ᠮᠣᠩᠭᠣᠯᠴᠤᠳ ᠮᠢᠨᠢ ᠡᠳᠦᠷ ᠪᠣᠯᠭᠠᠨ ᠮᠣᠩᠭᠣᠯ ᠦᠰᠦᠭ ᠪᠢᠴᠢᠭ ᠢ᠋ᠶ᠋ᠡᠨ ᠪᠢᠴᠢᠵᠦ ᠪᠠᠢᠶ᠎ᠠМонголчууд минь өдөр болгон монгол үсэг бичгээ бичиж байя
ᠮᠣᠩᠭᠣᠯᠴᠤᠳ ᠮᠢᠨᠢ ᠡᠳᠦᠷ ᠪᠣᠯᠭᠠᠨ ᠮᠣᠩᠭᠣᠯ ᠦᠰᠦᠭ ᠪᠢᠴᠢᠭ ᠢ᠋ᠶ᠋ᠡᠨ ᠪᠢᠴᠢᠵᠦ ᠪᠠᠢᠶ᠎ᠠ
1. ᠰᠢᠵᠢᠷᠮᠠᠨᠲᠤᠯ᠎ᠠ
ᠵᠣᠷᠢᠭ ᠦᠭᠡᠢ ᠬᠥᠮᠦᠨ ᠳ᠋ᠦ᠍ ᠵᠠᠮ ᠬᠣᠯᠠ
ᠰᠦᠰᠦᠭ ᠦᠭᠡᠢ ᠬᠥᠮᠦᠨ ᠳ᠋ᠦ᠍ ᠪᠤᠷᠬᠠᠨ ᠬᠣᠯᠠ
ᠪᠣᠷᠪᠢ ᠶ᠋ᠢᠨ ᠮᠢᠬ᠎ᠠ ᠪᠠᠨ ᠪᠣᠯᠭᠣᠵᠤ ᠢᠳᠡᠮᠡᠷ
ᠰᠢᠨᠳᠠᠰᠤ ᠶ᠋ᠢᠨ ᠮᠢᠬ᠎ᠠ ᠪᠠᠨ ᠰᠢᠷᠠᠵᠤ ᠢᠳᠡᠮᠡᠷ
ᠲᠡᠮᠡᠭᠡᠨ ᠠᠴᠢᠶᠠᠨ ᠳ᠋ᠤ᠌ ᠲᠠᠤᠯᠠᠢ ᠬᠦᠨᠳᠦᠳᠡᠬᠦ ᠦᠭᠡᠢ᠃
2. ᠡᠣᠶᠤᠨ
ᠡᠮᠦᠰᠦᠭᠰᠡᠨ ᠬᠤᠪᠴᠠᠰᠤ ᠪᠠᠨ ᠲᠠᠢᠯᠤᠭᠠᠳ ᠡᠪᠬᠡᠵᠦ ᠰᠤᠷ
ᠤᠨᠲᠠᠭᠰᠠᠨ ᠣᠷᠣ ᠪᠠᠨ ᠬᠤᠷᠢᠶ᠎ᠠ᠂ ᠤᠤᠭᠤᠵᠤ ᠢᠳᠡᠭᠰᠡᠨ ᠪᠣᠯ ᠴᠡᠪᠡᠷᠯᠡ᠂
ᠤᠨᠠᠭᠠᠭᠰᠠᠨ ᠪᠣᠯ ᠠᠪ᠂ ᠠᠰᠬᠠᠭᠰᠠᠨ ᠪᠣᠯ ᠠᠷᠴᠢ
ᠪᠠᠢᠭᠰᠠᠨ ᠶᠠᠭᠤᠮ᠎ᠠ ᠪᠠᠢᠷᠢᠨ ᠳ᠋ᠤ᠌ ᠪᠠᠨ ᠪᠠᠢᠬᠤ ᠨᠢ ᠶᠣᠰᠣ
ᠭᠡᠷ ᠪᠦᠯᠢ ᠪᠣᠯ ᠬᠠᠢᠷ᠎ᠠ᠂ ᠡᠨᠡᠷᠢᠯ᠂ ᠢᠲᠡᠭᠡᠯ ᠡᠳᠡᠭᠡᠷ ᠳᠢᠭᠯᠢᠮ ᠪᠣᠯ
ᠨᠢᠭᠡ ᠠᠢᠯ ᠡᠷᠦᠬᠡ ᠳ᠋ᠦ᠍ ᠪᠠᠢᠭ᠎ᠠ ᠲᠣᠮᠣ ᠪᠠᠭ᠎ᠠ ᠬᠥᠮᠦᠨ
ᠪᠦᠬᠦᠨ ᠢ᠋ᠶ᠋ᠡᠷ ᠢ᠋ᠶ᠋ᠡᠨ ᠠᠩᠬᠠᠷᠬᠤ ᠴᠢᠬᠤᠯᠲᠠᠢ ᠵᠦᠢᠯᠡᠰ ᠪᠣᠯᠤᠨ᠎ᠠ
ᠡᠵᠢ ᠶ᠋ᠢ ᠪᠡᠨ ᠪᠢ ᠵᠢᠷᠤᠴᠢᠬᠠᠯᠠ᠂
ᠬᠠᠷᠢᠨ ᠨᠠᠳᠠ ᠳ᠋ᠤ᠌ ᠬᠠᠢᠷᠠᠲᠠᠢ ᠶ᠋ᠢ ᠨᠢ ᠶᠠᠭᠠᠬᠢᠵᠤ ᠵᠢᠷᠤᠬᠤ ᠪᠢᠯᠡ᠂᠂᠂᠂᠂᠂᠂᠂᠂
— ᠶ᠋ᠢ᠂ ᠳᠠᠰᠢᠳᠤᠨᠳᠤᠭ
3. ᠨᠤᠮᠤᠴᠢᠨ ᠪᠢᠯᠢᠭ
ᠦᠷᠢᠶ᠎ᠡ ᠮᠣᠷᠢ ᠪᠠᠨ ᠤᠨᠤᠵᠤ ᠰᠤᠷᠭ᠎ᠠ ᠂ᠥᠰᠪᠥᠷᠢ ᠬᠡᠦᠬᠡᠳ ᠢ᠋ᠶ᠋ᠡᠨ ᠬᠥᠮᠦᠵᠢᠭᠦᠯᠵᠦ ᠰᠤᠷᠭ᠎ᠠ᠃
4. ᠳᠠᠯᠠᠨᠲᠠᠢ
ᠤᠭ ᠲᠤ᠌ ᠬᠥᠮᠦᠨ ᠦ᠌ ᠦᠷ᠎ᠡ᠂ ᠤᠳᠤᠮᠲᠤ ᠭᠡᠭᠦᠦ ᠶ᠋ᠢᠨ ᠤᠨᠠᠭ᠎ᠠ᠃
5. ᠰᠢᠵᠢᠷᠮᠠᠨᠲᠤᠯ᠎ᠠ
ᠵᠢᠪᠠᠷ ᠨᠡᠪᠲᠡᠷᠡᠬᠦ ᠦᠭᠡᠢ ᠬᠡᠷᠡᠮ ᠭᠡᠵᠦ ᠦᠭᠡᠢ
ᠵᠢᠪᠳᠡᠷᠡᠭᠡ ᠭᠠᠷᠬᠤ ᠦᠭᠡᠢ ᠬᠡᠷᠡᠭ ᠭᠡᠵᠦ ᠦᠭᠡᠢ
ᠲᠠᠭᠠᠷᠠᠬᠤ ᠦᠭᠡᠢ ᠪᠣᠯᠪᠠᠴᠤ ᠳᠠᠬᠤ ᠲᠠᠢ ᠶᠠᠪᠤ
ᠳᠠᠷᠤᠭᠠᠰᠤ ᠲᠠᠢ ᠪᠣᠯᠪᠠᠴᠤ ᠬᠦᠨᠡᠰᠦ ᠲᠡᠢ ᠶᠠᠪᠤ
ᠶᠣᠰᠣ ᠮᠡᠳᠡᠬᠦ ᠦᠭᠡᠢ ᠬᠥᠮᠦᠨ ᠳ᠋ᠦ᠍ ᠶᠣᠷᠣ ᠪᠣᠯᠬᠤ ᠦᠭᠡᠢ᠃
6. ᠡᠣᠶᠤᠨ
ᠮᠦᠰᠢᠶᠡᠭᠡᠳ ᠯᠡ ᠪᠠᠢ ᠥᠴᠥᠭᠡᠳᠦᠷ ᠪᠦᠬᠦᠨ ᠦᠨᠡᠲᠡᠢ
ᠠᠭᠤᠴᠢᠯᠠᠭᠠᠳ ᠯᠠ ᠥᠩᠭᠡᠷᠡ ᠥᠨᠥᠳᠥᠷ ᠪᠦᠬᠦᠨ ᠭᠠᠭᠴᠠ ᠪᠠᠢᠳᠠᠭ᠃
ᠢᠨᠢᠶᠡᠭᠡᠳ ᠯᠡ ᠮᠠᠷᠲᠠ ᠮᠠᠷᠭᠠᠰᠢ ᠪᠦᠬᠦᠨ ᠥᠩᠭᠡᠯᠢᠭ ᠪᠠᠢᠳᠠᠭ᠃
7. ᠰᠢᠵᠢᠷᠮᠠᠨᠲᠤᠯ᠎ᠠ
ᠵᠦᠢᠷ ᠰᠡᠴᠡᠨ ᠦᠭᠡ᠄
ᠨᠣᠭᠲᠣ ᠲᠠᠨᠢᠬᠤ ᠦᠭᠡᠢ ᠮᠣᠷᠢ ᠲᠣᠭᠰᠢᠨ
ᠨᠣᠮ ᠮᠡᠳᠡᠬᠦ ᠦᠭᠡᠢ ᠬᠥᠮᠦᠨ ᠬᠡᠷᠡᠭᠦᠯᠴᠢ
ᠮᠥᠰᠥᠨ ᠳᠡᠭᠡᠷ᠎ᠡ ᠶᠠᠪᠤᠬᠤ ᠬᠥᠮᠦᠨ ᠳᠤᠬᠤ ᠪᠠᠨ
ᠮᠥᠩᠭᠥᠨ ᠳᠡᠭᠡᠷ᠎ᠡ ᠶᠠᠪᠤᠬᠤ ᠬᠥᠮᠦᠨ ᠠᠮᠢ ᠪᠠᠨ
ᠰᠠᠯᠬᠢᠨ ᠤ᠋ ᠠᠶ᠎ᠠ ᠪᠠᠷ ᠣᠩᠭᠣᠴᠠ ᠰᠡᠯᠢᠬᠦ᠃
8. ᠰᠢᠵᠢᠷᠮᠠᠨᠲᠤᠯ᠎ᠠ
ᠭᠡᠷ ᠲᠡᠭᠡᠨ ᠰᠠᠭᠤᠭᠰᠠᠨ ᠮᠡᠷᠭᠡᠨ ᠡᠴᠡ
ᠬᠡᠰᠦᠵᠦ ᠶᠠᠪᠤᠭᠰᠠᠨ ᠮᠤᠩᠬᠠᠭ ᠳᠡᠭᠡᠷ᠎ᠡ
ᠴᠠᠰᠤ ᠪᠠᠷ ᠬᠥᠮᠦᠨ ᠢ᠋ ᠪᠤᠯᠠᠵᠤ ᠴᠢᠳᠠᠬᠤ ᠦᠭᠡᠢ
ᠴᠠᠭᠠᠰᠤ ᠪᠠᠷ ᠭᠠᠯ ᠢ᠋ ᠪᠠᠭᠯᠠᠵᠤ ᠳᠡᠢᠯᠬᠦ ᠦᠭᠡᠢ
ᠪᠤᠷᠬᠠᠨ ᠲᠩᠷᠢ ᠪᠣᠯᠪᠠᠴᠤ ᠪᠠᠯᠢᠩ ᠲᠠᠬᠢᠯ ᠳ᠋ᠤ᠌ ᠳᠤᠷᠠᠲᠠᠢ᠃
ᠬᠦᠨᠳᠦ ᠶ᠋ᠢ ᠡᠷᠭᠦᠬᠦ ᠳ᠋ᠦ᠍ ᠬᠥᠰᠢᠭᠦᠷᠬᠡ ᠬᠡᠷᠡᠭᠲᠡᠢ
ᠬᠦᠰᠡᠯ ᠢ᠋ ᠪᠡᠶᠡᠯᠡᠭᠦᠯᠬᠦ ᠳ᠋ᠦ᠍ ᠵᠣᠷᠢᠭ ᠬᠡᠷᠡᠭᠲᠡᠢ
ᠰᠠᠨᠠᠭᠰᠠᠨ ᠬᠥᠮᠦᠨ ᠦ᠌ ᠰᠡᠳᠬᠢᠯ ᠨᠢᠭᠡ
ᠰᠠᠭᠠᠳᠠᠭ ᠨᠤᠮᠤ ᠶ᠋ᠢᠨ ᠬᠥᠪᠴᠢ ᠨᠢ ᠨᠢᠭᠡ
ᠢᠳᠡᠭᠰᠡᠨ ᠡᠷᠡᠦ ᠬᠤᠪᠠᠬᠠᠢᠷᠠᠵᠤ
ᠢᠳᠡᠭᠳᠡᠭᠰᠡᠨ ᠳᠣᠪᠣ ᠨᠣᠭᠣᠭᠠᠷᠠᠬᠤ
ᠣᠯᠠᠨ ᠢ᠋ᠶ᠋ᠠᠨ ᠳᠠᠭᠠᠪᠠᠯ ᠣᠰᠣᠯᠳᠠᠬᠤ ᠦᠭᠡᠢ
ᠲᠦᠮᠡᠨ ᠢ᠋ᠶ᠋ᠡᠨ ᠳᠠᠭᠠᠪᠠᠯ ᠲᠠᠰᠢᠶᠠᠷᠠᠬᠤ ᠦᠭᠡᠢ
ᠵᠣᠪᠠᠬᠤ ᠴᠠᠭ ᠲᠤ᠌ ᠵᠠᠶᠠᠭ᠎ᠠ ᠪᠠᠨ ᠬᠠᠮᠲᠤᠳᠬᠠ
ᠵᠢᠷᠭᠠᠬᠤ ᠴᠠᠭ ᠲᠤ᠌ ᠰᠠᠨᠠᠭ᠎ᠠ ᠪᠠᠨ ᠨᠢᠭᠡᠳᠭᠡ
ᠥᠭᠡᠳᠡᠯᠡᠬᠦ ᠠᠢᠯ ᠤ᠋ᠨ ᠦᠭᠡ ᠨᠢ ᠨᠢᠭᠡ
ᠥᠰᠬᠦ ᠮᠠᠯ ᠤ᠋ᠨ ᠵᠢᠰᠦᠮ ᠨᠢ ᠨᠢᠭᠡ᠃
9. ᠣ ᠂ ᠡᠣᠶᠤᠨ
ᠬᠥᠨᠵᠢᠯᠡ ᠶ᠋ᠢᠨ ᠢ᠋ᠶ᠋ᠡᠨ ᠬᠢᠷᠢ ᠪᠡᠷ ᠵᠢᠭᠢ᠂ ᠬᠦᠯᠦᠭ ᠦ᠋ᠨ ᠢ᠋ᠶ᠋ᠡᠨ ᠬᠢᠷᠢ ᠪᠡᠷ ᠤᠷᠤᠯᠳᠤ᠃
10. ᠡᠣᠶᠤᠨ
ᠠᠪᠤ ᠶ᠋ᠢ ᠪᠠᠢᠬᠤ ᠳ᠋ᠤ᠌ ᠠᠵᠢᠯ ᠰᠤᠷ
ᠡᠵᠢ ᠶ᠋ᠢ ᠪᠠᠢᠬᠤ ᠳ᠋ᠤ᠌ ᠡᠷᠳᠡᠮ ᠰᠤᠷ
11. ᠵᠢᠷᠠᠨᠲᠠᠢ
ᠬᠦᠨᠳᠦ ᠶ᠋ᠢ ᠬᠥᠩᠭᠡᠨ ᠡᠴᠡ ᠨᠢ ᠂ ᠬᠦᠯᠦᠭ ᠢ᠋ ᠤᠨᠠᠭᠠᠨ ᠠ᠋ᠴᠠ ᠨᠢ᠃
12. ᠰᠢᠵᠢᠷᠮᠠᠨᠲᠤᠯ᠎ᠠ
ᠮᠣᠩᠭᠣᠯ ᠦᠭᠡ ᠪᠡᠨ ᠪᠢ ᠰᠢᠲᠦᠵᠦ ᠢᠷᠡᠭᠰᠡᠨ ᠡᠴᠡ
ᠮᠣᠷᠢᠲᠠᠨ ᠦᠨᠳᠦᠰᠦᠲᠡᠨ ᠢ᠋ᠶ᠋ᠡᠨ ᠪᠢ ᠳᠠᠭᠤᠯᠠᠵᠤ ᠶᠠᠪᠤᠨ᠎ᠠ
ᠮᠣᠩᠭᠣᠯ ᠲᠡᠷᠯᠢᠭ ᠢ᠋ᠶ᠋ᠡᠨ ᠪᠢ ᠡᠮᠦᠰᠴᠦ ᠭᠣᠶᠣᠯᠠᠭᠰᠠᠨᠠ᠋ᠴᠠ
ᠮᠣᠩᠭᠣᠯ ᠦᠨᠳᠦᠰᠦᠲᠡᠨ ᠢ᠋ᠶ᠋ᠡᠨ ᠪᠢ ᠬᠠᠢᠷᠠᠯᠠᠵᠤ ᠶᠠᠪᠤᠨ᠎ᠠ
ᠮᠣᠩᠭᠣᠯᠴᠤᠳ ᠮᠢᠨᠢ ᠮᠣᠷᠢ ᠮᠢᠨᠢ ᠪᠠᠢᠬᠤ ᠳ᠋ᠤ᠌ ᠳᠡᠯᠡᠬᠡᠢ ᠵᠢᠷᠭᠠᠯᠲᠠᠢ᠃
ᠮᠣᠩᠭᠣᠯ ᠭᠡᠷ ᠲᠡᠭᠡᠨ ᠪᠢ ᠥᠰᠴᠦ ᠲᠥᠷᠥᠭᠰᠡᠨ ᠡᠴᠡ
ᠮᠠᠯᠵᠢᠬᠤ ᠣᠷᠣᠨ ᠢ᠋ᠶ᠋ᠠᠨ ᠪᠢ ᠰᠠᠨᠠᠵᠤ ᠶᠠᠪᠤᠨ᠎ᠠ
ᠮᠣᠩᠭᠣᠯ ᠰᠣᠶᠣᠯ ᠢ᠋ᠶ᠋ᠠᠨ ᠪᠢ ᠳᠡᠭᠡᠳᠦᠯᠡᠵᠦ ᠪᠠᠢᠭᠰᠠᠨᠠ᠋ᠴᠠ
ᠮᠣᠩᠭᠣᠯ ᠠᠮᠢᠳᠤᠷᠠᠯ ᠢ᠋ᠶ᠋ᠠᠷ ᠢ᠋ᠶ᠋ᠠᠨ ᠪᠠᠬᠠᠷᠬᠠᠨ᠎ᠠ
ᠮᠣᠩᠭᠣᠯᠴᠤᠳ ᠮᠢᠨᠢ ᠮᠣᠷᠢ ᠮᠢᠨᠢ ᠪᠠᠢᠬᠤ ᠳ᠋ᠤ᠌ ᠳᠡᠯᠡᠬᠡᠢ ᠵᠢᠷᠭᠠᠯᠲᠠᠢ᠃
13. ᠡᠣᠶᠤᠨ
ᠰᠦ ᠰᠢᠭ ᠰᠡᠳᠬᠢᠯ ᠲᠡᠢ ᠬᠥᠮᠦᠰ ᠦ᠋ᠨ ᠮᠢᠨᠢ
ᠰᠠᠨᠠᠭᠰᠠᠨ ᠪᠦᠬᠦᠨ ᠨᠢ ᠥᠭᠡᠳᠡ ᠪᠡᠨ ᠪᠠᠢᠭᠠᠰᠠᠢ
ᠠᠮᠢᠳᠤᠷᠠᠯ ᠳᠤᠮᠳᠠ ᠰᠡᠳᠬᠢᠯ ᠢᠲᠡᠭᠡᠯ ᠢ᠋ᠶ᠋ᠡᠷ ᠲᠤᠰᠠᠯᠠᠵᠤ
ᠳᠡᠮᠵᠢᠵᠦ ᠢᠷᠡᠭᠰᠡᠨ ᠪᠦᠬᠦᠢᠯᠡ ᠬᠥᠮᠦᠰ ᠲᠡᠭᠡᠨ ᠪᠠᠶᠠᠷᠯᠠᠯ᠎ᠠ᠃
14. ᠨᠠᠷᠠᠩᠭᠤᠸ᠎ᠠ᠂
ᠮᠣᠷᠢᠨ ᠤ᠋ ᠰᠠᠢᠨ ᠢ᠋ ᠤᠨᠤᠨ ᠪᠠᠢᠵᠤ ᠲᠠᠨᠢᠨ᠎ᠠ᠂ ᠬᠥᠮᠦᠨ ᠦ᠌ ᠰᠠᠢᠨ ᠢ᠋ ᠬᠠᠨᠢᠯᠠᠨ ᠪᠠᠢᠵᠤ ᠮᠡᠳᠡᠨ᠎ᠡ᠃
15. ᠡᠣᠶᠤᠨ
ᠭᠤᠷᠪᠠᠨ ᠠᠷᠢᠭᠤᠨ
ᠡᠨᠡᠷᠢᠯᠲᠦ ᠡᠵᠢ ᠶ᠋ᠢᠨ ᠰᠦ ᠨᠢᠭᠡ ᠠᠷᠢᠭᠤᠨ
ᠡᠴᠢᠭᠡ ᠡᠬᠡ ᠶ᠋ᠢᠨ ᠰᠡᠳᠬᠢᠯ ᠨᠢᠭᠡ ᠠᠷᠢᠭᠤᠨ
ᠡᠷᠳᠡᠮᠲᠦ ᠪᠠᠭᠰᠢ ᠶ᠋ᠢᠨ ᠰᠤᠷᠭᠠᠯ ᠨᠢᠭᠡ ᠠᠷᠢᠭᠤᠨ
16. ᠰᠢᠵᠢᠷᠮᠠᠨᠲᠤᠯ᠎ᠠ
ᠡᠴᠢᠭᠡ ᠪᠡᠨ ᠬᠦᠨᠳᠦᠯᠡᠵᠦ ᠡᠬᠡ ᠪᠡᠨ ᠠᠴᠢᠯᠠᠵᠤ
ᠡᠷᠬᠡ ᠶ᠋ᠢ ᠴᠡᠭᠡᠷᠯᠡᠨ ᠡᠷᠳᠡᠮ ᠳ᠋ᠦ᠍ ᠬᠢᠴᠢᠶᠡᠵᠦ ᠪᠡᠶ᠎ᠡ ᠪᠡᠨ ᠵᠠᠰᠠᠭᠲᠤᠨ
ᠠᠬᠠᠰ ᠥᠲᠡᠭᠦᠰ ᠢ᠋ ᠳᠡᠭᠡᠳᠦᠯᠡᠨ ᠬᠦᠨᠳᠦᠯᠡᠭᠲᠦᠨ
ᠢᠳᠬᠠᠨ ᠰᠤᠷᠭᠠᠭᠰᠠᠨ ᠢ᠋ ᠶᠣᠰᠣᠴᠢᠯᠠᠨ ᠳᠠᠭᠠᠭᠲᠤᠨ᠃
17. ᠡᠣᠶᠤᠨ
ᠪᠣᠷᠣ ᠭᠡᠷ ᠲᠦ᠍ ᠠᠮᠢᠳᠤᠷᠠᠯ᠎ᠠ ᠭᠡᠳ ᠬᠠᠯᠲᠠᠷ ᠪᠣᠯᠴᠢᠬᠠᠬᠤ ᠦᠭᠡᠢ
ᠪᠣᠷᠣ ᠠᠵᠢᠯ ᠬᠢᠯ᠎ᠡ ᠭᠡᠳ ᠪᠣᠭᠣᠯ ᠪᠣᠯᠴᠢᠬᠠᠬᠤ ᠦᠭᠡᠢ
ᠡᠭᠡᠯ ᠠᠮᠢᠳᠤᠷᠠᠯ ᠰᠠᠢᠬᠠᠨ ᠰᠢᠦ!
18. ᠰᠢᠵᠢᠷᠮᠠᠨᠲᠤᠯ᠎ᠠ
ᠡᠷᠳᠡᠨᠢᠲᠦ ᠬᠥᠮᠦᠨ ᠦ᠌ ᠪᠡᠶ᠎ᠡ ᠶ᠋ᠢ ᠣᠯᠤᠭᠰᠠᠨ ᠲᠤᠯᠠ
ᠡᠷᠬᠢᠮ ᠶᠣᠰᠣᠨ ᠢ᠋ ᠮᠡᠳᠡᠵᠦ ᠪᠡᠶ᠎ᠡ ᠪᠡᠨ ᠵᠠᠰᠠᠬᠤ ᠶ᠋ᠢ ᠬᠢᠴᠢᠶᠡ
ᠪᠡᠶ᠎ᠡ ᠪᠡᠨ ᠵᠠᠰᠠᠬᠤᠢ ᠶᠣᠰᠣᠨ ᠢ᠋ ᠪᠢᠯᠢᠭ ᠰᠤᠷᠭᠠᠯᠠ᠋ᠴᠠ ᠰᠤᠷᠤᠮᠤᠢ
ᠪᠡᠶ᠎ᠡ ᠪᠡᠨ ᠵᠠᠰᠠᠬᠤᠢ ᠡᠷᠳᠡᠮ ᠢ᠋ ᠰᠤᠷᠬᠤ ᠳᠠᠳᠬᠤ ᠪᠠᠷ ᠣᠯᠤᠮᠤᠢ᠃
19. ᠰᠢᠵᠢᠷᠮᠠᠨᠲᠤᠯ᠎ᠠ
ᠰᠤᠷᠤᠭᠰᠠᠨ ᠡᠷᠳᠡᠮ ᠢ᠋ᠶ᠋ᠡᠨ ᠰᠡᠯᠪᠢᠨ ᠶᠠᠪᠤ
ᠰᠤᠷᠤᠭ᠎ᠠ ᠦᠭᠡᠢ ᠡᠷᠳᠡᠮ ᠢ᠋ᠶ᠋ᠡᠨ ᠰᠢᠮᠳᠠᠨ ᠰᠤᠷ
ᠰᠤᠷᠤᠭᠰᠠᠨ ᠮᠠᠭᠤ ᠵᠠᠩ ᠢ᠋ᠶ᠋ᠠᠨ ᠦᠳᠲᠡᠷ ᠣᠷᠭᠢ
ᠰᠤᠤ ᠪᠢᠯᠢᠭᠲᠦ ᠶ᠋ᠢ ᠬᠦᠨᠳᠦᠯᠡᠨ ᠳᠠᠭ᠎ᠠ
ᠥᠪᠡᠷ ᠦ᠋ᠨ ᠪᠡᠶ᠎ᠡ ᠶ᠋ᠢ ᠶᠡᠬᠡ ᠳ᠋ᠦ᠍ ᠪᠦᠦ ᠪᠣᠳᠣ
ᠥᠷᠥᠭᠡᠯ ᠪᠤᠰᠤᠳ ᠢ᠋ ᠳᠣᠣᠷ᠎ᠠ ᠳ᠋ᠤ᠌ ᠪᠦᠦ ᠪᠠᠰᠤ᠃
20. ᠣᠶᠤᠨᠴᠢᠮᠡᠭ
ᠣᠨᠴᠠ ᠴᠢᠳᠠᠯᠲᠤ ᠡᠶᠡᠷᠡᠬᠦ ᠡᠨᠧᠷᠭᠢ
ᠣᠷᠴᠢᠨ ᠲᠣᠭᠣᠷᠢᠨ ᠳ᠋ᠤ᠌ ᠨᠡᠢᠳᠡᠮ ᠣᠷᠣᠰᠢᠨ᠎ᠠ
ᠤᠬᠠᠮᠰᠠᠷ ᠪᠢᠯᠢᠭ ᠠᠯᠬᠤᠮ ᠨᠢᠭᠡᠳᠪᠡᠯ
ᠣᠶᠤᠨ ᠮᠠᠬᠠᠪᠣᠳ ᠲᠤᠩᠭᠠᠯᠠᠭᠵᠢᠨ ᠴᠢᠭᠢᠷᠠᠭᠵᠢᠨᠠ᠃
21. ᠡᠣᠶᠤᠨ
ᠪᠠᠶᠠᠨ ᠭᠣᠣᠯ ᠮᠢᠨᠢ
ᠠᠪᠠᠭ᠎ᠠ ᠶ᠋ᠢᠨ ᠲᠡᠨᠢᠭᠡᠷ ᠨᠤᠲᠤᠭ ᠲᠠᠭᠠᠨ ᠷᠠᠰᠢᠶᠠᠨ ᠪᠣᠯᠤᠨ ᠣᠨᠳᠣᠷᠤᠭᠰᠠᠨ
ᠠᠳᠤᠭᠤ ᠮᠠᠯ ᠤ᠋ᠨ ᠰᠦᠷᠦᠭ ᠲᠡᠭᠡᠨ ᠤᠮᠳᠠ ᠪᠣᠯᠤᠨ ᠤᠷᠤᠰᠤᠭᠰᠠᠨ
ᠪᠠᠶᠠᠨ ᠭᠣᠣᠯ ᠮᠢᠨᠢ ᠮᠡᠯᠮᠡᠯᠵᠡᠩᠬᠡᠨ ᠪᠠᠢᠨ᠎ᠠ
ᠪᠠᠬ᠎ᠠ ᠶ᠋ᠢ ᠮᠢᠨᠢ ᠲᠠᠲᠠᠭᠠᠳ ᠳᠣᠨᠣᠯᠵᠠᠩᠬᠠᠨ ᠪᠠᠢᠨ᠎ᠠ᠃
22. ᠰᠢᠵᠢᠷᠮᠠᠨᠲᠤᠯ᠎ᠠ
ᠮᠥᠩᠬᠡ ᠲᠩᠷᠢ ᠰᠣᠶᠣᠷᠬᠠᠭᠰᠠᠨ
ᠬᠥᠬᠡ ᠮᠣᠩᠭᠣᠯ ᠳ᠋ᠤ᠌ ᠵᠠᠶᠠᠭᠠᠭᠰᠠᠨ
ᠮᠣᠩᠭᠣᠯ ᠪᠢᠴᠢᠭ ᠡᠷᠳᠡᠨᠢ ᠶ᠋ᠢ
ᠲᠥᠷᠥ ᠲᠦᠮᠡᠨ ᠳ᠋ᠦ᠍ ᠲᠦᠭᠡᠭᠡᠲᠦᠭᠡᠢ
ᠦᠰᠦᠭ ᠪᠢᠴᠢᠭ ᠬᠡᠮᠡᠬᠦ ᠡᠷᠳᠡᠨᠢ
ᠡᠭᠦᠷᠢᠳᠡ ᠶ᠋ᠢᠨ ᠠᠮᠢᠲᠠᠢ ᠪᠤᠶᠤ
ᠥᠭᠦᠯᠡᠭᠰᠡᠨ ᠦᠭᠡ ᠰᠢᠩᠭᠡᠭᠡᠵᠦ
ᠡᠭᠦᠷᠢᠳᠡ ᠶ᠋ᠢᠨ ᠥᠪ ᠪᠣᠯᠭᠠᠮᠤᠢ᠃
23. ᠡᠣᠶᠤᠨ
ᠪᠣᠯᠵᠣᠮᠣᠷ ᠵᠢᠷᠭᠢᠭᠰᠡᠨ ᠳᠡᠨᠵᠢᠨ ᠳ᠋ᠦ᠍ᠨᠢ
ᠪᠣᠮᠠᠨ ᠰᠦᠷᠦᠭ ᠪᠡᠯᠴᠢᠭᠰᠡᠨ
ᠪᠤᠷᠭᠠᠰᠤ ᠨᠠᠢᠭᠤᠭᠰᠠᠨ ᠬᠥᠪᠡᠭᠡ ᠳ᠋ᠦ᠍ᠨᠢ
ᠪᠣᠯᠵᠣᠭᠠᠨ ᠤ᠋ ᠵᠠᠯᠠᠭᠤᠰ ᠠᠭᠤᠯᠵᠠᠭᠰᠠᠨ
ᠪᠠᠶᠠᠨ ᠭᠣᠣᠯ ᠮᠢᠨᠢ ᠮᠡᠯᠮᠡᠯᠵᠡᠩᠬᠡᠨ ᠪᠠᠢᠨ᠎ᠠ
ᠪᠠᠬ᠎ᠠ ᠶ᠋ᠢ ᠮᠢᠨᠢ ᠲᠠᠲᠠᠭᠠᠳ ᠳᠣᠨᠣᠯᠵᠠᠩᠬᠠᠨ ᠪᠠᠢᠨ᠎ᠠ᠃
24. ᠡᠷᠳᠡᠨᠢᠴᠡᠴᠡᠭ
ᠲᠣᠭᠣᠰᠣᠨ ᠳᠡᠪᠡᠯ ᠲᠡᠢ᠂ᠲᠣᠮᠣᠭ᠎ᠠ ᠦᠭᠡᠢ ᠬᠦᠦ
ᠲᠣᠩᠭᠣᠴᠢᠨ ᠳᠡᠪᠬᠡᠴᠡᠨ᠂ᠲᠣᠭᠯᠠᠵᠤ ᠶᠠᠪᠤᠨ᠎ᠠ᠃
25. ᠡᠣᠶᠤᠨ
ᠬᠥᠬᠡᠷᠡᠨ ᠰᠦᠨᠳᠡᠷᠯᠡᠬᠦ ᠠᠭᠤᠯᠠᠨ ᠳ᠋ᠤᠨᠢ
ᠬᠥᠬᠥᠭᠡ ᠭᠤᠷᠭᠤᠤᠯᠳᠠᠢ ᠳᠣᠩᠭᠣᠳᠤᠭᠰᠠᠨ
ᠬᠦᠷᠴᠢᠭᠢᠨᠡᠨ ᠱᠤᠤᠭᠢᠭᠠ ᠤᠷᠤᠰᠬᠠᠯ ᠠ᠋ᠴᠠ ᠨᠢ
ᠬᠥᠭᠵᠢᠯ ᠵᠢᠷᠭᠠᠯ ᠴᠠᠯᠭᠢᠯᠠᠭᠰᠠᠨ
ᠪᠠᠶᠠᠨ ᠭᠣᠣᠯ ᠮᠢᠨᠢ ᠮᠡᠯᠮᠡᠯᠵᠡᠩᠬᠡᠨ ᠪᠠᠢᠨ᠎ᠠ
ᠪᠠᠬ᠎ᠠ ᠶ᠋ᠢ ᠮᠢᠨᠢ ᠲᠠᠲᠠᠭᠠᠳ ᠳᠣᠨᠣᠯᠵᠠᠩᠬᠠᠨ ᠪᠠᠢᠨ᠎ᠠ᠃
26. ᠰᠢᠵᠢᠷᠮᠠᠨᠲᠤᠯ᠎ᠠ
ᠢᠷᠦᠭᠡᠯ ᠲᠡᠢ ᠳ᠋ᠡᠭᠡᠨ ᠤᠴᠠᠷᠠᠵᠤ
ᠢᠷᠣᠭᠠᠷ ᠲᠠᠢ ᠳ᠋ᠠᠭᠠᠨ ᠲᠣᠭᠲᠠᠨ᠎ᠠ
ᠢᠨᠢᠶᠡᠭᠰᠡᠨ ᠬᠥᠮᠦᠨ ᠳ᠋ᠦ᠍ ᠭᠡᠮ ᠲᠡᠢ
ᠢᠷᠡᠭᠰᠡᠨ ᠬᠥᠮᠦᠨ ᠳ᠋ᠦ᠍ ᠤᠴᠢᠷ ᠲᠠᠢ
ᠢᠳᠡᠭᠰᠡᠨ ᠬᠥᠮᠦᠨ ᠦ᠌ ᠠᠮᠠ ᠵᠥᠭᠡᠯᠡᠨ
ᠠᠪᠤᠭᠰᠠᠨ ᠬᠥᠮᠦᠨ ᠦ᠌ ᠭᠠᠷ ᠵᠥᠭᠡᠯᠡᠨ᠃
ᠢᠳᠡᠬᠦ ᠳ᠋ᠦ᠍ ᠬᠣᠨᠢᠨ ᠮᠢᠬ᠎ᠠ
ᠡᠮᠦᠰᠬᠦ ᠳ᠋ᠦ᠍ ᠬᠤᠷᠠᠭᠠᠨ ᠳᠡᠪᠡᠯ
ᠢᠳᠡᠬᠦ ᠶ᠋ᠢᠨ ᠰᠠᠪᠠ ᠠ᠋ᠴᠠ
ᠡᠷᠳᠡᠮ ᠦ᠋ᠨ ᠰᠠᠪᠠ ᠳᠡᠭᠡᠷ᠎ᠡ
ᠢᠳᠡᠬᠦ ᠳ᠋ᠦ᠍ ᠪᠦᠦ ᠶᠠᠭᠠᠷᠠ
ᠶᠠᠪᠤᠬᠤ ᠳ᠋ᠤ᠌ ᠪᠦᠦ ᠰᠠᠭᠠᠷᠠ
ᠢᠯᠢᠬᠦ ᠰᠠᠬᠠᠯ ᠦᠭᠡᠢ
ᠢᠴᠢᠬᠦ ᠨᠢᠭᠤᠷ ᠦᠭᠡᠢ
27. ᠤᠤᠭᠠᠨᠵᠢᠳ
ᠮᠣᠩᠭᠣᠯ ᠦᠰᠦᠭ ᠢ᠋ᠶ᠋ᠡᠨ ᠪᠢᠴᠢᠬᠦ ᠳ᠋ᠦ᠍—
ᠮᠣᠷᠢᠨ ᠲᠤᠭᠤᠷᠠᠢ ᠲᠦᠪᠦᠷᠭᠡᠨ ᠲᠡᠢ ᠪᠡᠨ ᠬᠠᠷᠠᠭᠳᠠᠳᠠᠭ
ᠮᠤᠨᠳᠠᠭ᠎ᠠ ᠳᠡᠯ ᠨᠢ ᠬᠡᠢᠰᠴᠦ ᠪᠠᠢᠭ᠎ᠠ ᠬᠠᠷᠠᠭᠳᠠᠳᠠᠭ
ᠮᠥᠷᠡᠨ ᠭᠣᠣᠯ ᠳᠠᠪᠠᠯᠭᠠᠨ ᠲᠠᠢ ᠪᠠᠨ ᠬᠠᠷᠠᠭᠳᠠᠳᠠᠭ
ᠮᠥᠩᠭᠥᠨ ᠴᠥᠭᠥᠴᠡ ᠰᠢᠭᠢᠳᠬᠡᠷᠢ ᠲᠡᠢ ᠪᠡᠨ ᠬᠠᠷᠠᠭᠳᠠᠳᠠᠭ᠃
28. ᠯᠤᠭᠯᠤ
ᠠᠵᠠ ᠲᠥᠷᠥᠬᠦ ᠶᠠᠪᠤᠴᠠ ᠥᠨᠢᠳᠡ ᠳᠡᠯᠭᠡᠷᠡᠬᠦ ᠴᠡᠴᠡᠭ ᠭᠡᠵᠦ ᠪᠠᠢᠬᠤ ᠦᠭᠡᠢ
ᠥᠲᠡᠯᠦᠰᠢ ᠦᠭᠡᠢ ᠵᠠᠯᠠᠭᠤ ᠨᠠᠰᠤ ᠭᠡᠵᠦ ᠪᠠᠢᠬᠤ ᠦᠭᠡᠢ
ᠬᠥᠮᠦᠨ ᠦ᠌ ᠠᠮᠢᠳᠤᠷᠠᠯ ᠪᠣᠯ ᠳᠠᠷᠤᠢ ᠨᠢᠭᠡᠨ ᠥᠩᠭᠡᠷᠡᠯᠲᠡ ᠶ᠋ᠢᠨ ᠶᠠᠪᠤᠴᠠ ᠮᠥᠨ᠃
29. ᠰᠢᠵᠢᠷᠮᠠᠨᠲᠤᠯ᠎ᠠ
ᠢᠷᠭᠡ ᠲᠠᠷᠭᠤᠨ ᠪᠣᠯ ᠬᠣᠲᠠ ᠳᠦᠭᠦᠷᠡᠩ
ᠢᠷᠭᠡᠨ ᠪᠠᠶᠠᠨ ᠪᠣᠯ ᠤᠯᠤᠰ ᠴᠢᠨᠡᠭᠡᠯᠢᠭ
ᠢᠮᠠᠭ᠎ᠠ ᠳᠦᠢᠯᠡᠪᠡᠴᠦ ᠶᠠᠩᠭᠢᠷᠴᠠᠭ ᠪᠠᠯᠪᠠᠷᠠᠬᠤ ᠦᠭᠡᠢ
ᠢᠯᠠᠭ᠎ᠠ ᠲᠣᠭᠯᠠᠪᠠᠴᠤ ᠲᠣᠭᠣᠰᠣ ᠳᠡᠭᠳᠡᠬᠦ ᠦᠭᠡᠢ
ᠢᠮᠠᠭᠠᠨ ᠤ᠋ ᠮᠢᠬ᠎ᠠ ᠬᠠᠯᠠᠭᠤᠨ ᠨᠢ ᠰᠠᠢᠨ
ᠶᠠᠮᠠᠷᠪᠠ ᠠᠵᠢᠯ ᠲᠦᠷᠭᠡᠨ ᠨᠢ ᠰᠠᠢᠨ᠃
ᠢᠷᠦᠭᠡᠯᠲᠦ ᠬᠥᠮᠦᠨ ᠵᠠᠮ ᠳᠡᠭᠡᠷ᠎ᠡ ᠵᠣᠯᠭᠠᠬᠤ
ᠶᠣᠰᠣᠲᠤ ᠬᠥᠮᠦᠨ ᠪᠣᠯᠵᠣᠭᠠᠨ ᠳᠡᠭᠡᠷ᠎ᠡ ᠵᠣᠯᠭᠠᠬᠤ᠃
ᠢᠯᠳᠦ ᠬᠡᠳᠦᠢ ᠬᠤᠷᠴᠠ ᠪᠣᠯᠪᠠᠴᠤ
ᠤᠰᠤ ᠶ᠋ᠢ ᠲᠠᠰᠤᠯᠵᠤ ᠴᠢᠳᠠᠬᠤ ᠦᠭᠡᠢ᠃
ᠢᠳᠡᠬᠦ ᠳ᠋ᠦ᠍ ᠡᠷ᠎ᠡ ᠪᠠᠷᠰ
ᠬᠢᠬᠦ ᠳ᠋ᠦ᠍ ᠬᠠᠱᠠᠩ ᠪᠤᠬ᠎ᠠ᠃
ᠢᠯᠵᠢᠷᠡᠭᠰᠡᠨ ᠮᠣᠳᠣ ᠤᠷᠭᠤᠬᠤᠶᠠ ᠪᠡᠷᠬᠡ
ᠡᠷᠲᠡᠢᠭᠰᠡᠨ ᠬᠥᠮᠦᠨ ᠳᠠᠪᠰᠢᠬᠤᠶᠠ ᠪᠡᠷᠬᠡ
ᠢᠷᠡᠭᠰᠡᠨ ᠭᠡᠢᠴᠢᠨ ᠪᠤᠴᠠᠳᠠᠭ
ᠣᠷᠣᠭᠰᠠᠨ ᠪᠣᠷᠣᠭ᠎ᠠ ᠠᠷᠢᠯᠳᠠᠭ
ᠢᠳᠡᠭᠰᠡᠨ ᠡᠷᠡᠦ ᠬᠤᠪᠠᠬᠠᠢᠷᠠᠵᠤ
ᠢᠳᠡᠭᠳᠡᠭᠰᠡᠨ ᠳᠣᠪᠣ ᠨᠣᠭᠣᠭᠠᠷᠠᠨ᠎ᠠ᠃
30. ᠵᠢᠮᠢᠰᠬᠤᠸᠠᠷ
ᠥᠩᠭᠡᠲᠦ ᠶᠢᠷᠲᠢᠨᠴᠦ ᠳ᠋ᠦ᠍ ᠭᠠᠵᠠᠷ ᠪᠦᠬᠦᠨ ᠰᠠᠢᠬᠠᠨ ᠪᠣᠯᠪᠠᠴᠤ
ᠥᠯᠥᠭᠡᠢ ᠨᠤᠲᠤᠭ ᠢ᠋ ᠮᠢᠨᠢ ᠭᠦᠢᠴᠡᠬᠦ ᠰᠠᠢᠬᠠᠨ ᠭᠠᠵᠠᠷ ᠭᠡᠵᠦ ᠦᠭᠡᠢ᠂
ᠡᠷᠳᠡᠮ ᠰᠤᠷᠬᠤ ᠳ᠋ᠤ᠌ ᠬᠡᠯᠡ ᠪᠦᠬᠦᠨ ᠰᠠᠢᠬᠠᠨ ᠪᠣᠯᠪᠠᠴᠤ
ᠡᠬᠡ ᠬᠡᠯᠡ ᠶ᠋ᠢ ᠮᠢᠨᠢ ᠭᠦᠢᠴᠡᠬᠦ ᠰᠠᠢᠬᠠᠨ ᠬᠡᠯᠡ ᠭᠡᠵᠦ ᠦᠭᠡᠢ᠃
31. ᠬᠤᠷᠴᠠᠪᠠᠭᠠᠲᠤᠷ
ᠠᠴᠢ ᠶ᠋ᠢᠨ ᠬᠠᠷᠢᠭᠤ ᠰᠦ ᠠᠵᠢᠯ ᠤ᠋ᠨ ᠬᠠᠷᠢᠭᠤ ᠪᠦᠲᠦᠭᠡᠯ
ᠠᠮᠢᠰᠬᠤᠵᠤ ᠪᠠᠢᠭ᠎ᠠ ᠠᠭᠠᠷ ᠲᠩᠷᠢ ᠶ᠋ᠢᠨ ᠬᠡᠰᠢᠭ
ᠠᠯᠬᠤᠵᠤ ᠪᠠᠢᠭ᠎ᠠ ᠭᠠᠵᠠᠷ ᠪᠠᠢᠭᠠᠯᠢ ᠶ᠋ᠢᠨ ᠬᠡᠰᠢᠭ
ᠠᠮᠢᠳᠤᠷᠠᠵᠤ ᠪᠠᠢᠭ᠎ᠠ ᠴᠠᠭ ᠮᠥᠴᠡ ᠪᠤᠷᠬᠠᠨ ᠬᠡᠰᠢᠭ᠃
32. ᠰᠢᠵᠢᠷᠮᠠᠨᠲᠤᠯ᠎ᠠ
ᠴᠠᠭᠠᠨ ᠡᠭᠦᠯᠡᠨ ᠦ᠌ ᠳᠤᠮᠳᠠ
ᠴᠠᠰᠤᠲᠤ ᠠᠭᠤᠯᠠ ᠰᠦᠮᠪᠦᠷᠯᠡᠵᠦ
ᠴᠠᠩᠭᠠᠮᠠ ᠵᠤᠨ ᠤ᠋ ᠬᠠᠯᠠᠭᠤᠨ ᠳ᠋ᠤ᠌
ᠴᠠᠰᠤᠨ ᠬᠦᠷᠮ᠎ᠡ ᠡᠮᠦᠰᠦᠭᠰᠡᠨ
ᠴᠠᠪᠴᠢᠮ᠎ᠠ ᠴᠠᠬᠢᠷ ᠬᠠᠳᠠᠨ ᠠ᠋ᠴᠠ
ᠬᠦᠢᠲᠡᠨ ᠪᠤᠯᠠᠭ ᠤᠷᠤᠰᠤᠭᠰᠠᠨ
ᠴᠠᠷᠳᠠᠮᠠᠯ ᠮᠥᠩᠭᠥᠨ ᠥᠩᠭᠡᠲᠦ
ᠭᠠᠨᠲᠢᠭ ᠴᠢᠯᠠᠭᠤᠨ ᠠᠭᠤᠯᠠ ᠪᠠᠢᠨ᠎ᠠ᠃
ᠵᠤᠨ ᠤ᠋ ᠳᠤᠯᠠᠭᠠᠨ ᠴᠠᠭ ᠲᠤ᠌
ᠡᠪᠦᠯ ᠦ᠋ᠨ ᠰᠢᠨᠵᠢ ᠶ᠋ᠢ ᠬᠠᠳᠠᠭᠠᠯᠠᠭᠰᠠᠨ
ᠵᠠᠭᠤᠷᠠᠮᠠ ᠪᠠᠯᠴᠢᠭ ᠬᠠᠯᠠᠭᠤᠨ ᠳ᠋ᠤ᠌
ᠰᠡᠷᠢᠭᠦᠨ ᠰᠠᠯᠬᠢ ᠶ᠋ᠢ ᠰᠡᠩᠭᠢᠨᠡᠭᠦᠯᠦᠭᠰᠡᠨ
ᠵᠣᠯᠭᠠᠬᠤ ᠪᠠᠶᠠᠷᠯᠠᠬᠤ ᠠᠷᠠᠳ ᠤ᠋ᠨ
ᠰᠠᠨᠠᠭ᠎ᠠ ᠵᠣᠷᠢᠭ ᠢ᠋ ᠰᠡᠷᠭᠦᠭᠡᠭᠰᠡᠨ
ᠵᠠᠭᠤᠨ ᠪᠠᠷ᠎ᠠ ᠶ᠋ᠢᠨ ᠭᠠᠵᠠᠷ ᠠ᠋ᠴᠠ
ᠭᠢᠯᠠᠯᠵᠠᠨ ᠬᠠᠷᠠᠭᠳᠠᠬᠤ ᠠᠭᠤᠯᠠ ᠪᠠᠢᠨ᠎ᠠ᠃
34. ᠯᠤᠭᠯᠤ
ᠴᠢ ᠬᠡᠳᠦᠢ ᠨᠠᠰᠤᠯᠠᠭᠰᠠᠨ ᠴᠤ᠌ ᠪᠣᠯᠤᠭ᠂ ᠶᠠᠭ ᠣᠳᠣ᠂ ᠡᠨᠡ ᠡᠳᠦᠷ ᠪᠣᠯ ᠴᠢᠨᠦ ᠬᠠᠮᠤᠭ ᠤ᠋ᠨ ᠠᠯᠲᠠᠨ ᠰᠢᠷᠭᠠᠯ ᠰᠠᠢᠬᠠᠨ ᠴᠠᠭ ᠪᠣᠯᠤᠨ᠎ᠠ᠃ ᠭᠠᠯ ᠵᠠᠯᠠᠭᠤ ᠭᠠᠩᠭᠠᠩ ᠬᠣᠷᠢᠨ ᠨᠠᠰᠤ ᠪᠡᠷ ᠴᠦ᠍ ᠰᠣᠯᠢᠵᠤ ᠪᠣᠯᠬᠤ ᠦᠭᠡᠢ ᠬᠠᠮᠤᠭ ᠤ᠋ᠨ ᠡᠷᠬᠢᠮ ᠨᠠᠨᠳᠢᠨ ᠦᠨᠡᠲᠦ ᠴᠠᠭ ᠭᠡᠭᠴᠢ ᠨᠢ ᠣᠳᠣ ᠶᠤᠮ᠃ ᠣᠳᠣ ᠴᠠᠭ ᠢ᠋ᠶ᠋ᠠᠨ ᠯᠠ ᠬᠠᠢᠷᠠᠯᠠᠭᠠᠷᠠᠢ!
35. ᠯᠤᠭᠯᠤ
ᠡᠷᠴᠢ ᠬᠦᠴᠦ ᠲᠡᠢ ᠠᠮᠢᠳᠤᠷᠠᠬᠤ ᠠᠷᠪᠠᠨ ᠬᠣᠶᠠᠷ ᠰᠠᠨᠠᠮᠵᠢ( ᠥᠨᠥᠳᠥᠷ ᠪᠣᠯ ᠮᠢᠨᠦ ᠠᠮᠢᠳᠤᠷᠠᠯ ᠤ᠋ᠨ ᠬᠠᠮᠤᠭ ᠤ᠋ᠨ ᠴᠢᠬᠤᠯᠠ ᠡᠳᠦᠷ) ᠭᠡᠵᠦ ᠡᠳᠦᠷ ᠪᠦᠷᠢ ᠪᠣᠳᠣᠵᠤ ᠪᠠᠢ᠃ ᠤᠴᠢᠷ ᠨᠢ ᠡᠨᠡ ᠡᠳᠦᠷ ᠳᠠᠬᠢᠨ ᠣᠯᠳᠠᠬᠤ ᠦᠭᠡᠢ᠂ ᠮᠠᠷᠭᠠᠰᠢ ᠭᠡᠳᠡᠭ ᠲᠠᠰᠤ ᠥᠭᠡᠷ᠎ᠡ᠃ ᠥᠪᠡᠷ ᠢ᠋ ᠪᠡᠨ ᠠᠵᠠ ᠵᠢᠷᠭᠠᠯ ᠲᠠᠢ ᠬᠥᠮᠦᠨ ᠭᠡᠳᠡᠭ ᠢ᠋ᠶ᠋ᠡᠨ ᠮᠡᠳᠡᠷᠡᠬᠦ ᠶ᠋ᠢ ᠬᠢᠴᠢᠶᠡ᠃
36. ᠰᠢᠵᠢᠷᠮᠠᠨᠲᠤᠯ᠎ᠠ
ᠮᠥᠩᠭᠥᠨ ᠳᠡᠭᠡᠳᠦ ᠣᠷᠣᠢ ᠨᠢ ᠮᠥᠰᠥ ᠴᠠᠰᠤᠨ ᠳ᠋ᠤ᠌ ᠬᠤᠴᠢᠮᠠᠯ
ᠮᠥᠩᠬᠡ ᠬᠥᠬᠡ ᠲᠩᠷᠢ ᠶ᠋ᠢᠨ ᠮᠥᠩᠭᠥᠨ ᠴᠠᠭᠠᠨ ᠪᠠᠭᠠᠨ᠎ᠠ
ᠮᠥᠴᠢᠲᠦ ᠳᠥᠷᠪᠡᠨ ᠬᠥᠯᠲᠡᠨ ᠦ᠌ ᠮᠥᠷ ᠨᠢ ᠭᠠᠷᠤᠭ᠎ᠠ ᠦᠭᠡᠢ ᠣᠷᠭᠢᠯ
ᠮᠥᠭᠡᠷᠰᠦ ᠨᠢᠮᠭᠡᠨ ᠬᠣᠭᠣᠯᠠᠢᠳᠠᠨ ᠤ᠋ ᠳᠠᠭᠤᠨ ᠨᠢ ᠬᠦᠷᠦᠭᠡ ᠦᠭᠡᠢ ᠣᠷᠭᠢᠯ᠃
ᠮᠥᠷᠡᠨ ᠭᠣᠣᠯ ᠭᠣᠷᠣᠬ᠎ᠠ ᠨᠤᠭᠤᠳ ᠠᠮᠠ ᠪᠦᠷᠢ ᠡᠴᠡ ᠨᠢ ᠠᠰᠬᠠᠷᠠᠭᠰᠠᠨ
ᠮᠥᠨᠳᠥᠷᠲᠦ ᠬᠤᠷ᠎ᠠ ᠪᠣᠷᠣᠭ᠎ᠠ ᠡᠳᠦᠷ ᠪᠦᠷᠢ ᠴᠢᠳᠬᠤᠭᠰᠠᠨ
ᠮᠥᠯᠲᠥ ᠮᠥᠴᠢᠳ ᠬᠠᠷᠠᠪᠠᠯ ᠡᠭᠦᠯᠡ ᠭᠡᠮᠡᠷ ᠠᠭᠤᠯᠠ ᠪᠠᠢᠨ᠎ᠠ
ᠮᠥᠰᠬᠢᠵᠦ ᠰᠠᠢᠬᠠᠨ ᠬᠠᠷᠠᠪᠠᠯ ᠡᠭᠦᠯᠡᠨ ᠡᠴᠡ ᠥᠨᠳᠥᠷ ᠠᠭᠤᠯᠠ ᠪᠠᠢᠨ᠎ᠠ᠃
37. ᠮᠡᠷᠭᠡᠨᠪᠢᠯᠢᠭ
ᠮᠣᠷᠢᠨ ᠤ᠋ ᠰᠠᠢᠬᠠᠨ ᠡᠮᠡᠭᠡᠯ ᠳ᠋ᠦ᠍ ᠦᠭᠡᠢ ᠂ᠬᠥᠮᠦᠨ ᠦ᠌ ᠰᠠᠢᠬᠠᠨ ᠵᠢᠰᠦᠨ ᠳ᠋ᠦ᠍ ᠦᠭᠡᠢ᠃
38. ᠯᠤᠭᠯᠤ
ᠰᠠᠩ ᠤ᠋ᠨ ᠦᠨᠦᠷ ᠲᠦ᠍ ᠮᠢᠨᠢ ᠰᠠᠯᠬᠢᠨ ᠪᠠᠶᠠᠷᠯᠠᠵᠤ᠂
ᠰᠦᠨ ᠦ᠌ ᠡᠷᠭᠦᠯ ᠳ᠋ᠦ᠍ ᠮᠢᠨᠢ ᠶᠢᠷᠲᠢᠨᠴᠦ ᠪᠡᠶᠡᠰᠴᠦ᠂
ᠰᠠᠢᠬᠠᠨ ᠰᠡᠳᠬᠢᠯ ᠳ᠋ᠦ᠍ ᠮᠢᠨᠢ ᠠᠮᠢᠳᠤᠷᠠᠯ ᠪᠡᠶᠡᠰᠴᠦ᠂
ᠰᠠᠨᠠᠵᠤ ᠬᠠᠢᠷᠠᠯᠠᠳᠠᠭ ᠲᠤ᠌ ᠮᠢᠨᠢ ᠬᠥᠮᠦᠨ ᠪᠠᠶᠠᠷᠯᠠᠵᠤ᠂
ᠰᠠᠨᠰᠠᠷ ᠣᠷᠴᠢᠯᠠᠩ ᠮᠢᠨᠢ ᠪᠠᠶᠠᠷ ᠢ᠋ᠶ᠋ᠠᠷ ᠳᠦᠭᠦᠷᠲᠦᠭᠡᠢ!
ᠰᠦᠨ ᠰᠠᠴᠤᠯᠢ ᠣ (v) ᠬᠣᠯᠪᠣᠭᠠᠨ ᠤ᠋ ᠨᠠᠢᠵᠠ ᠨᠠᠷ ᠠ᠋ᠴᠠ ᠤᠤᠭᠠᠨᠵᠢᠳ ᠬᠢᠨᠠᠪᠠ᠃
