ᠬᠥᠬᠡ ᠲᠤᠭ ᠶᠢᠷᠲᠢᠨᠴᠦ ᠳᠠᠶᠠᠭᠠᠷ ᠲᠤ᠌Хөх тог ертөнц даяарт
ᠬᠥᠬᠡ ᠲᠤᠭ ᠶᠢᠷᠲᠢᠨᠴᠦ ᠳᠠᠶᠠᠭᠠᠷ ᠲᠤ᠌
ᠬᠥᠬᠡ ᠲᠤᠭ ᠶᠢᠷᠲᠢᠨᠴᠦ ᠳᠠᠶᠠᠭᠠᠷ ᠲᠤ᠌
ᠬᠡᠢᠮᠣᠷᠢ ᠳᠠᠯᠠᠯᠤᠨ ᠨᠠᠮᠢᠷᠠᠵᠤ
ᠬᠦᠴᠦᠷᠬᠡᠭ ᠮᠣᠩᠭᠣᠯ ᠳᠡᠯᠡᠬᠡᠢ ᠳ᠋ᠠᠬᠢᠨ ᠳ᠋ᠤ᠌
ᠬᠡᠵᠢᠶᠡᠳᠡ ᠡᠵᠡᠨ ᠨᠢ ᠪᠣᠯᠵᠤ ᠵᠣᠭᠰᠣᠲᠤᠭᠠᠢ!
1. ᠪᠠᠶᠠᠩᠬᠠᠩᠭᠠᠢ᠄
ᠮᠣᠩᠭᠣᠯ ᠣᠷᠣᠨ ᠳ᠋ᠤ᠌ ᠮᠣᠩᠭᠣᠯ ᠬᠥᠮᠦᠨ
ᠪᠣᠯᠵᠤ ᠲᠥᠷᠥᠭᠰᠡᠨ ᠳ᠋ᠡᠭᠡᠨ ᠪᠢ
ᠮᠥᠩᠭᠥᠨ ᠰᠠᠷᠠᠨ ᠤ᠋ ᠳᠣᠣᠷ᠎ᠠ
ᠮᠥᠩᠬᠡᠷᠡᠬᠦ ᠶᠦᠮ ᠰᠢᠭ ᠪᠠᠶᠠᠷᠯᠠᠳᠠᠭ᠃
2. ᠠᠯᠲᠠᠨᠲᠡᠰᠢᠭᠦᠷ9
ᠥᠷᠯᠥᠭᠡ ᠪᠣᠯᠭᠠᠨ ᠨᠠᠷᠠᠨ ᠤ᠋
ᠰᠠᠢᠬᠠᠨ ᠢ᠋ ᠦᠵᠡᠵᠦ
ᠡᠳᠦᠷ ᠪᠣᠯᠭᠠᠨ ᠬᠥᠮᠦᠨ ᠦ᠌
ᠰᠠᠢᠨ ᠲᠠᠢ ᠤᠴᠠᠷᠠᠭᠠᠰᠠᠢ
3. ᠭᠠᠩᠬᠤᠶᠠᠭ9
ᠲᠡᠮᠦᠷ ᠠᠶᠠᠭ᠎ᠠ ᠨᠢᠭᠡᠨ ᠦᠶ᠎ᠡ
ᠲᠥᠷᠥᠯᠬᠢ ᠬᠡᠯᠡ ᠲᠦᠮᠡᠨ ᠦᠶ᠎ᠡ
ᠡᠷᠬᠡ ᠵᠡᠷᠭᠡ ᠨᠢᠭᠡᠨ ᠦᠶ᠎ᠡ
ᠡᠬᠡ ᠣᠷᠣᠨ ᠦᠶ᠎ᠡ ᠶ᠋ᠢᠨ ᠦᠶ᠎ᠡ
4. ᠱ᠌ᠢᠷᠦᠨᠴᠢᠮᠡᠭ
ᠡᠳ᠋ ᠦᠭᠡᠢ ᠬᠥᠮᠦᠨ ᠦ᠌ ᠠᠪᠳᠠᠷ᠎ᠠ ᠬᠣᠭᠣᠰᠣᠨ
ᠡᠷᠳᠡᠮ ᠦᠭᠡᠢ ᠬᠥᠮᠦᠨ ᠦ᠌ ᠴᠡᠭᠡᠵᠢ ᠬᠣᠭᠣᠰᠣᠨ
5. ᠬᠠᠨ ᠬᠣᠷᠸ᠎ᠠ 9᠄
ᠡᠩᠬᠡ ᠳᠡᠯᠡᠬᠡᠢ ᠳ᠋ᠦ᠍ ᠡᠬᠡ ᠬᠡᠯᠡ ᠪᠡᠨ ᠬᠥᠭᠵᠢᠭᠦᠯᠦᠶ᠎ᠡ!
6. ᠤᠯᠠᠭᠠᠨ9
ᠠᠯᠲᠠ ᠲᠠᠢ ᠬᠥᠮᠦᠨ ᠲᠠᠭᠠᠷᠠᠬᠤ ᠳ᠋ᠤ᠌᠂
ᠠᠷᠭᠠᠯ ᠲᠠᠢ ᠬᠥᠮᠦᠨ ᠳᠤᠯᠠᠭᠠᠴᠠᠭᠤᠯᠳᠠᠭ᠃
7. ᠤᠷᠠᠨ9
ᠵᠠᠭᠤᠨ ᠵᠢᠯ ᠦ᠋ᠨ ᠬᠥᠮᠦᠨ ᠴᠥᠭᠡᠨ
ᠮᠢᠩᠭᠠᠨ ᠵᠢᠯ ᠦ᠋ᠨ ᠨᠣᠮ ᠣᠯᠠᠨ
8. ᠱᠢ᠊ ᠂ ᠣᠳᠣᠩᠭᠤᠸ᠋ᠠ9
ᠠᠷᠴᠠ ᠽᠠᠨᠳᠠᠨ ᠤ᠋ ᠦᠨᠦᠷ ᠰᠠᠢᠬᠠᠨ
ᠠᠬᠠᠮᠠᠳ ᠬᠥᠮᠦᠨ ᠦ᠌ ᠰᠤᠷᠭᠠᠯ ᠰᠠᠢᠬᠠᠨ
9. ᠴᠢ᠊ ᠂ ᠰᠠᠷᠠᠨ
ᠡᠬᠡ ᠬᠥᠮᠦᠨ ᠡᠷᠬᠢᠮ ᠦ᠋ᠨ ᠳᠡᠭᠡᠵᠢ
ᠡᠷᠳᠡᠮ ᠨᠣᠮ ᠪᠡᠶ᠎ᠡ ᠶ᠋ᠢᠨ ᠳᠡᠭᠡᠵᠢ
10. ᠲᠡᠮᠦᠷᠭᠣᠣᠯ
ᠬᠣᠷᠸ᠎ᠠ ᠶᠢᠷᠲᠢᠨᠴᠦ ᠳ᠋ᠦ᠍ ᠡᠬᠡ ᠬᠡᠯᠡ ᠪᠡᠨ ᠬᠥᠭᠵᠢᠭᠦᠯᠦᠶ᠎ᠡ
11. ᠪᠠᠶᠠᠨ ᠬᠣᠷᠸ᠎ᠠ 9
ᠬᠦᠯᠦᠭ ᠮᠣᠷᠢ ᠶ᠋ᠢ ᠠᠪᠤᠶ᠎ᠠ ᠭᠡᠪᠡᠯ
ᠰᠢᠲᠦ ᠶ᠋ᠢ ᠨᠢ ᠦᠵᠡ
ᠬᠥᠮᠦᠨ ᠲᠡᠢ ᠨᠥᠬᠥᠷᠯᠡᠵᠦ ᠶᠠᠪᠤᠶ᠎ᠠ ᠭᠡᠪᠡᠯ
ᠰᠡᠳᠬᠢᠯ ᠢ᠋ ᠨᠢ ᠮᠡᠳᠡ
12. ᠮᠥᠴᠢᠷ 9
ᠥᠰᠬᠦ ᠡᠴᠡ ᠰᠤᠷᠤᠭᠰᠠᠨ ᠦᠨᠳᠦᠰᠦᠨ ᠬᠡᠯᠡ
ᠮᠠᠷᠲᠠᠵᠤ ᠪᠣᠯᠣᠰᠢ ᠦᠭᠡᠢ ᠰᠣᠶᠣᠯ
ᠦᠬᠦᠲᠡᠯ᠎ᠡ ᠣᠷᠣᠰᠢᠬᠤ ᠲᠥᠷᠥᠯᠬᠢ ᠨᠤᠲᠤᠭ
ᠰᠠᠯᠵᠤ ᠪᠣᠯᠣᠰᠢ ᠦᠭᠡᠢ ᠣᠷᠣᠨ᠃
13. ᠱ᠌ᠢᠷᠦ
ᠠᠪᠤ ᠶ᠋ᠢᠨ ᠰᠤᠷᠭᠠᠯ ᠠᠯᠲᠠ
ᠡᠵᠢ ᠶ᠋ᠢᠨ ᠰᠤᠷᠭᠠᠯ ᠡᠷᠳᠡᠨᠢ
14. ᠭᠡᠷᠡᠯᠲᠤᠶᠠᠭ᠎ᠠ
ᠠ ᠦᠰᠦᠭ ᠡᠷᠳᠡᠮ ᠦ᠋ᠨ ᠳᠡᠭᠡᠵᠢ
ᠠᠶᠠᠭ᠎ᠠ ᠴᠠᠢ ᠢᠳᠡᠭᠡᠨ ᠦ᠌ ᠳᠡᠭᠡᠵᠢ
15. ᠮᠣᠩᠭᠣᠯ9
ᠮᠣᠩᠭᠣᠯ ᠬᠥᠮᠦᠨ ᠮᠣᠩᠭᠣᠯ ᠢ᠋ᠶ᠋ᠠᠷ ᠢ᠋ᠶ᠋ᠠᠨ ᠣᠷᠣᠰᠢᠲᠤᠭᠠᠢ!
16. ᠳᠣᠷᠵᠢ 9
ᠦᠭᠡ ᠶ᠋ᠢᠨ ᠳᠠᠷᠠᠭ᠎ᠠ ᠦᠨᠡᠨ ᠨᠢ ᠭᠠᠷᠤᠨ᠎ᠠ
ᠦᠢᠯᠡ ᠶ᠋ᠢᠨ ᠳᠠᠷᠠᠭ᠎ᠠ ᠪᠦᠲᠦᠭᠡᠯ ᠨᠢ ᠭᠠᠷᠤᠨ᠎ᠠ
ᠴᠣᠭᠣᠷᠠᠵᠤ ᠭᠠᠷᠤᠭᠰᠠᠨ ᠨᠢ ᠡᠷᠳᠡᠮᠲᠡᠨ
ᠴᠤᠬᠤᠢᠵᠤ ᠭᠠᠷᠤᠭᠰᠠᠨ ᠨᠢ ᠴᠢᠳᠠᠪᠤᠷᠢᠲᠠᠨ
17. ᠰᠠᠷᠠᠨ9
ᠰᠠᠨᠠᠭᠠᠨ ᠤ᠋ ᠮᠠᠭᠤ ᠪᠠᠷ ᠵᠠᠶᠠᠭ᠎ᠠ ᠪᠠᠨ ᠪᠠᠷᠠᠨ᠎ᠠ
ᠰᠠᠪᠠᠨ ᠤ᠋ ᠮᠠᠭᠤ ᠪᠠᠷ ᠢᠳᠡᠭᠡᠨ ᠢ᠋ᠶ᠋ᠡᠨ ᠭᠠᠰᠢᠯᠭᠠᠨᠠ
18. ᠰᠡᠴᠡᠨᠲᠦ9
ᠨᠡᠭᠦᠷᠡᠰᠦ ᠶ᠋ᠢ ᠵᠦᠯᠭᠦᠭᠡᠳ ᠥᠩᠭᠡ ᠭᠠᠷᠬᠤ ᠦᠭᠡᠢ
ᠨᠢᠭᠦᠯᠲᠡᠨ ᠢ᠋ ᠲᠡᠳᠬᠦᠭᠡᠳ ᠪᠤᠶᠠᠨ ᠪᠣᠯᠬᠤ ᠦᠭᠡᠢ᠃
ᠰᠠᠢᠨ ᠳ᠋ᠤ᠌ ᠠᠴᠢ ᠬᠦᠷᠭᠡᠪᠡᠯ ᠮᠠᠷᠲᠠᠬᠤ ᠦᠭᠡᠢ
ᠮᠠᠭᠤ ᠳ᠋ᠤ᠌ ᠲᠤᠰᠠ ᠬᠦᠷᠭᠡᠪᠡᠯ ᠮᠡᠳᠡᠬᠦ ᠦᠭᠡᠢ᠃
19. ᠰᠠᠴᠤᠷᠠ
ᠡᠷᠳᠡᠮ ᠰᠤᠷᠬᠤ ᠳ᠋ᠤ᠌ ᠬᠡᠯᠡ ᠪᠦᠬᠦᠨ ᠰᠠᠢᠬᠠᠨ ᠪᠣᠯᠪᠠᠴᠤ
ᠡᠬᠡ ᠬᠡᠯᠡ ᠶ᠋ᠢ ᠮᠢᠨᠢ ᠭᠦᠢᠴᠡᠬᠦ ᠰᠠᠢᠬᠠᠨ ᠬᠡᠯᠡ ᠦᠭᠡᠢ
20. ᠠᠯᠮᠠᠰ 9
ᠡᠷᠬᠡ ᠶ᠋ᠢ ᠰᠤᠷᠬᠤ ᠪᠠᠷ
ᠪᠡᠷᠬᠡ ᠶ᠋ᠢ ᠰᠤᠷ
21. ᠰ· ᠪᠠᠶᠠᠷ9
ᠬᠠᠷᠢ ᠭᠦᠷᠦᠨ ᠬᠥᠮᠦᠨ ᠦ᠌ ᠨᠤᠲᠤᠭ ᠲᠤ᠌
ᠪᠣᠰᠤᠭ᠎ᠠ ᠮᠣᠩᠭᠣᠯ ᠢ᠋ᠶ᠋ᠠᠷ ᠢ᠋ᠶ᠋ᠠᠨ
ᠭᠤᠶᠤᠬᠤ ᠨᠢ ᠪᠠᠰᠠ ᠵᠢᠷᠭᠠᠯ ᠭᠡᠳᠡᠭ
ᠮᠣᠩᠭᠣᠯ ᠮᠠᠨᠳᠤᠲᠤᠭᠠᠢ
22᠂ ᠣᠶᠣᠩᠬᠤᠸᠠᠷ
ᠠᠭᠤᠷ ᠪᠡᠶ᠎ᠡ ᠶ᠋ᠢ ᠵᠣᠪᠠᠭᠠᠨ᠎ᠠ
ᠠᠭᠤᠯᠠ ᠮᠣᠷᠢ ᠶ᠋ᠢ ᠵᠣᠪᠠᠭᠠᠨ᠎ᠠ
23. ᠪᠠᠲᠤ
ᠮᠣᠷᠢᠨ ᠠ᠋ᠴᠠ ᠪᠠᠨ ᠪᠠᠭᠤᠵᠤ ᠪᠣᠯᠬᠤ ᠳ᠋ᠤ᠌
ᠦᠭᠡᠨ ᠡᠴᠡ ᠪᠡᠨ ᠪᠤᠴᠠᠵᠤ ᠦᠯᠦ ᠪᠣᠯᠬᠤ
24. ᠬᠥᠬᠡᠴᠡᠴᠡᠭ
ᠦᠨᠡᠨ ᠢ᠋ᠶ᠋ᠡᠷ ᠶᠠᠪᠤᠪᠠᠯ
ᠦᠬᠡᠷ ᠲᠡᠷᠭᠡ ᠲᠠᠤᠯᠠᠢ ᠶ᠋ᠢ ᠭᠦᠢᠴᠡᠨ᠎ᠡ
25. ᠱ᠌ᠢᠷᠦ
ᠮᠣᠩᠭᠣᠯ ᠮᠢᠨᠢ ᠪᠠᠲᠤ ᠣᠷᠣᠰᠢᠬᠤ ᠪᠣᠯᠲᠤᠭᠠᠢ
26. ᠣᠶᠤᠨᠭᠡᠷᠡᠯ ᠄
ᠦᠭᠡ ᠬᠡᠯᠡ ᠠᠭᠤᠤ ᠶᠡᠬᠡ
ᠦᠰᠦᠭ ᠪᠢᠴᠢᠭ ᠢᠷᠠᠭᠤ
ᠮᠣᠩᠭᠣᠯ ᠬᠡᠯᠡᠨ ᠦ᠌ ᠬᠦᠴᠦᠨ
ᠬᠢᠵᠠᠭᠠᠷᠯᠠᠰᠢ ᠦᠭᠡᠢ᠃
27. ᠪᠠᠶᠠᠨᠳᠡᠯᠭᠡᠷ9
ᠰᠣᠷᠭᠣᠭ ᠰᠠᠢᠬᠠᠨ ᠮᠣᠩᠭᠣᠯ ᠬᠡᠯᠡ
ᠰᠣᠳᠣ ᠦᠨᠳᠦᠰᠦᠲᠡᠨ ᠦ᠌ ᠮᠢᠨᠢ ᠳᠠᠷᠬᠠᠨ ᠬᠡᠯᠡ
28. ᠮᠠᠰᠢᠪᠠᠲᠣ
ᠪᠣᠰᠤᠭ᠎ᠠ ᠮᠣᠩᠭᠣᠯ ᠦᠰᠦᠭ ᠮᠢᠨᠢ
ᠡᠭᠦᠷᠢᠳᠡ ᠬᠡᠢᠮᠣᠷᠢᠲᠠᠢ ᠪᠠᠢᠲᠤᠭᠠᠢ᠂
ᠪᠤᠭᠤᠷᠤᠯ ᠲᠡᠦᠬᠡ ᠲᠡᠢ ᠮᠣᠩᠭᠣᠯ ᠨᠤᠲᠤᠭ ᠮᠢᠨᠢ
ᠬᠡᠵᠢᠶᠡᠳᠡ ᠠᠭᠤᠳᠠᠮ ᠢ᠋ᠶ᠋ᠠᠷ ᠢ᠋ᠶ᠋ᠠᠨ ᠪᠠᠢᠭᠠᠰᠠᠢ
29. ᠲᠠᠰᠢᠮᠠ
ᠬᠥᠮᠦᠨ ᠦ᠌ ᠰᠠᠢᠨ ᠢ᠋ ᠬᠠᠨᠢᠯᠠᠨ ᠪᠠᠢᠵᠤ ᠮᠡᠳᠡᠨ᠎ᠡ
ᠬᠦᠯᠦᠭ ᠦ᠋ᠨ ᠰᠠᠢᠨ ᠢ᠋ ᠤᠨᠤᠨ ᠪᠠᠢᠵᠤ ᠮᠡᠳᠡᠨ᠎ᠡ
ᠬᠢᠨᠠᠭᠴᠢ᠄ ᠣᠳᠬᠠᠨᠰᠣ᠎ᠠ
