ᠮᠤᠯᠤᠨ ᠲᠣᠶ᠋ᠢᠨ ᠡᠬᠡ ᠶ᠋ᠢᠨ ᠠᠴᠢ ᠶ᠋ᠢ ᠬᠠᠷᠢᠭᠤᠯᠤᠭᠰᠠᠨ ᠲᠣᠣᠯᠢ - ᠭᠤᠷᠪᠠ - ᠰ· ᠠᠯᠲᠠᠨᠳᠤᠭᠤᠯᠭᠠ ᠨᠠᠶ᠋ᠢᠷᠠᠭᠤᠯᠪᠠ Молон тойн эхийн ачийг харуулсан тууль - 3 - С· Алтантуулга найруулав
ᠮᠤᠯᠤᠨ ᠲᠣᠶ᠋ᠢᠨ ᠡᠬᠡ ᠶ᠋ᠢᠨ ᠠᠴᠢ ᠶ᠋ᠢ ᠬᠠᠷᠢᠭᠤᠯᠤᠭᠰᠠᠨ ᠲᠣᠣᠯᠢ - ᠭᠤᠷᠪᠠ
– ᠦᠷᠭᠦᠯᠵᠢᠯᠡᠯ – 3
ᠬᠠᠳᠠᠨ ᠠ᠋ᠴᠠ ᠬᠠᠲᠠᠭᠤ᠂
ᠠᠭᠤᠯᠠᠨ ᠠ᠋ᠴᠠ ᠬᠦᠨᠳᠦ
ᠬᠡᠨ ᠬᠥᠮᠦᠨ ᠵᠥᠷᠢᠴᠡᠪᠡᠰᠦ
ᠶᠢᠰᠦᠨ ᠲᠠᠮᠤ ᠶ᠋ᠢᠨ ᠢᠷᠣᠭᠠᠷ ᠲᠤ
ᠢᠷᠣ᠎ᠠ ᠶ᠋ᠢᠨ ᠮᠠᠭᠤ ᠪᠠᠷ ᠦᠬᠦᠮᠦᠢ᠃
ᠪᠤᠰᠢᠭᠤᠬᠠᠨ ᠵᠠᠢᠯᠠ!
ᠪᠤᠷᠤᠭᠤᠯᠠᠨ ᠳᠠᠯᠳᠢᠷᠠ!
ᠨᠠᠢᠵᠠ ᠴᠢᠨᠢ ᠭᠤᠶᠤᠰᠤᠭᠠᠢ᠂ ᠭᠤᠶᠤᠰᠤᠭᠠᠢ!》 ᠭᠡᠳ
ᠡᠪᠦᠳᠦᠭ ᠨᠤᠭᠤᠯᠤᠨ
ᠥᠯᠮᠡᠢ ᠳᠠᠷᠤᠵᠤ᠂
ᠥᠷᠭᠡᠨ ᠨᠢᠷᠤᠭᠤ ᠪᠥᠬᠥᠢᠨ
ᠦᠰᠦᠲᠦ ᠲᠡᠷᠢᠭᠦᠨ ᠮᠥᠷᠭᠥᠬᠦᠶ᠎ᠡ᠄
ᠬᠣᠶᠠᠷ ᠨᠠᠢᠵᠠ ᠠᠨᠤ
ᠬᠣᠷᠣᠮᠬᠠᠨ ᠵᠠᠭᠤᠷ᠎ᠠ
ᠬᠤᠢ ᠲᠠᠲᠠᠭᠤᠯᠤᠨ
ᠬᠣᠯᠠ ᠳᠠᠯᠳᠢᠷᠠᠪᠠ᠃
ᠠᠨᠳᠠ ᠳ᠋ᠠᠭᠠᠨ ᠠᠮᠠᠷᠠᠭ
ᠠᠲᠠᠭᠠᠲᠠᠨ ᠳ᠋ᠤ᠌ ᠬᠣᠷᠣᠰᠤᠯ ᠲᠠᠢ
ᠬᠤᠸᠠᠩ ᠴᠤᠤ ᠪᠠᠭᠠᠲᠤᠷ
ᠲᠡᠷᠡ ᠳᠣᠣᠷ᠎ᠠ ᠪᠠᠨ
ᠠᠭᠤᠷ ᠣᠮᠣᠭ ᠲᠥᠷᠥᠵᠦ
ᠠᠭᠤᠰᠬᠢ ᠵᠢᠷᠦᠬᠡ ᠳᠡᠯᠪᠡᠷᠡᠨ᠂
ᠰᠢᠷᠪᠥᠰᠥ ᠪᠤᠯᠴᠢᠩ ᠵᠠᠩᠭᠢᠷᠠᠵᠤ
ᠰᠢᠲᠦ ᠵᠠᠭᠤᠨ ᠬᠢᠯᠢᠩᠨᠡᠵᠦ᠂
ᠬᠥᠬᠡ ᠯᠤᠤ ᠶ᠋ᠢᠨ ᠬᠤᠪᠢᠯᠭᠠᠨ
ᠬᠥᠩᠭᠡᠨ ᠰᠠᠭᠠᠷᠠᠯ ᠳ᠋ᠠᠭᠠᠨ ᠠᠯᠠᠪᠬᠢᠨ᠂
ᠠᠭᠤᠯᠠ ᠭᠠᠩᠭ᠎ᠠ ᠪᠠᠷ ᠬᠠᠷᠠᠢᠯᠭᠠᠨ
ᠤᠲᠤᠭ᠎ᠠ ᠮᠠᠨᠠᠨ ᠲᠠᠲᠠᠭᠤᠯᠤᠭᠰᠠᠭᠠᠷ᠂
ᠡᠭᠦᠷ ᠡᠭᠦᠷ ᠱᠤᠯᠤᠮ ᠤᠷᠤᠭᠤ
ᠪᠥᠭᠡᠮ ᠪᠥᠭᠡᠮ ᠳᠠᠢᠰᠤᠨ ᠤᠷᠤᠭᠤ
ᠪᠦᠷᠭᠦᠳ ᠰᠢᠭ ᠨᠢᠰᠦᠨ ᠣᠴᠢᠵᠤ
ᠱᠣᠩᠬᠣᠷ ᠰᠢᠭ᠋ ᠱᠤᠮᠪᠠᠨ ᠬᠦᠷᠦᠭᠡᠳ
ᠬᠠᠷᠠᠴᠤ ᠠᠷᠠᠳ ᠢ᠋ᠶ᠋ᠠᠷ ᠣᠪᠯᠠᠵᠤ
ᠬᠠᠰᠢᠶ᠎ᠠ ᠬᠦᠷᠢᠶᠡᠨ ᠳ᠋ᠦ᠍ ᠨᠢᠭᠤᠭᠳᠠᠭᠰᠠᠨ᠂
ᠬᠠᠭᠠᠨ ᠲᠥᠷᠥ ᠶ᠋ᠢ ᠮᠡᠬᠡᠯᠡᠵᠦ
ᠬᠠᠮᠰᠠᠭ᠎ᠠ ᠰᠦᠯᠪᠡᠭᠡ ᠪᠠᠢᠭᠤᠯᠤᠭᠰᠠᠨ᠂
ᠨᠣᠮᠣᠬᠠᠨ ᠠᠷᠠᠳ ᠢ᠋ᠶ᠋ᠠᠷ ᠣᠪᠯᠠᠵᠤ
ᠨᠤᠲᠤᠭ ᠰᠢᠷᠣᠢ ᠶ᠋ᠢ ᠲᠠᠯᠬᠠᠳᠠᠭᠰᠠᠨ᠂
ᠨᠣᠶᠠᠨ ᠲᠥᠷᠥ ᠶ᠋ᠢ ᠮᠡᠬᠡᠯᠡᠵᠦ
ᠨᠢᠭᠤᠴᠠ ᠬᠣᠣᠷ ᠢ᠋ ᠦᠢᠯᠡᠳᠦᠭᠰᠡᠨ᠂
ᠠᠯᠢ ᠨᠢᠭᠡ ᠪᠡᠷ ᠨᠢ
ᠢᠯᠳᠦ ᠶ᠋ᠢᠨ ᠢ᠋ᠶ᠋ᠡᠨ
ᠢᠷ ᠢ᠋ ᠨᠢ ᠮᠢᠯᠢᠶᠠᠵᠤ
ᠢᠳᠡ ᠶ᠋ᠢ ᠨᠢ ᠰᠢᠯᠭᠠᠨ᠎ᠠ᠃
ᠰᠡᠯᠡᠮ᠎ᠡ ᠶ᠋ᠢᠨ ᠢ᠋ᠶ᠋ᠡᠨ
ᠰᠡᠪ ᠢ᠋ ᠨᠢ ᠳᠠᠷᠤᠵᠤ
ᠰᠣᠴᠢᠶᠠ ᠶ᠋ᠢ ᠨᠢ ᠭᠠᠷᠭᠠᠨ᠎ᠠ ᠭᠡᠮᠡᠨ
ᠪᠣᠳᠣᠭᠰᠠᠨ ᠪᠣᠳᠣᠯ ᠢ᠋ᠶ᠋ᠠᠨ
ᠪᠤᠯᠴᠢᠩ ᠳ᠋ᠠᠭᠠᠨ ᠵᠠᠩᠭᠢᠷᠠᠭᠤᠯᠵᠤ᠂
ᠪᠤᠯᠭᠢᠭᠰᠠᠨ ᠠᠭᠲᠠ ᠪᠠᠨ
ᠪᠤᠷᠤᠭᠤᠰᠢ ᠪᠠᠨ ᠵᠠᠯᠠᠵᠤ᠂
ᠠᠷᠵᠠᠭᠠᠷ ᠨᠢᠭᠡᠨ ᠬᠥᠭᠰᠢᠨ ᠨᠠᠷᠠᠰᠤ ᠶ᠋ᠢ
ᠠᠰ ᠳᠤᠮᠳᠠᠭᠤᠷ ᠨᠢ ᠲᠠᠰᠤ ᠴᠠᠪᠴᠢᠭᠰᠠᠨᠠ᠂
ᠡᠨᠡ ᠮᠣᠳᠣ
《ᠠᠶ᠎ᠠ》 ᠭᠡᠮᠡᠨ
ᠳᠠᠭᠤ ᠲᠠᠯᠪᠢᠨ ᠪᠠᠷᠬᠢᠷᠠᠵᠤ ᠠᠪᠤᠭᠠᠳ
ᠰᠠᠯᠠᠭ᠎ᠠ ᠨᠠᠮᠠᠭ᠎ᠠ ᠠᠨᠤ
ᠰᠠᠭᠯᠠᠢᠨ ᠯᠦᠭᠯᠦᠢᠨ ᠪᠠᠭᠤᠵᠤ᠂
ᠰᠡᠯᠡᠮ᠎ᠡ ᠶ᠋ᠢᠨ ᠢᠷ ᠡᠴᠡ
ᠴᠢᠰᠤ ᠪᠤᠷᠭᠢᠨ ᠳᠤᠰᠤᠯᠠᠵᠤ᠂
ᠬᠥᠭᠰᠢᠨ ᠮᠣᠳᠣᠨ ᠤ᠋ ᠬᠥᠨᠳᠡᠢ ᠡᠴᠡ
ᠬᠥᠭᠡᠷᠦᠬᠦᠢ ᠬᠣᠶᠠᠷ ᠬᠥᠮᠦᠨ ᠦ᠌ ᠲᠣᠯᠣᠭᠠᠢ
ᠲᠦᠰ ᠨᠢᠰ ᠪᠥᠮᠪᠥᠷᠢᠨ ᠤᠨᠠᠵᠤ ᠢᠷᠡᠯ᠎ᠡ᠁
ᠲᠡᠷᠡ ᠡᠩᠬᠦᠷᠡᠢ ᠬᠠᠨᠢ ᠬᠤᠪᠢᠯᠭᠠᠨ ᠬᠦᠯᠦᠭ ᠦ᠋ᠨ ᠢ᠋ᠶ᠋ᠡᠨ
ᠬᠦᠵᠦᠭᠦᠦ ᠶ᠋ᠢ ᠲᠡᠪᠡᠷᠢᠨ ᠭᠠᠰᠢᠭᠤᠳᠠᠭᠰᠠᠨ ᠢ᠋ᠶ᠋ᠠᠨ
《ᠨᠠᠢᠵᠠ ᠪᠢᠰᠢ ᠱᠤᠯᠤᠮ ᠶᠤᠮ ᠪᠣᠯᠬᠣᠷ
ᠲᠩᠷᠢ ᠶ᠋ᠢᠨ ᠵᠠᠶᠠᠭᠠᠨ ᠠ᠋ᠴᠠ
ᠮᠢᠨᠦ ᠢᠯᠳᠦ ᠶ᠋ᠢ ᠯᠡ ᠮᠢᠯᠢᠶᠠᠬᠤ
ᠵᠠᠶᠠᠭᠠᠨ ᠤ᠋ ᠬᠣᠶᠠᠷ ᠪᠠᠢᠵᠠᠢ ᠤᠤ ᠳᠠ》 ᠭᠡᠮᠡᠨ
ᠰᠠᠨᠠᠭ᠎ᠠ ᠠᠯᠲᠠᠨ ᠥᠭᠦᠯᠡᠭᠡᠳ
ᠬᠠᠷᠠᠰᠠᠭᠰᠠᠨ ᠰᠡᠳᠬᠢᠯ ᠢ᠋ᠶ᠋ᠡᠨ
ᠠᠶᠤᠤᠯᠢᠬᠠᠢ ᠳ᠋ᠠᠭᠠᠨ ᠴᠢᠩᠭᠠᠯᠠᠵᠤ᠂
ᠬᠠᠷᠠᠭᠳᠠᠭᠰᠠᠨ ᠣᠮᠣᠭ ᠢ᠋ᠶ᠋ᠠᠨ
ᠠᠷᠠᠭᠠᠨ ᠳ᠋ᠠᠭᠠᠨ ᠵᠠᠭᠤᠵᠤ᠂
ᠠᠭᠲᠠ ᠶ᠋ᠢᠨ ᠵᠢᠯᠣᠭᠣ ᠡᠭᠡᠭᠦᠯᠦᠨ
ᠠᠶᠤᠩᠭ᠎ᠠ ᠶ᠋ᠢᠨ ᠳᠠᠭᠤᠨ ᠢ᠋ᠶ᠋ᠠᠷ ᠪᠠᠷᠬᠢᠷᠠᠨ᠂
ᠵᠣᠷᠢᠭᠰᠠᠨ ᠭᠠᠵᠠᠷ ᠢ᠋ᠶ᠋ᠠᠨ ᠴᠢᠭᠯᠡᠨ
ᠱᠤᠯᠤᠮ ᠤ᠋ᠨ ᠡᠭᠦᠷ ᠲᠡᠢᠰᠢ ᠳᠠᠢᠯᠠᠨ ᠣᠷᠣᠪᠠ᠃
ᠡᠵᠡᠨ ᠲᠩᠷᠢ ᠡᠴᠡ ᠲᠣᠮᠢᠯᠠᠭᠰᠠᠨ
ᠡᠷᠡᠮᠡᠬᠡᠢ ᠪᠠᠭᠠᠲᠤᠷ ᠬᠤᠸᠠᠩ ᠴᠤᠤ ᠶ᠋ᠢᠨ
ᠬᠤᠷᠳᠤᠨ ᠬᠦᠯᠦᠭ ᠨᠢ ᠠᠭᠰᠤᠯᠵᠠᠭᠠᠳ
ᠬᠤᠶᠠᠭ ᠳᠤᠭᠤᠯᠠᠭ᠎ᠠ ᠨᠢ ᠭᠢᠯᠠᠯᠵᠠᠭᠠᠳ
ᠰᠤᠮᠤ ᠠᠳᠠᠯᠢ ᠬᠠᠷᠪᠤᠭᠠᠳ ᠭᠠᠷᠤᠯ᠎ᠠ᠂
ᠰᠤᠷ ᠠᠳᠠᠯᠢ ᠨᠣᠴᠣᠭᠠᠳ ᠣᠷᠣᠯ᠎ᠠ᠂
ᠬᠤᠢ ᠲᠠᠲᠠᠭᠤᠯᠤᠨ ᠨᠢᠰᠦᠭᠡᠳ ᠣᠷᠣᠯ᠎ᠠ᠂
ᠬᠣᠮᠣᠬᠠᠢ ᠶ᠋ᠢᠨ ᠭᠠᠪᠠᠯᠠ ᠶ᠋ᠢ ᠴᠠᠪᠴᠢᠭᠠᠳ ᠣᠷᠣᠯ᠎ᠠ᠃
ᠭᠠᠩ ᠢᠯᠳᠦ ᠨᠢ ᠭᠢᠯᠠᠰᠤᠭᠠᠳ ᠢᠷᠡᠯ᠎ᠡ᠂
ᠭᠠᠵᠠᠷ ᠲᠤᠷᠭᠢᠮᠠ ᠪᠠᠷᠬᠢᠷᠠᠭᠠᠳ ᠢᠷᠡᠯ᠎ᠡ᠂
ᠭᠠᠯᠵᠠᠭᠤ ᠪᠠᠷᠰ ᠮᠡᠲᠦ ᠬᠠᠷᠬᠢᠷᠠᠭᠠᠳ ᠢᠷᠡᠯ᠎ᠡ᠃
ᠱᠤᠯᠤᠮ ᠤ᠋ᠨ ᠡᠭᠦᠷ ᠲᠦ᠍
ᠱᠤᠤᠭᠢᠶᠠᠨ ᠪᠣᠰᠤᠯ᠎ᠠ᠂
ᠰᠢᠭᠤᠷᠭ᠎ᠠ ᠮᠠᠨᠠᠨ
ᠱᠤᠤᠭᠢᠭᠠᠳ ᠢᠷᠡᠯ᠎ᠡ᠃
ᠰᠢᠨᠤᠬᠠᠢ ᠳᠠᠢᠰᠤᠨ ᠳᠡᠪᠵᠢᠶᠡᠨ ᠪᠣᠯᠤᠯ᠎ᠠ᠂
ᠰᠢᠷᠭᠤᠬᠤ ᠭᠠᠵᠠᠷ ᠦᠭᠡᠢ ᠪᠠᠯᠠᠭᠳᠠᠭᠠᠳ ᠢᠷᠡᠯ᠎ᠡ᠃
ᠭᠠᠪᠠᠯᠠ ᠪᠠᠨ ᠲᠡᠪᠡᠷᠢᠭᠡᠳ ᠣᠷᠢᠯᠠᠵᠤ ᠪᠠᠢᠨ᠎ᠠ᠂
ᠭᠠᠵᠠᠷ ᠤ᠋ᠨ ᠠᠩ ᠢ᠋ᠶ᠋ᠠᠷ ᠣᠷᠣᠮᠠᠷ ᠪᠠᠢᠨ᠎ᠠ᠃
ᠵᠤᠯᠵᠠᠭ᠎ᠠ ᠪᠠᠨ ᠴᠢᠷᠦᠭᠡᠳ ᠵᠢᠭᠤᠲᠠᠵᠤ ᠪᠠᠢᠨ᠎ᠠ᠂
ᠵᠤᠷᠠᠮ᠎ᠠ ᠶ᠋ᠢᠨ ᠨᠦᠬᠡ ᠪᠡᠷ ᠣᠷᠣᠮᠠᠷ ᠪᠠᠢᠨ᠎ᠠ᠃
ᠮᠥᠷᠭᠥᠵᠦ ᠰᠥᠭᠥᠳᠦᠭᠡᠳ ᠴᠡᠴᠡᠷᠡᠵᠦ ᠪᠠᠢᠨ᠎ᠠ᠂
ᠮᠥᠨᠴᠢᠭᠡᠷ ᠳᠡᠭᠡᠷ᠎ᠡ ᠪᠡᠨ ᠴᠠᠪᠴᠢᠭᠤᠯᠵᠤ ᠪᠠᠢᠨ᠎ᠠ᠃
ᠥᠩᠬᠥᠷᠢᠵᠦ ᠤᠨᠠᠭᠠᠳ ᠭᠠᠰᠠᠯᠵᠤ ᠪᠠᠢᠨ᠎ᠠ᠂
ᠥᠳᠬᠡᠨ ᠰᠢᠩᠭᠡᠨ ᠢ᠋ᠶ᠋ᠡᠨ ᠭᠠᠷᠭᠠᠵᠤ ᠪᠠᠢᠨ᠎ᠠ᠃
ᠨᠢᠭᠤᠬᠤ ᠲᠣᠰᠤᠮ
ᠨᠢᠷᠤᠭᠤ ᠨᠢ ᠢᠯᠡᠬᠡᠨ
ᠳᠠᠯᠳᠠᠯᠠᠬᠤ ᠲᠣᠰᠤᠮ
ᠳᠠᠯ᠎ᠠ ᠨᠢ ᠢᠯᠡᠬᠡᠨ᠃
ᠭᠡᠳᠡᠢᠨ ᠭᠡᠲᠡᠯ᠎ᠡ
ᠭᠡᠳᠡᠰᠦ ᠨᠢ ᠢᠯᠡᠬᠡᠨ᠂
ᠪᠥᠬᠥᠢᠨ ᠭᠡᠢᠲᠡᠯ᠎ᠡ
ᠪᠥᠭᠰᠡ ᠨᠢ ᠢᠯᠡᠬᠡᠨ᠃
ᠤᠭ ᠳᠦᠷᠢ ᠨᠢ
ᠤᠷᠠᠭᠳᠠᠭᠠᠳ ᠭᠠᠷᠤᠯ᠎ᠠ᠂
ᠤᠯᠴᠠᠭᠠᠷ ᠮᠠᠩᠭᠤᠰ
ᠤᠯᠠᠢᠭᠠᠳ ᠢᠷᠡᠯ᠎ᠡ᠃
ᠱᠤᠯᠤᠮ ᠰᠢᠨᠵᠢ ᠨᠢ
ᠢᠯᠡᠷᠡᠭᠡᠳ ᠭᠠᠷᠤᠯ᠎ᠠ᠂
ᠰᠢᠨᠤᠬᠠᠢ ᠮᠠᠩᠭᠤᠰ
ᠰᠢᠷᠭᠤᠯᠠᠭᠠᠳ ᠳᠠᠭᠠᠷᠢᠯ᠎ᠠ᠃
ᠢᠳᠡ ᠲᠡᠢ ᠱᠤᠯᠤᠮ
ᠢᠷᠡᠵᠦ ᠯᠠ ᠪᠠᠢᠨ᠎ᠠ᠂
ᠶᠧᠯᠸᠢ ᠲᠡᠢ ᠴᠢᠳᠬᠥᠷ
ᠨᠥᠷᠢᠵᠦ ᠯᠡ ᠪᠠᠢᠨ᠎ᠠ᠃
ᠢᠷ ᠲᠡᠢ ᠵᠢᠳᠠ
ᠴᠢᠴᠢᠯᠡᠵᠦ ᠯᠡ ᠪᠠᠢᠨ᠎ᠠ᠂
ᠢᠰᠬᠡᠷᠳᠡᠭ ᠵᠡᠪᠡ
ᠨᠢᠰᠴᠦ ᠯᠡ ᠪᠠᠢᠨ᠎ᠠ᠃
ᠬᠤᠸᠠᠩ ᠴᠤᠤ ᠪᠠᠭᠠᠲᠤᠷ
ᠬᠣᠷᠣᠰᠤᠯ ᠲᠥᠷᠥᠨ
ᠬᠤᠮᠢᠵᠤ ᠠᠪᠤᠭᠠᠳ
ᠴᠠᠪᠴᠢᠯᠠᠨ ᠭᠠᠷᠤᠯ᠎ᠠ᠃
ᠬᠤᠪᠢᠯᠭᠠᠨ ᠰᠡᠯᠡᠮ᠎ᠡ ᠪᠡᠨ
ᠪᠢᠯᠠᠭᠤ ᠪᠣᠯᠭᠠᠨ
ᠬᠣᠢᠨ᠎ᠠ ᠬᠣᠢᠨ᠎ᠠ ᠠ᠋ᠴᠠ ᠨᠢ
ᠰᠢᠳᠡᠯᠡᠨ ᠭᠠᠷᠤᠯ᠎ᠠ᠃
ᠴᠢᠨᠣ᠎ᠠ ᠶ᠋ᠢᠨ ᠰᠢᠳᠦᠨ ᠪᠢᠯᠠᠭᠤ ᠶ᠋ᠢ
ᠴᠣᠬᠢᠭᠠᠳ ᠴᠣᠬᠢᠭᠠᠳ ᠭᠠᠷᠭᠠᠲᠠᠯ᠎ᠠ᠂
ᠴᠣᠭ ᠪᠣᠯᠤᠨ ᠤᠯᠠᠢᠵᠤ
ᠴᠣᠭᠣᠯᠲᠤᠷ ᠪᠣᠯᠤᠨ ᠥᠷᠥᠮᠳᠡᠵᠦ᠂
ᠪᠠᠷᠰ ᠤ᠋ᠨ ᠶᠠᠰᠤᠨ ᠪᠢᠯᠠᠭᠤ ᠶ᠋ᠢ
ᠪᠢᠯᠠᠭᠤᠳᠠᠭᠠᠳ ᠪᠢᠯᠠᠭᠤᠳᠠᠭᠠᠳ ᠶᠠᠪᠤᠭᠤᠯᠲᠠᠯᠠ᠂
ᠪᠣᠯᠣᠳ ᠪᠣᠯᠤᠨ ᠡᠷᠴᠢᠯᠡᠵᠦ
ᠪᠤᠷᠬᠢ ᠪᠣᠯᠤᠨ ᠥᠷᠥᠮᠳᠡᠵᠦ᠂
ᠵᠦᠭ ᠵᠦᠭ ᠲᠦ᠋ᠨᠢ ᠤᠨᠠᠭᠠᠵᠤ ᠪᠠᠢᠨ᠎ᠠ᠃
ᠵᠡᠭᠦᠨᠰᠢ ᠪᠠᠷᠠᠭᠤᠨᠰᠢ ᠪᠠᠨ ᠪᠤᠵᠢᠭᠢᠨᠠᠵᠤ ᠪᠠᠢᠨ᠎ᠠ᠃
ᠵᠦᠰᠦᠭᠡᠳ ᠵᠦᠰᠦᠭᠡᠳ ᠬᠠᠶᠠᠯᠠᠵᠤ ᠪᠠᠢᠨ᠎ᠠ᠂
ᠵᠦᠭ ᠢ᠋ᠶ᠋ᠡᠨ ᠠᠯᠳᠠᠭᠠᠳ ᠨᠢᠴᠠᠷᠠᠵᠤ ᠪᠠᠢᠨ᠎ᠠ᠃
ᠰᠠᠪᠠᠷ ᠭᠠᠷ ᠰᠠᠮᠠᠷᠳᠠᠵᠤ ᠪᠠᠢᠨ᠎ᠠ᠂
ᠰᠠᠯᠠᠭ᠎ᠠ ᠲᠣᠯᠣᠭᠠᠢ ᠰᠠᠯᠵᠤ ᠪᠠᠢᠨ᠎ᠠ᠃
ᠰᠠᠪᠠᠵᠤ ᠤᠨᠠᠭᠠᠳ ᠰᠡᠷᠪᠡᠯᠵᠡᠵᠦ ᠪᠠᠢᠨ᠎ᠠ᠂
ᠰᠠᠯᠠᠩᠨᠠᠵᠤ ᠠᠪᠤᠭᠠᠳ ᠰᠠᠷᠪᠠᠢᠵᠤ ᠪᠠᠢᠨ᠎ᠠ᠃
ᠮᠣᠭᠠᠢ ᠶ᠋ᠢᠨ ᠱᠤᠯᠤᠮ
ᠮᠤᠰᠬᠢᠷᠠᠵᠤ ᠬᠣᠣᠷ ᠢ᠋ᠶ᠋ᠠᠨ ᠬᠠᠷᠪᠤᠵᠤ ᠪᠠᠢᠨ᠎ᠠ᠃
ᠮᠡᠳᠡᠷᠡᠵᠦ ᠣᠴᠢᠭᠠᠳ ᠰᠤᠮᠤᠳᠠᠵᠤ ᠪᠠᠢᠨ᠎ᠠ᠂
ᠰᠤᠩᠵᠥ ᠠᠪᠤᠭᠠᠳ ᠰᠤᠯᠳᠠᠢᠵᠤ ᠪᠠᠢᠨ᠎ᠠ᠃
ᠦᠨᠡᠭᠡᠨ ᠰᠡᠭᠦᠯ ᠭᠤᠶᠤᠳᠠᠯᠠᠵᠤ ᠪᠠᠢᠨ᠎ᠠ᠂
ᠥᠩᠬᠥᠷᠢᠵᠦ ᠤᠨᠠᠭᠠᠳ ᠭᠠᠰᠠᠯᠵᠤ ᠪᠠᠢᠨ᠎ᠠ᠃
ᠦᠰᠦᠷᠴᠦ ᠠᠪᠤᠭᠠᠳ ᠲᠠᠲᠠᠵᠤ ᠪᠠᠢᠨ᠎ᠠ᠂
ᠦᠬᠦᠯ ᠦ᠋ᠨ ᠳᠠᠪᠠᠭᠠᠨ ᠳ᠋ᠤ᠌ ᠲᠡᠯᠴᠢᠯᠡᠵᠦ ᠪᠠᠢᠨ᠎ᠠ᠃
ᠪᠤᠭ ᠴᠢᠳᠬᠥᠷ ᠪᠤᠯᠲᠠᠵᠤ ᠪᠠᠢᠨ᠎ᠠ᠂
ᠪᠤᠯᠤᠩ ᠮᠥᠷᠭᠥᠭᠡᠳ ᠪᠤᠷᠤᠭᠤᠯᠠᠵᠤ ᠪᠠᠢᠨ᠎ᠠ᠃
ᠪᠣᠷᠵᠢᠨ ᠲᠣᠯᠣᠭᠠᠢ ᠨᠢ ᠪᠤᠯᠭᠤᠷᠠᠵᠤ ᠪᠠᠢᠨ᠎ᠠ᠂
ᠪᠤᠵᠠᠷ ᠨᠥᠵᠢ ᠨᠢ ᠪᠤᠲᠠᠷᠠᠵᠤ ᠪᠠᠢᠨ᠎ᠠ᠃
