ᠪᠡᠬᠡᠰ ᠦ᠋ᠨ ᠠᠷᠢᠭᠤᠨ ᠳᠡᠭᠡᠵᠢ ᠮᠣᠩᠭᠣᠯ ᠤᠷᠠᠨ ᠪᠢᠴᠢᠯᠭᠡ - ᠪᠣ᠊·ᠨᠠᠷᠠᠨᠴᠢᠮᠡᠭБэхсийн аригун дээж монгол уран бичлэг-у·Наранчимэг
ᠪᠡᠬᠡᠰ ᠦ᠋ᠨ ᠠᠷᠢᠭᠤᠨ ᠳᠡᠭᠡᠵᠢ ᠮᠣᠩᠭᠣᠯ ᠤᠷᠠᠨ ᠪᠢᠴᠢᠯᠭᠡ
ᠪᠣ᠊·ᠨᠠᠷᠠᠨᠴᠢᠮᠡᠭ (ᠠᠭᠢ)
ᠤᠶᠠᠩᠭᠠᠯᠠᠭᠴᠢ᠄ ᠰᠤᠯᠤᠩᠭᠣᠸ᠋ᠠ
ᠰᠦ ᠰᠢᠭ ᠴᠢᠨᠳᠠᠭᠠᠨ ᠴᠠᠭᠠᠨ ᠴᠠᠭᠠᠰᠤᠨ ᠳᠡᠭᠡᠷ᠎ᠡ
ᠬᠢᠯᠭᠠᠰᠤᠨ ᠲᠣᠷᠭᠠᠨ ᠰᠤᠷ ᠢ᠋ ᠪᠦᠵᠢᠭᠯᠡᠭᠦᠯᠵᠦ
ᠰᠤᠤᠲᠤ ᠶᠡᠬᠡᠮᠰᠦᠭ ᠬᠤᠷᠴᠠ ᠢᠳᠡᠷᠡᠭᠦᠨ
ᠭᠡᠭᠡᠨ ᠮᠣᠩᠭᠣᠯ ᠤᠷᠠᠨ ᠪᠢᠴᠢᠯᠭᠡ ᠠᠮᠢᠯᠠᠳᠠᠭ
ᠲᠣᠷᠭ᠎ᠠ ᠰᠢᠭ᠋ ᠤᠶᠠᠨ ᠵᠥᠭᠡᠯᠡᠨ ᠳ᠋ᠦ᠍
ᠪᠡᠬᠡᠰ ᠦ᠋ᠨ ᠣᠬᠢ ᠶ᠋ᠢ ᠰᠢᠮᠡᠳᠬᠡᠵᠦ
ᠲᠣᠳᠣᠬᠠᠨ ᠠᠰᠬᠠᠨ ᠭᠠᠩ ᠢᠷᠲᠦ ᠲᠡᠢ
ᠪᠣᠰᠤᠭ᠎ᠠ ᠮᠣᠩᠭᠣᠯ ᠤᠷᠠᠨ ᠪᠢᠴᠢᠯᠭᠡ ᠰᠦᠮᠪᠦᠷᠯᠡᠳᠡᠭ
ᠬᠥᠬᠡᠮᠳᠦᠭ ᠣᠢ ᠶ᠋ᠢᠨ ᠬᠥᠪᠴᠢ ᠡᠴᠡ ᠢᠷᠡᠭᠰᠡᠨ
ᠬᠥᠬᠡ ᠴᠢᠨᠣ᠎ᠠ ᠶ᠋ᠢᠨ ᠪᠤᠭᠤᠷᠤᠯ ᠳᠡᠯ ᠲᠡᠢ ᠣᠩᠭᠣᠨ ᠰᠤᠷ
ᠬᠢᠯᠢᠩ ᠬᠠᠷ᠎ᠠ ᠶ᠋ᠢᠨ ᠰᠢᠮ᠎ᠡ ᠪᠡᠷ ᠪᠠᠳᠮᠠᠯᠠᠭᠰᠠᠨ
ᠬᠥᠬᠡ ᠰᠤᠳᠤᠷ ᠨᠢᠭᠤᠴᠠ ᠲᠣᠪᠴᠢᠶᠠᠨ ᠤ᠋ ᠤᠤᠭᠠᠨ ᠳᠥᠯᠥ
ᠰᠠᠷᠠᠯ ᠮᠡᠳᠡᠷᠡᠮᠵᠢ ᠬᠣᠶᠠᠷ ᠢ᠋ᠶ᠋ᠠᠷ ᠢ᠋ᠶ᠋ᠠᠨ
ᠰᠡᠷᠡᠭᠡᠵᠦ ᠠᠮᠢᠯᠠᠭᠤᠯᠳᠠᠭ ᠰᠣᠶᠣᠯ ᠪᠣᠯᠬᠣᠷ
ᠠᠮᠢᠨ ᠰᠦᠨᠡᠰᠦ ᠲᠡᠢ ᠤᠷᠠᠯᠢᠭ ᠶᠤᠮ
ᠰᠡᠳᠬᠢᠯ ᠵᠢᠷᠦᠬᠡ ᠬᠣᠶᠠᠷ ᠢ᠋ᠶ᠋ᠠᠷ ᠢ᠋ᠶ᠋ᠠᠨ
ᠰᠢᠲᠦᠵᠦ ᠪᠢᠰᠢᠷᠡᠳᠡᠭ ᠣᠩᠭᠣᠳ ᠪᠣᠯᠬᠣᠷ
ᠰᠢᠳᠢᠲᠦ ᠵᠢᠭᠦᠷ ᠲᠡᠢ ᠬᠦᠯᠦᠭ ᠶᠦᠮ
ᠴᠠᠭᠠᠰᠤ ᠪᠡᠬᠡ ᠬᠣᠶᠠᠷ ᠤ᠋ᠨ ᠠᠭᠤᠰᠤᠯᠴᠡᠯ ᠢ᠋ᠶ᠋ᠠᠷ
ᠴᠠᠭᠠᠨ ᠬᠠᠷ᠎ᠠ ᠬᠣᠶᠠᠷ ᠤ᠋ᠨ ᠦᠵᠡᠰᠬᠦᠯᠡᠩ ᠢ᠋ ᠭᠠᠢᠬᠠᠭᠤᠯᠳᠠᠭ ᠶᠤᠮ
ᠤᠶᠠᠨ ᠬᠠᠳᠠᠨ ᠬᠣᠶᠠᠷ ᠤ᠋ᠨ ᠨᠡᠢᠯᠡᠪᠦᠷᠢ ᠪᠡᠷ
ᠡᠭᠡᠯ ᠡᠷᠬᠢᠮᠰᠦᠭ ᠬᠣᠶᠠᠷ ᠤ᠋ᠨ ᠭᠠᠢᠬᠠᠮᠰᠢᠭ ᠢ᠋ ᠲᠣᠳᠣᠷᠠᠭᠤᠯᠳᠠᠭ ᠶᠤᠮ
ᠰᠡᠳᠬᠢᠯ ᠤᠬᠠᠭᠠᠨ ᠬᠣᠶᠠᠷ ᠤ᠋ᠨ ᠮᠡᠳᠡᠷᠡᠬᠦᠢ ᠪᠡᠷ
ᠭᠡᠷᠡᠯ ᠬᠠᠷᠠᠩᠭᠤᠢ ᠬᠣᠶᠠᠷ ᠤ᠋ᠨ ᠭᠠᠭᠴᠠᠭᠠᠷᠳᠠᠯ ᠢ᠋ ᠲᠠᠢᠳᠬᠤᠷᠠᠭᠤᠯᠳᠠᠭ ᠶᠤᠮ
ᠳᠠᠶᠠᠩ ᠳᠡᠯᠡᠬᠡᠢ ᠶ᠋ᠢᠨ ᠲᠡᠦᠬᠡ ᠡᠴᠡ ᠡᠬᠢᠯᠡᠭᠡᠳ
ᠳᠠᠩ ᠴᠤᠯᠭᠤᠢ ᠬᠣᠶᠠᠷᠬᠠᠨ ᠥᠩᠭᠡ ᠪᠡᠷ ᠪᠦᠲᠦᠭᠡᠭᠳᠡᠳᠡᠭ ᠪᠣᠯᠬᠣᠷ
ᠲᠠᠩᠰᠤᠭ ᠳᠣᠯᠣᠭᠠᠨ ᠥᠩᠭᠡ ᠪᠡᠷ ᠰᠣᠯᠣᠩᠭᠠᠷᠠᠵᠤ ᠪᠠᠢᠭ᠎ᠠ ᠦᠭᠡᠢ
ᠡᠭᠦᠷᠢᠳᠡ ᠲᠡᠰᠪᠦᠷᠢ ᠲᠡᠪᠴᠢᠶᠡᠷᠢ ᠰᠡᠳᠬᠢᠯ ᠦ᠋ᠨ ᠲᠠᠮᠢᠷ ᠢ᠋ ᠰᠢᠯᠭᠠᠳᠠᠭ ᠪᠣᠯᠬᠣᠷ
ᠢᠲᠡᠭᠡᠯ ᠰᠡᠳᠬᠢᠯ ᠦ᠋ᠨ ᠭᠠᠯ ᠢ᠋ ᠳᠦᠷᠡᠯᠵᠡᠭᠦᠯᠬᠦ ᠠᠤᠭ᠎ᠠ ᠶᠡᠬᠡ ᠡᠷᠴᠢ ᠬᠦᠴᠦ
ᠡᠬᠡ ᠬᠡᠯᠡᠨ ᠦ᠌ ᠮᠢᠨᠢ ᠴᠣᠭ ᠢ᠋ ᠪᠠᠳᠠᠷᠠᠭᠠᠬᠤ ᠪᠢᠷ ᠪᠡᠬᠡᠰ ᠦ᠋ᠨ ᠠᠷᠢᠭᠤᠨ ᠳᠡᠭᠡᠵᠢ ᠶᠦᠮ
ᠦᠷᠭᠦᠯᠵᠢᠳᠡ ᠳᠠᠷᠤᠤ ᠬᠢᠴᠢᠶᠡᠩᠭᠦᠢ ᠨᠠᠮᠵᠢᠭᠤᠨ ᠲᠣᠭᠲᠠᠭᠤᠨ ᠢ᠋ ᠱᠠᠩᠨᠠᠳᠠᠭ ᠪᠣᠯᠬᠣᠷ
ᠤᠬᠠᠭᠠᠨ ᠪᠣᠳᠣᠯ ᠤ᠋ᠨ ᠮᠢᠨᠢ ᠤᠢᠳᠬᠠᠷ ᠭᠤᠨᠢᠭ ᠢ᠋ ᠠᠷᠴᠢᠨ ᠠᠰᠬᠠᠷᠠᠬᠤ ᠠᠮᠢ ᠲᠠᠢ ᠴᠡᠩᠬᠡᠷ ᠤᠰᠤ
ᠣᠶᠤᠨ ᠰᠠᠨᠠᠭᠠᠨ ᠤ᠋ ᠮᠢᠨᠢ ᠣᠩᠭᠣᠨ ᠲᠠᠯ᠎ᠠ ᠳ᠋ᠤ᠌ ᠳᠣᠪᠲᠣᠯᠤᠨ ᠢᠷᠡᠬᠦ ᠥᠭᠡᠳᠡᠩ ᠬᠠᠷ᠎ᠠ ᠠᠳᠤᠭᠤᠳ ᠶᠤᠮ
ᠡᠷᠲᠡᠨ ᠦ᠌ ᠮᠡᠷᠭᠡᠳ ᠦ᠋ᠨ ᠣᠶᠤᠨ ᠬᠥᠪᠴᠢ ᠪᠡᠷ
ᠡᠷᠳᠡᠨᠢ ᠶ᠋ᠢᠨ ᠲᠣᠪᠴᠢ ᠶᠡᠬᠡ ᠮᠣᠩᠭᠣᠯ ᠤ᠋ᠨ ᠲᠡᠦᠬᠡ
ᠦᠰᠦᠲᠦ ᠲᠣᠷᠭᠠᠨ ᠪᠢᠷ ᠢ᠋ᠶ᠋ᠡᠷ ᠤᠯᠠᠮᠵᠢᠯᠠᠭᠳᠠᠭᠰᠠᠨ ᠪᠣᠯᠬᠣᠷ
ᠣᠨ ᠴᠠᠭ ᠤ᠋ᠨ ᠬᠦᠷᠳᠦᠨ ᠳ᠋ᠦ᠍ ᠲᠡᠦᠬᠡᠨ ᠠᠴᠢᠶ᠎ᠠ ᠲᠠᠢ ᠢᠷᠡᠭᠰᠡᠨ ᠶᠦᠮ
ᠡᠷᠬᠢᠮ ᠪᠢᠴᠢᠭᠲᠡᠳ ᠦ᠋ᠨ ᠴᠡᠴᠡᠨ ᠰᠣᠳᠣᠨ ᠮᠡᠳᠡᠷᠡᠮᠵᠢ ᠪᠡᠷ
ᠡᠴᠢᠨᠡᠨ ᠰᠢᠳᠢᠲᠦ ᠮᠣᠩᠭᠣᠯ ᠤᠷᠠᠨ ᠪᠢᠴᠢᠯᠭᠡ ᠮᠢᠨᠦ
ᠡᠪᠯᠢᠭ ᠶᠠᠰᠤᠨ ᠬᠤᠢ ᠠ᠋ᠴᠠ ᠭᠢᠯᠠᠰᠤᠨ ᠰᠤᠭᠤᠷᠠᠬᠤ ᠪᠠᠲᠤ ᠸᠴᠢᠷ ᠰᠡᠯᠡᠮ᠎ᠡ ᠰᠢᠭ ᠡᠷᠢᠨ ᠴᠠᠭ ᠤ᠋ᠨ ᠬᠠᠷᠠᠭᠠᠨ ᠳ᠋ᠤ᠌ ᠡᠷᠲᠡᠨ ᠦ᠌ ᠵᠠᠬᠢᠶ᠎ᠠ ᠲᠠᠢ ᠭᠢᠯᠠᠯᠵᠠᠬᠤ ᠶᠤᠮ
ᠤᠷᠠᠨ ᠪᠢᠴᠢᠯᠭᠡ
ᠤᠶᠠᠩᠭᠠᠯᠠᠭᠴᠢ ᠶ᠋ᠢᠨ ᠳᠥᠭᠥᠮ ᠲᠠᠨᠢᠯᠴᠠᠭᠤᠯᠭ᠎ᠠ᠄ ᠥᠪᠥᠷ ᠮᠣᠩᠭᠣᠯ ᠤ᠋ᠨ ᠷᠠᠳᠢᠣ᠋ ᠲᠧᠯᠸᠢᠰ ᠬᠣᠷᠢᠶᠠᠨ ᠤ᠋ ᠠᠬᠠᠮᠠᠳ ᠨᠡᠪᠲᠡᠷᠡᠭᠦᠯᠦᠭᠴᠢ᠂ ᠵᠢᠭᠠᠨ ᠵᠢᠯᠣᠭᠣᠳᠤᠭᠴᠢ᠃
ᠦᠰᠦᠭ ᠠᠮᠢᠯᠠᠭᠤᠯᠤᠭᠴᠢ᠄ ᠪᠠᠢ ᠰᠠᠷᠠᠨ᠎ᠠ
ᠦᠰᠦᠭ ᠬᠠᠳᠠᠭᠴᠢ᠄ ᠪᠠᠢ ᠰᠠᠷᠠᠨ᠎ᠠ
ᠬᠢᠨᠠᠭᠴᠢ᠄ ᠪᠤᠯᠠᠭ
