ᠥᠪᠡᠷ ᠦ᠋ᠨ ᠬᠡᠯᠡ ᠪᠡᠷ ᠭᠣᠣᠯᠯᠠᠵᠤ ᠰᠤᠷᠤᠶ᠎ᠠ - ᠴᠢ᠊ ·ᠤᠷᠠᠨᠴᠡᠴᠡᠭ Өөрийн хэлээр голлож соръё-Чи ·Урнцэцэг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠪᠡᠷ ᠦ᠋ᠨ ᠬᠡᠯᠡ ᠪᠡᠷ ᠭᠣᠣᠯᠯᠠᠵᠤ ᠰᠤᠷᠤᠶ᠎ᠠ - ᠴᠢ᠊ ·ᠤᠷᠠᠨᠴᠡᠴᠡᠭ Өөрийн хэлээр голлож соръё-Чи ·Урнцэцэг

ᠥᠪᠡᠷ ᠦ᠋ᠨ ᠬᠡᠯᠡ ᠪᠡᠷ ᠭᠣᠣᠯᠯᠠᠵᠤ ᠰᠤᠷᠤᠶ᠎ᠠ - ᠴᠢ᠊ ·ᠤᠷᠠᠨᠴᠡᠴᠡᠭ Өөрийн хэлээр голлож соръё-Чи ·Урнцэцэг

2025-12-01

800

ᠥᠪᠡᠷ ᠦ᠋ᠨ ᠬᠡᠯᠡ ᠪᠡᠷ ᠭᠣᠣᠯᠯᠠᠵᠤ ᠰᠤᠷᠤᠶ᠎ᠠ


      ᠦᠭᠡ ᠄  ᠴᠢ᠊ · ᠤᠷᠠᠨᠴᠡᠴᠡᠭ 

ᠪᠤᠰᠤᠳ ᠤ᠋ᠨ ᠬᠡᠯᠡ ᠶ᠋ᠢ ᠬᠡᠷᠡᠭᠯᠡᠪᠡᠴᠦ 
ᠪᠣᠰᠤᠭ᠎ᠠ ᠬᠡᠯᠡ ᠪᠡᠷ ᠬᠡᠯᠡᠯᠴᠡᠵᠦ ᠰᠤᠷᠤᠶ᠎ᠠ!
ᠪᠣᠭᠳᠠ ᠴᠢᠩᠭᠢᠰ ᠦ᠋ᠨ ᠮᠣᠩᠭᠣᠯ ᠭᠡᠳᠡᠭ ᠢ᠋ᠶ᠋ᠡᠨ 
ᠪᠦᠬᠦ ᠳᠡᠯᠡᠬᠡᠢ ᠳ᠋ᠦ᠍ ᠮᠡᠳᠡᠭᠦᠯᠵᠦ ᠶᠠᠪᠤᠶ᠎ᠠ!
ᠥᠭᠡᠷ᠎ᠡ ᠦᠰᠦᠭ ᠢ᠋ ᠪᠦᠷ ᠬᠡᠷᠡᠭᠯᠡᠪᠡᠴᠦ 
ᠤᠷᠭᠤᠭ᠎ᠠ ᠦᠰᠦᠭ ᠢ᠋ᠶ᠋ᠡᠨ ᠬᠡᠷᠡᠭᠯᠡᠵᠦ ᠰᠤᠷᠤᠶ᠎ᠠ!
ᠦᠨᠳᠦᠰᠦᠲᠡᠨ ᠮᠣᠩᠭᠣᠯ ᠭᠡᠳᠡᠭ ᠢ᠋ᠶ᠋ᠡᠨ 
ᠦᠢᠯᠡ ᠠᠵᠢᠯᠯᠠᠭ᠎ᠠ ᠪᠠᠷ ᠢ᠋ᠶ᠋ᠠᠨ ᠦᠵᠡᠭᠦᠯᠵᠦ ᠶᠠᠪᠤᠶ᠎ᠠ!
ᠬᠡᠯᠡᠭᠡᠳ ᠪᠠᠢᠪᠠᠯ ᠦᠯᠡᠳᠡᠴᠢᠬᠡᠳᠡᠭ ᠪᠢᠰᠢ 
ᠬᠡᠷᠡᠭᠵᠢᠭᠦᠯᠵᠦ ᠪᠠᠢᠵᠤ ᠦᠯᠡᠳᠡᠭᠡᠨ᠎ᠡ!
ᠬᠡᠯᠡᠭᠡᠳ ᠪᠠᠢᠬᠤ ᠠ᠋ᠴᠠ ᠪᠠᠨ ᠬᠢᠭᠡᠳ ᠪᠠᠢᠶ᠎ᠠ ᠠ᠋!
ᠬᠡᠢᠰᠴᠦ ᠢᠷᠡᠬᠦ ᠦᠭᠡᠢ᠂ ᠬᠢᠵᠦ ᠦᠯᠡᠳᠡᠭᠡᠨ᠎ᠡ!
ᠭᠠᠢᠬᠠᠭᠤᠯᠬᠤ ᠣᠷᠳᠣᠨ ᠳ᠋ᠤ᠌ ᠪᠢᠰᠢ
ᠭᠠᠯᠪᠠ ᠳ᠋ᠤ᠌ ᠠᠮᠢᠳᠤᠷᠠᠯ ᠳᠤᠮᠳᠠ ᠦᠯᠡᠳᠡᠭᠡᠨ᠎ᠡ!

  ᠢᠷᠡᠯᠲᠡ᠄ ᠥᠪᠡᠷ ᠦ᠋ᠨ ᠤᠬᠠᠭᠠᠷᠠᠯ ᠴᠤᠪᠤᠷᠠᠯ ᠠ᠋ᠴᠠ
  ᠦᠰᠦᠭ ᠠᠮᠢᠯᠠᠭᠤᠯᠤᠭᠰᠠᠨ ᠨᠢ ᠄  ᠴᠢ᠊ · ᠤᠷᠠᠨᠴᠡᠴᠡᠭ