ᠴᠠᠬᠢᠮ ᠬᠠᠭᠤᠳᠠᠰᠤᠨ᠎ᠠ ᠦᠰᠦᠭ ᠢ᠋ᠶ᠋ᠡᠨ ᠪᠢᠴᠢᠶ᠎ᠡ-ᠪᠠᠶᠠᠨ᠌ᠠᠠᠭᠤᠯᠠTsakhim khuudsana ösgöö bichiye-Bayan-uul Цахим хуудсана өсгөө бичье-Баян-уул
ᠴᠠᠬᠢᠮ ᠬᠠᠭᠤᠳᠠᠰᠤᠨ᠎ᠠ ᠦᠰᠦᠭ ᠢ᠋ᠶ᠋ᠡᠨ ᠪᠢᠴᠢᠶ᠎ᠡ
ᠪᠠᠶᠠᠡᠠᠡᠭᠤᠯᠠ
ᠨᠠᠷᠮᠠᠢ ᠮᠣᠩᠭᠣᠯ ᠤ᠋ᠨ ᠵᠣᠭᠰᠣᠭ᠎ᠠ ᠪᠢᠴᠢᠭ
ᠨᠠᠷᠠᠨ ᠲᠣᠭᠣᠨᠣᠲᠤ ᠶ᠋ᠢᠨ ᠪᠣᠰᠤᠭ᠎ᠠ ᠪᠢᠴᠢᠭ
ᠬᠣᠷᠸ᠎ᠠ ᠳ᠋ᠤ᠌ ᠬᠣᠣᠰ ᠦᠭᠡᠢ ᠲᠡᠦᠬᠡᠲᠦ ᠪᠢᠴᠢᠭ
ᠬᠣᠷᠯᠣ ᠲᠣᠭᠣᠨᠣᠲᠤ ᠶ᠋ᠢᠨ ᠰᠤᠳᠤᠷ ᠪᠢᠴᠢᠭ
ᠮᠠᠭᠲᠠᠭᠠᠯ ᠰᠠᠢᠰᠢᠶᠠᠯ ᠲᠠᠢ ᠰᠣᠳᠣᠨ ᠪᠢᠴᠢᠭ
ᠮᠠᠨ ᠤ᠋ ᠮᠣᠩᠭᠣᠯ ᠤ᠋ᠨ ᠰᠢᠲᠦᠭᠡᠨ ᠪᠢᠴᠢᠭ ᠠ᠋!
ᠤᠢᠭᠤᠷᠵᠢᠨ ᠮᠣᠩᠭᠣᠯ ᠦᠰᠦᠭ ᠢ᠋ᠶ᠋ᠡᠨ ᠪᠢᠳᠡ
ᠣᠯᠠᠨ ᠤ᠋ ᠳᠤᠮᠳᠠ ᠠ᠋ᠴᠠ ᠣᠨᠴᠠᠯᠠᠵᠤ ᠪᠢᠴᠢᠶ᠎ᠡ
ᠣᠳᠣᠳ ᠤ᠋ᠨ ᠲᠣᠭᠠᠨ ᠠ᠋ᠴᠠ ᠣᠯᠠᠨ ᠪᠢᠴᠢᠶ᠎ᠡ
ᠣᠨᠴᠠ ᠪᠠᠶᠠᠨ ᠢ᠋ ᠨᠢ ᠭᠠᠢᠬᠠᠭᠤᠯᠵᠤ ᠪᠢᠴᠢᠶ᠎ᠡ
ᠤᠳᠠᠪᠠᠯ᠎ᠠ ᠴᠡᠴᠡᠭ ᠢ᠋ ᠳᠡᠯᠭᠡᠷᠡᠲᠡᠯᠡ ᠪᠢᠴᠢᠶ᠎ᠡ
ᠤᠰᠤ ᠯᠤᠤᠰ ᠢ᠋ᠶ᠋ᠠᠨ ᠪᠠᠶᠠᠰᠬᠠᠵᠤ ᠪᠢᠴᠢᠶ᠎ᠡ
ᠠᠭᠤᠯᠠ ᠬᠠᠢᠷᠬᠠᠨ ᠢ᠋ᠶ᠋ᠠᠨ ᠮᠠᠭᠲᠠᠵᠤ ᠪᠢᠴᠢᠶ᠎ᠡ
ᠤᠳᠠᠭᠠᠨ ᠡᠳᠦᠷ ᠪᠠᠷᠢᠮᠲᠠᠯᠠᠵᠤ ᠪᠢᠴᠢᠶ᠎ᠡ
ᠣᠶᠤᠨ ᠪᠢᠴᠢᠭᠯᠡᠭᠦᠷ ᠢ᠋ ᠬᠡᠷᠡᠭᠯᠡᠵᠦ ᠪᠢᠴᠢᠶ᠎ᠡ
ᠤᠶᠠᠷᠠᠮ᠎ᠠ ᠬᠣᠷᠸ᠎ᠠ ᠳ᠋ᠤ᠌ ᠤᠷᠤᠰᠬᠠᠵᠤ ᠪᠢᠴᠢᠶ᠎ᠡ
ᠤᠷᠢᠬᠠᠨ ᠬᠠᠪᠤᠷ ᠢ᠋ ᠳᠤᠷᠠᠰᠬᠠᠵᠤ ᠪᠢᠴᠢᠶ᠎ᠡ
ᠲᠤᠤᠯᠢᠮ᠎ᠠ ᠬᠣᠷᠸ᠎ᠠ ᠳ᠋ᠤ᠌ ᠲᠣᠳᠣᠳᠬᠠᠵᠤ ᠪᠢᠴᠢᠶ᠎ᠡ
ᠳᠤᠷᠠᠯᠠᠯ ᠬᠠᠢᠷ᠎ᠠ ᠪᠠᠨ ᠢᠯᠡᠳᠬᠡᠵᠦ ᠪᠢᠴᠢᠶ᠎ᠡ
ᠵᠤᠨ ᠤ᠋ ᠡᠳᠦᠷ ᠦ᠋ᠳ ᠢ᠋ ᠵᠢᠷᠤᠭᠯᠠᠵᠤ ᠪᠢᠴᠢᠶ᠎ᠡ
ᠵᠤᠰᠠᠭᠠᠯ ᠤ᠋ᠨ ᠠᠮᠢᠳᠤᠷᠠᠯ ᠢ᠋ ᠵᠦᠢᠷᠯᠡᠵᠦ ᠪᠢᠴᠢᠶ᠎ᠡ
ᠵᠠᠯᠠᠭᠤ ᠨᠠᠰᠤ ᠪᠠᠨ ᠵᠠᠪᠠᠯ ᠪᠢᠴᠢᠶ᠎ᠡ
ᠵᠢᠷᠦᠬᠡᠨ ᠦ᠌ ᠬᠠᠨᠢ ᠳ᠋ᠤ᠌ ᠪᠠᠨ ᠵᠠᠬᠢᠶ᠎ᠠ ᠪᠢᠴᠢᠶ᠎ᠡ
ᠨᠠᠯᠠᠭᠠᠷᠬᠠᠨ ᠨᠠᠮᠤᠷ ᠢ᠋ ᠰᠢᠯᠦᠭᠯᠡᠵᠦ ᠪᠢᠴᠢᠶ᠎ᠡ
ᠨᠠᠭᠤᠷ ᠤ᠋ᠨ ᠬᠤᠨ ᠢ᠋ ᠬᠣᠣᠰᠯᠠᠭᠤᠯᠵᠤ ᠪᠢᠴᠢᠶ᠎ᠡ
ᠨᠠᠰᠤᠨ ᠤ᠋ ᠬᠠᠨᠢ ᠪᠠᠨ ᠬᠠᠢᠷᠠᠯᠠᠵᠤ ᠪᠢᠴᠢᠶ᠎ᠡ
ᠨᠠᠢᠷ ᠪᠠᠶᠠᠷ ᠲᠤ᠌ ᠪᠡᠯᠭᠡᠳᠡᠯ ᠪᠢᠴᠢᠶ᠎ᠡ
ᠬᠠᠬᠢᠷ ᠡᠪᠦᠯ ᠦ᠋ᠨ ᠰᠢᠭᠤᠷᠭᠠᠨ ᠢ᠋ ᠪᠢᠴᠢᠶ᠎ᠡ
ᠬᠠᠶᠠᠭᠳᠠᠭᠰᠠᠨ ᠬᠠᠢᠷ᠎ᠠ ᠶ᠋ᠢᠨ ᠰᠢᠯᠦᠭ ᠪᠢᠴᠢᠶ᠎ᠡ
ᠬᠠᠮᠤᠭ ᠮᠣᠩᠭᠣᠯᠴᠤᠳ ᠦᠰᠦᠭ ᠢ᠋ᠶ᠋ᠡᠨ ᠪᠢᠴᠢᠶ᠎ᠡ
ᠬᠣᠯᠪᠣᠭᠠᠨ ᠤ᠋ ᠲᠦᠮᠡᠨ ᠰᠣᠷᠢᠯᠲᠠ ᠪᠠᠨ ᠪᠢᠴᠢᠶ᠎ᠡ
ᠭᠠᠷ ᠤᠲᠠᠰᠤ ᠪᠠᠷ ᠢ᠋ᠶ᠋ᠠᠨ ᠮᠣᠩᠭᠣᠯ ᠢ᠋ᠶ᠋ᠠᠷ ᠪᠢᠴᠢᠶ᠎ᠡ
ᠭᠠᠭᠴᠠᠬᠠᠨ ᠪᠣᠰᠤᠭ᠎ᠠ ᠦᠰᠦᠭ ᠢ᠋ᠶ᠋ᠡᠨ ᠪᠢᠴᠢᠶ᠎ᠡ
ᠭᠠᠵᠠᠷ ᠭᠠᠵᠠᠷ ᠤ᠋ᠨ ᠬᠢᠨ ᠭᠠᠪᠰᠢᠭᠠᠢᠯᠠᠵᠤ ᠪᠢᠴᠢᠶ᠎ᠡ
ᠭᠠᠯᠪᠠ ᠶ᠋ᠢᠨ ᠮᠣᠩᠭᠣᠯᠴᠤᠳ ᠪᠦᠭᠦᠳᠡᠭᠡᠷ ᠢ᠋ᠶ᠋ᠡᠨ ᠪᠢᠴᠢᠶ᠎ᠡ!
ᠦᠳᠡᠯᠦᠭᠡ ᠨᠠᠰᠤᠲᠠᠳ ᠢᠷᠥᠭᠡᠵᠦ ᠪᠢᠴᠢᠶ᠎ᠡ
ᠦᠶ᠎ᠡ ᠶ᠋ᠢᠨ ᠬᠥᠮᠦᠰ ᠢᠳᠡᠪᠬᠢᠯᠡᠨ ᠪᠢᠴᠢᠶ᠎ᠡ
ᠦᠷ᠎ᠡ ᠬᠣᠢᠴᠢᠰ ᠲᠤ᠌ ᠪᠠᠨ ᠤᠯᠠᠮᠵᠢᠯᠠᠵᠤ ᠪᠢᠴᠢᠶ᠎ᠡ
ᠥᠰᠪᠥᠷᠢ ᠪᠠᠭᠠᠴᠤᠳ ᠨᠠᠨᠳᠢᠩᠨᠠᠵᠤ ᠪᠢᠴᠢᠶ᠎ᠡ
ᠴᠠᠭ ᠢ᠋ᠶ᠋ᠠᠨ ᠰᠢᠬᠠᠵᠤ ᠴᠢᠷᠮᠠᠢᠵᠤ ᠪᠢᠴᠢᠶ᠎ᠡ
ᠴᠠᠭᠠᠰᠤ ᠳᠦᠭᠦᠷᠲᠡᠯ᠎ᠡ ᠰᠠᠢᠬᠠᠨ ᠪᠢᠴᠢᠶ᠎ᠡ
ᠴᠠᠢ ᠪᠠᠨ ᠤᠤᠭᠤᠬᠤ ᠳ᠋ᠤ᠌ ᠵᠠᠪᠳᠤᠵᠤ ᠪᠢᠴᠢᠶ᠎ᠡ
ᠴᠠᠬᠢᠮ ᠬᠠᠭᠤᠳᠠᠰᠤᠨ᠎ᠠ ᠦᠰᠦᠭ ᠢ᠋ᠶ᠋ᠡᠨ ᠪᠢᠴᠢᠶ᠎ᠡ!
ᠦᠰᠦᠭ ᠬᠠᠳᠠᠭᠴᠢ᠄ ᠯᠢ· ᠰᠢᠶᠠᠩ
ᠬᠢᠨᠠᠭᠴᠢ᠄ ᠨᠠᠷᠠᠨ ᠲᠣᠭᠣᠨᠣ
