ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠠᠩᠴᠢᠨ ᠬᠦᠦ ᠠᠷᠢᠭᠤᠩᠭᠤᠸᠠ Гураван настай гунаган улаан баатар - Анчин хүү ариунговоо
ᠠᠩᠴᠢᠨ ᠬᠦᠦ ᠠᠷᠢᠭᠤᠩᠭᠤᠸᠠ
ᠬᠠᠭᠠᠨ ᠣᠷᠳᠣᠨ ᠳ᠋ᠠᠭᠠᠨ ᠬᠠᠷᠢᠭᠠᠳ᠂ ᠬᠦᠦ ᠳ᠋ᠡᠭᠡᠨ ᠬᠡᠯᠡᠭᠰᠡᠨ ᠳ᠋ᠦ᠍᠂ ᠬᠦᠦ ᠨᠢ᠄《ᠦᠨᠡᠬᠡᠷ ᠲᠡᠢᠮᠦ ᠭᠠᠢᠬᠠᠯᠲᠠᠢ ᠰᠠᠢᠬᠠᠨ ᠶᠤᠮ ᠪᠣᠯ᠂ ᠡᠴᠢᠭᠡ ᠮᠢᠨᠢ ᠨᠠᠳᠠ ᠠᠪᠴᠤ ᠥᠭ!》 ᠭᠡᠵᠦ ᠡᠳᠦᠷ ᠪᠦᠷᠢ ᠶᠠᠷᠭᠢᠬᠤ ᠪᠣᠯᠵᠤ ᠭᠡᠨ᠎ᠡ᠃ ᠢᠩᠭᠢᠭᠡᠳ ᠬᠥᠭᠰᠢᠨ ᠬᠠᠭᠠᠨ ᠮᠥᠨ ᠠᠷᠭ᠎ᠠ ᠦᠭᠡᠢ ᠪᠣᠯᠵᠤ᠂ ᠬᠡᠷᠪᠡ ᠲᠡᠷᠡ ᠠᠪᠠᠭᠠᠢ ᠬᠠᠷᠢ ᠳ᠋ᠤ᠌ ᠮᠣᠷᠳᠠᠭ᠎ᠠ ᠦᠭᠡᠢ᠂ ᠬᠠᠷ᠎ᠠ ᠦᠰᠦ ᠪᠡᠨ ᠬᠠᠭᠠᠯᠤᠭ᠎ᠠ ᠦᠭᠡᠢ ᠪᠣᠯ ᠬᠠᠭᠠᠨ ᠪᠢ ᠵᠠᠷᠯᠢᠭ ᠪᠠᠭᠤᠯᠭᠠᠵᠤ ᠠᠪᠴᠤ ᠢᠷᠡᠵᠦ ᠪᠣᠯᠤᠨ᠎ᠠ᠃ ᠭᠡᠲᠡᠯ᠎ᠡ ᠠᠷᠢᠭᠤᠩᠭᠤᠸᠠ ᠠᠪᠠᠭᠠᠢ ᠨᠢᠭᠡᠨᠲᠡ ᠠᠢᠯ ᠳ᠋ᠤ᠌ ᠣᠴᠢᠵᠤ᠂ ᠠᠮᠠᠷᠠᠭ ᠠᠩᠴᠢᠨ ᠬᠦᠦ ᠲᠡᠢ ᠪᠡᠨ ᠤᠷᠤᠭ ᠬᠣᠯᠪᠣᠭᠰᠠᠨ ᠲᠤᠯᠠ᠂ ᠡᠭᠦᠨ ᠢ᠋ ᠣᠳᠣ ᠶᠠᠭᠠᠬᠢᠬᠤ ᠪᠣᠢ? ᠭᠡᠵᠦ ᠰᠡᠳᠬᠢᠯ ᠵᠣᠪᠠᠵᠤ ᠰᠠᠢᠨ ᠠᠷᠭ᠎ᠠ ᠣᠯᠬᠤ ᠦᠭᠡᠢ ᠪᠠᠢᠵᠠᠢ᠃
ᠴᠢᠩᠭᠢᠭᠰᠡᠨ ᠳ᠋ᠦ᠍ ᠨᠢᠭᠡᠨ ᠲᠦᠰᠢᠮᠡᠯ ᠡᠭᠦᠨ ᠢ᠋ ᠮᠡᠳᠡᠭᠡᠳ᠂ ᠣᠳᠣ ᠡᠨᠡ ᠨᠢᠭᠡᠨ ᠬᠡᠷᠡᠭ ᠳᠡᠭᠡᠷ᠎ᠡ ᠡᠴᠡ ᠡᠵᠡᠨ ᠦ᠌ ᠬᠠᠢᠷ᠎ᠠ ᠶ᠋ᠢ ᠣᠯᠵᠤ᠂ ᠬᠦᠨᠳᠦ ᠬᠡᠰᠢᠭ ᠭᠥᠷᠳᠡᠶ᠎ᠡ ᠭᠡᠵᠦ ᠪᠣᠳᠣᠭᠠᠳ᠂ ᠬᠠᠭᠠᠨ ᠳ᠋ᠠᠭᠠᠨ᠄《ᠡᠵᠡᠨ ᠮᠢᠨᠢ᠂ ᠲᠦᠰᠢᠮᠡᠯ ᠨᠠᠳᠠ ᠨᠢᠭᠡ ᠠᠷᠭ᠎ᠠ ᠪᠠᠢᠨ᠎ᠠ᠃ ᠲᠠ ᠰᠣᠨᠣᠰᠴᠤ ᠦᠵᠡᠨ᠎ᠡ ᠤᠤ?》 ᠭᠡᠰᠡᠨ ᠳ᠋ᠦ᠍᠂ ᠬᠠᠭᠠᠨ᠄《ᠵᠠ! ᠴᠢ ᠬᠡᠯᠡ!》 ᠭᠡᠰᠡᠨ ᠳ᠋ᠦ᠍᠂ ᠥᠨᠥ ᠲᠦᠰᠢᠮᠡᠯ ᠨᠢ ᠨᠢᠭᠡ ᠠᠷᠭ᠎ᠠ ᠭᠠᠷᠭᠠᠭᠰᠠᠨ ᠨᠢ᠄《ᠡᠵᠡᠨ ᠲᠠ ᠤᠳᠠᠯ ᠦᠭᠡᠢ ᠨᠠᠮᠤᠷ ᠤ᠋ᠨ ᠠᠩ ᠳ᠋ᠤ᠌ ᠮᠣᠷᠳᠠᠨ᠎ᠠ᠃ ᠲᠡᠷᠡ ᠦᠶ᠎ᠡ ᠳ᠋ᠦ᠍ ᠮᠥᠨ ᠠᠩᠴᠢᠨ ᠬᠦᠦ ᠳ᠋ᠦ᠍ ᠵᠠᠷᠯᠢᠭ ᠪᠠᠭᠤᠯᠭᠠᠵᠤ᠂ ᠠᠩ ᠳ᠋ᠤ᠌ ᠳᠠᠭᠠᠭᠤᠯᠤᠭᠠᠳ᠂ ᠬᠠᠮᠤᠭ ᠬᠦᠴᠢᠷ ᠲᠡᠢ ᠪᠡᠷᠬᠡ ᠬᠡᠷᠡᠭ ᠦ᠋ᠳ ᠢ᠋ ᠠᠰᠠᠭᠤᠵᠤ᠂ ᠬᠠᠷᠢᠭᠤᠯᠵᠤ ᠴᠢᠳᠠᠬᠤ ᠦᠭᠡᠢ ᠪᠣᠯᠪᠠᠯ ᠳᠠᠷᠤᠢ ᠶᠠᠯ᠎ᠠ ᠲᠤᠯᠭᠠᠵᠤ ᠠᠯᠠᠪᠠᠯ᠂ ᠠᠷᠢᠭᠤᠩᠭᠤᠸᠠ ᠠᠪᠠᠭᠠᠢ ᠠᠶᠠᠨᠳᠠᠭᠠᠨ ᠪᠠᠭ᠎ᠠ ᠡᠵᠡᠨ ᠦ᠌ ᠪᠣᠯᠵᠤ ᠪᠣᠯᠤᠨ᠎ᠠ᠃》ᠭᠡᠰᠡᠨ ᠳ᠋ᠦ᠍᠂ ᠬᠠᠭᠠᠨ ᠶᠡᠬᠡ ᠪᠠᠶᠠᠷᠯᠠᠵᠤ᠂ ᠡᠨᠡ ᠶᠠᠭᠠᠬᠢᠭᠰᠠᠨ ᠮᠡᠷᠭᠡᠨ ᠠᠷᠭ᠎ᠠ ᠪᠣᠢ ᠭᠡᠵᠦ ᠥᠨᠥ ᠲᠦᠰᠢᠮᠡᠯ ᠢ᠋ᠶ᠋ᠡᠨ ᠰᠠᠢᠰᠢᠶᠠᠵᠠᠢ᠃
ᠨᠠᠮᠤᠷ ᠤ᠋ᠨ ᠠᠩ ᠳ᠋ᠤ᠌ ᠬᠠᠭᠠᠨ ᠠᠩᠴᠢᠨ ᠬᠦᠦ ᠳ᠋ᠦ᠍ ᠵᠠᠷᠯᠢᠭ ᠪᠠᠭᠤᠯᠭᠠᠨ ᠳᠠᠭᠠᠭᠤᠯᠤᠭᠠᠳ ᠭᠠᠷᠴᠠᠢ᠃ ᠭᠠᠷᠴᠤ ᠶᠠᠪᠤᠭᠰᠠᠭᠠᠷ ᠬᠡᠳᠦᠨ ᠬᠡᠷᠢᠶ᠎ᠡ ᠲᠡᠢ ᠲᠣᠬᠢᠶᠠᠯᠳᠤᠭᠠᠳ᠂ ᠬᠠᠭᠠᠨ᠄《ᠠᠩᠴᠢᠨ ᠬᠦᠦ! ᠴᠢ ᠣᠴᠢᠵᠤ ᠲᠡᠷᠡ ᠬᠡᠳᠦᠨ ᠬᠡᠷᠢᠶ᠎ᠡ ᠶᠠᠭᠤ ᠬᠡᠯᠡᠯᠴᠡᠵᠦ ᠪᠠᠢᠬᠤ ᠶ᠋ᠢ ᠮᠡᠳᠡᠵᠦ ᠢᠷ᠎ᠡ!》ᠭᠡᠰᠡᠨ ᠳ᠋ᠦ᠍᠂ ᠠᠩᠴᠢᠨ ᠬᠦᠦ ᠄《ᠵᠠ!》ᠭᠡᠵᠦ ᠮᠣᠷᠢ ᠪᠠᠨ ᠲᠠᠰᠢᠭᠤᠷᠳᠠᠨ ᠣᠴᠢᠭᠠᠳ᠂ ᠤᠳᠠᠯ ᠦᠭᠡᠢ ᠬᠠᠷᠢᠵᠤ ᠢᠷᠡᠭᠡᠳ᠂ ᠬᠠᠭᠠᠨ ᠳ᠋ᠤ᠌ ᠬᠡᠯᠡᠭᠰᠡᠨ ᠨᠢ:《ᠲᠡᠷᠡ ᠬᠡᠳᠦᠨ ᠬᠡᠷᠢᠶ᠎ᠡ ᠥᠪᠡᠷ ᠵᠠᠭᠤᠷ᠎ᠠ ᠪᠠᠨ ᠢᠩᠭᠢᠵᠦ ᠶᠠᠷᠢᠯᠴᠠᠵᠤ ᠪᠠᠢᠨ᠎ᠠ᠃《ᠬᠠᠭᠠᠨ ᠡᠵᠡᠨ ᠠᠩ ᠬᠢᠵᠦ᠂ᠤᠯᠠᠢ ᠴᠢᠰᠤ ᠭᠠᠷᠭᠠᠪᠠᠯ᠂ ᠬᠠᠷ᠎ᠠ ᠬᠡᠷᠢᠶ᠎ᠡ ᠪᠢᠳᠡ ᠬᠠᠨᠲᠠᠯ᠎ᠠ ᠪᠠᠨ ᠢᠳᠡᠬᠦ ᠶᠠᠭᠤᠮ᠎ᠠ ᠲᠠᠢ ᠪᠣᠯᠤᠨ᠎ᠠ 》ᠭᠡᠵᠦ ᠬᠡᠯᠡᠯᠴᠡᠵᠦ ᠪᠠᠢᠨ᠎ᠠ᠃ 》 ᠭᠡᠰᠡᠨ ᠳ᠋ᠦ᠍᠂ ᠬᠠᠭᠠᠨ ᠳᠠᠬᠢᠨ ᠳᠤᠤᠭᠠᠷᠬᠤ ᠦᠭᠡ ᠦᠭᠡᠢ ᠪᠣᠯᠵᠤ ᠶᠠᠪᠤᠵᠠᠢ᠃
ᠲᠡᠭᠡᠭᠡᠳ ᠴᠠᠭᠠᠰᠢ ᠨᠢ ᠶᠠᠪᠤᠵᠤ ᠪᠠᠢᠭᠰᠠᠨ ᠳ᠋ᠤ᠌ ᠨᠢᠭᠡᠨ ᠦᠬᠦᠳᠡᠯ ᠦ᠋ᠨ ᠬᠡᠭᠦᠷ ᠲᠠᠭᠠᠷᠠᠭᠰᠠᠨ ᠭᠡᠨ᠎ᠡ᠃ ᠡᠭᠦᠨ ᠳ᠋ᠦ᠍ ᠬᠠᠭᠠᠨ ᠨᠢ᠄《ᠠᠩᠴᠢᠨ ᠬᠦᠦ! ᠴᠢ ᠣᠴᠢᠵᠤ ᠲᠡᠷᠡ ᠦᠬᠦᠭᠰᠡᠨ ᠬᠥᠮᠦᠨ ᠶᠠᠭᠤ ᠪᠣᠳᠣᠵᠤ ᠪᠠᠢᠬᠤ ᠶ᠋ᠢ ᠠᠰᠠᠭᠤᠵᠤ ᠢᠷ᠎ᠡ!》ᠭᠡᠳ ᠶᠠᠪᠤᠭᠤᠯᠵᠠᠢ᠃ ᠠᠩᠴᠢᠨ ᠬᠦᠦ ᠣᠴᠢᠭᠠᠳ᠂ ᠬᠡᠭᠦᠷ ᠢ᠋ ᠨᠢᠭᠡ ᠲᠣᠭᠣᠷᠢᠵᠤ ᠢᠷᠡᠭᠡᠳ ᠮᠡᠳᠡᠭᠦᠯᠦᠭᠰᠡᠨ ᠨᠢ᠄ 《ᠠᠮᠢᠳᠤ ᠰᠡᠷᠢᠭᠦᠨ ᠬᠥᠮᠦᠨ ᠬᠡᠳᠦᠢ ᠰᠠᠢᠬᠠᠨ ᠪᠣᠢ! ᠡᠵᠡᠨ ᠬᠠᠭᠠᠨ ᠢ᠋ᠶ᠋ᠠᠨ ᠳᠠᠭᠠᠵᠤ᠂ ᠠᠪᠠᠯᠠᠵᠤ ᠳᠠᠪᠠᠯᠠᠵᠤ ᠪᠠᠢᠨ᠎ᠠ᠃ ᠦᠬᠦᠭᠰᠡᠨ ᠪᠢ ᠭᠠᠵᠠᠷ ᠰᠢᠷᠣᠢ ᠶ᠋ᠢᠨ ᠳᠣᠲᠣᠷ᠎ᠠ᠂ ᠡᠳᠦᠷ ᠰᠠᠷ᠎ᠠ ᠶ᠋ᠢ ᠪᠠᠷᠠᠲᠠᠯ᠎ᠠ ᠬᠡᠪᠲᠡᠵᠦ᠂ ᠶᠠᠮᠠᠷ ᠶᠡᠬᠡ ᠭᠠᠰᠢᠭᠤᠳᠠᠯ ᠲᠠᠢ ᠬᠡᠷᠡᠭ ᠪᠣᠢ!》ᠭᠡᠵᠦ ᠬᠡᠯᠡᠵᠦ ᠪᠠᠢᠨ᠎ᠠ᠃》 ᠭᠡᠰᠡᠨ ᠳ᠋ᠦ᠍᠂ ᠬᠠᠭᠠᠨ ᠮᠥᠨ ᠬᠡᠯᠡᠬᠦ ᠦᠭᠡ ᠦᠭᠡᠢ ᠪᠣᠯᠵᠠᠢ᠃ ᠴᠢᠨᠠᠭᠰᠢ ᠶᠠᠪᠤᠵᠤ ᠪᠠᠢᠭᠰᠠᠨ ᠳ᠋ᠤ᠌ ᠲᠠᠯ᠎ᠠ ᠶ᠋ᠢᠨ ᠳᠤᠮᠳᠠᠭᠤᠷ ᠨᠢᠭᠡᠨ ᠰᠠᠭᠤᠷᠢ ᠬᠠᠮᠬᠤᠤᠯ ᠬᠡᠢᠰᠵᠦ ᠪᠠᠢᠬᠤ ᠶ᠋ᠢ ᠦᠵᠡᠭᠡᠳ ᠬᠠᠭᠠᠨ᠄《ᠠᠩᠴᠢᠨ ᠬᠦᠦ! ᠴᠢ ᠣᠴᠢᠵᠤ᠂ ᠲᠡᠷᠡ ᠬᠠᠮᠬᠤᠤᠯ ᠶᠠᠭᠤ ᠬᠡᠯᠡᠭᠰᠡᠭᠡᠷ ᠥᠩᠭᠥᠷᠢᠳᠡᠵᠦ ᠪᠠᠢᠬᠤ ᠶ᠋ᠢ ᠮᠡᠳᠡᠵᠦ ᠢᠷ᠎ᠡ!》 ᠭᠡᠰᠡᠨ ᠳ᠋ᠦ᠍᠂ ᠠᠩᠴᠢᠨ ᠬᠦᠦ ᠮᠥᠨ ᠯᠡ᠄《ᠵᠠ!》 ᠭᠡᠵᠦ ᠬᠡᠯᠡᠭᠡᠳ ᠶᠠᠪᠤᠵᠠᠢ᠃ ᠲᠡᠭᠦᠨ ᠢ᠋ ᠶᠠᠪᠤᠭᠰᠠᠨ ᠬᠣᠢᠨ᠎ᠠ ᠬᠠᠭᠠᠨ ᠢᠩᠭᠢᠵᠦ ᠪᠣᠳᠣᠵᠠᠢ᠃《ᠪᠢ ᠬᠠᠷᠢᠨ ᠴᠢᠮᠠᠶ᠋ᠢ ᠭᠠᠷᠲᠠᠭᠠᠶᠠ ᠭᠡᠵᠦ ᠬᠣᠶᠠᠷ ᠳᠠᠬᠢᠨ ᠬᠦᠴᠢᠷᠳᠡᠭᠦᠯᠦᠭᠰᠡᠨ ᠪᠣᠯᠪᠠᠴᠤ᠂ ᠴᠢ ᠬᠠᠷᠢᠨ ᠪᠦᠷ ᠬᠡᠯᠡᠵᠦ ᠭᠠᠷᠤᠯ᠎ᠠ᠃ ᠣᠳᠣ ᠡᠨᠡ ᠤᠳᠠᠭ᠎ᠠ ᠬᠡᠢᠰᠴᠦ ᠪᠠᠢᠬᠤ ᠬᠠᠮᠬᠤᠤᠯ ᠠ᠋ᠴᠠ ᠴᠢ ᠶᠠᠭᠤ ᠶ᠋ᠢ ᠣᠯᠵᠤ ᠬᠡᠯᠡᠬᠦ ᠪᠣᠢ⁈ ᠣᠳᠣ ᠬᠠᠷ᠎ᠠ ᠲᠣᠯᠣᠭᠠᠢ ᠶ᠋ᠢ ᠴᠢᠨᠢ ᠴᠠᠪᠴᠢᠵᠤ᠂ ᠬᠠᠢᠷᠠᠲᠠᠢ ᠠᠪᠠᠭᠠᠢ ᠶ᠋ᠢ ᠴᠢᠨᠢ ᠡᠵᠡᠯᠡᠨ᠎ᠡ᠃》 ᠭᠡᠵᠦ ᠪᠠᠶᠠᠷᠯᠠᠨ ᠵᠣᠭᠰᠣᠵᠤ ᠪᠠᠢᠵᠠᠢ᠃ ᠴᠢᠩᠭᠢᠭᠰᠡᠨ ᠴᠢᠨᠢ ᠠᠩᠴᠢᠨ ᠬᠦᠦ ᠪᠤᠴᠠᠵᠤ ᠢᠷᠡᠭᠡᠳ ᠬᠡᠯᠡᠭᠰᠡᠨ ᠨᠢ᠄《ᠡᠵᠡᠨ ᠬᠠᠭᠠᠨ ᠮᠢᠨᠢ! ᠲᠡᠷᠡ ᠬᠠᠮᠬᠤᠤᠯ ᠢᠩᠭᠢᠵᠦ ᠬᠡᠯᠡᠵᠦ ᠪᠠᠢᠨ᠎ᠠ᠃《ᠤᠷᠭᠤᠵᠤ ᠭᠠᠷᠬᠤ ᠮᠢᠨᠢ ᠬᠠᠪᠤᠷ᠃ ᠤᠷᠪᠠᠵᠤ ᠬᠡᠢᠰᠬᠦ ᠮᠢᠨᠢ ᠨᠠᠮᠤᠷ᠃ ᠥᠲᠡᠯᠬᠦ ᠮᠢᠨᠢ ᠬᠠᠷ᠎ᠠ ᠡᠷᠭᠢ᠃ ᠦᠬᠦᠬᠦ ᠮᠢᠨᠢ ᠠᠯᠮᠠᠨ ᠬᠤᠳᠳᠤᠭ᠃》 ᠭᠡᠵᠦ ᠬᠡᠯᠡᠵᠦ ᠪᠠᠢᠨ᠎ᠠ᠃》 ᠭᠡᠵᠦ ᠬᠡᠯᠡᠭᠰᠡᠨ ᠳ᠋ᠦ᠍ ᠬᠠᠭᠠᠨ ᠶᠠᠭ ᠠᠷᠭ᠎ᠠ ᠦᠭᠡᠢ ᠪᠣᠯᠵᠤ ᠣᠷᠳᠣᠨ ᠳ᠋ᠠᠭᠠᠨ ᠬᠠᠷᠢᠵᠠᠢ᠃
ᠬᠠᠭᠠᠨ ᠣᠷᠳᠣᠨ ᠳ᠋ᠠᠭᠠᠨ ᠬᠠᠷᠢᠭᠠᠳ ᠠᠩᠴᠢᠨ ᠬᠦᠦ ᠳ᠋ᠦ᠍ ᠲᠤᠰᠢᠶᠠᠭᠰᠠᠨ ᠨᠢ᠄《ᠴᠢ ᠬᠠᠷᠢᠵᠤ ᠨᠠᠳᠠ ᠵᠠᠭᠤᠨ ᠠᠯᠲᠠ ᠦᠨᠡᠰᠦᠨ ᠳᠡᠭᠡᠰᠦ ᠲᠠᠮᠤᠵᠤ ᠠᠪᠴᠢᠷᠠ! ᠦᠭᠡᠢ ᠪᠣᠯ ᠲᠣᠯᠣᠭᠠᠢ ᠶ᠋ᠢ ᠴᠢᠨᠢ ᠠᠪᠤᠨ᠎ᠠ᠃》 ᠭᠡᠵᠦ ᠶᠠᠪᠤᠭᠤᠯᠪᠠ ᠭᠡᠨ᠎ᠡ᠃
ᠴᠢᠩᠭᠢᠭᠡᠳ ᠠᠩᠴᠢᠨ ᠬᠦᠦ ᠭᠡᠷ ᠲᠡᠭᠡᠨ ᠬᠠᠷᠢᠵᠤ ᠢᠷᠡᠭᠡᠳ ᠲᠣᠯᠣᠭᠠᠢ ᠪᠠᠨ ᠣᠷᠢᠶᠠᠵᠤ ᠶᠠᠭᠤ ᠴᠤ᠌ ᠳᠤᠤᠭᠠᠷᠬᠤ ᠦᠭᠡᠢ ᠬᠡᠪᠲᠡᠵᠡᠢ᠃ ᠢᠩᠭᠢᠬᠦ ᠳ᠋ᠦ᠍᠂ ᠠᠷᠢᠭᠤᠩᠭᠤᠸᠠ ᠠᠪᠠᠭᠠᠢ ᠨᠢ ᠶᠡᠬᠡ ᠭᠠᠢᠬᠠᠵᠤ ᠠᠰᠠᠭᠤᠭᠰᠠᠨ ᠳ᠋ᠤ᠌᠂ ᠠᠩᠴᠢᠨ ᠬᠦᠦ᠂ ᠬᠠᠭᠠᠨ ᠤ᠋ ᠭᠤᠷᠪᠠᠨ ᠠᠰᠠᠭᠤᠯᠲᠠ ᠶ᠋ᠢ ᠶᠠᠭᠠᠬᠢᠵᠤ ᠬᠠᠷᠢᠭᠤᠯᠤᠭᠰᠠᠨ ᠪᠠ ᠵᠠᠭᠤᠨ ᠠᠯᠲᠠ ᠦᠨᠡᠰᠦᠨ ᠳᠡᠭᠡᠰᠦ ᠠᠪᠴᠢᠷᠠᠬᠤ ᠦᠭᠡᠢ ᠪᠣᠯ ᠲᠣᠯᠣᠭᠠᠢ ᠶ᠋ᠢ ᠮᠢᠨᠢ ᠠᠪᠤᠨ᠎ᠠ ᠭᠡᠵᠦ ᠪᠠᠢᠨ᠎ᠠ ᠭᠡᠬᠦ ᠵᠡᠷᠭᠡ ᠪᠡᠷ ᠬᠡᠯᠡᠵᠡᠢ᠃
ᠡᠭᠦᠨ ᠢ᠋ ᠠᠷᠢᠭᠤᠩᠭᠤᠸᠠ ᠠᠪᠠᠭᠠᠢ ᠨᠢ ᠰᠣᠨᠣᠰᠤᠭᠠᠳ᠄《ᠬᠣᠩᠭᠣᠷ ᠮᠢᠨᠢ! ᠠᠮᠤᠷ ᠰᠠᠢᠬᠠᠨ ᠤᠨᠲᠠᠭᠠᠷᠠᠢ! ᠪᠢ ᠴᠢᠮ᠎ᠠ ᠳ᠋ᠤ᠌ ᠵᠠᠭᠤᠨ ᠠᠯᠲᠠ ᠦᠨᠡᠰᠦᠨ ᠳᠡᠭᠡᠰᠦ ᠲᠠᠮᠤᠵᠤ ᠥᠭᠭᠦᠶ᠎ᠡ!》 ᠭᠡᠵᠦ ᠠᠩᠴᠢᠨ ᠬᠦᠦ ᠪᠡᠨ ᠤᠨᠲᠠᠭᠤᠯᠵᠠᠢ᠃
ᠲᠡᠭᠡᠭᠡᠳ ᠠᠷᠢᠭᠤᠩᠭᠤᠸᠠ ᠠᠪᠠᠭᠠᠢ ᠨᠢ ᠭᠠᠳᠠᠨ᠎ᠠ ᠪᠠᠨ ᠭᠠᠷᠴᠤ ᠨᠡᠯᠢᠶᠡᠳ ᠣᠯᠠᠨ ᠠᠭᠢ ᠡᠪᠡᠰᠦ ᠥᠭᠲᠡᠭᠡᠨ ᠠᠪᠴᠢᠷᠠᠭᠠᠳ᠂ ᠵᠠᠭᠤᠨ ᠠᠯᠲᠠ ᠳᠡᠭᠡᠰᠦ ᠲᠠᠮᠤᠵᠤ᠂ ᠨᠢᠭᠡ ᠶᠡᠬᠡ ᠫᠢᠯᠠ ᠳᠡᠭᠡᠷ᠎ᠡ ᠣᠷᠢᠶᠠᠨ ᠲᠠᠯᠪᠢᠭᠠᠳ ᠰᠢᠲᠠᠭᠠᠭᠰᠠᠨ ᠳ᠋ᠤ᠌ ᠦᠨᠡᠬᠡᠷ ᠴᠥᠮ ᠣᠷᠢᠶᠠᠯᠳᠤᠭᠰᠠᠨ ᠦᠨᠡᠰᠦᠨ ᠳᠡᠭᠡᠰᠦ ᠪᠣᠯᠵᠤ ᠪᠦᠲᠦᠭᠰᠡᠨ ᠪᠠᠢᠨ᠎ᠠ᠃ ᠮᠠᠷᠭᠠᠰᠢ ᠨᠢ ᠠᠩᠴᠢᠨ ᠬᠦᠦ ᠫᠢᠯᠠ ᠪᠠᠨ ᠠᠪᠴᠤ ᠶᠠᠪᠤᠬᠤ ᠳ᠋ᠤᠨᠢ᠂ ᠠᠷᠢᠭᠤᠩᠭᠤᠸᠠ ᠨᠢ᠄《ᠠᠩᠴᠢᠨ ᠮᠢᠨᠢ! ᠬᠡᠷᠪᠡ ᠲᠡᠳᠡ ᠴᠢᠮ᠎ᠠ ᠪᠠᠷ ᠠᠯᠳᠠᠯᠠᠭᠤᠯᠬᠤ ᠭᠡᠪᠡᠯ᠂ ᠴᠢ ᠢᠩᠭᠢᠵᠦ ᠬᠡᠯᠡᠭᠡᠷᠡᠢ!《ᠠᠪᠬᠤ ᠬᠥᠮᠦᠨ ᠠᠯᠳᠠᠯᠠᠵᠤ ᠠᠪᠤᠭᠠᠳ ᠬᠤᠷᠢᠶᠠᠬᠤ ᠠ᠋ᠴᠠ ᠪᠢᠰᠢ᠂ ᠥᠭᠬᠦ ᠬᠥᠮᠦᠨ ᠠᠯᠲᠠᠯᠠᠳᠠᠭ ᠦᠭᠡᠢ》 ᠭᠡᠵᠦ ᠬᠡᠯᠡᠭᠡᠷᠡᠢ!》 ᠭᠡᠵᠦ ᠨᠥᠬᠥᠷ ᠢ᠋ᠶ᠋ᠡᠨ ᠶᠠᠪᠤᠭᠤᠯᠪᠠ ᠭᠡᠨ᠎ᠡ᠃
ᠴᠢᠩᠭᠢᠭᠡᠳ ᠠᠩᠴᠢᠨ ᠬᠦᠦ ᠬᠠᠭᠠᠨ ᠳ᠋ᠤ᠌ ᠢᠷᠡᠵᠦ ᠫᠢᠯᠠ ᠪᠠᠨ ᠡᠷᠭᠦᠵᠦ᠄《ᠡᠵᠡᠨ ᠮᠢᠨᠢ᠂ ᠵᠠᠭᠤᠨ ᠠᠯᠲᠠ ᠦᠨᠡᠰᠦᠨ ᠳᠡᠭᠡᠰᠦ ᠶ᠋ᠢ ᠴᠥᠮ ᠲᠣᠭ᠎ᠠ ᠶᠣᠰᠣᠭᠠᠷ ᠲᠠᠮᠤᠵᠤ ᠠᠪᠴᠢᠷᠠᠪᠠ᠃》 ᠭᠡᠵᠦ ᠲᠤᠰᠢᠶᠠᠭᠰᠠᠨ ᠳ᠋ᠤ᠌᠂ ᠬᠠᠭᠠᠨ ᠨᠢ᠄《ᠲᠡᠭᠡᠪᠡᠯ ᠴᠢ ᠨᠠᠳᠠ ᠠᠯᠳᠠᠯᠠᠵᠤ ᠥᠭ!》 ᠭᠡᠰᠡᠨ ᠳ᠋ᠦ᠍᠂ ᠠᠩᠴᠢᠨ ᠬᠦᠦ ᠬᠡᠯᠡᠭᠰᠡᠨ ᠨᠢ᠄《ᠡᠵᠡᠨ ᠮᠢᠨᠢ᠂ ᠠᠪᠬᠤ ᠬᠥᠮᠦᠨ ᠠᠯᠳᠠᠯᠠᠳᠠᠭ᠃ ᠥᠭᠬᠦ ᠬᠥᠮᠦᠨ ᠠᠯᠲᠠᠯᠠᠳᠠᠭ ᠦᠭᠡᠢ ᠪᠢᠯᠡ᠃》 ᠭᠡᠰᠡᠨ ᠳ᠋ᠦ᠍ ᠬᠠᠭᠠᠨ ᠮᠥᠨ ᠶᠠᠭᠤ ᠴᠤ᠌ ᠬᠡᠯᠡᠵᠦ ᠴᠢᠳᠠᠭᠰᠠᠨ ᠦᠭᠡᠢ ᠭᠡᠨ᠎ᠡ᠃ ᠲᠡᠭᠡᠭᠡᠳ ᠬᠠᠭᠠᠨ ᠳᠠᠬᠢᠵᠤ ᠪᠠᠰᠠ ᠨᠢᠭᠡ ᠪᠣᠳᠣᠯ ᠣᠯᠤᠭᠠᠳ᠄《ᠴᠢ ᠮᠠᠷᠭᠠᠰᠢ ᠮᠢᠨᠦ ᠡᠨᠳᠡ ᠢᠷᠡᠬᠦ ᠳ᠋ᠡᠭᠡᠨ ᠬᠣᠶᠠᠷ ᠲᠣᠯᠣᠭᠠᠢ ᠲᠠᠢ ᠮᠣᠷᠢ ᠤᠨᠤᠵᠤ ᠢᠷ᠎ᠡ!》ᠭᠡᠵᠦ ᠲᠤᠰᠢᠶᠠᠭᠠᠳ᠂ ᠦᠭᠡᠢ ᠪᠣᠯ ᠲᠣᠯᠣᠭᠠᠢ ᠶ᠋ᠢ ᠴᠢᠨᠢ ᠠᠪᠤᠨ᠎ᠠ᠃》 ᠭᠡᠵᠦ ᠶᠠᠪᠤᠭᠤᠯᠪᠠ᠃ ᠠᠩᠴᠢᠨ ᠬᠦᠦ ᠭᠡᠷ ᠲᠡᠭᠡᠨ ᠢᠷᠡᠵᠦ᠂ ᠠᠷᠢᠭᠤᠩᠭᠤᠸᠠ ᠠᠪᠠᠭᠠᠢ ᠳ᠋ᠠᠭᠠᠨ ᠬᠡᠯᠡᠭᠰᠡᠨ ᠳ᠋ᠦ᠍᠂ ᠠᠪᠠᠭᠠᠢ ᠨᠢ:《ᠴᠢ ᠤᠨᠲᠠᠭᠠᠷᠠᠢ! ᠮᠠᠷᠭᠠᠰᠢ ᠡᠷᠲᠡ ᠠᠷᠭ᠎ᠠ ᠪᠠᠢᠵᠤ ᠪᠣᠯᠤᠨ᠎ᠠ᠃》ᠭᠡᠵᠦ ᠤᠨᠲᠠᠭᠤᠯᠵᠠᠢ᠃ ᠮᠠᠷᠭᠠᠰᠢ ᠨᠢ ᠠᠩᠴᠢᠨ ᠬᠦᠦ ᠳ᠋ᠡᠭᠡᠨ ᠬᠡᠭᠡᠯ ᠲᠡᠢ ᠭᠡᠭᠦᠦ ᠪᠡᠨ ᠤᠨᠤᠭᠤᠯᠵᠤ ᠬᠡᠯᠡᠭᠰᠡᠨ ᠨᠢ:《ᠴᠢ ᠭᠡᠭᠦᠦ ᠪᠡᠨ ᠤᠰᠤᠯᠠᠵᠤ ᠪᠠᠷᠠᠭᠠᠳ᠂ ᠥᠭᠡᠳᠡ ᠲᠠᠭᠠᠷᠠᠪᠠᠯ ᠳᠡᠭᠳᠡᠵᠦ᠂ ᠤᠷᠤᠭᠤ ᠲᠠᠭᠠᠷᠠᠪᠠᠯ ᠲᠠᠲᠠᠵᠤ᠂ ᠬᠠᠭᠠᠨ ᠤ᠋ ᠣᠷᠳᠣᠨ ᠳ᠋ᠤ᠌ ᠬᠦᠷᠦᠭᠰᠡᠨ ᠳᠠᠷᠤᠢ ᠭᠡᠭᠦᠦ ᠪᠡᠨ ᠤᠶᠠᠭᠠᠨ ᠳ᠋ᠤᠨᠢ ᠤᠶᠠᠵᠤ᠂ ᠬᠣᠢᠲᠤ ᠣᠯᠣᠩ ᠢ᠋ ᠨᠢ ᠰᠤᠯᠠᠳᠬᠠᠵᠤ ᠳᠡᠯᠪᠢ! ᠲᠡᠭᠡᠪᠡᠯ ᠭᠡᠭᠦᠦ ᠴᠢᠨᠢ ᠳᠠᠷᠤᠢ ᠤᠨᠠᠭᠠᠯᠠᠬᠤ ᠪᠣᠯᠤᠨ᠎ᠠ᠃ 》ᠭᠡᠵᠦ ᠶᠠᠪᠤᠭᠤᠯᠪᠠ᠃ ᠠᠩᠴᠢᠨ ᠬᠦᠦ ᠠᠷᠢᠭᠤᠩᠭᠤᠸᠠ ᠠᠪᠠᠭᠠᠢ ᠶ᠋ᠢᠨ ᠢ᠋ᠶ᠋ᠡᠨ ᠦᠭᠡ ᠪᠡᠷ ᠶᠠᠪᠤᠵᠤ᠂ ᠭᠡᠭᠦᠦ ᠪᠡᠨ ᠤᠰᠤᠯᠠᠭᠠᠳ ᠥᠭᠡᠳᠡ ᠲᠠᠭᠠᠷᠠᠪᠠᠯ ᠳᠠᠪᠬᠢᠵᠤ᠂ ᠤᠷᠤᠭᠤ ᠲᠠᠭᠠᠷᠠᠪᠠᠯ ᠲᠠᠲᠠᠵᠤ᠂ ᠬᠦᠷᠦᠭᠡᠳ ᠤᠶᠠᠭᠠᠨ ᠠ᠋ᠴᠠ ᠨᠢ ᠤᠶᠠᠭᠰᠠᠨ ᠳ᠋ᠤ᠌᠂ ᠬᠠᠭᠠᠨ ᠭᠠᠷᠴᠤ ᠢᠷᠡᠭᠡᠳ ᠦᠵᠡᠬᠦ ᠳ᠋ᠦ᠍᠂ ᠠᠩᠴᠢᠨ ᠬᠦᠦ ᠬᠣᠢᠲᠤ ᠣᠯᠣᠩ ᠢ᠋ ᠨᠢ ᠰᠤᠯᠠᠳᠬᠠᠬᠤ ᠳ᠋ᠤ᠌᠂ ᠭᠡᠭᠦᠦ ᠨᠢ ᠳᠠᠷᠤᠢ ᠤᠨᠠᠭᠠᠯᠠᠪᠠ ᠭᠡᠨ᠎ᠡ᠃ ᠬᠠᠭᠠᠨ ᠦᠵᠡᠭᠡᠳ ᠶᠠᠭᠤ ᠴᠤ᠌ ᠳᠤᠤᠭᠠᠷᠴᠤ ᠴᠢᠳᠠᠭᠰᠠᠨ ᠦᠭᠡᠢ᠃ ᠳᠠᠬᠢᠭᠠᠳ ᠬᠠᠭᠠᠨ᠂ ᠠᠩᠴᠢᠨ ᠬᠦᠦ ᠳ᠋ᠦ᠍ ᠬᠡᠯᠡᠭᠰᠡᠨ ᠨᠢ:《ᠴᠢ ᠮᠠᠷᠭᠠᠰᠢ ᠮᠢᠨᠦ ᠣᠷᠳᠣᠨ ᠳ᠋ᠤ᠌ ᠣᠷᠣᠬᠤ ᠦᠭᠡᠢ᠂ ᠭᠠᠷᠬᠤ ᠦᠭᠡᠢ᠂ ᠭᠡᠷ ᠲᠦ᠍ ᠦᠭᠡᠢ᠂ ᠭᠠᠳᠠᠨ᠎ᠠ ᠦᠭᠡᠢ ᠪᠡᠷ ᠢᠷ᠎ᠡ!》 ᠭᠡᠵᠦ ᠶᠠᠪᠤᠭᠤᠯᠪᠠ ᠭᠡᠨ᠎ᠡ᠃ ᠴᠢᠩᠭᠢᠭᠡᠳ ᠠᠷᠢᠭᠤᠩᠭᠤᠸᠠ ᠨᠢ ᠴᠢ ᠮᠠᠷᠭᠠᠰᠢ ᠣᠴᠢᠵᠤ ᠬᠠᠭᠠᠨ ᠤ᠋ ᠬᠠᠭᠠᠯᠭ᠎ᠠ ᠶ᠋ᠢᠨ ᠡᠭᠦᠳᠡᠨ ᠪᠣᠱᠣᠭ᠎ᠠ ᠳᠡᠭᠡᠷ᠎ᠡ ᠨᠢ ᠤᠨᠤᠭᠠᠳ ᠪᠢᠲᠡᠭᠡᠢ ᠬᠥᠳᠡᠯ ᠭᠡᠵᠦ ᠠᠩᠴᠢᠨ ᠬᠦᠦ ᠪᠡᠨ ᠶᠠᠪᠤᠭᠤᠯᠪᠠ ᠭᠡᠨ᠎ᠡ᠃ ᠴᠢᠩᠭᠢᠭᠡᠳ ᠠᠩᠴᠢᠨ ᠬᠦᠦ ᠨᠢ ᠣᠴᠢᠵᠤ ᠬᠠᠭᠠᠨ ᠤ᠋ ᠭᠡᠷ ᠦ᠋ᠨ ᠪᠣᠱᠣᠭ᠎ᠠ ᠳᠡᠭᠡᠷ᠎ᠡ ᠨᠢ ᠵᠠᠢᠳᠠᠯᠠᠵᠤ ᠰᠠᠭᠤᠭᠰᠠᠨ ᠳ᠋ᠤ᠌ ᠬᠠᠭᠠᠨ ᠶᠠᠭᠤ ᠴᠤ᠌ ᠬᠡᠯᠡᠵᠦ ᠴᠢᠳᠠᠭᠰᠠᠨ ᠦᠭᠡᠢ ᠭᠡᠨ᠎ᠡ᠃ ᠬᠠᠭᠠᠨ᠂ ᠠᠩᠴᠢᠨ ᠬᠦᠦ ᠶ᠋ᠢ ᠭᠠᠷᠲᠠᠭᠠᠵᠤ ᠴᠢᠳᠠᠭᠰᠠᠨ ᠦᠭᠡᠢ᠂ ᠬᠦᠦ ᠪᠡᠨ ᠠᠪᠴᠢᠷᠠᠵᠤ ᠬᠡᠷᠢᠶ᠎ᠡ ᠶᠠᠭᠤ ᠬᠡᠯᠡᠵᠦ ᠪᠠᠢᠨ᠎ᠠ ᠪᠣᠢ? ᠭᠡᠰᠡᠨ ᠳ᠋ᠦ᠍᠂ ᠭᠤᠸ᠎ᠠ ᠭᠤᠸ᠎ᠠ ᠭᠡᠵᠦ ᠪᠠᠢᠨ᠎ᠠ ᠭᠡᠰᠡᠨ ᠪᠠ ᠦᠬᠦᠭᠰᠡᠨ ᠬᠥᠮᠦᠨ ᠶᠠᠭᠤ ᠬᠡᠯᠡᠵᠦ ᠪᠠᠢᠨ᠎ᠠ ᠪᠣᠢ? ᠭᠡᠰᠡᠨ ᠳ᠋ᠦ᠍ ᠳᠤᠭᠤᠢ ᠪᠠᠢᠨ᠎ᠠ ᠭᠡᠰᠡᠨ ᠪᠥᠭᠡᠳ ᠬᠠᠮᠬᠤᠤᠯ ᠶᠠᠭᠤ ᠬᠡᠯᠡᠵᠦ ᠪᠠᠢᠨ᠎ᠠ ᠪᠣᠢ? ᠭᠡᠰᠡᠨ ᠳ᠋ᠦ᠍ ᠥᠩᠬᠥᠷᠢᠵᠦ ᠪᠠᠢᠨ᠎ᠠ ᠭᠡᠵᠡᠢ᠃ ᠡᠴᠦᠰ ᠲᠡᠭᠡᠨ ᠬᠠᠭᠠᠨ ᠠᠷᠭ᠎ᠠ ᠦᠭᠡᠢ ᠪᠣᠯᠤᠨ ᠮᠣᠬᠣᠵᠤ ᠭᠡᠨ᠎ᠡ᠃
※ ᠦᠰᠦᠭ ᠠᠮᠢᠯᠠᠭᠤᠯᠤᠭᠴᠢ᠄ ᠬᠡᠯᠡᠰᠣᠶᠣᠯ( ᠪᠤᠤ ᠸᠧᠨ ᠬᠤᠸᠠ)᠂ ᠤᠷᠠᠨᠴᠢᠮᠡᠭ᠂ ᠪᠠᠶᠠᠨᠴᠡᠴᠡᠭ᠂
ᠨᠠᠷᠠᠨᠲᠤᠶᠠᠭ᠎ᠠ᠂ ᠡᠭᠦᠯᠡᠩᠬᠤᠸᠠᠷ᠂ ᠠᠯᠲᠠᠨᠴᠢᠮᠡᠭ᠂ ᠣᠶᠤᠨᠴᠢᠮᠡᠭ᠂
ᠪᠠᠢ·ᠰᠠᠷᠠᠨ᠎ᠠ᠂ ᠬᠡᠷᠡᠢᠳ·ᠮᠥᠩᠬᠡᠨᠠᠰᠤᠨ᠂ ᠮᠥᠩᠭᠥᠨ
※ ᠬᠢᠨᠠᠭᠴᠢ᠄ ᠣᠳᠬᠠᠨᠰᠣ᠎ᠠ᠂ ᠪᠠᠯ᠂ ᠡᠭᠦᠯᠡᠩᠬᠤᠸᠠᠷ᠂ ᠤᠷᠠᠨᠴᠢᠮᠡᠭ᠂ ᠭᠠᠷᠮ᠎ᠠ᠂ ᠰᠡᠬᠡᠭᠡᠷᠡᠯ᠂
ᠨᠠᠷᠠᠨ᠂ ᠪᠠᠯᠤᠰᠦᠭ᠂ ᠬᠡᠯᠡᠰᠣᠶᠣᠯ
