ᠡᠯᠶᠡᠭᠢᠶᠠ - ᠸᠠᠴᠢᠷᠪᠠᠲᠤ ᠶ᠋ᠢᠨ ᠳᠠᠰᠢᠪᠠᠯᠪᠠᠷ Элеегиа - Очирбатын Дашбалбар
ᠡᠯᠶᠡᠭᠢᠶᠠ
ᠨᠠᠳᠠ ᠳ᠋ᠤ᠌ ᠳᠡᠩᠳᠡᠭᠦᠦ ᠲᠠᠨᠢᠯ ᠣᠢ ᠭᠤᠨᠢᠭ ᠰᠡᠷᠭᠦᠨ᠎ᠡ
ᠬᠠᠷᠠᠬᠤ ᠲᠣᠰᠤᠮ ᠲᠡᠭᠷᠢ ᠤᠯᠠᠮ ᠳᠣᠲᠣᠨᠣ ᠡᠨᠡᠭᠰᠢᠵᠦ
ᠬᠠᠨ ᠪᠦᠷᠭᠦᠳ ᠲᠡᠷᠲᠡᠭᠡ ᠳᠡᠭᠡᠷ᠎ᠡ ᠳᠤᠷᠠᠳᠬᠠᠯ ᠮᠡᠲᠦ ᠡᠷᠭᠢᠯᠳᠦᠨ᠎ᠡ
ᠪᠡᠶ᠎ᠡ ᠪᠡᠷ ᠮᠢᠨᠢ ᠰᠢᠷᠭᠠᠯᠬᠠᠨ ᠭᠤᠨᠢᠭ ᠨᠡᠪᠲᠡ ᠬᠠᠷᠪᠤᠵᠤ
ᠪᠢ ᠨᠠᠪᠴᠢᠰ ᠠᠳᠠᠯᠢ ᠤᠢᠳᠬᠠᠷᠯᠠᠨ᠂ ᠬᠣᠷᠸ᠎ᠠ ᠳ᠋ᠤ᠌ ᠴᠥᠬᠥᠷᠡᠨᠡᠮ
ᠰᠠᠮ ᠰᠡᠮᠬᠡᠨ ᠠᠭᠤᠯᠠᠰ ᠪᠤᠳᠤᠷᠢᠵᠤ᠂ ᠰᠡᠷᠢᠭᠦᠨ ᠨᠠᠮᠤᠷ ᠬᠦᠳᠡᠩᠲᠦᠨᠡ
ᠰᠡᠳᠬᠢᠯ ᠦ᠋ᠨ ᠮᠢᠨᠢ ᠭᠦᠨ ᠤᠷᠤᠭᠤ ᠨᠠᠮᠤᠷ ᠥᠪᠡᠷ ᠢ᠋ᠶ᠋ᠡᠨ ᠰᠢᠷᠭᠤᠵᠠᠢ
ᠪᠦᠬᠦᠢ ᠯᠡ ᠬᠣᠷᠸ᠎ᠠ ᠡᠷᠪᠡᠬᠡᠢ ᠰᠢᠭ ᠡᠮᠵᠡᠭ ᠰᠠᠨᠠᠭᠳᠠᠨ᠎ᠠ
ᠪᠦᠷ ᠲᠡᠭᠡᠬᠦ ᠳ᠋ᠡᠭᠡᠨ ᠨᠠᠮᠤᠷ ᠤ᠋ᠨ ᠪᠡᠭᠡᠷᠡᠭᠬᠡᠨ ᠡᠷᠪᠡᠬᠡᠢ ᠰᠢᠭ ᠬᠥᠭᠡᠷᠦᠬᠦᠢᠯᠡᠯᠲᠡᠢ
ᠪᠢ ᠬᠠᠷᠢ ᠭᠠᠵᠠᠷ ᠲᠤ᠌ ᠴᠥᠯᠡᠭᠳᠡᠭᠰᠡᠨ ᠮᠡᠲᠦ ᠡᠨᠡ ᠳᠡᠯᠡᠬᠡᠢ ᠳᠡᠭᠡᠷ᠎ᠡ ᠬᠠᠶᠠᠭᠳᠠᠵᠤ
ᠪᠡᠶ᠎ᠡ ᠶ᠋ᠢ ᠮᠢᠨᠢ ᠪᠤᠰᠤ ᠰᠡᠳᠬᠢᠯ ᠢ᠋ ᠮᠢᠨᠢ ᠢᠷᠡᠵᠦ ᠠᠪᠬᠤ ᠡᠵᠡᠨ ᠢ᠋ᠶ᠋ᠡᠨ ᠬᠦᠯᠢᠶᠡᠨᠡᠮ᠃
