠰᠡᠯᠪᠢᠨ ᠬᠡᠢ ᠶ᠋ᠢ ᠶᠠᠪᠤᠭᠤᠯᠤᠨ᠂ ᠪᠡᠯᠬᠡᠭᠦᠰᠦ ᠡᠪᠦᠳᠦᠭ ᠢ᠋ᠶ᠋ᠡᠷ ᠡᠪᠡᠳᠬᠦ ᠶ᠋ᠢ ᠡᠮᠨᠡᠨ ᠬᠥᠯ ᠦ᠋ᠨ ᠪᠢᠯᠴᠠᠤ ᠳ᠋ᠤ᠌ ᠨᠡᠷᠪᠡᠭᠳᠡᠭᠡᠳ ᠮᠡᠳᠡᠷᠡᠯ ᠦᠭᠡᠢ ᠪᠣᠯᠤᠭᠰᠠᠨ ᠢ᠋ ᠵᠠᠰᠠᠮᠤᠢ᠃
ᠬᠣᠨᠢᠨ ᠮᠢᠬ᠎ᠠ ᠨᠢᠭᠡ ᠮᠥᠴᠢ ᠶ᠋ᠢ ᠰᠠᠯᠭᠠᠨ ᠬᠡᠷᠴᠢᠵᠦ᠂ ᠭᠠᠭᠤᠯᠠ ᠲᠠᠪᠤᠨ ᠪᠦᠬᠦᠯᠢ ᠂ᠸᠠᠨᠳᠧᠦ ᠪᠤᠷᠴᠠᠭ ᠬᠠᠭᠠᠰ ᠱᠧᠩ ᠢ᠋ ᠬᠡᠮᠬᠡᠴᠢᠭᠡᠳ ᠠᠷᠠᠰᠤ ᠬᠠᠯᠢᠰᠤ ᠶ᠋ᠢ ᠠᠪᠴᠤ ᠬᠠᠶᠠᠮᠤᠢ᠃
ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠪᠤᠴᠠᠯᠭᠠᠭᠠᠳ ᠱᠥᠯᠦᠨ ᠳᠣᠲᠣᠷᠠᠬᠢ ᠵᠦᠢᠯ ᠦ᠋ᠳ ᠢ᠋ ᠱᠦᠭᠦᠵᠦ ᠭᠠᠷᠭᠠᠭᠰᠠᠨ ᠤ᠋ ᠳᠠᠷᠠᠭ᠎ᠠ ᠲᠤᠲᠤᠷᠭ᠎ᠠ ᠶ᠋ᠢᠨ ᠠᠮᠤ ᠨᠢᠭᠡ ᠱᠧᠩ ᠸᠠᠨᠳᠧᠦ ᠪᠤᠷᠴᠠᠭ ᠬᠣᠶᠠᠷ ᠭᠧ ᠮᠢᠬᠠᠯᠢᠭ ᠰᠢᠭ᠋ ᠪᠢᠯᠤ᠎ᠠ ᠬᠣᠶᠠᠷ ᠵᠢᠩ ᠡᠴᠡ ᠠᠪᠤᠭᠰᠠᠨ ᠰᠢᠭᠦᠰᠦ᠂ ᠰᠢᠬᠢᠷ ᠳᠥᠷᠪᠡᠨ ᠯᠠᠩ᠂ ᠳᠠᠪᠤᠰᠤ ᠥᠴᠦᠬᠡᠨ ᠲᠡᠳᠦᠢ ᠵᠡᠷᠭᠡ ᠶ᠋ᠢ ᠱᠥᠯᠦᠨ ᠳ᠋ᠦ᠍ ᠬᠢᠭᠡᠳ ᠨᠠᠢᠷᠠᠭᠤᠯᠤᠮᠤᠢ᠃ ᠡᠰᠡᠪᠡᠰᠦ ᠥᠨᠥᠬᠢ ᠮᠢᠬ᠎ᠠ ᠪᠠᠨ ᠬᠢᠵᠦ ᠴᠦ᠍ ᠪᠣᠯᠤᠮᠤᠢ᠃
ᠪᠤᠭᠤ ᠶ᠋ᠢᠨ ᠲᠣᠯᠣᠭᠠᠢ ᠶ᠋ᠢᠨ ᠱᠥᠯᠥ
ᠡᠨᠡ ᠢᠨᠦ ᠪᠡᠶ᠎ᠡ ᠮᠠᠬᠠᠪᠣᠳ ᠢ᠋ ᠰᠢᠮᠡᠵᠢᠭᠦᠯᠦᠨ ᠲᠠᠮᠢᠷᠵᠢᠭᠤᠯᠵᠤ᠂ ᠲᠠᠴᠢᠶᠠᠳᠠᠨ ᠤᠮᠳᠠᠭᠠᠰᠬᠤ ᠶ᠋ᠢ ᠵᠣᠭᠰᠣᠭᠠᠨ᠂ ᠬᠥᠯ ᠡᠪᠦᠳᠦᠭ ᠦ᠋ᠨ ᠡᠪᠡᠷᠰᠢᠶᠡᠯ ᠢ᠋ ᠡᠮᠨᠡᠮᠦᠢ᠃
ᠪᠤᠭᠤ ᠶ᠋ᠢᠨ ᠲᠣᠯᠣᠭᠠᠢ ᠰᠢᠭᠢᠷ᠎ᠡ ᠶ᠋ᠢ ᠴᠡᠪᠡᠷᠯᠡᠨ ᠠᠷᠢᠯᠭᠠᠭᠠᠳ ᠬᠡᠰᠡᠭᠯᠡᠨ ᠬᠡᠷᠴᠢᠮᠦᠢ᠃
ᠳᠡᠭᠡᠷᠡᠬᠢ ᠲᠣᠯᠣᠭᠠᠢ ᠰᠢᠭᠢᠷ᠎ᠡ ᠨᠦ᠍ᠭᠦᠳ ᠢ᠋ ᠰᠢᠪᠡᠷᠯᠢᠭ ᠵᠢᠭᠤᠷᠠᠭᠰᠠᠨ ᠰᠢᠩᠭᠦᠨ ᠦ᠌ ᠬᠣᠭᠣᠷᠮᠠᠭ ᠯᠤᠭ᠎ᠠ ᠲᠡᠭᠰᠢᠬᠡᠨ ᠨᠤᠬᠤᠯᠬᠢᠯᠠᠵᠤ᠂ ᠦᠷᠡᠰ ᠦ᠋ᠨ ᠲᠣᠰᠣ ᠳᠥᠷᠪᠡᠨ ᠯᠠᠩ ᠢ᠋ᠶ᠋ᠠᠷ ᠬᠠᠭᠤᠷᠤᠭᠠᠳ ᠪᠤᠴᠠᠯᠤᠭᠰᠠᠨ ᠤᠰᠤᠨ ᠳ᠋ᠤᠷ ᠬᠢᠵᠦ ᠪᠤᠴᠠᠯᠭᠠᠨ ᠰᠢᠯᠵᠠᠷᠠᠭᠤᠯᠤᠨᠠ᠃ ᠳᠠᠷᠠᠭ᠎ᠠ ᠪᠠᠷ ᠨᠠᠯᠢᠰᠢᠮ ᠭᠤᠷᠪᠠᠨ ᠴᠢᠨ ᠰᠢᠩᠭᠦᠨ ᠬᠣᠶᠠᠷ ᠴᠢᠨ ᠪᠢᠪᠢᠯᠢᠩ ᠨᠢᠭᠡ ᠴᠢᠨ᠂ ᠦᠨᠢᠶᠡᠨ ᠰᠦ ᠨᠢᠭᠡ ᠠᠶᠠᠭ᠎ᠠ ᠨᠣᠢᠲᠠᠨ ᠭᠠ (ᠬᠠᠯᠠᠭᠤᠨ ᠡᠪᠡᠰᠦ) ᠶ᠋ᠢᠨ ᠰᠢᠭᠦᠰᠦ ᠨᠢᠭᠡᠨ ᠭᠧ᠂ ᠳᠠᠪᠤᠰᠤ ᠥᠴᠦᠬᠡᠨ ᠲᠡᠳᠦᠢ ᠬᠢᠵᠦ ᠨᠠᠢᠷᠠᠭᠤᠯᠤᠮᠤᠢ᠃ ᠣᠨᠳᠣᠣ ᠨᠢᠭᠡᠨ ᠨᠠᠢᠷᠠᠭᠤᠯᠬᠤ ᠠᠷᠭ᠎ᠠ ᠠᠨᠤ ᠪᠤᠭᠤ ᠶ᠋ᠢᠨ ᠰᠡᠭᠦᠯ ᠦ᠋ᠨ ᠰᠢᠭᠦᠰᠦ ᠪᠠ ᠬᠠᠯᠠᠭᠤᠨ ᠡᠪᠡᠰᠦ ᠶ᠋ᠢᠨ ᠨᠤᠨᠲᠠᠭ ᠳᠠᠪᠤᠰᠤ ᠬᠢᠵᠦ ᠨᠠᠢᠷᠠᠭᠤᠯᠤᠨᠠ᠃
ᠨᠠᠷᠠᠰᠤᠨ ᠴᠡᠴᠡᠭ ᠦ᠋ᠨ ᠲᠣᠭᠣᠰᠣ ᠶ᠋ᠢᠨ ᠱᠥᠯᠥ
ᠡᠨᠡ ᠢᠨᠦ ᠬᠣᠳᠣᠭᠣᠳᠣ ᠳᠡᠯᠢᠭᠦᠦ ᠶ᠋ᠢ ᠰᠡᠯᠪᠢᠨ ᠲᠠᠮᠢᠷ ᠢ᠋ ᠰᠠᠢᠵᠢᠷᠠᠭᠤᠯᠵᠤ ᠶᠠᠰᠤ ᠰᠢᠷᠪᠥᠰᠥ ᠶ᠋ᠢ ᠬᠦᠴᠦᠵᠢᠭᠦᠯᠦᠮᠦᠢ᠃
ᠬᠣᠨᠢᠨ ᠮᠢᠬ᠎ᠠ ᠨᠢᠭᠡ ᠮᠥᠴᠢ ᠶ᠋ᠢ ᠰᠠᠯᠭᠠᠨ ᠬᠡᠷᠴᠢᠵᠦ᠂ ᠭᠠᠭᠤᠯᠠ ᠲᠠᠪᠤᠨ ᠪᠦᠬᠦᠯᠢ᠂ ᠸᠠᠨᠳᠧᠦ ᠪᠤᠷᠴᠠᠭ ᠬᠠᠭᠠᠰ ᠊ᠱᠸᠡᠭ ᠢ᠋ ᠬᠡᠮᠬᠡᠴᠢᠵᠦ ᠬᠠᠯᠢᠰᠤ ᠶ᠋ᠢ ᠠᠪᠴᠤ ᠬᠠᠶᠠᠮᠤᠢ᠃
ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠪᠤᠴᠠᠯᠭᠠᠭᠠᠳ ᠱᠦᠭᠦᠵᠦ ᠭᠠᠷᠭᠠᠨ᠂ ᠵᠢᠴᠢ ᠪᠣᠯᠭᠣᠭᠰᠠᠨ ᠨᠢᠭᠡᠨ ᠪᠦᠬᠦᠯᠢ ᠬᠣᠨᠢᠨ ᠲᠣᠯᠣᠭᠠᠢ ᠶ᠋ᠢᠨ ᠮᠢᠬ᠎ᠠ ᠶ᠋ᠢ ᠬᠤᠷᠤᠭᠤᠨ ᠥᠨᠳᠡᠭᠡ ᠴᠢᠨᠡᠭᠡ ᠬᠡᠷᠴᠢᠵᠦ᠂ ᠨᠠᠷᠠᠰᠤᠨ ᠴᠡᠴᠡᠭ ᠦ᠋ᠨ ᠲᠣᠭᠣᠰᠣ ᠶ᠋ᠢᠨ ᠰᠥᠮᠥᠰᠦ ᠬᠣᠶᠠᠷ ᠭᠧ᠂ ᠨᠣᠢᠲᠠᠨ ᠭᠠ ᠶ᠋ᠢᠨ ᠰᠥᠮᠥᠰᠦ ᠬᠠᠭᠠᠰ ᠭᠧ ᠢ ᠬᠠᠮᠲᠤ ᠳ᠋ᠤᠨᠢ ᠬᠢᠭᠡᠳ ᠪᠠᠰᠠ ᠬᠠᠭᠤᠷᠤᠭᠰᠠᠨ ᠰᠣᠩᠭᠢᠨ᠎ᠠ᠂ ᠳᠠᠪᠤᠰᠤ᠂ ᠼᠤᠤ᠂ ᠦᠨᠦᠷᠲᠦ ᠨᠣᠭᠣᠭᠠᠨ ᠤ᠋ ᠨᠠᠪᠴᠢ ᠶ᠋ᠢ ᠬᠢᠵᠦ ᠨᠠᠢᠷᠠᠭᠤᠯᠤᠭᠠᠳ ᠣᠷᠢᠶᠠᠮᠠᠯ ᠪᠣᠭᠣᠷᠰᠣᠭ ᠲᠠᠢ ᠢᠳᠡᠮᠦᠢ᠃
ᠪᠤᠷᠠᠮ ᠤ᠋ᠨ ᠱᠥᠯᠥ
ᠡᠨᠡ ᠪᠣᠯᠪᠠᠰᠤ ᠰᠠᠪᠠ ᠶ᠋ᠢ ᠰᠡᠯᠪᠢᠨ᠂ ᠲᠠᠮᠢᠷ ᠢ᠋ ᠰᠠᠢᠵᠢᠷᠠᠭᠤᠯᠵᠤ᠂ ᠬᠣᠳᠣᠭᠣᠳᠣ ᠳᠡᠯᠢᠭᠦᠦ ᠶ᠋ᠢ ᠴᠢᠭᠢᠷᠠᠭᠵᠢᠭᠤᠯᠤᠮᠤᠢ᠃
ᠬᠣᠨᠢᠨ ᠮᠢᠬ᠎ᠠ ᠨᠢᠭᠡ ᠮᠥᠴᠢ ᠶ᠋ᠢ ᠰᠠᠯᠭᠠᠨ ᠬᠡᠷᠴᠢᠵᠦ᠂ ᠭᠠᠭᠤᠯᠠ ᠲᠠᠪᠤᠨ ᠪᠦᠬᠦᠯᠢ᠂ ᠸᠠᠨᠳᠧᠦ ᠪᠤᠷᠴᠠᠭ ᠢ᠋ ᠬᠠᠭᠠᠰ ᠊ᠱᠸᠡᠭ ᠢ᠋ ᠬᠠᠯᠢᠰᠤ ᠶ᠋ᠢ ᠠᠷᠢᠯᠭᠠᠨ᠎ᠠ᠃
ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠪᠤᠴᠠᠯᠭᠠᠵᠤ ᠱᠦᠭᠦᠵᠦ ᠠᠪᠤᠭᠰᠠᠨ ᠤ᠋ ᠬᠣᠢᠨ᠎ᠠ᠂ ᠪᠣᠯᠭᠣᠵᠤ ᠬᠠᠲᠠᠭᠠᠭᠰᠠᠨ ᠬᠣᠨᠢᠨ ᠲᠠᠷᠢᠬᠢ ᠶ᠋ᠢ ᠨᠢᠭᠡ ᠶ᠋ᠢ ᠬᠠᠪᠲᠠᠭᠠᠢᠯᠠᠨ ᠬᠡᠷᠴᠢᠵᠦ᠂ ᠪᠤᠷᠠᠮ ᠭᠤᠷᠪᠠᠨ ᠊ᠱᠸᠡᠭ᠂ ᠵᠢᠴᠢ ᠴᠠᠭᠠᠨ ᠨᠣᠭᠣᠭ᠎ᠠ ᠪᠤᠶᠤ ᠬᠠᠯᠠᠭᠠᠢ ᠨᠣᠭᠣᠭ᠎ᠠ ᠶ᠋ᠢᠨ ᠬᠠᠮᠲᠤ ᠲᠣᠭᠣᠭᠠᠨ ᠳ᠋ᠤ᠌ ᠬᠢᠭᠡᠳ ᠳᠠᠪᠤᠰᠤ ᠬᠢᠵᠦ ᠨᠠᠢᠷᠠᠭᠤᠯᠤᠮᠤᠢ᠃
ᠠᠷᠪᠠᠢ ᠶ᠋ᠢᠨ ᠪᠥᠮᠪᠥᠭᠡᠯᠢᠭ ᠶᠠᠯᠴᠢᠩ
ᠡᠨᠡ ᠪᠣᠯ ᠰᠠᠪᠠ ᠶ᠋ᠢ ᠰᠡᠯᠪᠢᠨ ᠲᠠᠮᠢᠷᠵᠢᠭᠤᠯᠵᠤ᠂ ᠬᠣᠳᠣᠭᠣᠳᠣ ᠳᠡᠯᠢᠭᠦᠦ ᠶ᠋ᠢ ᠰᠠᠢᠵᠢᠷᠠᠭᠤᠯᠤᠮᠤᠢ᠃
ᠬᠣᠨᠢᠨ ᠮᠢᠬ᠎ᠠ ᠨᠢᠭᠡ ᠮᠥᠴᠢ ᠶ᠋ᠢ ᠰᠠᠯᠭᠠᠨ ᠬᠡᠷᠴᠢᠵᠦ᠂ ᠭᠠᠭᠤᠯᠠ ᠲᠠᠪᠤᠨ ᠪᠦᠬᠦᠯᠢ᠂ ᠸᠠᠨᠳᠧᠦ ᠪᠤᠷᠴᠠᠭ ᠳᠤᠮᠳᠠᠭᠤᠷ ᠱᠧᠩ ᠢ᠋ ᠬᠠᠯᠢᠰᠤ ᠶ᠋ᠢ ᠨᠢ ᠠᠷᠢᠯᠭᠠᠨ ᠬᠡᠷᠡᠭᠯᠡᠮᠦᠢ᠃
ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠪᠤᠴᠠᠯᠭᠠᠭᠠᠳ ᠱᠦᠭᠦᠵᠦ ᠭᠠᠷᠭᠠᠨ᠎ᠠ᠃ ᠵᠢᠴᠢ ᠠᠷᠪᠠᠢ ᠶ᠋ᠢᠨ ᠭᠤᠯᠢᠷ ᠊ ᠭᠤᠷᠪᠠᠨ ᠵᠢᠩ ᠢ᠋ ᠪᠤᠷᠴᠠᠭ ᠤ᠋ᠨ ᠭᠤᠯᠢᠷ ᠨᠢᠭᠡ ᠵᠢᠩ ᠯᠦ᠍ᠭᠡ ᠨᠡᠢᠯᠡᠭᠦᠯᠵᠦ ᠶᠠᠯᠴᠢᠩ ᠬᠢᠵᠦ᠂ ᠬᠣᠨᠢᠨ ᠮᠢᠬ᠎ᠠ ᠶ᠋ᠢ ᠨᠠᠷᠢᠨ ᠬᠡᠷᠴᠢᠵᠦ ᠬᠠᠭᠤᠷᠤᠨ᠂ ᠨᠣᠢᠲᠠᠨ ᠭᠠ ᠶ᠋ᠢᠨ ᠰᠢᠭᠦᠰᠦ ᠬᠣᠶᠠᠷ ᠭᠧ᠂ ᠦᠰᠦ᠋ ᠶ᠋ᠢᠨ ᠨᠠᠪᠴᠢ ᠪᠣᠯᠤᠨ ᠳᠠᠪᠤᠰᠤ ᠼᠤᠤ ᠬᠢᠵᠦ ᠨᠠᠢᠷᠠᠭᠤᠯᠤᠮᠤᠢ᠃
ᠠᠷᠪᠠᠢ ᠶ᠋ᠢᠨ ᠬᠠᠪᠲᠠᠭᠠᠢ ᠶᠠᠯᠴᠢᠩ
ᠡᠨᠡ ᠢᠨᠦ ᠰᠠᠪᠠ ᠶ᠋ᠢ ᠰᠡᠯᠪᠢᠨ ᠲᠠᠮᠢᠷᠵᠢᠭᠤᠯᠵᠤ᠂ ᠬᠣᠳᠣᠭᠣᠳᠣ ᠳᠡᠯᠢᠭᠦᠦ ᠶ᠋ᠢ ᠰᠠᠢᠵᠢᠷᠠᠭᠤᠯᠤᠮᠤᠢ᠃
ᠬᠣᠨᠢᠨ ᠮᠢᠬ᠎ᠠ ᠨᠢᠭᠡ ᠮᠥᠴᠢ ᠶ᠋ᠢ ᠰᠠᠯᠭᠠᠨ ᠬᠡᠷᠴᠢᠵᠦ᠂ ᠭᠠᠭᠤᠯᠠ ᠲᠠᠪᠤᠨ ᠪᠦᠬᠦᠯᠢ᠂ ᠬᠠᠮᠠᠷ (ᠪᠣᠷᠣ ᠭᠠ) ᠬᠣᠶᠠᠷ ᠴᠢᠨ᠃
ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠪᠤᠴᠠᠯᠭᠠᠭᠠᠳ ᠱᠦᠭᠦᠵᠦ ᠭᠠᠷᠭᠠᠭᠰᠠᠨ ᠤ᠋ ᠬᠣᠢᠨ᠎ᠠ ᠬᠣᠨᠢᠨ ᠡᠯᠢᠭᠡᠨ ᠦ᠌ ᠵᠢᠶᠠᠩ ᠢ᠋ ᠬᠢᠵᠦ ᠲᠤᠩᠭᠠᠯᠠᠭ ᠰᠥᠮᠥᠰᠦ ᠶ᠋ᠢ ᠠᠪᠤᠭᠠᠳ᠂ ᠡᠭᠦᠨ ᠳ᠋ᠦ᠍ᠷ ᠫᠣᠸᠠᠷᠢ ᠲᠠᠪᠤᠨ ᠴᠢᠨ᠂ ᠪᠣᠯᠭᠣᠭᠠᠭᠰᠠᠨ ᠬᠣᠨᠢᠨ ᠮᠢᠬ᠎ᠠ ᠪᠠᠨ ᠲᠤᠱᠠᠮᠠ ᠶ᠋ᠢᠨ ᠬᠢᠷᠢᠲᠡᠢ ᠬᠡᠷᠴᠢᠵᠦ᠂ ᠠᠷᠢᠬᠢᠨ ᠤ᠋ ᠪᠠᠵᠠᠮᠠᠭ ᠲᠤᠷ ᠳᠠᠷᠤᠭᠰᠠᠨ ᠭᠠ ᠬᠣᠶᠠᠷ ᠯᠠᠩ᠂ ᠳᠠᠪᠤᠰᠤᠯᠠᠭᠰᠠᠨ ᠬᠡᠮᠬᠡ ᠨᠢᠭᠡ ᠯᠠᠩ ᠢ᠋ ᠮᠥᠨ ᠲᠤᠱᠠᠮᠠ ᠶ᠋ᠢᠨ ᠬᠢᠷᠢᠲᠡᠢ ᠬᠡᠷᠴᠢᠵᠦ᠂ ᠵᠢᠴᠢ ᠳᠠᠪᠤᠰᠤ ᠬᠢᠵᠦ ᠨᠠᠢᠷᠠᠭᠤᠯᠤᠨᠠ᠃ ᠡᠰᠡᠬᠦᠯ᠎ᠡ ᠲᠤᠩᠭᠠᠯᠠᠭ ᠪᠤᠰᠤ ᠤᠭ ᠤ᠋ᠨ ᠱᠥᠯᠦᠨ ᠳ᠋ᠦ᠍ᠷ ᠨᠠᠢᠷᠠᠭᠤᠯᠤᠨ ᠬᠡᠷᠡᠭᠯᠡᠵᠦ ᠴᠦ᠍ ᠪᠣᠯᠤᠮᠤᠢ᠃
ᠰᠢᠯᠦᠬᠡᠢ ᠲᠤᠲᠤᠷᠭ᠎ᠠ ᠶ᠋ᠢᠨ ᠭᠤᠯᠢᠷ ᠤ᠋ᠨ ᠲᠠᠲᠠᠮᠠᠯ ᠶᠠᠯᠴᠢᠩ
ᠬᠣᠳᠣᠭᠣᠳᠣ ᠳᠡᠯᠢᠭᠦᠦ ᠶ᠋ᠢ ᠰᠡᠯᠪᠢᠨ ᠲᠠᠮᠢᠷ ᠢ᠋ ᠰᠠᠢᠵᠢᠷᠠᠭᠤᠯᠤᠮᠤᠢ᠃
ᠬᠣᠨᠢᠨ ᠮᠢᠬ᠎ᠠ ᠨᠢᠭᠡ ᠮᠥᠴᠢ ᠶ᠋ᠢ ᠰᠠᠯᠭᠠᠨ ᠬᠡᠷᠴᠢᠵᠦ ᠭᠠᠭᠤᠯᠠ ᠲᠠᠪᠤᠨ ᠪᠦᠬᠦᠯᠢ᠂ ᠪᠣᠷᠣ ᠭᠠ ᠬᠣᠶᠠᠷ ᠴᠢᠨ᠃
ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠪᠤᠴᠠᠯᠭᠠᠭᠠᠳ ᠱᠦᠭᠦᠵᠦ ᠭᠠᠷᠭᠠᠨ᠂ ᠬᠣᠨᠢᠨ ᠡᠯᠢᠭᠡᠨ ᠦ᠌ ᠵᠢᠩ ᠬᠢᠵᠦ ᠪᠤᠴᠠᠯᠭᠠᠨ ᠲᠤᠩᠭᠠᠯᠠᠭ ᠰᠥᠮᠥᠰᠦ ᠶ᠋ᠢ ᠬᠡᠷᠡᠭᠯᠡᠮᠦᠢ᠃ ᠡᠭᠦᠨ ᠳ᠋ᠦ᠍ᠷ ᠫᠣᠸᠠᠷᠢ ᠲᠠᠪᠤᠨ ᠴᠢᠨ᠂ ᠰᠢᠯᠦᠬᠡᠢ ᠲᠤᠲᠤᠷᠭ᠎ᠠ ᠶ᠋ᠢᠨ ᠭᠤᠯᠢᠷ ᠬᠣᠶᠠᠷ ᠵᠢᠩ ᠪᠣᠯᠤᠨ ᠪᠤᠷᠴᠠᠭ ᠤ᠋ᠨ ᠭᠤᠯᠢᠷ ᠨᠢᠭᠡ ᠵᠢᠩ ᠯᠦ᠍ᠭᠡ ᠨᠡᠢᠯᠡᠭᠦᠯᠵᠦ ᠲᠠᠲᠠᠮᠠᠯ ᠶᠠᠯᠴᠢᠩ ᠬᠢᠭᠡᠳ ᠬᠣᠨᠢᠨ ᠮᠢᠬ᠎ᠠ ᠪᠠᠨ ᠨᠠᠷᠢᠨ ᠬᠡᠷᠴᠢᠵᠦ᠂ ᠳᠠᠪᠤᠰᠤ ᠼᠤᠤ ᠬᠢᠵᠦ ᠨᠠᠢᠷᠠᠭᠤᠯᠤᠮᠤᠢ᠃ ᠡᠰᠡᠬᠦᠯ᠎ᠡ ᠤᠭ ᠤ᠋ᠨ ᠱᠥᠯᠦᠨ ᠳ᠋ᠦ᠍ ᠨᠠᠢᠷᠠᠭᠤᠯᠤᠭᠰᠠᠨ ᠴᠤ᠌ ᠪᠣᠯᠤᠮᠤᠢ᠃
ᠬᠣᠰᠬᠠ ᠶ᠋ᠢᠨ ᠱᠥᠯᠥ
ᠬᠣᠳᠣᠭᠣᠳᠣ ᠳᠡᠯᠢᠭᠦᠦ ᠶ᠋ᠢ ᠰᠡᠯᠪᠢᠨ ᠲᠠᠮᠢᠷ ᠢ᠋ ᠰᠠᠢᠵᠢᠷᠠᠭᠤᠯᠤᠮᠤᠢ᠃
ᠬᠣᠨᠢᠨ ᠮᠢᠬ᠎ᠠ ᠨᠢᠭᠡ ᠮᠥᠴᠢ ᠶ᠋ᠢ ᠰᠠᠯᠭᠠᠨ ᠬᠡᠷᠴᠢᠵᠦ ᠭᠠᠭᠤᠯᠠ ᠲᠠᠪᠤᠨ ᠪᠦᠬᠦᠯᠢ᠃
ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠪᠤᠴᠠᠯᠭᠠᠭᠠᠳ ᠲᠤᠩᠭᠠᠵᠤ ᠱᠦᠭᠦᠵᠦ ᠠᠪᠤᠨ᠎ᠠ᠃ ᠬᠣᠨᠢᠨ ᠮᠢᠬ᠎ᠠ ᠶ᠋ᠢ ᠨᠠᠷᠢᠨ ᠬᠢᠮ᠎ᠠ ᠪᠣᠯᠭᠠᠨ ᠬᠡᠷᠴᠢᠵᠦ ᠵᠦᠷᠪᠠᠭ(ᠵᠦᠷᠵᠢ ᠶ᠋ᠢᠨ ᠬᠠᠯᠢᠰᠤ) ᠲᠠᠪᠤᠨ ᠴᠢᠨ ᠢ᠋ ᠳᠣᠲᠣᠷᠠᠬᠢ ᠴᠠᠭᠠᠨ ᠢ᠋ ᠨᠢ ᠠᠪᠴᠤ ᠬᠠᠶᠠᠨ᠂ ᠰᠣᠩᠭᠢᠨ᠎ᠠ ᠬᠣᠶᠠᠷ ᠯᠠᠩ ᠢ᠋ ᠨᠠᠷᠢᠨ ᠬᠡᠷᠴᠢᠨ ᠪᠠᠭᠰᠤᠷᠭ᠎ᠠ (ᠠᠮᠲᠠ ᠶ᠋ᠢᠨ ᠨᠠᠢᠷᠠᠯᠭ᠎ᠠ) ᠬᠣᠶᠠᠷ ᠴᠢᠨ᠂ ᠳᠠᠪᠤᠰᠤ ᠵᠢᠶᠠᠩ ᠢ᠋ᠶ᠋ᠠᠷ ᠢᠳᠡᠭᠡ (ᠰᠢᠶᠠᠨᠰᠠ) ᠬᠢᠵᠦ ᠨᠠᠢᠷᠠᠭᠤᠯᠤᠭᠠᠳ᠂ ᠴᠠᠭᠠᠨ ᠭᠤᠯᠢᠷ ᠭᠤᠷᠪᠠᠨ ᠵᠢᠩ ᠢ᠋ᠶ᠋ᠡᠷ ᠬᠠᠯᠢᠰᠤ ᠪᠣᠯᠭᠠᠨ ᠬᠦᠪᠦᠷᠯᠡᠵᠦ ᠬᠣᠰᠬᠠ ᠪᠣᠭᠣᠷᠰᠣᠭ ᠪᠠᠷᠢᠵᠤ᠂ ᠦᠷᠡᠰ ᠦ᠋ᠨ ᠲᠣᠰᠣᠨ ᠳ᠋ᠤᠷ ᠪᠤᠴᠠᠯᠭᠠᠵᠤ ᠪᠣᠯᠭᠣᠭᠰᠠᠨ ᠤ᠋ ᠳᠠᠷᠠᠭ᠎ᠠ ᠱᠥᠯᠦᠨ ᠳᠣᠲᠣᠷ᠎ᠠ ᠬᠢᠭᠡᠳ ᠳᠠᠪᠤᠰᠤ ᠲᠠᠯᠪᠢᠵᠤ ᠨᠠᠢᠷᠠᠭᠤᠯᠤᠮᠤᠢ᠃ ᠡᠰᠡᠬᠦᠯ᠎ᠡ ᠲᠤᠩᠭᠠᠯᠠᠭ ᠰᠥᠮᠥᠰᠦᠨ ᠳ᠋ᠦ᠍ ᠬᠢᠵᠦ ᠪᠤᠴᠠᠯᠭᠠᠭᠰᠠᠨ ᠴᠤ᠌ ᠪᠣᠯᠤᠮᠤᠢ᠃
ᠠᠼᠠᠢ ᠨᠣᠭᠣᠭ᠎ᠠ ᠶ᠋ᠢᠨ ᠱᠥᠯᠥ
ᠡᠨᠡ ᠢᠨᠦ ᠬᠣᠳᠣᠭᠣᠳᠣ ᠳᠡᠯᠢᠭᠦᠦ ᠶ᠋ᠢ ᠰᠡᠯᠪᠢᠨ ᠲᠠᠮᠢᠷ ᠢ᠋ ᠰᠠᠢᠵᠢᠷᠠᠭᠤᠯᠤᠮᠤᠢ᠃
ᠬᠣᠨᠢᠨ ᠮᠢᠬ᠎ᠠ ᠨᠢᠭᠡ ᠮᠥᠴᠢ ᠶ᠋ᠢ ᠰᠠᠯᠭᠠᠨ ᠬᠡᠷᠴᠢᠵᠦ᠂ ᠭᠠᠭᠤᠯᠠ ᠲᠠᠪᠤᠨ ᠪᠦᠬᠦᠯᠢ᠂ ᠪᠣᠷᠣ ᠭᠠ ᠬᠣᠶᠠᠷ ᠴᠢᠨ᠃
ᠳᠡᠭᠡᠷᠡᠬᠢ ᠵᠦᠢᠯ ᠦ᠋ᠳ ᠢ᠋ ᠬᠠᠮᠲᠤ ᠳ᠋ᠤᠨᠢ ᠪᠤᠴᠠᠯᠭᠠᠭᠠᠳ ᠱᠦᠭᠦᠵᠦ ᠠᠪᠴᠤ᠂ ᠬᠣᠨᠢᠨ ᠡᠯᠢᠭᠡᠨ ᠵᠢᠶᠠᠩ ᠢ᠋ ᠬᠢᠵᠦ᠂ ᠲᠤᠩᠭᠠᠯᠠᠭ ᠰᠥᠮᠥᠰᠦ ᠶ᠋ᠢ ᠨᠢ ᠬᠡᠷᠡᠭᠯᠡᠮᠦᠢ᠃ ᠫᠣᠸᠠᠷᠢ ᠲᠠᠪᠤᠨ ᠴᠢᠨ ᠢ᠋ ᠬᠢᠬᠦ ᠪᠥᠭᠡᠳ᠂ ᠬᠣᠨᠢᠨ ᠮᠢᠬ᠎ᠠ ᠪᠠᠨ ᠨᠢᠮᠭᠡᠨ ᠬᠡᠷᠴᠢᠮ ᠪᠣᠯᠭᠠᠨ ᠬᠡᠷᠴᠢᠵᠦ᠂ ᠪᠠᠰᠠ ᠬᠣᠨᠢᠨ ᠰᠡᠭᠦᠯ ᠨᠢᠭᠡ᠂ ᠬᠣᠨᠢᠨ ᠬᠡᠯᠡ ᠨᠢᠭᠡ᠂ ᠬᠣᠨᠢᠨ ᠪᠥᠭᠡᠷ᠎ᠡ ᠨᠢᠭᠡᠨ ᠬᠣᠣᠰ ᠢ᠋ ᠲᠤᠰ ᠪᠦᠷᠢ ᠳ᠋ᠦ᠍ ᠨᠢ ᠲᠤᠱᠠᠮᠠ ᠶ᠋ᠢᠨ ᠬᠢᠷᠢᠲᠡᠢ ᠬᠡᠷᠴᠢᠵᠦ᠂ ᠵᠢᠴᠢ ᠮᠥᠭᠥ ᠬᠣᠶᠠᠷ ᠯᠠᠩ ᠴᠠᠭᠠᠨ ᠨᠣᠭᠣᠭ᠎ᠠ ᠵᠡᠷᠭᠡ ᠶ᠋ᠢ ᠲᠤᠩᠭᠠᠯᠠᠭ ᠰᠥᠮᠥᠰᠦᠨ ᠳ᠋ᠦ᠍ᠷ ᠬᠢᠭᠡᠳ ᠳᠠᠪᠤᠰᠤ ᠼᠤᠤ ᠬᠢᠵᠦ ᠨᠠᠢᠷᠠᠭᠤᠯᠤᠮᠤᠢ᠃
ᠦᠰᠦᠭ ᠠᠮᠢᠯᠠᠭᠤᠯᠤᠭᠰᠠᠨ ᠨᠢ ᠄ ᠭᠠᠸᠠ
