ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠰᠢᠳᠢᠲᠦ ᠮᠡᠷᠭᠡᠨ ᠰᠢᠪᠠᠭᠤ Гураван настай гунаган улаан баатар - Шидэт мэргэн шувуу
ᠰᠢᠳᠢᠲᠦ ᠮᠡᠷᠭᠡᠨ ᠰᠢᠪᠠᠭᠤ
ᠡᠷᠲᠡ ᠤᠷᠢᠳᠤ ᠨᠢᠭᠡᠨ ᠴᠠᠭ ᠲᠤ᠌᠂ ᠠᠷᠤ ᠬᠠᠩᠭᠠᠢ ᠠᠭᠤᠯᠠᠨ ᠳ᠋ᠤ᠌᠂ ᠰᠣᠳᠣ ᠰᠡᠴᠡᠨ ᠪᠥᠭᠡᠳ ᠬᠥᠮᠦᠨ ᠦ᠌ ᠦᠭᠡ ᠶ᠋ᠢ ᠶᠠᠷᠢᠵᠤ ᠴᠢᠳᠠᠳᠠᠭ ᠰᠢᠳᠢᠲᠦ ᠮᠡᠷᠭᠡᠨ ᠰᠢᠪᠠᠭᠤ ᠭᠡᠵᠦ ᠪᠠᠢᠭᠰᠠᠨ ᠭᠡᠨ᠎ᠡ᠃
ᠴᠢᠩᠭᠢᠭᠡᠳ ᠲᠡᠭᠦᠨ ᠢ᠋ ᠬᠡᠳᠦᠢ ᠣᠯᠠᠨ ᠤᠯᠤᠰ ᠤ᠋ᠨ ᠬᠠᠭᠠᠨ ᠡᠵᠡᠨ ᠪᠠ ᠡᠷᠬᠡᠲᠡᠨ ᠵᠣᠭᠣᠰᠳᠠᠨ ᠨᠤᠭᠤᠳ ᠬᠥᠮᠦᠨ ᠵᠠᠷᠤᠵᠤ ᠶᠠᠪᠤᠭᠤᠯᠬᠤ ᠪᠤᠶᠤ ᠥᠪᠡᠷ ᠦ᠋ᠨ ᠪᠡᠶ᠎ᠡ ᠪᠡᠷ ᠢ᠋ᠶ᠋ᠡᠨ ᠴᠦ᠍ ᠣᠴᠢᠵᠤ ᠦᠵᠡᠭᠰᠡᠨ ᠪᠣᠯᠪᠠᠴᠤ ᠣᠯᠵᠤ ᠢᠷᠡᠭᠰᠡᠨ ᠬᠥᠮᠦᠨ ᠨᠢᠭᠡ ᠴᠦ᠍ ᠭᠠᠷᠤᠭᠰᠠᠨ ᠦᠭᠡᠢ᠃ ᠭᠡᠪᠡᠴᠦ ᠰᠢᠳᠢᠲᠦ ᠮᠡᠷᠭᠡᠨ ᠰᠢᠪᠠᠭᠤ ᠬᠠᠮᠢᠭ᠎ᠠ ᠴᠣ ᠶᠠᠪᠤᠭᠰᠠᠨ ᠦᠭᠡᠢ᠃ ᠮᠥᠨ ᠯᠡ ᠲᠦᠮᠡᠨ ᠵᠢᠯ ᠦ᠋ᠨ ᠨᠠᠢᠭᠤᠭᠰᠠᠨ ᠰᠠᠢᠬᠠᠨ ᠨᠠᠮᠠᠭᠠᠲᠠᠢ ᠨᠠᠷᠠᠰᠤᠨ ᠮᠣᠳᠣᠨ ᠳᠡᠭᠡᠷ᠎ᠡ ᠪᠡᠨ ᠰᠠᠭᠤᠵᠤ᠂ ᠭᠠᠩᠬᠤᠭᠰᠠᠨ ᠰᠠᠢᠬᠠᠨ ᠨᠠᠮᠠᠭᠠᠨ ᠳᠣᠲᠣᠷ᠎ᠠ ᠨᠢ ᠭᠠᠩᠭᠠᠩ ᠰᠠᠢᠬᠠᠨ ᠬᠣᠭᠣᠯᠠᠢ ᠪᠠᠷ ᠢ᠋ᠶ᠋ᠠᠨ ᠳᠠᠭᠤᠯᠠᠵᠤ ᠵᠢᠷᠭᠢᠨ ᠰᠠᠭᠤᠵᠤ ᠪᠠᠢᠳᠠᠭ ᠭᠡᠨ᠎ᠡ᠃
ᠴᠢᠩᠭᠢᠭᠡᠳ ᠰᠢᠳᠢᠲᠦ ᠮᠡᠷᠭᠡᠨ ᠰᠢᠪᠠᠭᠤ ᠶ᠋ᠢ ᠪᠠᠷᠢᠨ᠎ᠠ ᠭᠡᠵᠦ ᠬᠥᠮᠦᠰ ᠶᠠᠪᠤᠭᠰᠠᠭᠠᠷ ᠶᠠᠪᠤᠭᠰᠠᠭᠠᠷ ᠪᠠᠢᠭᠠᠳ ᠴᠢᠬᠡ ᠴᠤᠪᠤᠭ᠎ᠠ ᠵᠠᠮ ᠭᠠᠷᠭᠠᠭᠰᠠᠨ ᠭᠡᠨ᠎ᠡ᠃
一 ᠡᠨᠡ ᠰᠢᠳᠢᠲᠦ ᠮᠡᠷᠭᠡᠨ ᠰᠢᠪᠠᠭᠤ ᠶ᠋ᠢ ᠵᠡᠭᠦᠨ ᠳ᠋ᠠᠬᠢᠨ ᠢ᠋ ᠡᠵᠡᠯᠡᠭᠰᠡᠨ ᠡᠷᠲᠡᠭᠡᠷ ᠬᠠᠭᠠᠨ ᠰᠣᠨᠣᠰᠴᠤ᠂ ᠡᠨᠡ ᠶᠠᠭᠠᠬᠢᠭᠰᠠᠨ ᠬᠡᠴᠡᠭᠦᠦ ᠠᠮᠢᠲᠠᠨ ᠪᠣᠢ᠂ ᠬᠡᠨ ᠣᠴᠢᠪᠠᠴᠤ ᠬᠠᠭᠤᠷᠲᠠᠭᠳᠠᠨ ᠬᠠᠷᠢᠳᠠᠭ ᠭᠡᠨ᠎ᠡ᠃ ᠪᠢ ᠣᠴᠢᠪᠠᠯ ᠶᠠᠭᠠᠬᠢᠭᠰᠠᠨ ᠴᠤ᠌ ᠠᠪᠴᠢᠷᠠᠵᠤ ᠴᠢᠳᠠᠨ᠎ᠠ ᠭᠡᠳ ᠮᠣᠷᠳᠠᠨ ᠶᠠᠪᠤᠵᠤ ᠭᠡᠨ᠎ᠡ᠃
ᠡᠷᠲᠡᠭᠡᠷ ᠬᠠᠭᠠᠨ ᠠᠷᠤ ᠬᠠᠩᠭᠠᠢ ᠳ᠋ᠤ᠌ ᠭᠠᠷᠴᠤ᠂ ᠲᠦᠮᠡᠨ ᠵᠢᠯ ᠦ᠋ᠨ ᠨᠠᠢᠭᠤᠭᠰᠠᠨ ᠰᠠᠢᠬᠠᠨ ᠨᠠᠮᠠᠭᠠᠲᠠᠢ ᠨᠠᠷᠠᠰᠤᠨ ᠮᠣᠳᠣᠨ ᠳᠣᠣᠷ᠎ᠠ ᠬᠦᠷᠦᠭᠰᠡᠨ ᠳ᠋ᠦ᠍᠂ ᠥᠨᠥ ᠰᠢᠳᠢᠲᠦ ᠮᠡᠷᠭᠡᠨ ᠰᠢᠪᠠᠭᠤ ᠳᠤᠲᠠᠭᠠᠬᠤ ᠦᠭᠡᠢ᠂ ᠦᠷᠭᠦᠬᠦ ᠦᠭᠡᠢ ᠨᠣᠮᠣᠬᠠᠨ ᠰᠢᠳᠤᠷᠭᠤ ᠪᠠᠷᠢᠭᠳᠠᠭᠰᠠᠨ ᠳ᠋ᠤ᠌᠂ ᠡᠷᠲᠡᠭᠡᠷ ᠬᠠᠭᠠᠨ ᠶᠡᠬᠡ ᠪᠠᠶᠠᠷᠯᠠᠵᠤ᠂ ᠴᠢᠬᠡ ᠴᠤᠪᠤᠭ᠎ᠠ ᠵᠠᠮ ᠢ᠋ᠶ᠋ᠠᠷ ᠨᠢ ᠪᠤᠴᠠᠵᠤ ᠶᠠᠪᠤᠬᠤ ᠳ᠋ᠤᠨᠢ᠂ ᠰᠢᠳᠢᠲᠦ ᠮᠡᠷᠭᠡᠨ ᠰᠢᠪᠠᠭᠤ ᠬᠡᠯᠡᠭᠰᠡᠨ ᠨᠢ᠄ 《ᠡᠷᠭᠢᠨ ᠬᠠᠭᠠᠨ ᠨᠠᠮᠠᠶ᠋ᠢ ᠪᠠᠷᠢᠬᠤ ᠳ᠋ᠤ᠌ ᠪᠡᠷᠬᠡ ᠲᠡᠢ ᠪᠢᠰᠢ᠂ ᠭᠠᠭᠴᠠ ᠬᠦ᠌ ᠲᠠ ᠨᠠᠮᠠᠶ᠋ᠢ ᠠᠪᠴᠤ ᠶᠠᠪᠤᠬᠤ ᠦᠶ᠎ᠡ ᠳ᠋ᠡᠭᠡᠨ ᠭᠡᠮᠰᠢᠵᠦ ᠪᠣᠯᠬᠤ ᠦᠭᠡᠢ ᠪᠥᠭᠡᠳ ᠶᠠᠭᠤ ᠴᠤ᠌ ᠳᠤᠤᠭᠠᠷᠬᠤ ᠦᠭᠡᠢ ᠳᠤᠭᠤᠢ ᠶᠠᠪᠤᠵᠤ ᠪᠠᠰᠠ ᠪᠣᠯᠬᠤ ᠦᠭᠡᠢ᠃ ᠦᠭᠡᠢ ᠪᠣᠯ ᠪᠢ ᠨᠢᠳᠦ ᠢᠷᠮᠡᠬᠦ ᠶ᠋ᠢᠨ ᠬᠣᠭᠣᠷᠣᠨᠳᠣ ᠨᠢᠰᠴᠦ ᠳᠤᠲᠠᠭᠠᠨ᠎ᠠ᠃ ᠡᠢᠮᠦ ᠪᠣᠯᠬᠣᠷ ᠶᠠᠭᠤ ᠴᠤ᠌ ᠪᠣᠯᠪᠠ᠂ ᠪᠢᠳᠡ ᠬᠣᠶᠠᠭᠤᠯᠠ ᠶ᠋ᠢᠨ ᠨᠢᠭᠡ ᠨᠢ ᠵᠠᠪᠠᠯ ᠦᠭᠡ ᠶᠠᠷᠢᠵᠤ ᠶᠠᠪᠤᠬᠤ ᠬᠡᠷᠡᠭᠲᠡᠢ》 ᠭᠡᠵᠦ ᠬᠡᠯᠡᠭᠰᠡᠨ ᠳ᠋ᠦ᠍᠂ ᠡᠷᠲᠡᠭᠡᠷ ᠬᠠᠭᠠᠨ᠄《ᠵᠠ! ᠲᠡᠭᠡᠪᠡᠯ ᠴᠢ ᠨᠢᠭᠡ ᠦᠭᠡ ᠶᠠᠷᠢᠵᠤ ᠶᠠᠪᠤᠭᠠᠷᠠᠢ!》 ᠭᠡᠰᠡᠨ ᠳ᠋ᠦ᠍ ᠰᠢᠳᠢᠲᠦ ᠮᠡᠷᠭᠡᠨ ᠰᠢᠪᠠᠭᠤ᠄《ᠵᠠ! ᠴᠢᠩᠭᠢᠪᠡᠯ ᠪᠢ ᠡᠵᠡᠨ ᠴᠢᠮ᠎ᠠ ᠳ᠋ᠤ᠌ ᠨᠢᠭᠡᠨ ᠦᠯᠢᠭᠡᠷ ᠬᠡᠯᠡᠵᠦ ᠥᠭᠭᠦᠶ᠎ᠡ》 ᠭᠡᠳ ᠦᠯᠢᠭᠡᠷ ᠢ᠋ᠶ᠋ᠡᠨ ᠬᠡᠯᠡᠭᠰᠡᠨ ᠨᠢ᠄
《ᠲᠡᠷᠡ ᠨᠢᠭᠡᠨ ᠭᠠᠵᠠᠷ ᠲᠤ᠌ ᠨᠢᠭᠡᠨ ᠰᠠᠢᠨ ᠠᠩᠴᠢᠨ᠂ ᠨᠢᠭᠡᠨ ᠰᠠᠢᠨ ᠨᠣᠬᠠᠢ ᠲᠠᠢ ᠪᠠᠢᠵᠤ ᠭᠡᠨ᠎ᠡ᠃ ᠴᠢᠩᠭᠢᠭᠡᠳ ᠨᠢᠭᠡᠨ ᠡᠳᠦᠷ ᠨᠣᠬᠠᠢ ᠪᠠᠨ ᠳᠠᠭᠠᠭᠤᠯᠵᠤ᠂ ᠠᠩ ᠬᠦᠷᠦᠭᠡ ᠬᠢᠬᠦ ᠪᠡᠷ ᠶᠠᠪᠤᠵᠤ ᠪᠠᠢᠭᠰᠠᠨ ᠳ᠋ᠤ᠌᠂ ᠠᠭᠤᠯᠠᠨ ᠤ᠋ ᠬᠠᠪᠴᠢᠯ ᠵᠠᠮ ᠳ᠋ᠤ᠌ ᠳᠦᠭᠦᠷᠡᠩ ᠮᠥᠩᠭᠥ ᠲᠡᠭᠡᠭᠡᠭᠰᠡᠨ ᠲᠡᠷᠭᠡ ᠡᠪᠳᠡᠷᠡᠭᠡᠳ᠂ ᠡᠵᠡᠨ ᠨᠢ ᠠᠷᠭ᠎ᠠ ᠪᠠᠨ ᠪᠠᠷᠠᠵᠤ ᠰᠠᠭᠤᠵᠤ ᠪᠠᠢᠵᠠᠢ᠃ ᠡᠭᠦᠨ ᠲᠡᠢ ᠠᠩᠴᠢᠨ ᠠᠭᠤᠯᠵᠠᠵᠤ᠂ ᠠᠮᠤᠷ ᠰᠠᠢᠨ ᠢ᠋ᠶ᠋ᠠᠨ ᠮᠡᠳᠡᠯᠴᠡᠨ᠂ ᠴᠣᠭ ᠭᠠᠵᠠᠷ ᠰᠠᠭᠤᠵᠤ᠂ ᠲᠠᠮᠠᠬᠢ ᠲᠡᠳᠡᠨ ᠪᠠᠢᠬᠤ ᠳ᠋ᠤ᠌᠂ ᠲᠡᠷᠭᠡᠨ ᠦ᠌ ᠡᠵᠡᠨ ᠬᠡᠯᠡᠭᠰᠡᠨ ᠨᠢ᠄《ᠠᠩᠴᠢᠨ ᠠᠪᠤᠭᠠᠢ! ᠪᠢ ᠡᠨᠡ ᠤᠷᠲᠤ ᠠᠢᠯ ᠳ᠋ᠤ᠌ ᠣᠴᠢᠵᠤ ᠲᠡᠷᠭᠡᠨ ᠦ᠌ ᠳᠠᠷᠬᠠᠨ ᠳᠠᠭᠤᠳᠠᠵᠤ ᠢᠷᠡᠶ᠎ᠡ᠃ ᠴᠢ ᠡᠨᠡ ᠰᠠᠢᠨ ᠨᠣᠬᠠᠢ ᠲᠠᠢ ᠪᠠᠨ ᠡᠨᠳᠡ ᠰᠠᠭᠤᠵᠤ ᠲᠡᠷᠭᠡ ᠶ᠋ᠢ ᠮᠢᠨᠢ ᠬᠠᠷᠠᠵᠤ ᠪᠠᠢ!》 ᠭᠡᠰᠡᠨ ᠳ᠋ᠦ᠍᠂ ᠠᠩᠴᠢᠨ ᠬᠥᠮᠦᠨ᠄ ᠵᠠ! ᠲᠡᠭᠡᠶ᠎ᠡ ᠭᠡᠵᠦ ᠲᠡᠷᠭᠡ ᠶ᠋ᠢ ᠨᠢ ᠰᠠᠬᠢᠵᠤ ᠰᠠᠭᠤᠭᠰᠠᠨ ᠳ᠋ᠤ᠌ ᠲᠡᠷᠭᠡᠨ ᠦ᠌ ᠡᠵᠡᠨ ᠶᠡᠬᠡ ᠪᠠᠶᠠᠷᠯᠠᠵᠤ ᠠᠭᠤᠯᠠ ᠶ᠋ᠢ ᠳᠠᠪᠠᠵᠤ ᠶᠠᠪᠤᠪᠠ ᠭᠡᠨ᠎ᠡ᠃
ᠴᠢᠩᠭᠢᠭᠡᠳ ᠠᠩᠴᠢᠨ ᠣᠷᠣᠢ ᠪᠣᠯᠲᠠᠯ᠎ᠠ ᠬᠦᠯᠢᠶᠡᠭᠡᠳ᠂ ᠲᠡᠷᠭᠡᠨ ᠦ᠌ ᠡᠵᠡᠨ ᠬᠠᠷᠢᠵᠤ ᠢᠷᠡᠬᠦ ᠦᠭᠡᠢ ᠳ᠋ᠦ᠍᠂ ᠳᠣᠲᠣᠷ᠎ᠠ ᠪᠠᠨ ᠪᠣᠳᠣᠭᠰᠠᠨ ᠨᠢ᠄《ᠬᠥᠭᠰᠢᠨ ᠡᠵᠢ ᠮᠢᠨᠢ ᠨᠢᠳᠦ ᠮᠠᠭᠤ᠃ ᠡᠷᠲᠡ ᠡᠴᠡ ᠣᠷᠣᠢ ᠪᠣᠯᠲᠠᠯ᠎ᠠ ᠬᠣᠭᠣᠯᠠ ᠣᠯᠵᠤ ᠢᠳᠡᠭᠡ ᠦᠭᠡᠢ ᠰᠠᠭᠤᠵᠤ ᠪᠠᠢᠭ᠎ᠠ ᠪᠠᠢᠬᠤ》 ᠭᠡᠳ᠂ ᠨᠣᠬᠠᠢ ᠳ᠋ᠠᠭᠠᠨ ᠬᠡᠯᠡᠭᠰᠡᠨ ᠨᠢ᠄《ᠴᠢ ᠡᠨᠡ ᠲᠡᠷᠭᠡ ᠶ᠋ᠢᠨ ᠡᠵᠡᠨ ᠢ᠋ ᠢᠷᠡᠲᠡᠯ᠎ᠡ᠂ ᠡᠨᠳᠡ ᠰᠠᠬᠢᠵᠤ ᠪᠠᠢ! ᠬᠤᠯᠠᠭᠠᠢᠴᠢ ᠳ᠋ᠤ᠌ ᠪᠢᠲᠡᠭᠡᠢ ᠬᠣᠯᠠᠭᠣᠭᠳᠠᠭᠲᠣᠨ! ᠪᠢ ᠬᠠᠷᠢᠵᠤ᠂ ᠡᠵᠢ ᠳ᠋ᠡᠭᠡᠨ ᠬᠣᠭᠣᠯᠠ ᠬᠢᠵᠦ ᠥᠭᠭᠦᠶ᠎ᠡ》 ᠭᠡᠳ ᠪᠤᠴᠠᠵᠤ ᠶᠠᠪᠤᠪᠠ ᠭᠡᠨ᠎ᠡ᠃
ᠴᠢᠩᠭᠢᠭᠡᠳ ᠨᠣᠬᠠᠢ ᠨᠢ ᠦᠨᠡᠨ ᠰᠢᠳᠤᠷᠭᠤ ᠪᠠᠷ ᠡᠵᠡᠨ ᠦ᠌ ᠪᠡᠨ ᠬᠡᠯᠡᠭᠰᠡᠨ ᠦᠭᠡ ᠶ᠋ᠢ ᠳᠠᠭᠠᠵᠤ᠂ ᠲᠡᠷᠭᠡᠨ ᠦ᠌ ᠦᠬᠡᠷ ᠢ᠋ ᠬᠣᠯᠠᠳᠤᠭᠤᠯᠬᠤ ᠦᠭᠡᠢ᠂ ᠡᠷᠭᠢᠨ ᠲᠣᠭᠣᠷᠢᠨ ᠶᠠᠪᠤᠵᠤ ᠦᠨᠡᠬᠡᠷ ᠨᠢᠭᠡᠨ ᠰᠠᠢᠨ ᠬᠠᠷᠠᠭᠤᠯ ᠰᠢᠭ᠋ ᠲᠡᠷᠭᠡᠨ ᠦ᠌ ᠳᠡᠷᠭᠡᠳᠡ ᠪᠠᠢᠵᠤ ᠰᠥᠨᠢ ᠣᠷᠣᠢ ᠪᠣᠯᠤᠭᠰᠠᠨ ᠳ᠋ᠤ᠌ ᠥᠨᠥ ᠲᠡᠷᠭᠡᠨ ᠦ᠌ ᠡᠵᠡᠨ ᠨᠢ ᠬᠡᠴᠢᠨᠡᠨ ᠠᠢᠯ ᠢ᠋ ᠬᠡᠰᠦᠵᠦ ᠳᠥᠩᠭᠡᠵᠦ ᠨᠢᠭᠡ ᠲᠡᠷᠭᠡᠨ ᠦ᠌ ᠳᠠᠷᠬᠠᠨ ᠣᠯᠵᠤ᠂ ᠬᠠᠷᠢᠵᠤ ᠢᠷᠡᠭᠡᠳ ᠦᠵᠡᠭᠰᠡᠨ ᠳ᠋ᠦ᠍ ᠠᠩᠴᠢᠨ ᠬᠥᠮᠦᠨ ᠪᠠᠢᠬᠤ ᠦᠭᠡᠢ ᠪᠣᠯᠵᠤ᠂ ᠭᠠᠭᠴᠠ ᠨᠣᠬᠠᠢ ᠨᠢ ᠰᠢᠳᠤᠷᠭᠤ ᠪᠠᠲᠤ ᠪᠠᠨ ᠰᠠᠬᠢᠵᠤ ᠲᠡᠷᠭᠡ ᠶ᠋ᠢ ᠨᠢ ᠬᠠᠮᠠᠭᠠᠯᠠᠵᠤ ᠪᠠᠢᠵᠠᠢ᠃ ᠲᠡᠷᠭᠡᠨ ᠦ᠌ ᠡᠵᠡᠨ ᠡᠭᠦᠨ ᠢ᠋ ᠦᠵᠡᠭᠡᠳ᠂ ᠦᠨᠡᠬᠡᠷ ᠰᠠᠢᠨ ᠨᠣᠬᠠᠢ ᠪᠠᠢᠨ᠎ᠠ ᠭᠡᠳ᠂ ᠲᠠᠯᠠᠷᠬᠠᠯ ᠤ᠋ᠨ ᠮᠥᠩᠭᠥ ᠭᠡᠵᠦ ᠨᠣᠬᠠᠢ ᠳ᠋ᠤ᠌ ᠨᠢᠭᠡᠨ ᠬᠡᠰᠡᠭ ᠮᠥᠩᠭᠥ ᠡᠮᠬᠦᠭᠦᠯᠵᠦ ᠬᠠᠷᠢᠭᠤᠯᠤᠭᠰᠠᠨ ᠳ᠋ᠤ᠌᠂ ᠡᠵᠡᠨ ᠨᠢ ᠡᠭᠦᠳᠡᠨ ᠳ᠋ᠡᠭᠡᠨ ᠵᠣᠭᠰᠣᠵᠤ ᠬᠦᠯᠢᠶᠡᠵᠦ ᠪᠠᠢᠭᠰᠠᠨ ᠲᠤᠯᠠ᠂ ᠳᠠᠷᠤᠢ ᠠᠭᠤᠯᠵᠠᠭᠠᠳ ᠡᠮᠬᠦᠭᠰᠡᠨ ᠮᠥᠩᠭᠥ ᠪᠡᠨ ᠭᠠᠵᠠᠷ ᠲᠠᠯᠪᠢᠭᠰᠠᠨ ᠳ᠋ᠤ᠌᠂ ᠠᠩᠴᠢᠨ ᠳᠣᠲᠣᠷ᠎ᠠ ᠪᠠᠨ ᠶᠡᠬᠡ ᠭᠣᠮᠣᠳᠠᠵᠤ ᠠᠭᠤᠷᠯᠠᠵᠤ᠄《ᠪᠢ ᠬᠠᠷᠢᠨ ᠬᠥᠮᠦᠨ ᠦ᠌ ᠡᠳ᠋ ᠢ᠋ ᠰᠠᠢᠬᠠᠨ ᠰᠠᠬᠢᠵᠤ ᠥᠭ! ᠭᠡᠰᠡᠨ ᠳ᠋ᠦ᠍ ᠡᠨᠡ ᠠᠮᠢᠲᠠᠨ ᠬᠠᠷᠢᠨ ᠬᠥᠮᠦᠨ ᠦ᠌ ᠮᠥᠩᠭᠥ ᠶ᠋ᠢ ᠬᠤᠯᠠᠭᠠᠢᠯᠠᠵᠤ ᠢᠷᠡᠪᠡ》ᠭᠡᠳ ᠰᠢᠳᠡᠮ ᠠᠪᠴᠤ ᠨᠣᠬᠠᠢ ᠪᠠᠨ ᠴᠣᠬᠢᠭᠠᠳ ᠠᠯᠠᠴᠢᠬᠠᠪᠠ 》ᠭᠡᠰᠡᠨ ᠳ᠋ᠦ᠍᠂
ᠡᠷᠲᠡᠭᠡᠷ ᠬᠠᠭᠠᠨ᠄《ᠢᠰᠢ! ᠶᠠᠮᠠᠷ ᠠᠯᠠᠮᠠᠷ ᠬᠡᠷᠡᠭ ᠪᠣᠢ! ᠡᠢᠮᠦ ᠰᠠᠢᠨ ᠨᠣᠬᠠᠢ ᠶ᠋ᠢ ᠡᠨᠳᠡᠭᠦᠦ ᠠᠯᠠᠪᠠ》ᠭᠡᠵᠦ ᠭᠡᠮᠰᠢᠭᠰᠡᠨ ᠳ᠋ᠦ᠍᠂ ᠰᠢᠳᠢᠲᠦ ᠮᠡᠷᠭᠡᠨ ᠰᠢᠪᠠᠭᠤ᠄ 《ᠵᠠ! ᠴᠢ ᠭᠡᠮᠰᠢᠪᠡ》 ᠭᠡᠵᠦ ᠬᠡᠯᠡᠮᠡᠭᠴᠡ ᠫᠦᠷ ᠬᠢᠲᠡᠯ᠎ᠡ ᠨᠢᠰᠦᠭᠡᠳ ᠶᠠᠪᠤᠴᠢᠬᠠᠪᠠ᠃
ᠲᠡᠭᠡᠭᠡᠳ ᠡᠷᠲᠡᠭᠡᠷ ᠬᠠᠭᠠᠨ:《ᠠᠢ ᠪᠢ ᠶᠠᠭᠤᠨ ᠳ᠋ᠤ᠌ ᠭᠡᠮᠰᠢᠵᠦ ᠪᠣᠯᠬᠤ ᠦᠭᠡᠢ ᠭᠡᠰᠡᠨ ᠰᠠᠬᠢᠯ ᠢ᠋ ᠠᠯᠳᠠᠪᠠ 》ᠭᠡᠵᠦ ᠪᠡᠶ᠎ᠡ ᠳ᠋ᠡᠭᠡᠨ ᠭᠣᠮᠣᠳᠠᠭᠠᠳ ᠳᠠᠬᠢᠨ ᠠᠷᠤ ᠬᠠᠩᠭᠠᠢ ᠳ᠋ᠤ᠌ ᠪᠤᠴᠠᠵᠤ ᠣᠴᠢᠭᠠᠳ᠂ ᠲᠦᠮᠡᠨ ᠵᠢᠯ ᠦ᠋ᠨ ᠨᠠᠢᠭᠤᠭᠰᠠᠨ ᠰᠠᠢᠬᠠᠨ ᠨᠠᠷᠠᠰᠤᠨ ᠳᠡᠭᠡᠷ᠎ᠡ ᠡᠴᠡ ᠰᠢᠳᠢᠲᠦ ᠮᠡᠷᠭᠡᠨ ᠰᠢᠪᠠᠭᠤ ᠶ᠋ᠢ ᠪᠠᠷᠢᠵᠤ ᠠᠪᠬᠤ ᠳ᠋ᠤ᠌᠂ ᠥᠨᠥ ᠰᠢᠳᠢᠲᠦ ᠮᠡᠷᠭᠡᠨ ᠰᠢᠪᠠᠭᠤ᠄《ᠵᠠ! ᠣᠳᠣ ᠪᠠᠰᠠ ᠨᠢᠭᠡᠨ ᠦᠯᠢᠭᠡᠷ ᠬᠡᠯᠡᠵᠦ ᠥᠭᠭᠦᠶ᠎ᠡ》 ᠭᠡᠳ ᠬᠡᠯᠡᠭᠰᠡᠨ ᠨᠢ᠄
《ᠲᠡᠷᠡ ᠨᠢᠭᠡᠨ ᠭᠠᠵᠠᠷ᠂ ᠨᠢᠭᠡᠨ ᠪᠦᠰᠡᠭᠦᠢ᠂ ᠨᠢᠭᠡᠨ ᠰᠠᠢᠬᠠᠨ ᠮᠤᠤᠷ ᠲᠠᠢ ᠪᠠᠢᠵᠤ ᠭᠡᠨ᠎ᠡ᠃ ᠴᠢᠩᠭᠢᠭᠡᠳ ᠨᠢᠭᠡᠨ ᠡᠳᠦᠷ᠂ ᠥᠨᠥ ᠪᠦᠰᠡᠭᠦᠢ ᠬᠤᠳᠳᠤᠭ ᠳᠡᠭᠡᠷ᠎ᠡ ᠣᠴᠢᠬᠤ ᠳ᠋ᠠᠭᠠᠨ ᠮᠤᠤᠷ ᠲᠠᠭᠠᠨ ᠵᠠᠬᠢᠭᠰᠠᠨ ᠨᠢ᠄《ᠴᠢ ᠥᠯᠥᠭᠡᠢ ᠲᠡᠢ ᠪᠢᠴᠢᠬᠠᠨ ᠬᠦᠦ ᠶ᠋ᠢ ᠮᠢᠨᠢ᠂ ᠰᠠᠢᠬᠠᠨ ᠬᠠᠷᠠᠵᠤ ᠪᠠᠢ!》 ᠭᠡᠳ ᠤᠰᠤᠨ ᠳ᠋ᠠᠭᠠᠨ ᠶᠠᠪᠤᠭᠰᠠᠨ ᠬᠣᠢᠨ᠎ᠠ᠂ ᠮᠤᠤᠷ ᠨᠢ ᠥᠯᠥᠭᠡᠢ ᠶ᠋ᠢᠨ ᠳᠡᠷᠭᠡᠳᠡ ᠬᠡᠪᠲᠡᠵᠦ ᠢᠯᠠᠭ᠎ᠠ ᠪᠠᠲᠠᠭᠠᠨ᠎ᠠ ᠶ᠋ᠢ ᠬᠥᠭᠡᠭᠡᠵᠦ ᠪᠠᠢᠭᠰᠠᠨ ᠳ᠋ᠤ᠌ ᠭᠡᠨᠡᠳᠲᠡ ᠡᠭᠦᠳᠡᠨ ᠦ᠌ ᠠᠷᠤ ᠠ᠋ᠴᠠ ᠨᠢᠭᠡᠨ ᠪᠦᠳᠦᠭᠦᠨ ᠬᠤᠯᠤᠭᠠᠨ᠎ᠠ ᠭᠠᠷᠴᠤ ᠢᠷᠡᠭᠡᠳ᠂ ᠪᠢᠴᠢᠬᠠᠨ ᠬᠦᠦ ᠶ᠋ᠢᠨ ᠴᠢᠬᠢ ᠶ᠋ᠢ ᠢᠳᠡᠬᠦ ᠪᠡᠷ ᠮᠢᠷᠠᠭᠰᠠᠨ ᠳ᠋ᠤ᠌ ᠮᠤᠤᠷ ᠶᠡᠬᠡ ᠠᠭᠤᠷᠯᠠᠵᠤ ᠬᠤᠯᠤᠭᠠᠨ᠎ᠠ ᠶ᠋ᠢ ᠬᠥᠭᠡᠭᠡᠵᠦ ᠭᠠᠳᠠᠭᠰᠢ ᠭᠠᠷᠤᠭᠰᠠᠨ ᠬᠣᠭᠣᠷᠣᠨᠳᠣ᠂ ᠪᠠᠰᠠ ᠨᠢᠭᠡᠨ ᠪᠦᠳᠦᠭᠦᠨ ᠬᠤᠯᠤᠭᠠᠨ᠎ᠠ ᠭᠠᠷᠴᠤ ᠢᠷᠡᠭᠡᠳ᠂ ᠪᠢᠴᠢᠬᠠᠨ ᠬᠦᠦ ᠶ᠋ᠢᠨ ᠥᠷᠥᠭᠡᠰᠦᠨ ᠴᠢᠬᠢ ᠶ᠋ᠢ ᠨᠢ ᠲᠠᠰᠤ ᠬᠠᠵᠠᠵᠤ ᠠᠪᠤᠭᠰᠠᠨ ᠳ᠋ᠤ᠌᠂ ᠪᠢᠴᠢᠬᠠᠨ ᠬᠦᠦ ᠡᠪᠡᠳᠬᠦ ᠳ᠋ᠡᠭᠡᠨ ᠤᠬᠢᠯᠠᠵᠠᠢ᠃ ᠬᠤᠯᠤᠭᠠᠨ᠎ᠠ ᠶ᠋ᠢ ᠬᠥᠭᠡᠭᠡᠵᠦ ᠪᠠᠢᠭᠰᠠᠨ ᠮᠤᠤᠷ ᠶᠡᠬᠡ ᠰᠣᠴᠢᠵᠤ ᠡᠷᠭᠢᠨ ᠣᠷᠣᠵᠤ ᠢᠷᠡᠭᠡᠳ᠂ ᠲᠡᠷᠡ ᠪᠦᠳᠦᠭᠦᠨ ᠬᠤᠯᠤᠭᠠᠨ᠎ᠠ ᠶ᠋ᠢ ᠡᠭᠦᠳᠡᠨ ᠦ᠌ ᠠᠷᠤ ᠳ᠋ᠤ᠌ ᠬᠠᠵᠠᠵᠤ ᠠᠯᠠᠭᠠᠳ᠂ ᠪᠢᠴᠢᠬᠠᠨ ᠬᠦᠦ ᠶ᠋ᠢᠨ ᠴᠢᠬᠢᠨ ᠦ᠌ ᠴᠢᠰᠤ ᠶ᠋ᠢ ᠨᠢ ᠲᠤᠯᠤᠭᠠᠳ ᠪᠢᠴᠢᠬᠠᠨ ᠬᠦᠦ ᠶ᠋ᠢ ᠰᠠᠭᠠᠲᠠᠭᠤᠯᠵᠤ ᠪᠠᠢᠵᠠᠢ᠃ ᠥᠨᠥ ᠪᠦᠰᠡᠭᠦᠢ ᠣᠷᠣᠵᠤ ᠢᠷᠡᠵᠦ ᠦᠵᠡᠭᠡᠳ ᠂ ᠮᠠᠰᠢ ᠶᠡᠬᠡ ᠠᠭᠤᠷᠯᠠᠭᠠᠳ᠄《ᠡᠨᠡ ᠮᠠᠭᠤ ᠮᠤᠤᠷ ᠬᠦᠦ ᠶ᠋ᠢ ᠮᠢᠨᠢ ᠰᠠᠬᠢᠵᠤ ᠪᠠᠢ! ᠭᠡᠰᠡᠨ ᠳ᠋ᠦ᠍ ᠬᠠᠷᠢᠨ ᠮᠠᠭᠤ ᠰᠡᠳᠬᠢᠯ ᠭᠠᠷᠭᠠᠵᠤ ᠬᠥᠪᠡᠭᠦᠨ ᠦ᠌ ᠮᠢᠨᠢ ᠴᠢᠬᠢ ᠶ᠋ᠢ ᠢᠳᠡᠪᠡ 》 ᠭᠡᠵᠦ᠂ ᠴᠣᠬᠢᠨ ᠠᠯᠠᠭᠠᠳ ᠬᠣᠢᠰᠢ ᠬᠠᠷᠠᠵᠤ ᠦᠵᠡᠭᠰᠡᠨ ᠳ᠋ᠦ᠍᠂ ᠡᠭᠦᠳᠡᠨ ᠦ᠌ ᠠᠷᠤ ᠳ᠋ᠤᠨᠢ ᠨᠢᠭᠡ ᠪᠦᠳᠦᠭᠦᠨ ᠬᠤᠯᠤᠭᠠᠨ᠎ᠠ ᠪᠢᠴᠢᠬᠠᠨ ᠬᠦᠦ ᠶ᠋ᠢᠨ ᠴᠢᠬᠢ ᠶ᠋ᠢ ᠡᠮᠬᠦᠵᠦ ᠦᠬᠦᠭᠰᠡᠨ ᠢ᠋ ᠦᠵᠡᠭᠡᠳ ᠰᠠᠶᠢ ᠮᠤᠤᠷ ᠢ᠋ᠶ᠋ᠠᠨ ᠡᠨᠳᠡᠭᠦᠦ ᠠᠯᠠᠪᠠ ᠭᠡᠵᠦ ᠤᠬᠢᠯᠠᠪᠠ》 ᠭᠡᠰᠡᠨ ᠳ᠋ᠦ᠍᠂
ᠡᠷᠲᠡᠭᠡᠷ ᠬᠠᠭᠠᠨ᠄《ᠠᠢ! ᠶᠠᠮᠠᠷ ᠬᠥᠭᠡᠷᠦᠬᠦᠢ ᠶᠦᠮ ᠪᠣᠢ?》 ᠭᠡᠵᠦ ᠭᠡᠮᠰᠢᠭᠰᠡᠨ ᠳ᠋ᠦ᠍ ᠰᠢᠳᠢᠲᠦ ᠮᠡᠷᠭᠡᠨ ᠰᠢᠪᠠᠭᠤ ᠪᠠᠰᠠ ᠫᠦᠷ ᠬᠢᠨ ᠨᠢᠰᠦᠨ ᠶᠠᠪᠤᠴᠢᠬᠠᠪᠠ᠃
ᠴᠢᠩᠭᠢᠭᠡᠳ ᠡᠷᠲᠡᠭᠡᠷ ᠬᠠᠭᠠᠨ ᠭᠤᠷᠪᠠᠳᠤᠭᠠᠷ ᠤᠳᠠᠭ᠎ᠠ ᠠᠷᠤ ᠬᠠᠩᠭᠠᠢ ᠳ᠋ᠤ᠌ ᠭᠠᠷᠴᠤ᠂ ᠲᠦᠮᠡᠨ ᠵᠢᠯ ᠦ᠋ᠨ ᠨᠠᠷᠠᠰᠤᠨ ᠠ᠋ᠴᠠ ᠰᠢᠳᠢᠲᠦ ᠮᠡᠷᠭᠡᠨ ᠰᠢᠪᠠᠭᠤ ᠶ᠋ᠢ ᠪᠠᠷᠢᠵᠤ ᠴᠢᠬᠡ ᠴᠤᠪᠤᠭ᠎ᠠ ᠵᠠᠮ ᠢ᠋ᠶ᠋ᠠᠷ ᠪᠤᠴᠠᠵᠤ ᠶᠠᠪᠤᠵᠤ ᠪᠠᠢᠭᠰᠠᠨ ᠳ᠋ᠤ᠌ ᠰᠢᠳᠢᠲᠦ ᠮᠡᠷᠭᠡᠨ ᠰᠢᠪᠠᠭᠤ ᠪᠠᠰᠠ ᠨᠢᠭᠡᠨ ᠦᠯᠢᠭᠡᠷ ᠬᠡᠯᠡᠭᠰᠡᠨ ᠨᠢ᠄
《ᠲᠡᠷᠡ ᠨᠢᠭᠡ ᠵᠢᠯ ᠪᠣᠷᠣᠭᠠᠨ ᠤᠰᠤ ᠬᠣᠪᠣᠷ ᠪᠣᠯᠵᠤ᠂ ᠭᠠᠵᠠᠷ ᠳᠡᠯᠡᠬᠡᠢ ᠭᠠᠩᠳᠠᠵᠤ᠂ ᠭᠠᠮᠰᠢᠭ ᠶᠡᠬᠡ ᠲᠣᠬᠢᠶᠠᠯᠳᠤᠭᠰᠠᠨ ᠳ᠋ᠤ᠌᠂ ᠠᠷᠪᠠᠢ ᠨᠡᠷ᠎ᠡ ᠲᠡᠢ ᠬᠥᠮᠦᠨ ᠭᠠᠮᠰᠢᠭ ᠠ᠋ᠴᠠ ᠵᠠᠢᠯᠠᠵᠤ᠂ ᠭᠠᠢᠭᠤᠢ ᠨᠢᠭᠡᠨ ᠭᠠᠵᠠᠷ ᠣᠴᠢᠵᠤ ᠠᠮᠤᠷ ᠰᠠᠢᠬᠠᠨ ᠠᠮᠢᠳᠤᠷᠠᠶ᠎ᠠ ᠭᠡᠳ ᠠᠶᠠᠨ ᠵᠠᠮ ᠳ᠋ᠠᠭᠠᠨ ᠠᠯᠬᠤᠯᠠᠨ ᠭᠢᠰᠬᠢᠵᠦ ᠶᠠᠪᠤᠭᠰᠠᠭᠠᠷ᠂ ᠠᠭᠠᠷ ᠤ᠋ᠨ ᠨᠠᠷᠠᠨ ᠳ᠋ᠤ᠌ ᠰᠢᠷᠠᠭᠳᠠᠵᠤ ᠠᠮᠠ ᠬᠣᠭᠣᠯᠠᠢ ᠨᠢ ᠬᠠᠲᠠᠵᠤ᠂ ᠠᠷᠭ᠎ᠠ ᠦᠭᠡᠢ ᠶᠡᠬᠡ ᠠᠩᠭᠠᠵᠤ᠂ ᠶᠠᠪᠤᠬᠤ ᠲᠡᠩᠬᠡ ᠦᠭᠡᠢ ᠪᠣᠯᠵᠤ᠂ ᠥᠨᠳᠥᠷ ᠨᠢᠭᠡᠨ ᠬᠠᠳᠠᠨ ᠤ᠋ ᠢᠷᠣᠭᠠᠷ ᠲᠤ᠌ ᠦᠬᠦᠬᠦ ᠪᠡᠨ ᠬᠦᠯᠢᠶᠡᠵᠦ ᠰᠠᠭᠤᠭᠰᠠᠨ ᠳ᠋ᠤ᠌᠂ ᠬᠠᠵᠠᠭᠤ ᠲᠠᠯ᠎ᠠ ᠳ᠋ᠤᠨᠢ ᠲᠤᠰ ᠲᠤᠰ ᠬᠢᠵᠦ᠂ ᠬᠠᠳᠠᠨ ᠤ᠋ ᠣᠷᠣᠢ ᠠ᠋ᠴᠠ ᠨᠢᠭᠡᠨ ᠳᠤᠰᠤᠯ ᠨᠢᠭᠡᠨ ᠳᠤᠰᠤᠯ ᠢ᠋ᠶ᠋ᠠᠷ ᠤᠰᠤ ᠳᠤᠰᠤᠯᠠᠵᠤ ᠪᠠᠢᠵᠠᠢ᠃ ᠡᠭᠦᠨ ᠢ᠋ ᠠᠷᠪᠠᠢ ᠨᠡᠷᠡᠲᠦ ᠦᠵᠡᠭᠡᠳ᠂ ᠠᠰᠤᠷᠤ ᠶᠡᠬᠡ ᠪᠠᠶᠠᠷᠯᠠᠵᠤ᠂ ᠲᠠᠭᠱᠠ ᠠᠶᠠᠭ᠎ᠠ ᠪᠠᠨ ᠭᠠᠷᠭᠠᠵᠤ᠂ ᠲᠣᠰᠴᠤ ᠠᠪᠤᠭᠠᠳ ᠠᠷᠠᠢ ᠭᠡᠵᠦ ᠨᠢᠭᠡ ᠠᠶᠠᠭ᠎ᠠ ᠪᠣᠯᠭᠠᠵᠤ᠂ ᠳᠥᠩᠭᠡᠵᠢ ᠤᠤᠭᠤᠶ᠎ᠠ ᠭᠡᠲᠡᠯ᠎ᠡ ᠭᠡᠨᠡᠳᠲᠡ ᠨᠢᠭᠡᠨ ᠬᠡᠷᠢᠶ᠎ᠡ ᠨᠢᠰᠦᠨ ᠢᠷᠡᠵᠦ ᠠᠷᠪᠠᠢ ᠶ᠋ᠢᠨ ᠠᠶᠠᠭ᠎ᠠ ᠶ᠋ᠢ ᠳᠠᠯᠠᠪᠴᠢ ᠪᠠᠷ ᠢ᠋ᠶ᠋ᠠᠨ ᠴᠣᠬᠢᠵᠤ ᠲᠠᠭᠱᠠ ᠠᠶᠠᠭ᠎ᠠ ᠲᠠᠢ ᠤᠰᠤ ᠶ᠋ᠢ ᠨᠢ ᠪᠦᠷ ᠠᠰᠬᠠᠵᠤ ᠥᠭᠭᠦᠭᠰᠡᠨ ᠳ᠋ᠦ᠍᠂ ᠠᠷᠪᠠᠢ ᠨᠡᠷᠡᠲᠦ᠂ ᠠᠭᠤᠷ ᠨᠢ ᠶᠡᠬᠡ ᠬᠦᠷᠴᠦ᠂ ᠲᠩᠷᠢ ᠨᠠᠮᠠᠶ᠋ᠢ ᠥᠷᠥᠰᠢᠶᠡᠨ ᠤᠰᠤ ᠲᠤᠰᠠᠯᠠᠵᠤ ᠬᠠᠢᠷᠠᠯᠠᠭᠰᠠᠨ ᠢ᠋ ᠡᠨᠡ ᠮᠠᠭᠤ ᠬᠠᠷ᠎ᠠ ᠠᠮᠢᠲᠠᠨ᠂ ᠬᠠᠭᠰᠠᠭᠰᠠᠨ ᠬᠥᠮᠦᠨ ᠢ᠋ ᠠᠪᠤᠷᠠᠬᠤ ᠦᠭᠡᠢ ᠭᠡᠵᠦ ᠪᠦᠳᠦᠭᠦᠨ ᠴᠢᠯᠠᠭᠤ ᠠᠳᠬᠤᠵᠤ᠂ ᠨᠡᠬᠡᠵᠦ ᠬᠥᠭᠡᠭᠡᠨ ᠣᠴᠢᠵᠤ᠂ ᠨᠢᠭᠡᠨᠲᠡ ᠴᠣᠬᠢᠨ ᠠᠯᠠᠭᠠᠳ ᠳᠡᠭᠡᠷ᠎ᠡ ᠨᠢ ᠣᠴᠢᠵᠤ ᠦᠵᠡᠭᠰᠡᠨ ᠳ᠋ᠦ᠍ ᠬᠡᠷᠢᠶ᠎ᠡ ᠶ᠋ᠢᠨ ᠤᠨᠠᠭᠰᠠᠨ ᠭᠠᠵᠠᠷ ᠠ᠋ᠴᠠ ᠬᠣᠯᠠ ᠦᠭᠡᠢ᠂ ᠴᠢᠨᠠᠭᠰᠢ ᠶᠠᠪᠤᠬᠤ ᠵᠠᠮ ᠠ᠋ᠴᠠ ᠨᠢ ᠣᠢᠷᠠᠬᠠᠨ ᠬᠠᠳᠠᠨ ᠤ᠋ ᠴᠢᠯᠠᠭᠤᠨ ᠵᠠᠪᠰᠠᠷ ᠠ᠋ᠴᠠ ᠬᠦᠢᠲᠡᠨ ᠪᠤᠯᠠᠭ ᠤ᠋ᠨ ᠤᠰᠤ ᠣᠷᠭᠢᠯᠤᠨ ᠤᠷᠤᠰᠴᠤ ᠭᠠᠷᠤᠭᠠᠳ᠂ ᠳᠡᠭᠡᠷ᠎ᠡ ᠨᠦᠬᠡᠨ ᠡᠴᠡ ᠨᠢ ᠭᠠᠷᠴᠤ᠂ ᠳᠣᠣᠷ᠎ᠠ ᠨᠦᠬᠡᠨ ᠳ᠋ᠡᠭᠡᠨ ᠣᠷᠣᠵᠤ ᠪᠠᠢᠬᠤ ᠶ᠋ᠢ ᠦᠵᠡᠭᠡᠳ᠂ ᠦᠨᠡᠬᠡᠷ ᠶᠡᠬᠡ ᠪᠠᠶᠠᠷᠯᠠᠵᠤ᠂ ᠬᠠᠨᠲᠠᠯ᠎ᠠ ᠤᠰᠤ ᠤᠤᠭᠤᠭᠠᠳ ᠡᠷᠭᠢᠨ ᠪᠣᠰᠤᠭᠠᠳ ᠰᠠᠭᠤᠭᠰᠠᠨ ᠭᠠᠵᠠᠷ ᠲᠠᠭᠠᠨ ᠢᠷᠡᠵᠦ ᠪᠣᠭᠣᠳᠠᠯᠲᠠᠢ ᠶᠠᠭᠤᠮ᠎ᠠ ᠪᠠᠨ ᠠᠪᠤᠶ᠎ᠠ ᠭᠡᠵᠦ ᠳᠡᠭᠡᠭᠰᠢ ᠬᠠᠷᠠᠨ ᠦᠵᠡᠭᠰᠡᠨ ᠳ᠋ᠦ᠍᠂ ᠬᠠᠳᠠᠨ ᠤ᠋ ᠣᠷᠣᠢ ᠳᠡᠭᠡᠷ᠎ᠡ ᠠᠪᠤᠷᠭᠤ ᠮᠣᠭᠠᠢ ᠬᠡᠪᠲᠡᠵᠦ᠂ ᠠᠮᠢᠰᠬᠤᠭ᠎ᠠ ᠲᠡᠳᠡᠨ ᠤᠨᠲᠠᠵᠤ᠂ ᠬᠣᠣᠷᠠᠲᠤ ᠬᠡᠯᠡ ᠪᠡᠨ ᠤᠨᠵᠢᠢᠯᠭᠠᠨ ᠰᠢᠯᠦᠰᠦ ᠪᠡᠨ ᠳᠣᠷᠣᠭᠰᠢ ᠲᠠᠰᠤᠯᠤᠭᠤᠯᠵᠤ ᠪᠠᠢᠬᠤ ᠶ᠋ᠢ ᠦᠵᠡᠭᠡᠳ᠄《ᠠ ᠮᠢᠨᠦ ᠲᠤᠰᠤᠭᠰᠠᠨ ᠤᠰᠤ ᠴᠢᠨᠢ ᠡᠭᠦᠨ ᠦ᠌ ᠰᠢᠯᠦᠰᠦ ᠪᠠᠢᠨ᠎ᠠ ᠭᠡᠵᠦ ᠮᠡᠳᠡᠭᠡᠳ᠂ ᠬᠡᠷᠢᠶ᠎ᠡ ᠮᠢᠨᠦ ᠠᠮᠢ ᠶ᠋ᠢ ᠠᠪᠤᠷᠠᠪᠠ ᠭᠡᠵᠦ ᠬᠡᠷᠢᠶ᠎ᠡ ᠠᠯᠠᠭᠰᠠᠨ ᠢ᠋ᠶ᠋ᠠᠨ ᠭᠡᠮᠰᠢᠵᠦ ᠤᠬᠢᠯᠠᠪᠠ》 ᠭᠡᠰᠡᠨ ᠳ᠋ᠦ᠍᠂
ᠡᠷᠲᠡᠭᠡᠷ ᠬᠠᠭᠠᠨ《ᠠᠢ! ᠬᠡᠷᠢᠶ᠎ᠡ ᠦᠨᠡᠬᠡᠷ ᠬᠥᠭᠡᠷᠦᠬᠦᠢ᠂ ᠲᠡᠭᠦᠨ ᠦ᠌ ᠰᠠᠢᠨ ᠢ᠋ ᠮᠡᠳᠡᠭᠰᠡᠨ ᠦᠭᠡᠢ᠃ ᠬᠥᠮᠦᠨ ᠢ᠋ ᠲᠤᠰᠠᠯᠠᠵᠤ ᠠᠮᠢ ᠪᠠᠨ ᠪᠠᠷᠠᠪᠠ》 ᠭᠡᠰᠡᠨ ᠳ᠋ᠦ᠍᠂
ᠰᠢᠳᠢᠲᠦ ᠮᠡᠷᠭᠡᠨ ᠰᠢᠪᠠᠭᠤ᠂ ᠴᠢ ᠪᠠᠰᠠ ᠭᠡᠮᠰᠢᠪᠡ ᠭᠡᠵᠦ ᠬᠡᠯᠡᠭᠡᠳ ᠨᠢᠰᠦᠨ ᠬᠠᠷᠢᠪᠠ ᠭᠡᠨ᠎ᠡ᠃
ᠴᠢᠩᠭᠢᠭᠡᠳ ᠡᠷᠲᠡᠭᠡᠷ ᠬᠠᠭᠠᠨ᠂ ᠰᠢᠳᠢᠲᠦ ᠮᠡᠷᠭᠡᠨ ᠰᠢᠪᠠᠭᠤ ᠶ᠋ᠢ ᠶᠡᠷᠦ ᠪᠠᠷᠢᠨ᠎ᠠ ᠭᠡᠵᠦ ᠴᠢᠬᠡ ᠴᠤᠪᠤᠭ᠎ᠠ ᠵᠠᠮ ᠭᠠᠷᠭᠠᠪᠠ ᠭᠡᠰᠡᠨ ᠨᠢ ᠢᠩᠭᠢᠵᠦ ᠭᠠᠷᠭᠠᠭᠰᠠᠨ ᠠᠵᠢ ᠭᠡᠵᠦ᠄ ᠵᠠ᠂ ᠪᠣᠯᠢᠶ᠎ᠠ ᠡᠭᠦᠨ ᠢ᠋ ᠪᠠᠷᠢᠵᠤ ᠬᠠᠷᠢᠬᠤ ᠬᠡᠷᠡᠭ ᠦᠨᠡᠬᠡᠷ ᠪᠦᠲᠦᠵᠦ ᠴᠢᠳᠠᠬᠤ ᠦᠭᠡᠢ ᠭᠡᠵᠦ ᠭᠡᠷ ᠲᠡᠭᠡᠨ ᠬᠠᠷᠢᠪᠠ ᠭᠡᠨ᠎ᠡ᠃
※ ᠦᠰᠦᠭ ᠠᠮᠢᠯᠠᠭᠤᠯᠤᠭᠴᠢ᠄ ᠬᠡᠯᠡᠰᠣᠶᠣᠯ( ᠪᠤᠤ ᠸᠧᠨ ᠬᠤᠸᠠ)᠂ ᠤᠷᠠᠨᠴᠢᠮᠡᠭ᠂ ᠪᠠᠶᠠᠨᠴᠡᠴᠡᠭ᠂
ᠨᠠᠷᠠᠨᠲᠤᠶᠠᠭ᠎ᠠ᠂ ᠡᠭᠦᠯᠡᠩᠬᠤᠸᠠᠷ᠂ ᠠᠯᠲᠠᠨᠴᠢᠮᠡᠭ᠂ ᠣᠶᠤᠨᠴᠢᠮᠡᠭ᠂
ᠪᠠᠢ·ᠰᠠᠷᠠᠨ᠎ᠠ᠂ ᠬᠡᠷᠡᠢᠳ·ᠮᠥᠩᠬᠡᠨᠠᠰᠤᠨ᠂ ᠮᠥᠩᠭᠥᠨ
※ ᠬᠢᠨᠠᠭᠴᠢ᠄ ᠣᠳᠬᠠᠨᠰᠣ᠎ᠠ᠂ ᠪᠠᠯ᠂ ᠡᠭᠦᠯᠡᠩᠬᠤᠸᠠᠷ᠂ ᠤᠷᠠᠨᠴᠢᠮᠡᠭ᠂ ᠭᠠᠷᠮ᠎ᠠ᠂ ᠰᠡᠬᠡᠭᠡᠷᠡᠯ᠂
ᠨᠠᠷᠠᠨ᠂ ᠪᠠᠯᠤᠰᠦᠭ᠂ ᠬᠡᠯᠡᠰᠣᠶᠣᠯ
