ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠬᠣᠶᠠᠳᠤᠭᠠᠷ ᠪᠦᠯᠦᠭ 〔ᠠᠷᠪᠠᠨ ᠳᠥᠷᠪᠡ〕 Цаг төрийн үймээн – Д ᠂ Намдаг - Цаг төрийн үймээн ᠂ хоёрдугаар бүлэг -14
ᠡᠨᠡ ᠡᠷ᠎ᠡ ᠲᠥᠷᠥᠯᠬᠢ ᠶ᠋ᠢᠨ ᠬᠡᠨᠡᠭ ᠦᠭᠡᠢ᠃ ᠡᠨᠡ ᠲᠠᠯ᠎ᠠ ᠪᠠᠷ ᠡᠴᠢᠭᠡ ᠳ᠋ᠡᠭᠡᠨ ᠵᠣᠪᠠᠯᠠᠩ ᠬᠤᠷᠢᠶᠠᠵᠤ ᠣᠷᠣᠨ ᠨᠤᠲᠤᠭ ᠤ᠋ᠨ ᠬᠢᠨ ᠳ᠋ᠡᠭᠡᠨ ᠭᠠᠢᠬᠠᠯ ᠪᠣᠯᠤᠭᠰᠠᠨ ᠡᠷ᠎ᠡ᠃ ᠭᠤᠨᠢᠨ ᠭᠤᠲᠤᠷᠠᠬᠤ ᠶ᠋ᠢ ᠬᠥᠮᠦᠨ ᠪᠣᠯᠤᠭᠰᠠᠭᠠᠷ ᠦᠵᠡᠭᠡ ᠦᠭᠡᠢ ᠪᠠᠢᠯ᠎ᠠ᠃ ᠠᠷᠪᠠᠨ ᠲᠠᠪᠤᠲᠠᠢ ᠳ᠋ᠠᠭᠠᠨ ᠰᠠᠭᠠᠬᠠᠯᠲᠠ ᠶ᠋ᠢᠨ ᠬᠤᠷᠠᠭ᠎ᠠ ᠶ᠋ᠢ ᠢᠳᠡᠭᠰᠡᠨ ᠤᠳᠠᠭ᠎ᠠ ᠪᠣᠢ᠃ ᠦᠬᠡᠷ ᠮᠠᠯ ᠳ᠋ᠤᠨᠢ ᠦᠬᠦᠭᠰᠡᠨ ᠬᠥᠮᠦᠨ ᠦ᠌ ᠬᠣᠬᠢᠮᠠᠢ ᠤᠶᠠᠨ ᠲᠠᠯᠪᠢᠵᠤ ᠪᠠᠢᠭᠰᠠᠨ ᠤᠳᠠᠭ᠎ᠠ ᠠᠯᠢ ᠣᠯᠠᠨ ᠪᠣᠢ᠃ ᠲᠡᠷᠡ ᠪᠦᠷᠢ ᠳᠡᠭᠡᠷ᠎ᠡ ᠡᠴᠢᠭᠡ ᠳ᠋ᠡᠭᠡᠨ ᠬᠠᠯᠠᠭᠤᠷᠠᠨ ᠬᠡᠪᠲᠡᠲᠡᠯ᠎ᠡ ᠵᠣᠳᠣᠭᠤᠯᠵᠤ ᠪᠠᠢᠭᠰᠠᠨ ᠪᠥᠭᠡᠳ ᠲᠡᠭᠡᠬᠦ ᠳ᠋ᠦ᠍ ᠭᠠᠷᠤᠭ᠎ᠠ ᠦᠭᠡᠢ ᠨᠢᠯᠪᠤᠰᠤ ᠨᠢ ᠬᠠᠷ᠎ᠠ ᠪᠤᠤᠷ᠎ᠠ ᠶ᠋ᠢ ᠬᠠᠶᠠᠬᠤ ᠳ᠋ᠤ᠌ ᠯᠠ ᠭᠠᠷᠴᠠᠢ᠃ ᠭᠡᠪᠡᠴᠦ ᠬᠠᠴᠢᠨ᠂ ᠶᠡᠷᠦ ᠪᠤᠰᠤ ᠶ᠋ᠢᠨ ᠲᠣᠮᠣ ᠰᠢᠷᠬᠡᠭᠲᠦ ᠨᠢᠯᠪᠤᠰᠤ ᠬᠡᠳᠦᠨ ᠤᠳᠠᠭ᠎ᠠ ᠲᠠᠰᠤᠯᠤᠭᠰᠠᠨ ᠢ᠋ᠶ᠋ᠠᠷ ᠨᠢᠯᠪᠤᠰᠤ ᠨᠢ ᠪᠠᠷᠠᠭᠳᠠᠭᠠᠳ ᠬᠠᠷᠠᠩᠭᠤᠢ ᠬᠥᠨᠳᠡᠢ ᠳ᠋ᠦ᠍ ᠴᠢᠨᠣ᠎ᠠ ᠶ᠋ᠢᠨ ᠣᠯᠢᠬᠤ ᠰᠢᠭ᠋ ᠠᠪᠢᠶ᠎ᠠ ᠦᠯᠡᠳᠡᠵᠦ ᠪᠠᠢᠪᠠ᠃ ᠭᠡᠪᠡᠴᠦ ᠳᠣᠷᠵᠢ ᠲᠡᠷᠡ ᠳᠣᠣᠷᠠᠬᠠᠨ ᠢ᠋ᠶ᠋ᠠᠨ ᠬᠠᠨᠢ ᠨᠥᠬᠥᠳ ᠡᠴᠡ ᠪᠡᠨ ᠬᠠᠭᠠᠴᠠᠬᠤ ᠳ᠋ᠠᠭᠠᠨ ᠣᠬᠢᠯᠠᠭ᠎ᠠ ᠦᠭᠡᠢ ᠪᠠᠢᠵᠤ ᠠᠳᠤᠭᠤᠰᠤ ᠮᠠᠯ ᠢ᠋ ᠬᠠᠶᠠᠬᠤ ᠳ᠋ᠤ᠌ ᠤᠬᠢᠯᠠᠬᠤ ᠮᠠᠨᠢ ᠶᠠᠭᠤ ᠪᠣᠢ? ᠭᠡᠵᠦ ᠪᠣᠳᠣᠨ ᠭᠠᠵᠢ ᠪᠤᠷᠤᠭᠤ ᠬᠡᠯᠪᠡᠷᠢ ᠲᠡᠢ ᠠᠩᠭᠠᠢᠭᠰᠠᠨ ᠲᠣᠮᠣ ᠠᠮᠠ ᠪᠠᠨ ᠬᠠᠮᠬᠢᠨ ᠲᠠᠭ ᠳᠤᠭᠤᠢ ᠪᠣᠯᠵᠤ ᠪᠠᠢᠪᠠ᠃ ᠡᠨᠡᠴᠢᠯᠡᠨ ᠳᠣᠷᠵᠢ ᠰᠢᠷ᠎ᠠ ᠶ᠋ᠢᠨ ᠱᠠᠰᠢᠨ ᠳ᠋ᠤ᠌ ᠭᠦᠨ ᠠᠪᠲᠠᠭᠳᠠᠭᠰᠠᠨ ᠣᠷᠣᠨ ᠤ᠋ ᠬᠥᠮᠦᠨ ᠠᠲᠠᠯ᠎ᠠ ᠪᠤᠷᠬᠠᠨ ᠰᠠᠬᠢᠭᠤᠰᠤ ᠭᠡᠭᠴᠢ ᠶ᠋ᠢ ᠰᠣᠨᠢᠷᠬᠠᠵᠤ ᠪᠠᠢᠭᠰᠠᠨ ᠤᠳᠠᠭ᠎ᠠ ᠦᠭᠡᠢ᠂ ᠳᠤᠭᠠᠩ ᠰᠦᠮ᠎ᠡ ᠶ᠋ᠢᠨ ᠳᠣᠲᠣᠷᠠᠬᠢ ᠠᠯᠲᠠᠨ ᠮᠥᠩᠭᠥᠨ ᠪᠤᠷᠬᠠᠳ ᠢ᠋ ᠠᠮᠢ ᠦᠭᠡᠢ ᠪᠣᠯᠪᠠᠴᠤ᠂ ᠠᠤᠭ᠎ᠠ ᠬᠦᠴᠦ ᠶ᠋ᠢ ᠴᠠᠭᠠᠨ᠎ᠠ ᠪᠠᠨ ᠬᠠᠳᠠᠭᠠᠯᠠᠨ ᠰᠢᠳᠦᠨ ᠪᠢᠰᠢᠷᠡᠭᠰᠡᠳ ᠢ᠋ ᠥᠷᠥᠰᠢᠶᠡᠨ ᠲᠡᠳᠬᠦᠬᠦ᠂ ᠪᠢᠰᠢᠷᠡᠪᠡᠯ ᠠᠮᠢ ᠨᠠᠰᠤᠨ ᠳ᠋ᠤ᠌ ᠴᠥᠪ ᠪᠣᠯᠳᠠᠭ ᠭᠡᠵᠦ ᠣᠯᠠᠨᠲᠠ ᠰᠣᠨᠣᠰᠤᠭᠰᠠᠨ ᠪᠣᠯᠪᠠᠴᠤ ᠨᠢᠭᠡ ᠴᠢᠬᠢ ᠪᠡᠷ ᠢ᠋ᠶ᠋ᠡᠨ ᠣᠷᠣᠭᠤᠯᠤᠨ᠂ ᠨᠥᠭᠦᠭᠡ ᠴᠢᠬᠢ ᠪᠡᠷ ᠢ᠋ᠶ᠋ᠡᠨ ᠭᠠᠷᠭᠠᠵᠤ ᠪᠠᠢᠭᠰᠠᠨ ᠠ᠋ᠴᠠ ᠥᠭᠡᠷ᠎ᠡ ᠶᠠᠭᠤᠮ᠎ᠠ ᠦᠭᠡᠢ᠃ ᠶᠡᠷᠦᠨᠢ ᠡᠷᠭᠦᠯ ᠮᠥᠷᠭᠥᠯ ᠪᠠ ᠵᠠᠯᠪᠠᠷᠢᠯ ᠳᠠᠭᠠᠳᠬᠠᠯ ᠪᠣᠯᠬᠤ ᠶ᠋ᠢ ᠢᠳᠡᠷ ᠵᠠᠯᠠᠭᠤ ᠬᠥᠮᠦᠨ ᠦ᠌ ᠶᠠᠪᠤᠳᠠᠯ ᠪᠢᠰᠢ ᠭᠡᠵᠦ ᠦᠵᠡᠳᠡᠭ ᠪᠠᠢᠵᠠᠢ᠃ ᠣᠳᠣ ᠲᠡᠷᠡ ᠨᠢ ᠥᠭᠡᠷᠡᠴᠢᠯᠡᠭᠳᠡᠨ ᠪᠤᠤᠷ᠎ᠠ ᠶ᠋ᠢᠨ ᠬᠣᠢᠲᠤ ᠨᠠᠰᠤ ᠶ᠋ᠢ ᠬᠥᠮᠦᠨ ᠦ᠌ ᠲᠥᠷᠥᠯ ᠳ᠋ᠦ᠍ ᠲᠥᠷᠥᠭᠦᠯᠬᠦ ᠶ᠋ᠢ ᠪᠣᠳᠣᠨ᠎ᠠ᠃ ᠪᠤᠤᠷ᠎ᠠ ᠶ᠋ᠢᠨ ᠰᠦᠨᠡᠰᠦ ᠶ᠋ᠢ ᠲᠡᠮᠡᠭᠡᠨ ᠡᠴᠡ ᠬᠤᠪᠢᠯᠭᠠᠬᠤ ᠭᠡᠵᠦ ᠤᠯᠠᠭᠠᠨ ᠪᠦᠷᠢᠶᠡᠰᠦᠲᠦ ᠨᠣᠭᠲᠣ ᠪᠠ ᠪᠤᠢᠯᠠ ᠪᠤᠷᠠᠨᠲᠠᠭ ᠢ᠋ ᠬᠣᠷᠢᠶᠠᠨ ᠠᠪᠴᠤ᠂ ᠠᠮᠢ ᠠᠪᠤᠷᠠᠭᠰᠠᠨ ᠤ᠋ ᠴᠢᠨᠢ ᠬᠣᠢᠲᠤ ᠨᠠᠰᠤᠨ ᠳ᠋ᠠᠭᠠᠨ ᠬᠠᠷᠢᠭᠤᠯᠤᠨ᠎ᠠ ᠰᠢᠦ! ᠭᠡᠵᠦ ᠰᠠᠯᠬᠤ ᠶᠣᠰᠣ ᠭᠦᠢᠴᠡᠳᠬᠡᠵᠡᠢ᠃
ᠡᠨᠡ ᠪᠣᠯ ᠳ᠋ᠠᠨᠽᠠᠨ ᠤ᠋ ᠪᠤᠤᠷ᠎ᠠ ᠳᠡᠭᠡᠷ᠎ᠡ ᠢᠷᠡᠭᠰᠡᠨ ᠡᠴᠡ ᠬᠣᠶᠠᠷ ᠬᠣᠨᠣᠭ ᠤ᠋ᠨ ᠡᠮᠦᠨ᠎ᠡ ᠪᠣᠯᠤᠭᠰᠠᠨ ᠬᠡᠷᠡᠭ ᠪᠢᠯᠡ᠃ ᠳᠣᠷᠵᠢ ᠶ᠋ᠢ ᠪᠤᠤᠷ᠎ᠠ ᠶ᠋ᠢᠨ ᠢ᠋ᠶ᠋ᠡᠨ ᠳᠡᠷᠭᠡᠳᠡ ᠬᠣᠨᠣᠭᠠᠳ ᠪᠣᠰᠬᠤ ᠳ᠋ᠤ᠌ ᠭᠠᠵᠠᠷ ᠪᠠᠷᠠᠭᠠᠨ᠂ ᠲᠩᠷᠢ ᠳᠦᠩᠰᠦᠭᠡᠷ᠂ ᠭᠣᠣᠯ ᠲᠥᠯᠥᠪ ᠶᠡᠬᠡ ᠴᠠᠰᠤ ᠣᠷᠣᠬᠤ ᠶ᠋ᠢᠨ ᠡᠮᠦᠨ᠎ᠡ ᠠᠭᠠᠷ ᠬᠦᠨᠳᠦ ᠰᠠᠯᠬᠢ ᠰᠠᠪᠠᠷ ᠦᠭᠡᠢ ᠪᠠᠢᠳᠠᠭ ᠶᠣᠰᠣᠭᠠᠷ ᠪᠠᠢᠭᠰᠠᠨ ᠪᠥᠭᠡᠳ ᠪᠤᠤᠷ᠎ᠠ ᠪᠠᠨ ᠣᠷᠬᠢᠨ ᠶᠠᠪᠤᠬᠤ ᠳ᠋ᠤ᠌ ᠴᠠᠰᠤ ᠠᠰᠬᠠᠷᠠᠨ ᠭᠠᠵᠠᠷ ᠳᠡᠯᠡᠬᠡᠢ ᠪᠤᠭᠤᠷᠤᠯᠲᠤᠵᠤ ᠡᠬᠢᠯᠡᠵᠡᠢ᠃ ᠢᠩᠭᠢᠬᠦ ᠳ᠋ᠦ᠍ ᠳᠣᠷᠵᠢ ᠥᠪᠡᠷ ᠦ᠋ᠨ ᠢ᠋ᠶ᠋ᠡᠨ ᠭᠠᠬᠠᠢ ᠶᠠᠪᠠᠭᠠᠨ᠂ ᠨᠣᠬᠠᠢ ᠨᠢᠴᠦᠭᠦᠨ ᠪᠣᠯᠤᠭᠰᠠᠨ ᠤ᠋ ᠪᠠᠨ ᠲᠥᠯᠥᠭᠡ ᠵᠣᠪᠠᠨᠢᠭᠰᠠᠨ ᠶᠠᠭᠤᠮ᠎ᠠ ᠦᠭᠡᠢ᠃ ᠪᠤᠤᠷ᠎ᠠ ᠶ᠋ᠢᠨ ᠬᠣᠢᠲᠤ ᠨᠠᠰᠤ《ᠬᠣᠢᠲᠤ ᠨᠠᠰᠤᠨ ᠳ᠋ᠠᠭᠠᠨ ᠪᠢᠳᠡ ᠪᠡᠶ᠎ᠡ ᠪᠡᠶ᠎ᠡ ᠪᠡᠨ ᠲᠠᠨᠢᠬᠤ᠂ ᠡᠳᠦᠭᠡ ᠶ᠋ᠢᠨ ᠵᠣᠪᠠᠯᠠᠩ ᠵᠦᠳᠠᠷᠠᠯ ᠢ᠋ᠶ᠋ᠠᠨ ᠴᠦ᠍ ᠮᠡᠳᠡᠬᠦ ᠦᠭᠡᠢ ᠪᠠᠢᠬᠤ ᠠᠲᠠᠯ᠎ᠠ᠂ ᠪᠢ ᠠᠴᠢ ᠲᠤᠰᠠ ᠬᠠᠷᠢᠭᠤᠯᠬᠤ ᠶ᠋ᠢ ᠬᠣᠢᠲᠤ ᠨᠠᠰᠤᠨ ᠳ᠋ᠠᠭᠠᠨ ᠭᠡᠵᠦ ᠠᠮᠠᠯᠠᠭᠰᠠᠨ ᠮᠢᠨᠢ ᠶᠠᠭᠤ ᠪᠢᠯᠡ? ᠲᠡᠭᠦᠨ ᠦ᠌ ᠣᠷᠣᠨ ᠳ᠋ᠤ᠌ ᠭᠠᠭᠴᠠ ᠠᠳᠬᠤ ᠡᠪᠡᠰᠦ ᠡᠮᠦᠨ᠎ᠡ ᠨᠢ ᠲᠠᠯᠪᠢᠵᠤ ᠥᠭᠬᠦ ᠮᠠᠨᠢ ᠶᠠᠭᠠᠬᠢᠯ᠎ᠠ?》 ᠭᠡᠵᠦ ᠬᠠᠷᠠᠰᠠᠨ ᠵᠣᠪᠠᠨ᠎ᠠ᠃
ᠡᠳᠦᠷ ᠳᠤᠮᠳᠠ ᠶ᠋ᠢᠨ ᠦᠶ᠎ᠡ ᠳ᠋ᠦ᠍ ᠬᠦᠢᠲᠡᠨ ᠰᠠᠯᠬᠢ ᠰᠡᠪᠡᠯᠵᠡᠵᠦ᠂ ᠠᠶ᠎ᠠ ᠲᠠᠪᠠ ᠪᠠᠷ ᠢ᠋ᠶ᠋ᠠᠨ ᠣᠷᠣᠵᠤ ᠪᠠᠢᠭᠰᠠᠨ ᠴᠠᠰᠤ ᠶ᠋ᠢ ᠦᠢᠮᠡᠭᠡᠨᠲᠠᠢᠬᠡᠨ ᠪᠣᠯᠭᠠᠵᠤ ᠡᠬᠢᠯᠡᠵᠡᠢ᠃ ᠲᠡᠷᠡ ᠳᠤᠮᠳᠠ ᠳᠣᠷᠵᠢ ᠮᠥᠨ ᠯᠡ ᠬᠡᠷᠡᠭ ᠦᠭᠡᠢ ᠬᠡᠪ ᠢ᠋ᠶ᠋ᠡᠷ ᠶᠠᠪᠤᠵᠠᠢ᠃ ᠪᠠᠷᠠᠭᠤᠨ ᠵᠦᠭ ᠮᠢᠨᠢ ᠰᠠᠢᠬᠠᠨ᠃ ᠲᠥᠷᠥᠭᠰᠡᠨ ᠨᠤᠲᠤᠭ ᠮᠢᠨᠢ ᠲᠡᠷᠲᠡᠭᠡ ᠬᠣᠯᠠ ᠭᠡᠯᠡ ᠴᠦ᠍ ᠭᠡᠰᠡᠨ ᠬᠦᠷᠦᠨ᠎ᠡ ᠭᠡᠵᠦ ᠠᠯᠬᠤᠯᠠᠨ᠎ᠠ᠃ ᠶᠠᠪᠤᠬᠤ ᠳᠣᠳᠣᠮ ᠬᠦᠢᠲᠡᠨ ᠵᠢᠪᠠᠷ ᠲᠤ ᠶᠠᠪᠠᠭᠠᠨ ᠰᠢᠭᠤᠷᠭ᠎ᠠ ᠭᠢᠯᠠᠯᠵᠠᠨ ᠰᠢᠪᠬᠠᠭᠤᠷᠳᠠᠵᠤ ᠵᠢᠷᠦᠬᠡᠨ ᠦ᠌ ᠲᠣᠯᠢᠲᠤ ᠶ᠋ᠢ ᠬᠦᠷᠲᠡᠯ᠎ᠡ ᠬᠠᠭᠠᠷᠢᠬᠤ ᠰᠢᠭ᠋ ᠪᠣᠯᠤᠨ᠎ᠠ᠃ ᠭᠡᠯᠡ ᠴᠦ᠍ ᠭᠡᠰᠡᠨ ᠳᠣᠷᠵᠢ ᠠᠯᠬᠤᠯᠠᠭᠰᠠᠭᠠᠷ ᠪᠠᠢᠵᠠᠢ᠃ ᠬᠡᠯᠡ ᠮᠡᠳᠡᠭᠡ ᠠᠯᠲᠠᠨ᠂ ᠴᠡᠭᠡᠵᠢ ᠡᠴᠡ ᠪᠡᠨ ᠲᠠᠰᠤᠷᠠᠭᠰᠠᠨ ᠰᠢᠭ᠋ ᠪᠠᠢᠪᠠᠴᠤ ᠠᠯᠬᠤᠯᠠᠨ᠎ᠠ᠃ ᠨᠢᠭᠡ ᠦᠶ᠎ᠡ ᠳᠣᠷᠣᠭᠰᠢ ᠰᠠᠭᠤᠮᠠᠷ ᠪᠣᠯᠤᠭᠰᠠᠨ ᠢ᠋ ᠵᠢᠷᠦᠬᠡ ᠴᠢᠩᠭᠠᠯᠠᠨ ᠬᠣᠷᠢᠭᠯᠠᠪᠠ᠃ ᠢᠩᠭᠢᠭᠰᠡᠨ ᠦ᠌ ᠪᠡᠨ ᠬᠦᠴᠦ ᠪᠡᠷ ᠭᠣᠣ ᠵᠢᠯᠠᠭ᠎ᠠ ᠳᠠᠪᠠᠭ᠎ᠠ ᠬᠥᠪᠡᠭᠡ ᠨᠦ᠍ᠭᠦᠳ ᠢ᠋ ᠠᠷᠤ ᠳ᠋ᠠᠭᠠᠨ ᠬᠠᠶᠠᠭᠰᠠᠭᠠᠷ ᠯᠠ ᠪᠠᠢᠵᠠᠢ᠃ ᠪᠡᠶ᠎ᠡ ᠶ᠋ᠢᠨ ᠲᠡᠩᠬᠡᠯ ᠪᠠᠷᠠᠭᠳᠠᠬᠤ ᠶ᠋ᠢᠨ ᠬᠢᠷᠢ ᠪᠡᠷ ᠪᠣᠳᠣᠨ ᠰᠡᠳᠬᠢᠬᠦ ᠳᠠᠭᠵᠢᠷᠠᠵᠤ᠂ ᠵᠥᠪᠬᠡᠨ ᠭᠠᠵᠠᠷ ᠤᠨᠠᠬᠤ ᠦᠭᠡᠢ ᠶ᠋ᠢ ᠯᠡ ᠬᠢᠴᠢᠶᠡᠨ᠎ᠡ᠃ ᠳᠡᠷᠭᠡᠳᠡᠬᠢ ᠨᠢᠭᠡᠨ ᠠᠭᠤᠯᠠ ᠶ᠋ᠢᠨ ᠡᠩᠭᠡᠷ ᠴᠠᠰᠤᠨ ᠰᠢᠮᠠᠷᠭᠠᠨ ᠳ᠋ᠤ᠌ ᠳᠥᠩᠭᠡᠨ ᠲᠠᠩᠭᠠᠨ ᠰᠥᠳᠡᠩᠨᠡᠬᠦ ᠶ᠋ᠢ ᠨᠢᠳᠦ ᠰᠢᠷᠲᠡᠨ ᠶᠠᠪᠤᠨ᠎ᠠ᠃ ᠭᠡᠨᠡᠳᠲᠡ ᠠᠷᠭᠠᠯ ᠤ᠋ᠨ ᠤᠲᠤᠭ᠎ᠠ ᠬᠠᠩᠬᠤᠯᠤᠨ ᠦᠨᠦᠷᠲᠦᠬᠦ ᠳ᠋ᠦ᠍ ᠵᠣᠭ ᠲᠣᠰᠣᠨ ᠠᠵᠢᠭᠯᠠᠪᠠ᠃ ᠤᠷᠢᠳᠤ ᠲᠠᠯ᠎ᠠ ᠳ᠋ᠤᠨᠢ ᠵᠠᠮ ᠤ᠋ᠨ ᠬᠠᠵᠠᠭᠤᠬᠠᠨ ᠳ᠋ᠤ᠌ ᠬᠣᠶᠠᠷ ᠵᠡᠯ᠎ᠡ ᠲᠡᠳᠡᠨ ᠤᠶᠠᠭᠰᠠᠨ ᠲᠡᠮᠡᠭᠡ ᠨᠦ᠍ᠭᠦᠳ ᠦ᠋ᠨ ᠳᠤᠮᠳᠠ ᠭᠠᠭᠴᠠ ᠮᠠᠢᠬᠠᠨ ᠰᠦᠮᠡᠯᠵᠡᠨ ᠦᠵᠡᠭᠳᠡᠨ᠎ᠡ᠃ ᠡᠨᠡ ᠳᠠᠷᠤᠢ ᠪᠦᠬᠦ ᠪᠡᠶ᠎ᠡ ᠳ᠋ᠦ᠍ ᠭᠠᠯ ᠤ᠋ᠨ ᠢᠯᠴᠢ ᠲᠤᠰᠬᠤ ᠰᠢᠭ᠋ ᠪᠣᠯᠤᠭᠰᠠᠨ ᠪᠥᠭᠡᠳ ᠲᠡᠭᠡᠭᠡᠳ ᠲᠡᠨᠳᠡ ᠬᠡᠷᠬᠢᠨ ᠬᠦᠷᠦᠭᠰᠡᠨ ᠢ᠋ᠶ᠋ᠡᠨ ᠥᠪᠡᠷ ᠢ᠋ᠶ᠋ᠡᠨ ᠦᠯᠦ ᠮᠡᠳᠡᠨ᠎ᠡ᠃ ᠮᠠᠢᠬᠠᠨ ᠤ᠋ ᠵᠥᠷᠢᠭᠦᠯᠦᠭᠡᠰᠦᠲᠡᠢ ᠡᠭᠦᠳᠡ ᠶ᠋ᠢ ᠰᠢᠭᠤᠳ ᠣᠷᠣᠬᠤ ᠲᠠᠢ ᠪᠠᠨ ᠵᠡᠷᠭᠡ ᠬᠦᠴᠦ ᠠᠯᠲᠠᠨ ᠰᠥᠬᠥᠷᠡᠨ ᠤᠨᠠᠪᠠ᠃
ᠮᠠᠢᠬᠠᠨ ᠳ᠋ᠤ᠌ ᠭᠤᠷᠪᠠᠨ ᠮᠣᠩᠭᠣᠯ ᠬᠥᠮᠦᠨ ᠵᠠᠳᠠᠭᠠᠢ ᠭᠠᠯ ᠳᠦᠷᠡᠯᠵᠡᠭᠦᠯᠦᠨ ᠰᠠᠶᠢᠬᠠᠨ ᠴᠢᠨᠠᠭᠰᠠᠨ ᠬᠠᠷ᠎ᠠ ᠴᠠᠢ ᠪᠠᠨ ᠤᠤᠭᠤᠭᠠᠳ ᠰᠠᠭᠤᠵᠠᠢ᠃ ᠭᠡᠨᠡᠳᠲᠡ ᠶᠡᠬᠡ ᠭᠠᠮᠢᠩ ᠴᠡᠷᠢᠭ ᠬᠤᠪᠴᠠᠰᠤ ᠲᠠᠢ ᠬᠠᠴᠢᠨ ᠵᠢᠰᠦ ᠴᠢᠷᠠᠢ ᠲᠠᠢ ᠠᠮᠢᠲᠠᠨ ᠤ᠋ ᠣᠷᠣᠵᠤ ᠢᠷᠡᠨ ᠤᠨᠠᠬᠤ ᠳ᠋ᠤ᠌ ᠴᠥᠮ ᠰᠣᠴᠢᠪᠠ᠃ ᠳᠣᠷᠵᠢ ᠲᠡᠳᠡᠨ ᠳ᠋ᠦ᠍ ᠲᠠᠷᠳᠠᠭ ᠲᠠᠭᠠᠨ ᠲᠤᠯᠤᠭᠰᠠᠨ ᠢ᠋ᠶ᠋ᠠᠨ ᠦᠵᠡᠭᠦᠯᠬᠦ ᠦᠭᠡᠢ ᠶ᠋ᠢ ᠬᠢᠴᠢᠶᠡᠨ ᠠᠮᠤᠷ ᠡᠷᠢᠬᠦ ᠶ᠋ᠢ ᠣᠷᠣᠯᠳᠣᠪᠠᠴᠤ ᠡᠰᠡ ᠴᠢᠳᠠᠨ᠎ᠠ᠃ ᠲᠡᠭᠦᠨ ᠳ᠋ᠦ᠍ ᠣᠷᠣᠪᠠᠯ《ᠮᠣᠩᠭᠣᠯ ᠠᠬ᠎ᠠ ᠳᠡᠭᠦᠦ ᠨᠠᠷ ᠠᠮᠢ ᠠᠪᠤᠷᠠ》 ᠭᠡᠵᠦ ᠬᠡᠯᠡᠬᠦ ᠳ᠋ᠦ᠍ ᠠᠷᠠᠢ ᠠᠮᠤᠷ ᠪᠠᠢᠯ᠎ᠠ᠃
ᠠᠶᠠᠨᠴᠢᠳ ᠲᠡᠷᠡ ᠦᠭᠡ ᠶ᠋ᠢ ᠰᠣᠨᠣᠰᠤᠨ ᠪᠡᠶ᠎ᠡ ᠪᠡᠶ᠎ᠡ ᠪᠡᠨ ᠬᠠᠷᠠᠪᠠ᠃ ᠮᠠᠢᠬᠠᠨ ᠤ᠋ ᠬᠣᠢᠮᠣᠷ ᠢ᠋ ᠭᠠᠭᠴᠠᠭᠠᠷ ᠢ᠋ᠶ᠋ᠠᠨ ᠡᠵᠡᠯᠡᠭᠰᠡᠨ ᠡᠯᠪᠡᠩᠭᠦᠨ ᠲᠤᠰᠢ ᠬᠦᠷᠮ᠎ᠡ ᠲᠡᠢ ᠠᠬᠢᠮᠠᠭ ᠨᠠᠰᠤᠨ ᠤ᠋ ᠪᠦᠳᠦᠭᠦᠨ ᠬᠠᠷ᠎ᠠ ᠬᠥᠮᠦᠨ᠄
— ᠦᠭᠡᠢ ᠠ᠋᠂ ᠡᠨᠡ ᠴᠢᠨᠢ ᠮᠣᠩᠭᠣᠯ ᠬᠥᠮᠦᠨ ᠪᠠᠢᠬᠤ ᠨᠢ ᠶᠠᠭᠤ ᠪᠣᠢ? ᠭᠡᠵᠦ ᠪᠦᠳᠦᠭᠦᠨ ᠪᠠᠷᠭᠢᠯ ᠬᠣᠭᠣᠯᠠᠢ ᠪᠠᠷ ᠬᠡᠯᠡᠬᠦ ᠳ᠋ᠦ᠍᠂ ᠲᠠᠯ᠎ᠠ ᠶ᠋ᠢᠨ ᠵᠠᠯᠠᠭᠤ ᠡᠷ᠎ᠡ᠂
— ᠣᠰᠤᠭᠤᠭᠰᠠᠨ ᠬᠥᠮᠦᠨ ᠪᠠᠢᠨ᠎ᠠ᠃ ᠠᠯᠢ ᠪᠣᠢ ᠴᠢ— ᠭᠡᠵᠦ ᠰᠠᠨᠠᠬᠤ ᠲᠠᠢ ᠪᠠᠨ ᠵᠡᠷᠭᠡ ᠴᠠᠢ ᠤᠷᠤᠭᠤ ᠪᠠᠨ ᠤᠬᠤᠰᠬᠢᠪᠡ᠃
— ᠪᠠᠢᠵᠠ᠂ ᠣᠰᠤᠭᠤᠭᠰᠠᠨ ᠬᠥᠮᠦᠨ ᠳ᠋ᠦ᠍ ᠬᠠᠯᠠᠭᠤᠨ ᠶᠠᠭᠤᠮ᠎ᠠ ᠥᠭᠴᠦ ᠪᠣᠯᠳᠠᠭ ᠦᠭᠡᠢ ᠭᠡᠵᠦ ᠬᠣᠢᠮᠣᠷ ᠤ᠋ᠨ ᠬᠥᠮᠦᠨ ᠬᠡᠯᠡᠭᠡᠳ ᠪᠤᠯᠢᠭᠠᠷᠢ ᠪᠣᠭᠴᠣ ᠪᠠᠨ ᠠᠪᠤᠨ ᠯᠣᠩᠬᠣ ᠲᠠᠢ ᠠᠷᠢᠬᠢ ᠭᠠᠷᠭᠠᠨ ᠠᠶᠠᠭᠠᠯᠠᠪᠠ᠃ ᠳᠣᠷᠵᠢ ᠶ᠋ᠢᠨ ᠪᠡᠶ᠎ᠡ ᠰᠠᠯᠭᠠᠨᠠᠨ ᠴᠡᠴᠡᠷᠡᠵᠦ ᠠᠶᠠᠭ᠎ᠠ ᠪᠠᠷᠢᠵᠤ ᠴᠢᠳᠠᠬᠤ ᠦᠭᠡᠢ ᠪᠠᠢᠯ᠎ᠠ᠃ ᠠᠶᠠᠨᠴᠢᠳ ᠭᠤᠷᠪᠠᠨ ᠵᠡᠷᠭᠡ ᠬᠥᠳᠡᠯᠦᠨ ᠭᠠᠷ ᠬᠥᠯ ᠢ᠋ ᠨᠢ ᠪᠠᠷᠢᠨ ᠠᠷᠢᠬᠢ ᠴᠢᠳᠬᠤᠨ ᠤᠤᠭᠤᠯᠭᠠᠭᠠᠳ᠂ ᠲᠣᠭᠣᠭᠠᠨ ᠤ᠋ ᠢᠷᠣᠭᠠᠷ ᠲᠠᠬᠢ ᠴᠠᠷᠴᠠᠩᠬᠠᠢ ᠬᠣᠭᠣᠯᠠ ᠠ᠋ᠴᠠ ᠨᠢᠭᠡ ᠠᠶᠠᠭ᠎ᠠ ᠢᠳᠡᠭᠦᠯᠵᠡᠢ᠃ ᠳᠣᠷᠵᠢ ᠶ᠋ᠢᠨ ᠪᠡᠶ᠎ᠡ ᠬᠣᠳᠣᠭᠣᠳᠣ ᠠ᠋ᠴᠠ ᠪᠠᠨ ᠡᠬᠢᠯᠡᠨ ᠬᠠᠯᠠᠭᠤᠴᠠᠵᠤ ᠡᠬᠢᠯᠡᠭᠰᠡᠨ ᠢ᠋ᠶ᠋ᠡᠨ ᠬᠤᠷᠤᠭᠤᠨ ᠤ᠋ ᠦᠵᠦᠭᠦᠷ ᠬᠦᠷᠲᠡᠯ᠎ᠡ ᠴᠢᠮᠴᠢᠭᠢᠨᠡᠨ᠂ ᠭᠠᠭᠴᠠᠬᠦ ᠤᠨᠲᠠᠬᠤ ᠠ᠋ᠴᠠ ᠮᠥᠷᠥᠭᠡᠳᠦᠰᠦ ᠪᠣᠯᠪᠠ᠃ ᠬᠣᠢᠰᠢ ᠳ᠋ᠠᠭᠠᠨ ᠶᠠᠭᠤ ᠪᠣᠯᠤᠭᠰᠠᠨ ᠢ᠋ ᠥᠪᠡᠷ ᠢ᠋ᠶ᠋ᠡᠨ ᠦᠯᠦ ᠮᠡᠳᠡᠨ᠎ᠡ᠃
ᠠᠶᠠᠨᠴᠢᠳ ᠰᠢᠭᠤᠷᠭ᠎ᠠ ᠪᠠᠭ᠎ᠠ ᠵᠡᠷᠭᠡ ᠣᠩᠭᠣᠢᠮᠠᠭᠴᠠ ᠮᠠᠢᠬᠠᠨ ᠪᠠᠭᠤᠯᠭᠠᠨ ᠬᠥᠳᠡᠯᠦᠭᠰᠡᠨ ᠪᠥᠭᠡᠳ ᠦᠷ ᠰᠥᠨᠢ ᠶ᠋ᠢᠨ ᠵᠠᠪᠰᠠᠷ ᠢ᠋ᠶ᠋ᠠᠷ ᠵᠣᠭᠰᠣᠨ ᠪᠠᠭᠤᠳᠠᠯᠯᠠᠪᠠ᠃ ᠮᠠᠢᠬᠠᠨ ᠤ᠋ ᠭᠠᠳᠠᠰᠤ ᠬᠥᠯᠳᠡᠭᠦᠦ ᠭᠠᠵᠠᠷ ᠰᠢᠭᠠᠬᠤ ᠳ᠋ᠤ᠌ ᠲᠠᠭ ᠶᠠᠭ ᠳᠤᠤᠭᠠᠷᠴᠤ ᠪᠠᠢᠬᠤ ᠳ᠋ᠤ᠌ ᠳᠣᠷᠵᠢ ᠰᠠᠶᠢ ᠤᠬᠠᠭᠠᠨ ᠣᠷᠣᠪᠠ᠃ ᠬᠡᠳᠦᠨ ᠳᠠᠪᠬᠤᠷ ᠢᠰᠡᠭᠡᠢ ᠳ᠋ᠦ᠍ ᠪᠣᠭᠣᠳᠠᠯ ᠲᠠᠢ᠂ ᠲᠡᠮᠡᠭᠡᠨ ᠦ᠌ ᠨᠢᠷᠤᠭᠤᠨ ᠳᠡᠭᠡᠷ᠎ᠡ ᠲᠡᠭᠡᠭᠡᠭᠳᠡᠨ ᠢᠷᠡᠭᠰᠡᠨ ᠢ᠋ᠶ᠋ᠡᠨ ᠦᠯᠦ ᠮᠡᠳᠡᠨ᠎ᠡ᠃ ᠬᠥᠮᠦᠰ ᠦ᠋ᠨ ᠡᠷᠭᠦᠨ ᠠᠪᠬᠤ ᠳ᠋ᠤ᠌ ᠰᠦᠨᠡᠰᠦ ᠮᠢᠨᠢ ᠡᠷᠯᠢᠭ ᠲᠡᠢᠰᠢ ᠶᠠᠪᠤᠵᠤ ᠪᠠᠢᠭ᠎ᠠ ᠨᠢ ᠡᠨᠡ ᠤᠤ ᠭᠡᠵᠦ ᠪᠣᠳᠣᠪᠠ᠃ ᠮᠠᠢᠬᠠᠨ ᠳ᠋ᠤ᠌ ᠣᠷᠣᠭᠤᠯᠤᠨ ᠢᠰᠡᠭᠡᠢ ᠣᠷᠢᠶᠠᠯᠲᠠ ᠠ᠋ᠴᠠ ᠭᠠᠷᠭᠠᠬᠤ ᠳ᠋ᠤ᠌ ᠠᠮᠢ ᠠᠪᠤᠷᠠᠭᠳᠠᠭᠰᠠᠨ ᠢ᠋ᠶ᠋ᠠᠨ ᠮᠡᠳᠡᠪᠡ᠃ ᠡᠢᠨᠬᠦ ᠳᠣᠷᠵᠢ ᠲᠣᠬᠢᠶᠠᠯᠳᠤᠭᠰᠠᠨ ᠠᠶᠤᠯ ᠪᠦᠬᠦᠨ ᠢ᠋ ᠳᠠᠪᠠᠨ ᠲᠤᠭᠤᠯᠤᠭᠰᠠᠨ ᠢ᠋ᠶ᠋ᠠᠷ ᠢ᠋ᠶ᠋ᠠᠨ ᠠᠮᠢᠳᠤ ᠶᠠᠪᠤᠬᠤ ᠬᠤᠪᠢ ᠵᠠᠶᠠᠭ᠎ᠠ ᠲᠠᠢ ᠪᠠᠢᠯ᠎ᠠ᠃
ᠦᠰᠦᠭ ᠠᠮᠢᠯᠠᠭᠤᠯᠤᠭᠴᠢ᠄ ᠲᠡᠭᠷᠢ ᠡᠵᠢ
