ᠪᠥᠵᠢᠯ ᠥᠯᠮᠡᠢ-ᠣ ·ᠳᠠᠰᠢᠪᠠᠯᠪᠠᠷBüjil ölmii- O ·DashbalbarБүжил өлмий- О ·Дашбалбар
ᠪᠥᠵᠢᠯ ᠥᠯᠮᠡᠢ
《ᠰᠢᠯᠦᠭ ᠤᠶᠠᠩᠭᠠᠯᠠᠶ᠎ᠠ》
ᠬᠣᠯᠪᠣᠭᠠᠨ ᠠ᠋ᠴᠠ ᠮᠠᠲ᠋ᠧᠷᠢᠶᠠᠯ ᠬᠠᠩᠭᠠᠪᠠ
ᠦᠭᠡ᠄ ᠣ ·ᠳᠠᠰᠢᠪᠠᠯᠪᠠᠷ
ᠡᠷᠳᠡᠨᠢᠪᠠᠭᠠᠲᠤᠷ ᠤ᠋ᠨ᠂ ᠬᠦᠰᠡᠯᠡᠩᠡᠷᠳᠡᠨᠢ
ᠤᠶᠠᠩᠭᠠᠯᠠᠪᠠ
ᠥᠬᠢᠨ ᠦ᠌ ᠴᠠᠭᠠᠨ ᠰᠠᠷᠠᠨᠠᠢ ᠰᠢᠭ᠋ ᠥᠯᠮᠡᠢ
ᠰᠠᠷᠠᠨ ᠤ᠋ ᠲᠤᠶᠠᠭᠠᠨ ᠠ᠋ᠴᠠ ᠬᠥᠩᠭᠡᠨ
ᠰᠠᠯᠬᠢᠨ ᠠ᠋ᠴᠠ ᠨᠠᠮᠤᠭᠤᠨ
ᠰᠡᠳᠬᠢᠯ ᠦ᠋ᠨ ᠳᠡᠯᠪᠢ ᠶ᠋ᠢ ᠵᠠᠳᠠᠯᠤᠨ᠎ᠠ᠃
ᠰᠢᠷ᠎ᠠ ᠰᠢᠭᠤᠷᠭ᠎ᠠ
ᠰᠢᠨᠠᠯᠤᠯ ᠤ᠋ᠨ ᠲᠤᠶᠠᠭ᠎ᠠ
ᠥᠬᠢᠨ ᠦ᠌ ᠪᠡᠶ᠎ᠡ ᠪᠡᠷ ᠨᠡᠪᠴᠢᠵᠦ
ᠣᠭᠲᠠᠷᠭᠤᠢ ᠳ᠋ᠤ᠌ ᠣᠳᠤᠨ᠎ᠠ᠃
ᠲᠠᠩᠭᠢᠰ ᠤ᠋ᠨ ᠳᠠᠪᠠᠯᠭ᠎ᠠ ᠶ᠋ᠢ ᠦᠯᠦ ᠴᠦᠮᠦᠯᠡᠨᠠ
ᠲᠡᠰᠪᠦᠷᠢ ᠶ᠋ᠢᠨ ᠢᠯᠳᠦ ᠶ᠋ᠢ ᠬᠤᠭᠤᠯᠤᠨ᠎ᠠ
ᠪᠥᠵᠢᠯ ᠥᠯᠮᠡᠢ ᠁
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
