ᠰᠣᠯᠣᠩᠭ᠎ᠠ ᠶ᠋ᠢᠨ ᠮᠢᠬ᠎ᠠSolongyn makhСолонгын мах

ᠰᠣᠯᠣᠩᠭ᠎ᠠ ᠶ᠋ᠢᠨ ᠮᠢᠬ᠎ᠠ
ᠲᠤᠰ ᠡᠮ ᠪᠣᠯ ᠬᠦᠷᠡᠨ᠎ᠡ ᠶ᠋ᠢᠨ ᠢᠵᠠᠭᠤᠷ ᠤ᠋ᠨ ᠠᠮᠢᠲᠠᠨ ᠪᠣᠯᠬᠤ ᠰᠢᠷ᠎ᠠ ᠦᠨ᠎ᠡ ᠶ᠋ᠢᠨ ᠬᠠᠲᠠᠭᠠᠭᠰᠠᠨ ᠮᠢᠬ᠎ᠠ ᠮᠥᠨ᠃
[ ᠤᠤᠯ ᠠᠮᠢᠲᠠᠨ] ᠪᠡᠶ᠎ᠡ ᠨᠢ ᠨᠠᠷᠢᠨ ᠤᠷᠲᠤ᠂ ᠳᠥᠷᠪᠡᠨ ᠮᠥᠴᠢ ᠨᠢ ᠣᠬᠣᠷ᠂ ᠰᠡᠭᠦᠯ ᠨᠢ13—18cm ᠤᠷᠲᠤ᠂ ᠪᠠᠭᠠᠬᠠᠨ ᠰᠠᠭᠯᠠᠭᠠᠷ᠂ ᠬᠥᠯ ᠦ᠋ᠨ ᠦᠰᠦ ᠨᠢ ᠤᠷᠲᠤ ᠮᠥᠷᠲᠡᠭᠡᠨ ᠰᠢᠷᠦᠭᠦᠨ᠃ ᠡᠷ᠎ᠡ ᠰᠢᠷ᠎ᠠ ᠦᠨ᠎ᠡ ᠶ᠋ᠢᠨ ᠪᠡᠶ᠎ᠡ ᠨᠢ ᠵᠢᠭᠠᠬᠠᠨ ᠲᠣᠮᠣ᠂ ᠪᠡᠶ᠎ᠡ ᠶ᠋ᠢᠨ ᠬᠦᠨᠳᠦ ᠨᠢ1Kg ᠣᠷᠴᠢᠮ᠂ ᠡᠮ᠎ᠡ ᠨᠢ ᠪᠠᠭ᠎ᠠ ᠪᠥᠭᠡᠳ ᠬᠦᠨᠳᠦ ᠨᠢ ᠡᠷ᠎ᠡ ᠶ᠋ᠢᠨ ᠢ᠋ᠶ᠋ᠡᠨ1/3 ᠣᠷᠴᠢᠮ᠃ ᠪᠡᠶ᠎ᠡ ᠶ᠋ᠢᠨ ᠤᠷᠲᠤ ᠨᠢ25—39cm ᠣᠷᠴᠢᠮ᠃ ᠪᠦᠬᠦ ᠪᠡᠶ᠎ᠡ ᠨᠢ ᠤᠯᠠᠪᠢᠷ ᠰᠢᠷ᠎ᠠ ᠪᠤᠶᠤ ᠵᠦᠷᠵᠢ ᠶ᠋ᠢᠨ ᠰᠢᠷ᠎ᠠ ᠥᠩᠭᠡ ᠲᠡᠢ᠂ ᠬᠡᠪᠡᠯᠢ ᠲᠠᠯ᠎ᠠ ᠶ᠋ᠢᠨ ᠥᠩᠭᠡ ᠨᠢ ᠵᠢᠭᠠᠬᠠᠨ ᠭᠦᠢᠬᠡᠨ᠃ ᠬᠣᠩᠰᠢᠶᠠᠷ ᠤ᠋ᠨ ᠦᠵᠦᠭᠦᠷ᠂ ᠨᠢᠳᠦᠨ ᠦ᠌ ᠣᠷᠴᠢᠨ ᠲᠣᠭᠣᠷᠢᠨ ᠪᠠ ᠬᠣᠶᠠᠷ ᠨᠢᠳᠦᠨ ᠦ᠌ ᠬᠣᠭᠣᠷᠣᠨᠳᠣᠬᠢ ᠬᠠᠴᠠᠷ ᠤ᠋ᠨ ᠬᠡᠰᠡᠭ ᠨᠢ ᠤᠯᠠᠪᠢᠷ ᠬᠦᠷᠡᠩ᠃ ᠮᠠᠩᠨᠠᠢ ᠶ᠋ᠢᠨ ᠬᠡᠰᠡᠭ ᠨᠢ ᠭᠦᠢᠬᠡᠨ ᠤᠯᠠᠪᠤᠷ᠃ ᠳᠣᠣᠷᠠᠲᠤ ᠤᠷᠤᠭᠤᠯ ᠨᠢ ᠵᠠᠷᠢᠮ ᠳ᠋ᠠᠭᠠᠨ ᠡᠷᠡᠦ ᠲᠡᠢ ᠪᠡᠨ ᠴᠥᠮ ᠴᠠᠭᠠᠨ᠃ ᠬᠠᠮᠠᠷ ᠨᠢ ᠴᠠᠭᠠᠨ᠂ ᠰᠡᠭᠦᠯ ᠪᠠ ᠳᠥᠷᠪᠡᠨ ᠮᠥᠴᠢ ᠨᠢ ᠠᠷᠤ ᠲᠠᠯ᠎ᠠ ᠲᠠᠢ ᠪᠠᠨ ᠠᠳᠠᠯᠢᠬᠠᠨ ᠥᠩᠭᠡ ᠲᠡᠢ᠃ ᠵᠤᠨ ᠤ᠋ ᠦᠰᠦ ᠨᠢ ᠶᠡᠷᠦ ᠳ᠋ᠡᠭᠡᠨ ᠪᠦᠳᠡᠭᠢ ᠤᠯᠠᠪᠤᠷ ᠬᠦᠷᠡᠩ ᠪᠤᠶᠤ ᠬᠦᠷᠡᠩ ᠥᠩᠭᠡ ᠲᠡᠢ᠂ ᠶᠡᠷᠦ ᠳ᠋ᠡᠭᠡᠨ ᠡᠪᠦᠯ ᠦ᠋ᠨ ᠦᠰᠦ ᠨᠢ ᠭᠦᠢᠬᠡᠨ ᠥᠩᠭᠡ ᠲᠡᠢ ᠪᠥᠭᠡᠳ ᠭᠢᠯᠠᠭᠠᠷ ᠪᠠᠢᠳᠠᠭ᠃
[ ᠠᠮᠢᠳᠤᠷᠠᠬᠤ ᠣᠷᠴᠢᠨ ᠬᠢᠭᠡᠳ ᠲᠠᠷᠬᠠᠴᠠ] ᠭᠣᠣ ᠰᠤᠪᠠᠭ᠂ ᠡᠪᠳᠡᠷᠬᠡᠢ ᠪᠠᠷᠢᠯᠭ᠎ᠠ᠂ ᠳᠣᠪᠣᠴᠠᠭ᠂ ᠪᠤᠲᠠ ᠰᠥᠭᠡᠭ ᠳᠤᠮᠳᠠ ᠠᠮᠢᠳᠤᠷᠠᠳᠠᠭ᠃ ᠪᠦᠬᠦ ᠤᠯᠤᠰ ᠤ᠋ᠨ ᠬᠡᠪᠴᠢᠶᠡᠨ ᠳ᠋ᠦ᠍ ᠪᠠᠷᠤᠭ ᠨᠡᠢᠳᠡᠮ ᠲᠠᠷᠬᠠᠴᠠ ᠲᠠᠢ᠃
[ ᠡᠳ᠋ᠰᠢᠭᠦᠯᠦᠨ ᠪᠣᠯᠪᠠᠰᠤᠷᠠᠭᠤᠯᠬᠤ] ᠳᠥᠷᠪᠡᠨ ᠤᠯᠠᠷᠢᠯ ᠳ᠋ᠤ᠌ ᠠᠩᠨᠠᠵᠤ ᠠᠯᠠᠭᠰᠠᠨ ᠤ᠋ ᠰᠡᠭᠦᠯᠡᠷ ᠮᠢᠬ᠎ᠠ ᠶ᠋ᠢ ᠨᠢ ᠠᠪᠴᠤ᠂ ᠪᠣᠷᠴᠠᠯᠠᠭᠠᠳ ᠨᠠᠷᠠᠨ ᠳ᠋ᠤ᠌ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠠᠮᠲᠠᠯᠢᠭ ᠠᠮᠲᠠ ᠲᠠᠢ᠂ ᠪᠦᠯᠢᠶᠡᠨ ᠴᠢᠨᠠᠷ ᠲᠠᠢ᠃
[ ᠴᠢᠳᠠᠯ ᠪᠠ ᠭᠣᠣᠯᠳᠠᠭᠤ ᠵᠠᠰᠠᠬᠤ] ᠬᠣᠣᠷ ᠢ᠋ ᠲᠠᠢᠯᠬᠤ᠂ ᠰᠢᠷ᠎ᠠ ᠤᠰᠤ ᠶ᠋ᠢ ᠬᠠᠲᠠᠭᠠᠬᠤ ᠴᠢᠳᠠᠯ ᠲᠠᠢ᠃ ᠰᠢᠵᠢᠩᠲᠦᠬᠦ᠂ ᠰᠢᠭᠡᠰᠦ ᠠᠯᠳᠠᠬᠤ᠂ ᠰᠢᠷ᠎ᠠ ᠤᠰᠤᠨ ᠡᠪᠡᠳᠴᠢᠨ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ ᠄ 黄鼬肉 (黄鼬)
ᠠᠩᠭ᠌ᠯᠢ ᠨᠡᠷ᠎ᠡ ᠄Mustela sibirica Pall.
ᠦᠰᠦᠭ ᠠᠮᠢᠯᠠᠭᠤᠯᠤᠭᠴᠢ᠄ ᠤᠷᠠᠨᠴᠢᠮᠡᠭ
ᠬᠢᠨᠠᠭᠴᠢ᠄ ᠲᠤᠶᠠᠭ᠎ᠠ ᠤᠷᠠᠨᠴᠢᠮᠡᠭ
