ᠴᠣᠬᠠᠥ᠋ᠨ᠌ᠳᠦᠷ ᠬᠠᠢᠷᠬᠠᠨ ᠮᠢᠨᠢ -ᠭᠡᠷᠡᠯᠴᠢᠯᠠᠭᠤTsogöndör khairkhan mini-KherelchliuЦогөндөр хайрхан минь-Хэрэлчлиу
ᠴᠣᠬᠠᠥ᠋ᠨ᠌ᠳᠦᠷ ᠬᠠᠢᠷᠬᠠᠨ ᠮᠢᠨᠢ
ᠵᠣᠬᠢᠶᠠᠭᠴᠢ᠄ ᠭᠡᠷᠡᠯᠴᠢᠯᠠᠭᠤ
ᠤᠶᠠᠩᠭᠠᠯᠠᠭᠴᠢ᠄ ᠤᠯᠠᠭᠠᠨ᠌ᠲᠤᠶᠠᠭᠠ
ᠴᠣᠬᠣᠮ ᠴᠤ᠌ ᠰᠠᠢᠬᠠᠨ ᠶᠤᠮ ᠳᠠ
ᠴᠣᠬᠠᠥ᠋ᠨ᠌ᠳᠦᠷ ᠬᠠᠢᠷᠬᠠᠨ ᠮᠢᠨᠢ
ᠮᠠᠯᠴᠢᠨ ᠡᠬᠡ ᠴᠢᠮ᠎ᠠ ᠶ᠋ᠢ ᠠᠩᠬ᠎ᠠ
ᠮᠠᠯ ᠤ᠋ᠨ ᠪᠡᠯᠴᠢᠭᠡᠷ ᠲᠦ᠍ ᠨᠢᠷᠠᠢᠯᠠᠵᠤ ᠪᠢᠯᠡ
ᠤᠬᠠᠭᠠᠨ ᠰᠡᠷᠭᠦᠯᠡᠩ ᠲᠠᠯ᠎ᠠ ᠶ᠋ᠢᠨ ᠬᠦᠦ
ᠤᠨᠠᠭᠠᠨ ᠨᠠᠰᠤᠨ ᠤ᠋ ᠢᠬᠡᠷ᠎ᠡ ᠨᠢ ᠪᠢᠯᠡ
ᠴᠡᠯᠡᠭᠡᠷ ᠲᠠᠯ᠎ᠠ ᠶ᠋ᠢᠨ ᠡᠨᠡᠦᠬᠡᠨ ᠴᠢᠯᠥᠭᠡᠨ ᠳ᠋ᠦ᠍
ᠴᠢ ᠮᠢᠨᠢ ᠲᠡᠭᠡᠵᠦ ᠮᠡᠨᠳᠦᠯᠡᠵᠦ ᠪᠢᠯᠡ
ᠬᠤᠷᠠᠭᠠᠨ ᠳᠡᠪᠡᠯ ᠲᠡᠢ ᠬᠣᠨᠢᠴᠢᠨ ᠠᠪᠤ
ᠬᠣᠷᠮᠣᠢᠯᠠᠵᠤ ᠴᠢᠮ᠎ᠠ ᠶ᠋ᠢ ᠥᠰᠬᠡᠵᠦ ᠪᠢᠯᠡ
ᠤᠷᠢᠳᠤ ᠶ᠋ᠢᠨ ᠬᠠᠰᠢᠷ ᠡᠪᠦᠭᠡᠳ ᠮᠢᠨᠢ
ᠦᠷ᠎ᠡ ᠪᠡᠨ ᠰᠢᠭ ᠡᠩᠬᠦᠷᠡᠢᠯᠡᠵᠦ
ᠴᠣᠭ ᠨᠤᠲᠤᠭ ᠤ᠋ᠨ ᠰᠦᠭ ᠰᠦᠯᠳᠡ
《 ᠴᠣᠬᠠᠥ᠋ᠨ᠌ᠳᠦᠷ》 ᠭᠡᠵᠦ ᠴᠣᠯᠠᠯᠠᠵᠠᠢ
ᠣᠩᠭᠣᠨ ᠮᠣᠷᠢᠨ ᠤ᠋ ᠪᠣᠰᠤᠭ᠎ᠠ ᠳᠡᠯ ᠰᠢᠭ᠌
ᠱᠣᠪᠬᠣ ᠣᠷᠭᠢᠯᠲᠦ ᠠᠭᠤᠯᠠ ᠮᠢᠨᠢ
ᠴᠣᠬᠠᠥ᠋ᠨ᠌ᠳᠦᠷ ᠭᠡᠳᠡᠭ ᠳᠠᠷᠬᠠᠨ ᠨᠡᠷ᠎ᠡ ᠲᠡᠢ
ᠴᠣᠭ ᠨᠤᠲᠤᠭ ᠤ᠋ᠨ ᠰᠦᠷ ᠰᠦᠯᠳᠡ
ᠠᠢᠷᠠᠭ ᠴᠠᠭᠠᠨ ᠭᠡᠷ ᠦ᠋ᠨ ᠮᠢᠨᠢ
ᠨᠥᠮᠥᠷᠢᠳᠡᠵᠦ ᠪᠠᠭᠤᠭᠰᠠᠨ ᠲᠦᠰᠢᠭ ᠪᠢᠯᠡ
ᠠᠮᠠᠨ ᠴᠠᠭᠠᠨ ᠰᠦᠷᠦᠭ ᠦ᠋ᠨ ᠮᠢᠨᠢ
ᠡᠭᠡᠪᠦᠷᠢᠳᠡᠵᠦ ᠪᠡᠯᠴᠢᠭᠰᠡ ᠦᠮᠵᠦᠭ ᠪᠢᠯᠡ
ᠠᠭᠤᠳᠠᠮ ᠲᠠᠯ᠎ᠠ ᠶ᠋ᠢᠨ ᠥᠷᠥᠴᠡᠨ ᠳᠡᠭᠡᠷᠡᠬᠢ
ᠥᠨᠥᠴᠢᠨ ᠨᠣᠮᠣᠢ ᠠᠭᠤᠯᠠ ᠭᠡᠵᠦ
《 ᠤᠯᠠᠢ ᠪᠠᠭᠠᠲᠤᠷ》 ᠬᠥᠮᠦᠰ
ᠥᠩᠭᠡᠷᠡᠭᠰᠡᠨ ᠳ᠋ᠦ᠍ ᠵᠢᠭᠲᠡᠢ ᠮᠠᠭᠤᠯᠠᠵᠤ
ᠬᠥᠬᠡᠮᠳᠦᠭ ᠪᠤᠵᠠᠷ ᠥᠩᠭᠡ
ᠬᠥᠬᠡ ᠮᠣᠩᠭᠣᠯ ᠤ᠋ᠨ ᠪᠡᠯᠭᠡᠳᠡᠯ ᠭᠡᠵᠦ
ᠬᠠᠷᠢᠶᠠᠯ ᠬᠢᠯᠢᠰᠳᠡᠯ ᠶᠠᠯ᠎ᠠ ᠨᠥᠮᠥᠷᠥᠭᠦᠯᠵᠦ
ᠬᠠᠯᠠ ᠦᠵᠡᠭᠦᠯᠦᠭᠰᠡᠨ ᠲᠡᠦᠬᠡ ᠲᠡᠢ ᠴᠦ᠍
ᠴᠣᠬᠠᠥ᠋ᠨ᠌ᠳᠦᠷ ᠬᠠᠢᠷᠬᠠᠨ ᠮᠢᠨᠢ
ᠴᠣᠷᠣᠢᠭᠰᠠᠨ ᠵᠦᠭ ᠲᠦ᠍ ᠪᠡᠨ ᠰᠦᠨᠳᠡᠷᠯᠡᠭᠰᠡᠭᠡᠷ
ᠴᠡᠭᠡᠵᠢᠨ ᠳ᠋ᠦ᠍ ᠬᠣᠨᠣᠭᠰᠢᠭᠰᠠᠨ ᠥᠩᠭᠡ ᠨᠢ
ᠴᠡᠩᠬᠡᠷ ᠡᠴᠡ ᠴᠡᠩᠬᠡᠷ ᠬᠥᠬᠡ ᠪᠡᠷ ᠢ᠋ᠶ᠋ᠡᠨ
ᠳᠡᠭᠵᠢᠷᠡᠯ ᠦ᠋ᠨ ᠬᠠᠷᠭᠤᠢ ᠵᠠᠮ ᠤ᠋ᠨ
ᠰᠢᠳᠢ ᠣᠷᠣᠰᠢᠭᠰᠠᠨ ᠠᠭᠤᠯᠠ ᠮᠢᠨᠢ
ᠰᠦ ᠶ᠋ᠢᠨ ᠦᠨᠦᠷ ᠠᠩᠬᠢᠯᠤᠭᠰᠠᠨ
ᠰᠦᠯᠳᠡ ᠳᠠᠷᠬᠠᠨ ᠬᠠᠢᠷᠬᠠᠨ ᠮᠢᠨᠢ
ᠬᠠᠪᠤᠲᠤ ᠬᠠᠰᠠᠷ ᠤ᠋ᠨ ᠭᠡᠭᠡᠨ ᠳᠦᠷᠢ
ᠬᠠᠷᠠᠭᠠᠨ ᠦᠵᠦᠭᠦᠷ ᠵᠢᠷᠤᠭ ᠲᠣᠳᠣᠷᠠᠭᠤᠯᠵᠤ
ᠰᠡᠳᠬᠢᠯ ᠦ᠋ᠨ ᠨᠠᠭᠤᠷ ᠲᠤ᠌ ᠮᠥᠷᠥᠭᠡᠳᠦᠯ ᠦᠯᠡᠳᠡᠭᠰᠡᠨ
ᠰᠠᠷᠠᠯ ᠤᠬᠠᠭᠠᠨ ᠳ᠋ᠤ᠌ ᠢᠷᠡᠭᠡᠳᠦᠢ ᠳᠠᠯᠠᠯᠵᠤ
ᠴᠣᠬᠣᠮ ᠴᠤ᠌ ᠰᠠᠢᠬᠠᠨ ᠶᠤᠮ ᠳᠠ
ᠴᠣᠬᠠᠥ᠋ᠨ᠌ᠳᠦᠷ ᠬᠠᠢᠷᠬᠠᠨ ᠮᠢᠨᠢ
ᠥᠰᠢᠭ ᠠᠮᠢᠯᠠᠭᠤᠯᠤᠭᠴᠢ᠄ ᠲᠣᠳᠣᠭᠡᠷᠡᠯ
ᠦᠰᠦᠭ ᠬᠠᠳᠠᠭᠴᠢ᠄ ᠪᠠᠢ· ᠰᠠᠷᠠᠨ᠎ᠠ
ᠬᠢᠨᠠᠭᠴᠢ᠄ ᠭᠡᠷᠡᠯᠴᠢᠯᠠᠭᠤ᠂ ᠲᠣᠳᠣᠭᠡᠷᠡᠯ
