ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠬᠠᠪᠠ ᠮᠤᠤᠷ ᠬᠣᠶᠠᠷ Гураван настай гунаган улаан баатар - Хав муур хоёр
ᠡᠷᠲᠡ ᠤᠷᠢᠳᠤ ᠶ᠋ᠢᠨ ᠴᠠᠭ ᠲᠤ᠌᠂ ᠨᠢᠭᠡᠨ ᠭᠠᠵᠠᠷ᠂ ᠡᠪᠦᠭᠡᠨ ᠡᠮᠡᠭᠡᠨ ᠬᠣᠶᠠᠷ ᠬᠥᠪᠡᠭᠦᠨ ᠪᠡᠷᠢ ᠲᠡᠢ ᠪᠡᠨ ᠳᠥᠷᠪᠡᠭᠦᠯᠡ ᠪᠡᠨ ᠬᠦᠴᠦᠨ ᠢ᠋ᠶ᠋ᠡᠨ ᠭᠠᠷᠭᠠᠨ ᠠᠵᠢᠯᠯᠠᠭᠰᠠᠭᠠᠷ ᠠᠮᠢᠳᠤᠷᠠᠨ ᠰᠠᠭᠤᠵᠤ ᠪᠠᠢᠵᠤ ᠭᠡᠨ᠎ᠡ᠃ ᠡᠪᠦᠭᠡᠨ ᠡᠮᠡᠭᠡᠨ ᠬᠣᠶᠠᠭᠤᠯᠠ ᠪᠠᠨ ᠭᠤᠷᠪᠠᠨ ᠠᠯᠲᠠᠨ ᠵᠣᠭᠣᠰ ᠴᠤᠭᠯᠠᠭᠤᠯᠵᠤ ᠣᠯᠤᠭᠰᠠᠨ ᠭᠡᠨ᠎ᠡ᠃ ᠨᠢᠭᠡ ᠡᠳᠦᠷ ᠲᠡᠷᠡ ᠭᠤᠷᠪᠠᠨ ᠠᠯᠲᠠᠨ ᠵᠣᠭᠣᠰ ᠢ᠋ᠶ᠋ᠠᠨ ᠪᠡᠷᠢ ᠳ᠋ᠡᠭᠡᠨ ᠥᠭᠴᠦ ᠬᠣᠵᠢᠮ ᠤ᠋ᠨ ᠡᠳᠦᠷ ᠬᠣᠢᠲᠤ ᠶ᠋ᠢᠨ ᠮᠠᠷᠭᠠᠲᠠ᠂ ᠭᠠᠴᠢᠭᠳᠠᠵᠤ ᠵᠦᠳᠡᠷᠡᠬᠦ ᠦᠶ᠎ᠡ ᠳ᠋ᠡᠭᠡᠨ ᠬᠡᠷᠡᠭᠰᠡᠯ ᠪᠣᠯᠭᠠᠵᠤ ᠵᠠᠷᠤᠭᠠᠷᠠᠢ! ᠭᠡᠰᠡᠨ ᠳ᠋ᠦ᠍ ᠪᠡᠷᠢ ᠨᠢ ᠡᠨᠡ ᠵᠣᠭᠣᠰ ᠢ᠋ ᠬᠦᠯᠢᠶᠡᠨ ᠠᠪᠴᠤ ᠪᠠᠲᠤ ᠰᠠᠢᠬᠠᠨ ᠬᠠᠳᠠᠭᠠᠯᠠᠭᠰᠠᠨ ᠭᠡᠨ᠎ᠡ᠃
ᠴᠢᠩᠭᠢᠭᠡᠳ ᠡᠪᠦᠭᠡᠨ ᠡᠮᠡᠭᠡᠨ ᠬᠣᠶᠠᠭᠤᠯᠠ ᠪᠠᠨ ᠪᠡᠶ᠎ᠡ ᠨᠥᠭᠴᠢᠭᠰᠡᠨ ᠠᠵᠢ᠃
ᠴᠢᠩᠭᠢᠭᠡᠳ ᠡᠨᠡ ᠡᠷᠡᠭᠲᠡᠢ ᠡᠮᠡᠭᠲᠡᠢ ᠬᠣᠶᠠᠷ ᠵᠠᠯᠠᠭᠤ᠂ ᠠᠪᠤ ᠡᠵᠢ ᠪᠡᠨ ᠣᠷᠣᠰᠢᠭᠤᠯᠵᠤ᠂ ᠠᠵᠤ ᠲᠥᠷᠥᠨ ᠠᠮᠢᠳᠤᠷᠠᠵᠤ ᠶᠠᠪᠤᠭᠰᠠᠭᠠᠷ ᠢᠳᠡᠵᠦ ᠡᠮᠦᠰᠬᠦ ᠨᠢ ᠬᠦᠷᠦᠯᠴᠡᠬᠦ ᠦᠭᠡᠢ᠂ ᠵᠠᠷᠤᠳᠠᠯ ᠬᠡᠷᠡᠭᠰᠡᠯ ᠨᠢ ᠭᠦᠢᠴᠡᠬᠦ ᠦᠭᠡᠢ ᠭᠠᠴᠢᠭᠳᠠᠬᠤ ᠶ᠋ᠢᠨ ᠲᠤᠢᠯ ᠢ᠋ᠶ᠋ᠠᠷ ᠭᠠᠴᠢᠭᠳᠠᠬᠤ ᠳ᠋ᠤ᠌᠂ ᠡᠬᠡᠨᠡᠷ ᠨᠢ ᠭᠤᠷᠪᠠᠨ ᠠᠯᠲᠠᠨ ᠵᠣᠭᠣᠰ ᠤ᠋ᠨ ᠢ᠋ᠶ᠋ᠠᠨ ᠨᠢᠭᠡ ᠶ᠋ᠢ ᠠᠪᠴᠤ ᠨᠥᠬᠥᠷ ᠲᠡᠭᠡᠨ ᠥᠭᠴᠦ ᠴᠢ ᠡᠭᠦᠨ ᠢ᠋ᠶ᠋ᠡᠷ ᠵᠠᠷᠤᠬᠤ ᠬᠡᠷᠡᠭᠰᠡᠯ᠂ ᠡᠮᠦᠰᠬᠦ ᠳᠡᠪᠡᠯ᠂ ᠢᠳᠡᠬᠦ ᠶᠠᠭᠤᠮ᠎ᠠ ᠬᠤᠳᠠᠯᠳᠤᠨ ᠠᠪᠴᠤ ᠢᠷ᠎ᠡ! ᠭᠡᠰᠡᠨ ᠳ᠋ᠦ᠍᠂ ᠨᠥᠬᠥᠷ ᠨᠢ ᠶᠠᠪᠤᠭᠰᠠᠭᠠᠷ ᠨᠢᠭᠡᠨ ᠵᠡᠭᠡᠯᠢ ᠳ᠋ᠦ᠍ ᠢᠷᠡᠵᠦ ᠶᠠᠭᠤ ᠠᠪᠬᠤ ᠪᠣᠢ ᠭᠡᠵᠦ ᠭᠦᠶᠦᠵᠦ ᠪᠠᠢᠭᠰᠠᠨ ᠳ᠋ᠤ᠌᠂ᠵᠠᠮ ᠤ᠋ᠨ ᠬᠠᠵᠠᠭᠤ ᠳ᠋ᠤ᠌ ᠬᠡᠳᠦᠨ ᠪᠢᠴᠢᠬᠠᠨ ᠬᠡᠦᠬᠡᠳ ᠨᠢᠭᠡᠨ ᠮᠤᠤᠷ ᠢ᠋ ᠬᠦᠵᠦᠭᠦᠨ ᠳ᠋ᠦ᠍ᠨᠢ ᠳᠡᠭᠡᠰᠦ ᠬᠢᠵᠦ ᠪᠣᠭᠣᠮᠢᠯᠠᠵᠤ ᠠᠯᠠᠬᠤ ᠪᠠᠷ ᠪᠣᠯᠵᠤ ᠪᠠᠢᠬᠤ ᠶ᠋ᠢ ᠦᠵᠡᠭᠡᠳ᠂ ᠮᠠᠰᠢ ᠦᠷᠦ ᠡᠪᠡᠳᠴᠦ᠄《ᠬᠥᠶᠢ! ᠪᠢᠴᠢᠬᠠᠨ ᠳᠡᠭᠦᠦ ᠨᠠᠷ ᠡᠨᠡ ᠮᠤᠤᠷ ᠢ᠋ᠶ᠋ᠠᠨ ᠪᠤᠤ ᠠᠯᠠ᠂ ᠪᠢ ᠨᠢᠭᠡᠨ ᠠᠯᠲᠠᠨ ᠵᠣᠭᠣᠰ ᠢ᠋ᠶ᠋ᠠᠷ ᠬᠤᠳᠠᠯᠳᠤᠨ ᠠᠪᠤᠶ᠎ᠠ》 ᠭᠡᠰᠡᠨ ᠳ᠋ᠦ᠍᠂ ᠬᠡᠦᠬᠡᠳ ᠪᠠᠶᠠᠷᠯᠠᠵᠤ ᠮᠤᠤᠷ ᠢ᠋ᠶ᠋ᠠᠨ ᠨᠢᠭᠡᠨ ᠠᠯᠲᠠᠨ ᠵᠣᠭᠣᠰ ᠢ᠋ᠶ᠋ᠠᠷ ᠰᠣᠯᠢᠵᠤ ᠦᠢᠮᠡᠯᠳᠦᠨ ᠭᠦᠶᠦᠵᠦ ᠶᠠᠪᠤᠪᠠ ᠭᠡᠨ᠎ᠡ᠃
ᠴᠢᠩᠭᠢᠭᠡᠳ ᠡᠨᠡ ᠵᠠᠯᠠᠭᠤ ᠮᠤᠤᠷ ᠢ᠋ᠶ᠋ᠠᠨ ᠲᠡᠪᠡᠷᠢᠵᠦ᠂ ᠭᠡᠷ ᠲᠡᠭᠡᠨ ᠢᠷᠡᠭᠰᠡᠨ ᠳ᠋ᠦ᠍᠂ ᠡᠬᠡᠨᠡᠷ ᠨᠢ᠄《ᠴᠢ ᠵᠡᠭᠡᠯᠢ ᠳ᠋ᠦ᠍ ᠣᠴᠢᠵᠤ ᠶᠠᠭᠤ ᠠᠪᠴᠤ ᠢᠷᠡᠪᠡ》 ᠭᠡᠵᠦ ᠠᠰᠠᠭᠤᠭᠰᠠᠨ ᠳ᠋ᠤ᠌ ᠵᠠᠯᠠᠭᠤ᠄《ᠶᠠᠭᠤ ᠴᠤ᠌ ᠠᠪᠴᠢᠷᠠᠭᠰᠠᠨ ᠦᠭᠡᠢ᠃ ᠬᠡᠦᠬᠡᠳ ᠬᠠᠷᠢᠨ ᠡᠨᠡ ᠮᠤᠤᠷ ᠢ᠋ ᠪᠠᠷᠢᠵᠤ ᠠᠯᠠᠨ ᠵᠠᠪᠳᠤᠵᠤ ᠪᠠᠢᠬᠤ ᠶ᠋ᠢ ᠦᠵᠡᠭᠡᠳ ᠪᠢ᠂ ᠨᠢᠭᠡᠨ ᠠᠯᠲᠠᠨ ᠵᠣᠭᠣᠰ ᠢ᠋ᠶ᠋ᠠᠷ ᠢ᠋ᠶ᠋ᠠᠨ ᠬᠤᠳᠠᠯᠳᠤᠨ ᠠᠪᠤᠪᠠ》 ᠭᠡᠰᠡᠨ ᠳ᠋ᠦ᠍᠂ ᠡᠬᠡᠨᠡᠷ ᠨᠢ ᠰᠣᠨᠣᠰᠴᠤ ᠶᠠᠭᠤ ᠴᠤ᠌ ᠬᠡᠯᠡᠭᠰᠡᠨ ᠦᠭᠡᠢ ᠭᠡᠨ᠎ᠡ᠃ ᠣᠷᠣᠢ ᠶ᠋ᠢᠨ ᠬᠣᠭᠣᠯᠠ ᠪᠠᠨ ᠭᠤᠷᠪᠠᠨ ᠳᠠᠰᠢ ᠰᠠᠯᠭᠠᠵᠤ ᠮᠤᠤᠷ ᠲᠠᠢ ᠭᠤᠷᠪᠠᠭᠤᠯᠠ ᠪᠠᠨ ᠢᠳᠡᠭᠰᠡᠨ ᠭᠡᠨ᠎ᠡ᠃
ᠢᠩᠭᠢᠭᠡᠳ ᠬᠡᠳᠦᠨ ᠡᠳᠦᠷ ᠪᠣᠯᠤᠭᠰᠠᠨ ᠬᠣᠢᠨ᠎ᠠ᠂ ᠬᠣᠶᠠᠳᠤᠭᠠᠷ ᠠᠯᠲᠠᠨ ᠵᠣᠭᠣᠰ ᠢ᠋ᠶ᠋ᠠᠨ ᠨᠥᠬᠥᠷ ᠲᠡᠭᠡᠨ ᠥᠭᠴᠦ᠄ 《ᠴᠢ ᠶᠠᠪᠤᠵᠤ ᠨᠢᠭᠡ ᠪᠠᠭ᠎ᠠ ᠰᠠᠭ᠎ᠠ ᠠᠮᠢᠳᠤᠷᠠᠯ ᠤ᠋ᠨ ᠶᠠᠭᠤᠮ᠎ᠠ ᠠᠪᠴᠤ ᠢᠷ᠎ᠡ ᠳᠡ!》 ᠭᠡᠵᠦ ᠨᠥᠬᠥᠷ ᠢ᠋ᠶ᠋ᠡᠨ ᠶᠠᠪᠤᠭᠤᠯᠤᠭᠠᠳ ᠮᠤᠤᠷ ᠲᠠᠢ ᠪᠠᠨ ᠬᠣᠶᠠᠭᠤᠯᠠ ᠪᠠᠨ ᠠᠭᠤᠯᠠᠨ ᠳ᠋ᠤ᠌ ᠭᠠᠷᠴᠤ ᠲᠦᠯᠡᠭᠡ ᠲᠡᠭᠦᠵᠦ ᠬᠡᠭᠡᠷ᠎ᠡ ᠶ᠋ᠢᠨ ᠨᠣᠭᠣᠭ᠎ᠠ ᠤᠬᠤᠵᠤ᠂ ᠣᠷᠣᠢ ᠶ᠋ᠢᠨ ᠬᠣᠭᠣᠯᠠ ᠪᠠᠨ ᠪᠡᠯᠡᠳᠬᠡᠨ ᠪᠠᠢᠭᠰᠠᠨ ᠳ᠋ᠤ᠌᠂ ᠨᠥᠬᠥᠷ ᠨᠢ ᠨᠢᠭᠡᠨ ᠬᠠᠪᠠ ᠨᠣᠬᠠᠢ ᠲᠡᠪᠡᠷᠢᠵᠦ ᠬᠠᠷᠢᠵᠤ ᠢᠷᠡᠪᠡ᠃
ᠲᠡᠭᠡᠭᠡᠳ ᠡᠬᠡᠨᠡᠷ ᠨᠢ᠄《ᠴᠢ ᠭᠠᠷᠴᠤ ᠶᠠᠭᠤ ᠠᠪᠴᠤ ᠢᠷᠡᠪᠡ?》 ᠭᠡᠰᠡᠨ ᠳ᠋ᠦ᠍᠂ ᠨᠥᠬᠥᠷ ᠨᠢ᠄《ᠪᠢ ᠵᠡᠭᠡᠯᠢ ᠳ᠋ᠦ᠍ ᠬᠦᠷᠦᠭᠡᠳ ᠶᠠᠪᠤᠵᠤ ᠪᠠᠢᠭᠰᠠᠨ ᠳ᠋ᠤ᠌ ᠨᠢᠭᠡᠨ ᠡᠷ᠎ᠡ ᠡᠨᠡ ᠬᠠᠪᠠ ᠶ᠋ᠢ ᠳᠡᠭᠦᠵᠢᠯᠡᠵᠦ ᠠᠯᠠᠬᠤ ᠭᠡᠳ ᠴᠣᠬᠢᠵᠤ ᠪᠠᠢᠬᠤ ᠶ᠋ᠢ ᠦᠵᠡᠵᠦ ᠰᠡᠳᠬᠢᠯ ᠵᠢᠷᠦᠬᠡ ᠮᠢᠨᠢ ᠡᠪᠡᠳᠴᠦ ᠮᠠᠰᠢ ᠬᠠᠢᠷᠠᠯᠠᠨ᠂ ᠮᠥᠨ ᠨᠢᠭᠡᠨ ᠵᠣᠭᠣᠰ ᠢ᠋ᠶ᠋ᠠᠨ ᠥᠭᠴᠦ ᠬᠤᠳᠠᠯᠳᠤᠨ ᠠᠪᠤᠪᠠ》 ᠭᠡᠰᠡᠨ ᠳ᠋ᠦ᠍᠂ ᠡᠬᠡᠨᠡᠷ ᠨᠢ ᠪᠠᠰᠠ ᠬᠠᠢᠷᠠᠯᠠᠭᠠᠳ ᠨᠥᠬᠥᠷ ᠲᠡᠭᠡᠨ ᠠᠭᠤᠷ ᠴᠤ᠌ ᠬᠦᠷᠦᠭᠰᠡᠨ ᠦᠭᠡᠢ᠂ ᠣᠷᠣᠢ ᠶ᠋ᠢᠨ ᠬᠣᠭᠣᠯᠠ ᠪᠠᠨ ᠳᠥᠷᠪᠡᠨ ᠳᠠᠰᠢ ᠪᠠᠨ ᠬᠤᠪᠢᠶᠠᠵᠤ ᠳᠥᠷᠪᠡᠭᠦᠯᠡ ᠪᠡᠨ ᠢᠳᠡᠵᠦ ᠪᠠᠷᠠᠭᠠᠳ ᠤᠨᠲᠠᠪᠠ ᠭᠡᠨ᠎ᠡ᠃
ᠮᠠᠷᠭᠠᠰᠢ ᠠ᠋ᠴᠠ ᠨᠢ ᠳᠥᠷᠪᠡᠭᠦᠯᠡ ᠪᠡᠨ ᠠᠵᠢᠯᠯᠠᠵᠤ ᠴᠢᠷᠮᠠᠢᠭᠰᠠᠭᠠᠷ ᠢᠳᠡᠬᠦ ᠤᠤᠭᠤᠬᠤ ᠨᠢ ᠪᠠᠬᠠᠨ ᠬᠦᠴᠢᠷᠳᠡᠬᠦ ᠦᠭᠡᠢ ᠪᠠᠭ᠎ᠠ ᠳᠡᠭᠡᠷ᠎ᠡ ᠪᠣᠯᠵᠤ ᠪᠠᠢᠭᠰᠠᠨ ᠳ᠋ᠤ᠌᠂ ᠡᠬᠡᠨᠡᠷ ᠨᠢ ᠡᠪᠡᠳᠴᠢᠨ ᠲᠡᠢ ᠪᠣᠯᠪᠠ ᠭᠡᠨ᠎ᠡ᠃
ᠡᠨᠡ ᠵᠠᠯᠠᠭᠤ ᠮᠤᠤᠷ ᠬᠠᠪᠠ ᠲᠠᠢ ᠭᠤᠷᠪᠠᠭᠤᠯᠠ ᠪᠠᠨ ᠶᠡᠬᠡ ᠰᠡᠳᠬᠢᠯ ᠵᠣᠪᠠᠵᠤ ᠣᠯᠤᠭᠰᠠᠨ ᠪᠠᠭ᠎ᠠ ᠰᠠᠭ᠎ᠠ ᠵᠣᠭᠣᠰ ᠪᠠ ᠦᠯᠡᠳᠡᠭᠰᠡᠨ ᠨᠢᠭᠡᠨ ᠠᠯᠲᠠᠨ ᠵᠣᠭᠣᠰ ᠢ᠋ᠶ᠋ᠠᠨ ᠴᠥᠮ ᠵᠠᠷᠤᠵᠤ᠂ ᠠᠮᠢᠳᠤᠷᠠᠯ ᠨᠢ ᠮᠠᠰᠢ ᠬᠦᠴᠢᠷ ᠲᠡᠢ ᠪᠣᠯᠵᠤ ᠢᠷᠡᠬᠦ ᠳ᠋ᠦ᠍᠂ ᠨᠢᠭᠡᠨ ᠡᠳᠦᠷ ᠮᠤᠤᠷ ᠬᠠᠪᠠ ᠬᠣᠶᠠᠭᠤᠯᠠ ᠪᠠᠨ ᠬᠡᠯᠡᠯᠴᠡᠭᠰᠡᠨ ᠨᠢ᠄ 《ᠡᠵᠡᠨ ᠮᠢᠨᠢ ᠡᠨᠡ ᠮᠡᠲᠦ ᠪᠡᠷ ᠭᠠᠴᠢᠭᠳᠠᠵᠤ ᠪᠠᠢᠬᠤ ᠳ᠋ᠤ᠌ ᠪᠢᠳᠡ ᠬᠣᠶᠠᠭᠤᠯᠠ ᠬᠠᠷᠢᠨ ᠵᠦᠭᠡᠷ ᠪᠠᠢᠵᠤ᠂ ᠨᠢᠭᠡ ᠴᠦ᠍ ᠲᠤᠰᠠ ᠪᠣᠯᠬᠤ ᠦᠭᠡᠢ ᠶᠠᠭᠠᠬᠢᠵᠤ ᠪᠣᠯᠬᠤ ᠪᠣᠢ! ᠪᠢᠳᠡ ᠬᠣᠶᠠᠭᠤᠯᠠ ᠶᠠᠪᠤᠵᠤ ᠠᠮᠢᠳᠤ ᠴᠢᠨᠳᠠᠮᠤᠨᠢ ᠡᠷᠳᠡᠨᠢ ᠶ᠋ᠢ ᠠᠪᠴᠢᠷᠠᠵᠤ ᠡᠵᠡᠨ ᠳ᠋ᠡᠭᠡᠨ ᠥᠭᠭᠦᠶ᠎ᠡ》 ᠭᠡᠵᠦ ᠡᠵᠡᠨ ᠳ᠋ᠡᠭᠡᠨ ᠣᠴᠢᠵᠤ ᠬᠡᠯᠡᠭᠰᠡᠨ ᠳ᠋ᠦ᠍᠂ ᠡᠵᠡᠨ ᠨᠢ᠄《ᠵᠠ᠂ ᠪᠢᠳᠡ ᠶᠠᠭᠤ ᠪᠣᠯ ᠶᠠᠭᠤ ᠪᠠᠷ ᠢ᠋ᠶ᠋ᠠᠨ ᠠᠮᠢᠳᠤᠷᠠᠶ᠎ᠠ᠃ ᠡᠨᠡ ᠪᠣᠯ ᠮᠠᠨ ᠤ᠋ ᠵᠠᠶᠠᠭ᠎ᠠ ᠰᠢᠳᠡ》 ᠭᠡᠵᠦ ᠲᠣᠯᠣᠭᠠᠢ ᠰᠠᠵᠢᠵᠤ᠄《ᠪᠠᠰᠠ ᠲᠠ ᠬᠣᠶᠠᠭᠤᠯᠠ ᠪᠠᠭ᠎ᠠ ᠪᠥᠭᠡᠳ ᠬᠦᠴᠦ ᠥᠬᠡᠢ᠃ ᠬᠥᠮᠦᠨ ᠳ᠋ᠦ᠍ ᠠᠯᠠᠭᠳᠠᠨ᠎ᠠ᠃ ᠠᠮᠢᠳᠤ ᠴᠢᠨᠳᠠᠮᠤᠨᠢ ᠡᠷᠳᠡᠨᠢ ᠭᠡᠭᠴᠢ ᠶᠡᠷᠦ ᠬᠥᠮᠦᠨ ᠦ᠌ ᠣᠯᠵᠤ ᠪᠣᠯᠬᠤ ᠶᠠᠭᠤᠮ᠎ᠠ ᠪᠢᠰᠢ᠃ ᠦᠨᠡᠬᠡᠷ ᠲᠡᠭᠦᠨ ᠢ᠋ ᠡᠷᠢᠵᠦ ᠶᠠᠪᠤᠪᠠᠯ᠂ ᠠᠶᠤᠯ ᠭᠠᠮᠰᠢᠭ ᠵᠣᠪᠠᠯᠠᠩ ᠵᠦᠳᠡᠭᠦᠷᠢ ᠣᠯᠠᠨ ᠳᠠᠪᠬᠤᠷ ᠪᠠᠢᠳᠠᠭ ᠶᠤᠮ᠃ ᠲᠠ ᠨᠠᠷ ᠮᠢᠨᠢ ᠶᠠᠪᠤᠵᠤ ᠪᠣᠯᠬᠤ ᠦᠭᠡᠢ》 ᠭᠡᠵᠦ ᠡᠭᠦᠳᠡ ᠪᠡᠨ ᠣᠨᠢᠰᠤᠯᠠᠵᠤ ᠤᠨᠲᠠᠪᠠ ᠭᠡᠨ᠎ᠡ᠃
ᠴᠢᠩᠭᠢᠭᠡᠳ ᠰᠥᠨᠢ ᠶ᠋ᠢᠨ ᠭᠦᠨ ᠳ᠋ᠦ᠍ ᠬᠠᠪᠠ ᠨᠢ ᠮᠤᠤᠷ ᠲᠠᠢ ᠪᠠᠨ ᠬᠣᠶᠠᠭᠤᠯᠠ ᠪᠠᠨ ᠰᠡᠷᠡᠵᠦ ᠬᠡᠯᠡᠯᠴᠡᠭᠰᠡᠨ ᠨᠢ᠄ 《ᠵᠣᠷᠢᠭ ᠪᠠᠢᠪᠠᠯ ᠵᠣᠪᠠᠯᠠᠩ ᠢ᠋ ᠲᠠᠢᠯᠵᠤ ᠪᠣᠯᠤᠨ᠎ᠠ᠃ ᠶᠢᠷᠲᠢᠨᠴᠦ ᠳᠡᠭᠡᠷ᠎ᠡ ᠵᠣᠷᠢᠭ ᠲᠠᠢ ᠬᠥᠮᠦᠨ ᠳ᠋ᠦ᠍ ᠪᠦᠲᠦᠬᠦ ᠦᠭᠡᠢ ᠶᠠᠪᠤᠳᠠᠯ ᠦᠭᠡᠢ᠃ ᠪᠢᠳᠡ ᠬᠣᠶᠠᠭᠤᠯᠠ ᠬᠦᠴᠦ ᠪᠡᠨ ᠬᠠᠮᠲᠤᠳᠬᠠᠨ ᠶᠠᠪᠤᠪᠠᠯ ᠶᠠᠭᠤ ᠶ᠋ᠢ ᠴᠦ᠍ ᠢᠯᠠᠵᠤ ᠪᠣᠯᠤᠨ᠎ᠠ》 ᠭᠡᠵᠦ᠂ ᠮᠤᠤᠷ ᠨᠢ ᠰᠡᠪ ᠰᠡᠮᠡᠬᠡᠷ ᠪᠣᠰᠴᠤ ᠪᠠᠭ᠎ᠠ ᠡᠭᠦᠳᠡ ᠶ᠋ᠢᠨ ᠣᠨᠢᠰᠣ ᠶ᠋ᠢ ᠨᠡᠭᠡᠭᠡᠵᠦ᠂ ᠬᠠᠪᠠ ᠲᠠᠢ ᠪᠠᠨ ᠬᠣᠶᠠᠭᠤᠯᠠ ᠪᠠᠨ ᠬᠣᠯᠠ ᠵᠠᠮ ᠳ᠋ᠤ᠌ ᠮᠣᠷᠳᠠᠵᠤ ᠠᠶᠠᠯᠠᠭᠰᠠᠨ ᠭᠡᠨ᠎ᠡ᠃
ᠮᠠᠷᠭᠠᠰᠢ ᠨᠢ ᠲᠡᠷᠡ ᠵᠠᠯᠠᠭᠤ᠂ ᠡᠬᠡᠨᠡᠷ ᠲᠡᠢ ᠪᠡᠨ ᠰᠡᠷᠡᠵᠦ ᠬᠠᠪᠠ ᠪᠠ ᠮᠤᠤᠷ ᠢ᠋ᠶ᠋ᠠᠨ ᠡᠷᠢᠭᠰᠡᠨ ᠳ᠋ᠦ᠍ ᠣᠷᠣ ᠰᠡᠭᠦᠳᠡᠷ ᠦᠭᠡᠢ ᠪᠣᠯᠤᠭᠰᠠᠨ ᠳ᠋ᠤ᠌᠂ ᠡᠷ᠎ᠡ ᠡᠮ᠎ᠡ ᠬᠣᠶᠠᠭᠤᠯᠠ ᠪᠠᠨ ᠮᠠᠰᠢ ᠰᠡᠳᠬᠢᠯ ᠵᠣᠪᠠᠨᠢᠵᠤ᠂ ᠣᠳᠣ ᠡᠨᠡ ᠬᠣᠶᠠᠷ ᠪᠠᠭ᠎ᠠ ᠠᠮᠢᠲᠠᠨ ᠠᠯᠠᠭᠳᠠᠪᠠ᠂ ᠭᠡᠵᠦ ᠭᠡᠮᠰᠢᠨ᠂ ᠡᠬᠡᠨᠡᠷ ᠨᠢ ᠨᠥᠬᠥᠷ ᠢ᠋ᠶ᠋ᠡᠨ ᠵᠢᠮᠡᠯᠡᠵᠦ᠄ ᠴᠢ ᠲᠡᠳᠡᠨ ᠦ᠌ ᠶᠠᠪᠤᠨ᠎ᠠ ᠭᠡᠰᠡᠨ ᠢ᠋ ᠮᠡᠳᠡᠵᠦ ᠪᠠᠢᠭᠠᠳ᠂ ᠪᠠᠰᠠ ᠶᠠᠭᠤᠨ ᠳ᠋ᠤ᠌ ᠰᠠᠢᠨ ᠦᠵᠡᠭᠰᠡᠨ ᠦᠭᠡᠢ ᠲᠠᠯᠪᠢᠵᠤ ᠶᠠᠪᠤᠭᠤᠯᠪᠠ᠃ ᠠᠮᠢᠳᠤ ᠴᠢᠨᠳᠠᠮᠤᠨᠢ ᠡᠷᠳᠡᠨᠢ ᠭᠡᠭᠴᠢ᠂ ᠬᠠᠭᠠᠳ ᠨᠣᠶᠠᠳ ᠠ᠋ᠴᠠ ᠥᠭᠡᠷ᠎ᠡ ᠬᠥᠮᠦᠨ ᠣᠯᠵᠤ ᠪᠣᠯᠬᠤ ᠡᠳ᠋ ᠤᠤ ᠭᠡᠵᠦ ᠵᠢᠮᠡᠯᠡᠭᠡᠳ ᠠᠷᠭ᠎ᠠ ᠦᠭᠡᠢ ᠰᠡᠳᠬᠢᠯ ᠵᠣᠪᠠᠵᠤ ᠰᠠᠨᠠᠭ᠎ᠠ ᠠᠯᠲᠠᠨ ᠰᠠᠭᠤᠵᠤ ᠭᠡᠨ᠎ᠡ᠃
ᠴᠢᠩᠭᠢᠭᠡᠳ ᠬᠠᠪᠠ ᠮᠤᠤᠷ ᠬᠣᠶᠠᠭᠤᠯᠠ ᠪᠠᠨ ᠬᠠᠷᠠᠢᠯᠠᠨ ᠨᠠᠭᠠᠳᠴᠤ ᠦᠰᠦᠷᠦᠨ ᠭᠦᠶᠦᠯᠳᠦᠭᠰᠡᠭᠡᠷ ᠬᠡᠳᠦᠢ ᠬᠣᠯᠠ ᠶᠠᠪᠤᠭᠰᠠᠨ ᠢ᠋ ᠮᠡᠳᠡᠬᠦ ᠦᠭᠡᠢ᠃ ᠨᠢᠭᠡᠨ ᠡᠳᠦᠷ ᠶᠠᠪᠤᠭᠰᠠᠭᠠᠷ ᠶᠠᠪᠤᠭᠰᠠᠭᠠᠷ ᠨᠢᠭᠡᠨ ᠭᠠᠯ ᠠᠭᠤᠯᠠ ᠲᠠᠭᠠᠷᠠᠵᠤ᠂ ᠴᠢᠨᠠᠭᠰᠢ ᠶᠠᠪᠤᠬᠤ ᠠᠷᠭ᠎ᠠ ᠦᠭᠡᠢ ᠪᠣᠯᠵᠤ᠂ ᠵᠣᠭᠰᠣᠨ ᠬᠠᠷᠠᠬᠤ ᠳ᠋ᠤ᠌ ᠡᠨᠡ ᠭᠠᠯ ᠠᠭᠤᠯᠠ ᠶ᠋ᠢ ᠳᠠᠪᠠᠵᠤ ᠥᠩᠭᠡᠷᠡᠵᠦ ᠴᠢᠳᠠᠬᠤ ᠦᠭᠡᠢ᠂ ᠲᠣᠭᠣᠷᠢᠨ ᠡᠷᠭᠢᠵᠦ ᠭᠠᠷᠴᠤ ᠴᠢᠳᠠᠬᠤ ᠦᠭᠡᠢ ᠪᠣᠯᠤᠭᠰᠠᠨ ᠳ᠋ᠤ᠌ ᠬᠣᠶᠠᠭᠤᠯᠠ ᠪᠠᠨ ᠠᠷᠭ᠎ᠠ ᠪᠠᠨ ᠪᠠᠷᠠᠵᠤ ᠰᠠᠭᠤᠭᠰᠠᠭᠠᠷ ᠭᠡᠨᠡᠳᠲᠡ ᠮᠤᠤᠷ ᠨᠢ ᠬᠡᠯᠡᠭᠰᠡᠨ᠄ 《ᠬᠥᠶᠢ! ᠬᠠᠪᠠ ᠴᠢ ᠣᠳᠣ ᠡᠷᠳᠡᠮ ᠢ᠋ᠶ᠋ᠡᠨ ᠭᠠᠷᠭᠠᠵᠤ᠂ ᠭᠠᠯ ᠠᠭᠤᠯᠠ ᠶ᠋ᠢ ᠲᠤᠭᠤᠯᠬᠤ ᠦᠭᠡᠢ ᠶᠠᠭᠤ ᠶ᠋ᠢ ᠬᠦᠯᠢᠶᠡᠵᠦ ᠪᠠᠢᠨ᠎ᠠ ᠪᠣᠢ?》 ᠭᠡᠰᠡᠨ ᠳ᠋ᠦ᠍᠂ ᠬᠠᠪᠠ ᠨᠢ᠄《ᠪᠠᠢᠵᠠᠢ! ᠶᠠᠮᠠᠷ ᠠᠷᠭ᠎ᠠ ᠪᠠᠷ ᠭᠠᠷᠬᠤ ᠪᠣᠢ? ᠶᠠᠭᠤ ᠪᠣᠯᠤᠭᠰᠠᠨ ᠴᠤ᠌ ᠪᠢ ᠨᠢᠭᠡ ᠪᠣᠳᠣᠵᠤ ᠦᠵᠡᠶ᠎ᠡ᠃ ᠴᠢ ᠬᠣᠷᠢᠨ ᠨᠢᠭᠡ ᠬᠣᠨᠣᠭ ᠪᠡᠶ᠎ᠡ ᠪᠡᠨ ᠠᠮᠤᠰᠬᠢᠵᠦ ᠠᠩ ᠬᠦᠷᠦᠭᠡ ᠬᠢᠵᠦ ᠶᠠᠪᠤᠭᠠᠳ᠂ ᠬᠣᠷᠢᠨ ᠨᠢᠭᠡᠳᠦᠭᠡᠷ ᠡᠳᠦᠷ ᠦ᠋ᠨ ᠢ᠋ᠶ᠋ᠡᠨ ᠦᠳᠡ ᠶ᠋ᠢᠨ ᠬᠣᠢᠨ᠎ᠠ ᠢᠷ᠎ᠡ!》 ᠭᠡᠵᠦ ᠮᠤᠤᠷ ᠢ᠋ᠶ᠋ᠠᠨ ᠶᠠᠪᠤᠭᠤᠯᠤᠭᠠᠳ᠂ ᠬᠠᠪᠠ ᠰᠠᠭᠤᠵᠤ ᠣᠢᠯᠠᠪᠠ ᠭᠡᠨ᠎ᠡ᠃ ᠴᠢᠩᠭᠢᠭᠡᠳ ᠬᠣᠷᠢᠨ ᠨᠢᠭᠡᠳᠦᠭᠡᠷ ᠡᠳᠦᠷ ᠦ᠋ᠨ ᠢ᠋ᠶ᠋ᠡᠨ ᠦᠳᠡ ᠶ᠋ᠢᠨ ᠬᠣᠢᠨ᠎ᠠ ᠮᠤᠤᠷ ᠬᠠᠷᠢᠵᠤ ᠢᠷᠡᠬᠦ ᠳ᠋ᠦ᠍᠂ ᠬᠠᠪᠠ ᠨᠢ ᠣᠢᠯᠠᠭᠰᠠᠭᠠᠷ ᠨᠢᠳᠦ ᠨᠢ ᠴᠥᠮ ᠤᠯᠠᠢᠵᠤ ᠰᠠᠭᠤᠨ᠎ᠠ ᠭᠡᠨ᠎ᠡ᠃
ᠴᠢᠩᠭᠢᠭᠡᠳ ᠮᠤᠤᠷ ᠨᠢ ᠦᠵᠡᠭᠰᠡᠨ ᠳ᠋ᠦ᠍ ᠭᠠᠯ ᠠᠭᠤᠯᠠ ᠨᠢ ᠮᠥᠨ ᠬᠡᠪ ᠢ᠋ᠶ᠋ᠡᠷ ᠢ᠋ᠶ᠋ᠡᠨ ᠨᠣᠴᠣᠵᠤ ᠪᠠᠢᠨ᠎ᠠ ᠭᠡᠨ᠎ᠡ᠃ ᠢᠩᠭᠢᠭᠡᠳ ᠮᠤᠤᠷ ᠨᠢ ᠬᠠᠪᠠ ᠠ᠋ᠴᠠ ᠪᠠᠨ ᠰᠠᠶᠢ ᠠᠰᠠᠭᠤᠶ᠎ᠠ ᠭᠡᠲᠡᠯ᠎ᠡ ᠪᠠᠷᠠᠭᠤᠨ ᠬᠣᠢᠨ᠎ᠠ ᠠ᠋ᠴᠠ ᠬᠣᠶᠠᠷ ᠳᠤᠰᠤᠯ ᠨᠢᠯᠪᠤᠰᠤ ᠰᠢᠭ᠋ ᠬᠠᠷ᠎ᠠ ᠡᠭᠦᠯᠡ ᠭᠠᠷᠴᠤ ᠦᠵᠡᠵᠦ ᠪᠠᠢᠲᠠᠯ᠎ᠠ ᠭᠠᠯ ᠠᠭᠤᠯᠠ ᠶ᠋ᠢᠨ ᠳᠡᠭᠡᠷ᠎ᠡ ᠢᠷᠡᠵᠦ ᠵᠣᠭᠰᠣᠭᠠᠳ᠂ ᠨᠢᠳᠦ ᠴᠠᠪᠴᠢᠬᠤ ᠬᠣᠭᠣᠷᠣᠨᠳᠣ ᠲᠩᠷᠢ ᠭᠠᠵᠠᠷ ᠢ᠋ ᠪᠦᠷᠬᠦᠵᠦ ᠰᠠᠭᠤᠯᠠᠭ᠎ᠠ ᠰᠠᠪᠠ ᠪᠠᠷ ᠴᠢᠳᠬᠤᠵᠤ ᠪᠠᠢᠬᠤ ᠰᠢᠭ᠋ ᠪᠣᠷᠣᠭᠠᠨ ᠣᠷᠣᠵᠤ ᠬᠣᠷᠢᠨ ᠨᠢᠭᠡᠨ ᠮᠥᠴᠡ ᠪᠣᠯᠤᠭᠰᠠᠨ ᠬᠣᠢᠨ᠎ᠠ ᠪᠣᠷᠣᠭᠠᠨ ᠵᠣᠭᠰᠣᠵᠤ ᠲᠩᠷᠢ ᠴᠡᠯᠮᠡᠵᠦ ᠭᠠᠯ ᠠᠭᠤᠯᠠ ᠤᠨᠲᠠᠷᠠᠪᠠ ᠭᠡᠨ᠎ᠡ᠃
ᠴᠢᠩᠭᠢᠭᠡᠳ ᠬᠣᠶᠠᠭᠤᠯᠠ ᠪᠠᠨ ᠤᠷᠤᠭᠰᠢ ᠪᠠᠨ ᠶᠠᠪᠤᠵᠤ ᠪᠠᠢᠭᠰᠠᠭᠠᠷ᠂ ᠨᠢᠭᠡᠨ ᠱᠣᠪᠬᠣ ᠴᠠᠪᠴᠢᠮ᠎ᠠ ᠬᠠᠲᠠᠲᠠᠢ ᠠᠭᠤᠯᠠᠨ ᠳ᠋ᠤ᠌ ᠲᠤᠯᠭᠠᠷᠠᠵᠤ᠂ ᠮᠥᠨ ᠴᠦ᠍ ᠳᠠᠪᠠᠵᠤ ᠪᠣᠯᠬᠤ ᠦᠭᠡᠢ᠂ ᠲᠣᠭᠣᠷᠢᠵᠤ ᠡᠷᠭᠢᠨ ᠨᠡᠪᠲᠡᠷᠡᠬᠦ ᠠᠷᠭ᠎ᠠ ᠦᠭᠡᠢ ᠪᠣᠯᠤᠭᠰᠠᠨ ᠳ᠋ᠤ᠌᠂ ᠬᠠᠪᠠ ᠨᠢ ᠬᠡᠯᠡᠵᠡᠢ᠄《ᠵᠠ᠂ ᠮᠤᠤᠷ ᠠᠨᠳᠠ ᠮᠢᠨᠢ᠂ ᠴᠢ ᠣᠳᠣ ᠨᠢᠭᠡ ᠢᠳᠡ ᠰᠢᠳᠢ ᠪᠡᠨ ᠭᠠᠷᠭ᠎ᠠ ᠳᠠ》 ᠭᠡᠰᠡᠨ ᠳ᠋ᠦ᠍᠂ ᠮᠤᠤᠷ ᠨᠢ᠄ ᠴᠢᠩᠭᠢᠶ᠎ᠡ! ᠴᠢ ᠶᠠᠪᠤᠵᠤ ᠠᠩ ᠬᠦᠷᠦᠭᠡ ᠬᠢᠵᠦ ᠠᠮᠤᠰᠬᠢᠨ᠂ ᠳᠣᠯᠣᠭ᠎ᠠ ᠬᠣᠨᠣᠭᠠᠳ ᠢᠷ᠎ᠡ ᠭᠡᠵᠦ ᠬᠠᠪᠠ ᠪᠠᠨ ᠶᠠᠪᠤᠭᠤᠯᠵᠤ ᠪᠡᠶ᠎ᠡ ᠪᠡᠨ ᠠᠭᠵᠠᠢᠯᠭᠠᠨ ᠡᠬᠢᠯᠡᠪᠡ ᠭᠡᠨ᠎ᠡ᠃
ᠴᠢᠩᠭᠢᠭᠡᠳ ᠳᠣᠯᠣᠭᠠᠨ ᠡᠳᠦᠷ ᠦ᠋ᠨ ᠰᠡᠭᠦᠯ ᠳ᠋ᠦ᠍ ᠬᠠᠪᠠ ᠨᠢ ᠬᠠᠷᠢᠵᠤ ᠢᠷᠡᠭᠰᠡᠨ ᠳ᠋ᠦ᠍ ᠮᠤᠤᠷ ᠨᠢ ᠪᠡᠶ᠎ᠡ ᠪᠡᠨ ᠬᠤᠷᠢᠶᠠᠵᠤ ᠠᠶᠠᠭ᠎ᠠ ᠶ᠋ᠢᠨ ᠴᠢᠨᠡᠭᠡ ᠪᠣᠯᠭᠠᠵᠤ᠄《ᠵᠠ᠂ ᠮᠢᠨᠦ ᠬᠦᠵᠦᠭᠦᠦ ᠪᠡᠷ ᠴᠢᠩᠭ᠎ᠠ ᠲᠡᠪᠡᠷᠢᠵᠦ ᠨᠢᠳᠦ ᠪᠡᠨ ᠠᠨᠢ!》 ᠭᠡᠵᠦ᠃ ᠠᠨᠢᠢᠯᠭᠠᠨ ᠤᠬᠤᠰᠬᠢᠵᠦ ᠨᠢᠭᠡᠬᠡᠨ ᠦᠰᠦᠷᠦᠭᠰᠡᠨ ᠳ᠋ᠦ᠍ ᠳᠠᠷᠤᠢ ᠠᠭᠤᠯᠠ ᠶ᠋ᠢᠨ ᠣᠷᠣᠢ ᠳᠡᠭᠡᠷ᠎ᠡ ᠨᠢ ᠭᠠᠷᠪᠠ ᠭᠡᠨ᠎ᠡ᠃
ᠴᠢᠩᠭᠢᠭᠡᠳ ᠴᠢᠨᠠᠭᠰᠢ ᠶᠠᠪᠤᠭᠰᠠᠭᠠᠷ ᠨᠢᠭᠡ ᠶᠡᠬᠡ ᠳᠠᠯᠠᠢ ᠳ᠋ᠤ᠌ ᠬᠦᠷᠴᠦ ᠢᠷᠡᠭᠡᠳ᠂ ᠲᠤᠭᠤᠯᠵᠤ ᠭᠠᠷᠬᠤ ᠠᠷᠭ᠎ᠠ ᠦᠭᠡᠢ ᠡᠢᠰᠢ ᠲᠡᠢᠰᠢ ᠭᠦᠶᠦᠵᠦ ᠪᠠᠢᠬᠤ ᠳ᠋ᠤ᠌᠂ ᠲᠦᠷᠭᠡᠨ ᠬᠥᠯ ᠭᠠᠷ ᠲᠠᠢ ᠮᠤᠤᠷ ᠨᠢ ᠨᠢᠭᠡᠨ ᠬᠣᠮᠣᠯ ᠣᠯᠵᠤ᠂ ᠤᠰᠤᠨ ᠳ᠋ᠤ᠌ ᠰᠢᠲᠠᠵᠤ ᠬᠠᠶᠠᠭᠰᠠᠨ ᠳ᠋ᠤ᠌᠂ ᠥᠨᠥ ᠬᠣᠮᠣᠯ ᠨᠢ ᠬᠥᠪᠦᠨ ᠬᠥᠪᠦᠨ ᠳᠡᠭᠳᠡᠵᠦ ᠪᠠᠢᠨ᠎ᠠ ᠭᠡᠨ᠎ᠡ᠃ ᠡᠭᠦᠨ ᠢ᠋ ᠦᠵᠡᠭᠡᠳ ᠬᠠᠪᠠ ᠨᠢ ᠨᠢᠭᠡᠨ ᠪᠦᠳᠦᠭᠦᠨ ᠠᠷᠭᠠᠯ ᠢ᠋ ᠤᠰᠤᠨ ᠳ᠋ᠤ᠌ ᠲᠠᠯᠪᠢᠵᠤ ᠬᠣᠶᠠᠭᠤᠯᠠ ᠪᠠᠨ ᠳᠡᠭᠡᠷ᠎ᠡ ᠨᠢ ᠭᠠᠷᠴᠤ ᠲᠣᠭᠲᠠᠭᠠᠳ ᠬᠥᠪᠦᠭᠰᠡᠭᠡᠷ ᠳᠠᠯᠠᠢ ᠶ᠋ᠢ ᠭᠡᠲᠦᠯᠵᠦ ᠭᠠᠷᠪᠠ ᠭᠡᠨ᠎ᠡ᠃
ᠳᠠᠯᠠᠢ ᠶ᠋ᠢ ᠭᠠᠷᠴᠤ ᠶᠠᠪᠤᠬᠤ ᠳ᠋ᠤ᠌᠂ ᠭᠠᠵᠠᠷ ᠨᠢ ᠤᠯᠠᠮ ᠶᠠᠪᠤᠪᠠᠯ ᠤᠯᠠᠮ ᠳᠣᠷᠣᠭᠰᠢ ᠪᠠᠭᠤᠵᠤ ᠶᠠᠪᠤᠭᠰᠠᠭᠠᠷ ᠶᠠᠪᠤᠭᠰᠠᠭᠠᠷ ᠬᠠᠷᠢᠨ ᠨᠢᠭᠡᠨ ᠨᠦᠬᠡᠨ ᠤᠯᠤᠰ ᠲᠤ᠌ ᠬᠦᠷᠴᠦ ᠢᠷᠡᠪᠡ ᠭᠡᠨ᠎ᠡ᠃ ᠢᠩᠭᠢᠭᠡᠳ ᠡᠨᠡ ᠤᠯᠤᠰ ᠤ᠋ᠨ ᠬᠣᠲᠠ ᠶ᠋ᠢᠨ ᠭᠠᠳᠠᠭᠤᠷ ᠲᠣᠭᠣᠷᠢᠵᠤ᠂ ᠣᠷᠣᠬᠤ ᠡᠭᠦᠳᠡ ᠶ᠋ᠢ ᠡᠷᠢᠨ ᠶᠠᠪᠤᠵᠤ ᠪᠠᠢᠬᠤ ᠳ᠋ᠤ᠌ ᠨᠢᠭᠡ ᠬᠤᠯᠤᠭᠠᠨ᠎ᠠ ᠨᠢᠭᠡ ᠪᠢᠴᠢᠬᠠᠨ ᠰᠢᠪᠠᠤᠬᠠᠢ ᠶ᠋ᠢ ᠪᠠᠷᠢᠵᠤ ᠢᠳᠡᠬᠦ ᠪᠡᠷ ᠪᠠᠢᠭᠰᠠᠨ ᠢ᠋ ᠬᠣᠶᠠᠭᠤᠯᠠ ᠪᠠᠨ ᠦᠵᠡᠭᠡᠳ᠂ ᠭᠦᠶᠦᠨ ᠣᠴᠢᠵᠤ ᠮᠤᠤᠷ ᠨᠢ ᠬᠤᠯᠤᠭᠠᠨ᠎ᠠ ᠶ᠋ᠢ ᠪᠠᠷᠢᠵᠤ᠂ ᠬᠠᠪᠠ ᠨᠢ ᠰᠢᠪᠠᠤᠬᠠᠢ ᠶ᠋ᠢ ᠦᠯᠢᠶᠡᠨ ᠰᠡᠷᠭᠦᠭᠡᠵᠦ᠂ ᠦᠵᠡᠵᠦ ᠪᠠᠢᠭᠰᠠᠨ ᠳ᠋ᠤ᠌ ᠰᠢᠪᠠᠤᠬᠠᠢ ᠠᠶᠤᠵᠤ ᠮᠠᠨᠠᠷᠠᠭᠰᠠᠨ ᠠ᠋ᠴᠠ ᠪᠠᠨ ᠰᠡᠷᠭᠦᠵᠦ᠄《ᠠᠮᠢ ᠠᠪᠤᠷᠠᠭᠰᠠᠨ ᠠᠴᠢ ᠶ᠋ᠢ ᠴᠢᠨᠢ ᠪᠢ ᠴᠢᠳᠠᠯ ᠤ᠋ᠨ ᠴᠢᠨᠡᠭᠡ ᠪᠡᠷ ᠬᠠᠷᠢᠭᠤᠯᠤᠨ᠎ᠠ᠃ ᠲᠠ ᠨᠠᠷ ᠲᠤ᠌ ᠬᠦᠴᠢᠷᠳᠡᠵᠦ ᠪᠠᠢᠭ᠎ᠠ ᠶᠠᠪᠤᠳᠠᠯ ᠪᠠᠢᠪᠠᠯ ᠨᠠᠳᠠ ᠬᠡᠯᠡᠭᠡᠷᠡᠢ》 ᠭᠡᠵᠦ ᠭᠡᠨ᠎ᠡ᠃ ᠡᠨᠡ ᠦᠶᠡᠰ ᠲᠦ᠍᠂ ᠮᠤᠤᠷ᠂ ᠬᠤᠯᠤᠭᠠᠨ᠎ᠠ ᠶ᠋ᠢ ᠪᠠᠷᠢᠵᠤ ᠢᠳᠡᠰᠦᠭᠡᠢ ᠭᠡᠰᠡᠨ ᠳ᠋ᠦ᠍᠂ ᠬᠤᠯᠤᠭᠠᠨ᠎ᠠ ᠮᠤᠤᠷ ᠠ᠋ᠴᠠ ᠠᠮᠢ ᠪᠠᠨ ᠭᠤᠶᠤᠭᠰᠠᠨ ᠨᠢ᠄《ᠡᠷᠦᠬᠡ ᠭᠡᠷ ᠲᠦ᠍ ᠮᠢᠨᠢ ᠥᠲᠡᠯᠦᠭᠰᠡᠨ᠂ ᠵᠠᠯᠠᠭᠤ ᠪᠠᠢᠨ᠎ᠠ᠃ ᠬᠡᠷᠪᠡ ᠲᠠ ᠨᠠᠮᠠᠶ᠋ᠢ ᠢᠳᠡᠪᠡᠯ ᠮᠢᠨᠦ ᠨᠢᠭᠡᠨ ᠭᠡᠷ ᠴᠥᠮ ᠥᠯᠪᠡᠷᠴᠦ ᠦᠬᠦᠨ᠎ᠡ》 ᠭᠡᠰᠡᠨ ᠳ᠋ᠦ᠍᠂ ᠮᠤᠤᠷ ᠬᠡᠯᠡᠭᠰᠡᠨ ᠨᠢ᠄《ᠬᠡᠷᠪᠡ ᠴᠢ ᠲᠠᠨ ᠤ᠋ ᠬᠠᠭᠠᠨ ᠤ᠋ ᠰᠠᠭᠤᠵᠤ ᠪᠠᠢᠬᠤ ᠣᠷᠳᠣᠨ ᠢ᠋ᠶ᠋ᠠᠨ ᠬᠡᠯᠡᠵᠦ ᠥᠭᠭᠦᠭᠡᠳ ᠠᠮᠢᠳᠤ ᠴᠢᠨᠳᠠᠮᠤᠨᠢ ᠡᠷᠳᠡᠨᠢ ᠪᠡᠨ ᠬᠠᠮᠢᠭ᠎ᠠ ᠲᠠᠯᠪᠢᠵᠤ ᠪᠠᠢᠬᠤ ᠶ᠋ᠢ ᠮᠠᠨ ᠳ᠋ᠤ᠌ ᠬᠡᠯᠡᠵᠦ ᠥᠭᠪᠡᠯ᠂ ᠴᠢᠮᠠᠶ᠋ᠢ ᠢᠳᠡᠬᠦ ᠦᠭᠡᠢ》 ᠭᠡᠰᠡᠨ ᠳ᠋ᠦ᠍᠂ ᠬᠤᠯᠤᠭᠠᠨ᠎ᠠ ᠬᠡᠯᠡᠭᠰᠡᠨ ᠨᠢ᠄《ᠠᠮᠢᠳᠤ ᠴᠢᠨᠳᠠᠮᠤᠨᠢ ᠡᠷᠳᠡᠨᠢ ᠶ᠋ᠢ ᠪᠣᠯ ᠮᠠᠨ ᠤ᠋ ᠬᠠᠭᠠᠨ ᠡᠭᠦᠷᠢᠳᠡ ᠠᠮᠠᠨ ᠳ᠋ᠠᠭᠠᠨ ᠡᠮᠬᠦᠵᠦ ᠪᠠᠢᠳᠠᠭ ᠪᠥᠭᠡᠳ ᠤᠨᠲᠠᠬᠤ ᠳ᠋ᠠᠭᠠᠨ ᠴᠤ᠌ ᠮᠥᠨ ᠠᠮᠠᠨ ᠳ᠋ᠠᠭᠠᠨ ᠡᠮᠬᠦᠵᠦ ᠤᠨᠲᠠᠳᠠᠭ᠃ ᠡᠭᠦᠨ ᠢ᠋ ᠠᠪᠬᠤ ᠳ᠋ᠤ᠌ ᠬᠦᠴᠢᠷ ᠦᠭᠡᠢ᠃ ᠪᠢ ᠠᠪᠴᠤ ᠴᠢᠳᠠᠨ᠎ᠠ᠃ ᠭᠠᠭᠴᠠ ᠣᠷᠳᠣᠨ ᠤ᠋ ᠳᠣᠲᠣᠷ᠎ᠠ ᠣᠷᠣᠵᠤ ᠴᠢᠳᠠᠬᠤ ᠦᠭᠡᠢ᠃ ᠮᠠᠨ ᠤ᠋ ᠬᠠᠭᠠᠨ ᠢ᠋ ᠤᠨᠲᠠᠬᠤ ᠳ᠋ᠤ᠌ ᠳᠥᠷᠪᠡᠨ ᠲᠦᠰᠢᠮᠡᠯ ᠭᠠᠯ ᠵᠤᠯᠠ ᠪᠠᠷᠢᠵᠤ ᠰᠠᠬᠢᠨ ᠰᠠᠭᠤᠬᠤ ᠪᠥᠭᠡᠳ ᠡᠭᠦᠳᠡ ᠬᠠᠭᠠᠯᠭ᠎ᠠ ᠪᠦᠷ ᠬᠠᠷᠠᠭᠤᠯ ᠮᠠᠨᠠᠭ᠎ᠠ ᠲᠠᠢ᠂ ᠣᠷᠣᠵᠤ ᠴᠢᠳᠠᠬᠤ ᠦᠭᠡᠢ》 ᠭᠡᠰᠡᠨ ᠳ᠋ᠦ᠍ ᠰᠢᠪᠠᠤᠬᠠᠢ ᠰᠣᠨᠣᠰᠤᠭᠠᠳ᠄《ᠬᠡᠷᠪᠡ ᠴᠢ ᠬᠠᠭᠠᠯᠭ᠎ᠠ ᠶ᠋ᠢ ᠨᠡᠭᠡᠭᠡᠵᠦ ᠴᠢᠳᠠᠪᠠᠯ ᠪᠢ ᠨᠢᠰᠴᠦ ᠣᠷᠣᠪᠠᠯ ᠭᠠᠯ ᠵᠤᠯᠠ ᠶ᠋ᠢ ᠨᠢ ᠪᠦᠷ ᠤᠨᠲᠠᠷᠠᠭᠠᠵᠤ ᠴᠢᠳᠠᠨ᠎ᠠ》 ᠭᠡᠰᠡᠨ ᠳ᠋ᠦ᠍᠂ ᠬᠠᠪᠠ ᠮᠤᠤᠷ ᠶᠡᠬᠡ ᠪᠠᠶᠠᠷᠯᠠᠵᠤ ᠳᠥᠷᠪᠡᠭᠦᠯᠡ ᠪᠡᠨ ᠨᠢᠭᠡᠨ ᠵᠡᠷᠭᠡ ᠵᠥᠪᠳᠡᠵᠦ ᠮᠥᠨ ᠰᠥᠨᠢ ᠪᠣᠯᠬᠤ ᠶ᠋ᠢ ᠬᠦᠯᠢᠶᠡᠨ ᠰᠠᠭᠤᠭᠰᠠᠭᠠᠷ ᠤᠳᠠᠯ ᠦᠭᠡᠢ ᠰᠥᠨᠢ ᠪᠣᠯᠵᠠᠢ᠃
ᠴᠢᠩᠭᠢᠭᠡᠳ ᠬᠤᠯᠤᠭᠠᠨ᠎ᠠ ᠨᠢ ᠭᠠᠵᠠᠷ ᠳᠣᠭᠤᠤᠷ ᠬᠠᠭᠠᠯᠭ᠎ᠠ ᠪᠦᠬᠦᠨ ᠢ᠋ ᠨᠡᠭᠡᠭᠡᠭᠰᠡᠨ ᠳ᠋ᠦ᠍ ᠰᠢᠪᠠᠤᠬᠠᠢ ᠨᠢ ᠨᠢᠰᠦᠨ ᠣᠷᠣᠵᠤ ᠭᠡᠷᠡᠯ ᠵᠤᠯᠠ ᠶ᠋ᠢ ᠨᠢ ᠴᠥᠮ ᠤᠨᠲᠠᠷᠠᠭᠠᠵᠤ ᠪᠠᠢᠬᠤ ᠳ᠋ᠤ᠌᠂ ᠬᠤᠯᠤᠭᠠᠨ᠎ᠠ ᠨᠢ ᠪᠠᠢᠭᠰᠠᠨ ᠴᠦᠢᠳ᠋ᠧᠩ᠂ ᠭᠠᠯ ᠨᠣᠴᠣᠭᠠᠬᠤ ᠡᠳ᠋ ᠢ᠋ ᠨᠢ ᠴᠥᠮ ᠬᠤᠯᠠᠭᠤᠨ ᠵᠠᠢᠯᠠᠭᠤᠯᠵᠤ ᠭᠡᠨ᠎ᠡ᠃ ᠬᠠᠪᠠ ᠮᠤᠤᠷ ᠬᠣᠶᠠᠭᠤᠯᠠ ᠪᠠᠨ ᠬᠠᠷᠠᠬᠠᠨ ᠪᠡᠶ᠎ᠡ ᠶ᠋ᠢᠨ ᠬᠦᠴᠦ ᠪᠡᠨ ᠭᠠᠷᠭᠠᠵᠤ ᠬᠠᠭᠠᠨ ᠤ᠋ ᠤᠨᠲᠠᠵᠤ ᠪᠠᠢᠬᠤ ᠭᠡᠷ ᠲᠦ᠋ᠨᠢ ᠭᠦᠶᠦᠨ ᠣᠷᠣᠵᠤ ᠢᠷᠡᠬᠦᠢ ᠳ᠋ᠦ᠍ ᠲᠦᠰᠢᠮᠡᠯ ᠦ᠋ᠳ ᠨᠢ ᠵᠤᠯᠠ ᠤᠨᠲᠠᠷᠠᠪᠠ᠃ ᠭᠡᠵᠦ ᠦᠢᠮᠡᠯᠳᠦᠨ ᠴᠢ ᠤᠨᠲᠠᠷᠠᠭᠠᠪᠠ᠂ ᠪᠢ ᠤᠨᠲᠠᠷᠠᠭᠠᠪᠠ ᠭᠡᠵᠦ ᠬᠠᠷᠢᠯᠴᠠᠨ ᠪᠡᠶ᠎ᠡ ᠪᠡᠶ᠎ᠡ ᠳ᠋ᠡᠭᠡᠨ ᠲᠦᠯᠬᠢᠨ ᠰᠠᠭᠤᠵᠤ ᠪᠠᠢᠬᠤ ᠳ᠋ᠤ᠌᠂ ᠮᠤᠤᠷ ᠬᠠᠪᠠ ᠬᠣᠶᠠᠭᠤᠯᠠ ᠪᠠᠨ ᠬᠠᠭᠠᠨ ᠤ᠋ ᠤᠨᠲᠠᠵᠤ ᠪᠠᠢᠭ᠎ᠠ ᠰᠢᠷᠡᠭᠡᠨ ᠳᠡᠭᠡᠷ᠎ᠡ ᠦᠰᠦᠷᠦᠨ ᠭᠠᠷᠴᠤ᠂ ᠬᠠᠭᠠᠨ ᠤ᠋ ᠬᠠᠮᠠᠷ ᠲᠤᠨᠢ ᠬᠣᠨᠢ ᠶ᠋ᠢᠨ ᠰᠥᠰᠥ ᠲᠠᠯᠪᠢᠵᠤ ᠣᠷᠣᠭᠤᠯᠤᠭᠰᠠᠨ ᠳ᠋ᠤ᠌ ᠬᠠᠭᠠᠨ ᠨᠢ《ᠲᠦᠢ᠂ ᠫᠠᠢ!》 ᠭᠡᠵᠦ ᠠᠮᠠᠨ ᠳ᠋ᠠᠭᠠᠨ ᠪᠠᠢᠭᠰᠠᠨ ᠴᠢᠨᠳᠠᠮᠤᠨᠢ ᠡᠷᠳᠡᠨᠢ ᠪᠡᠨ ᠨᠢᠯᠪᠤᠵᠤ ᠭᠠᠷᠭᠠᠪᠠ ᠭᠡᠨ᠎ᠡ᠃
ᠴᠢᠩᠭᠢᠭᠡᠳ ᠬᠠᠪᠠ ᠨᠢ ᠬᠠᠪ ᠬᠢᠲᠡᠯ᠎ᠡ ᠡᠮᠬᠦᠵᠦ ᠮᠤᠤᠷ ᠢ᠋ᠶ᠋ᠠᠨ ᠳᠠᠭᠠᠭᠤᠯᠤᠨ ᠭᠠᠳᠠᠨ᠎ᠠ ᠭᠠᠷᠴᠤ ᠢᠷᠡᠭᠡᠳ᠂ ᠬᠤᠯᠤᠭᠠᠨ᠎ᠠ ᠬᠢᠭᠡᠳ ᠰᠢᠪᠠᠤᠬᠠᠢ ᠲᠠᠢ ᠪᠠᠨ ᠠᠭᠤᠯᠵᠠᠨ᠂ ᠲᠡᠷᠡ ᠬᠣᠶᠠᠭᠤᠯᠠ ᠪᠠᠷ ᠴᠢᠨᠳᠠᠮᠤᠨᠢ ᠡᠷᠳᠡᠨᠢ ᠪᠡᠨ ᠨᠢᠭᠡᠨ ᠳ᠋ᠦ᠍ᠨᠢ ᠨᠢᠭᠡ ᠳᠣᠯᠣᠭᠤᠯᠭᠠᠵᠤ ᠲᠠᠯᠪᠢᠭᠰᠠᠨ ᠳ᠋ᠤ᠌᠂ ᠰᠢᠪᠠᠤᠬᠠᠢ ᠨᠢ ᠳᠠᠷᠤᠢ ᠠᠯᠲᠠᠨ ᠰᠢᠪᠠᠤᠬᠠᠢ ᠪᠣᠯᠵᠤ᠂ ᠬᠤᠯᠤᠭᠠᠨ᠎ᠠ ᠨᠢ ᠮᠥᠩᠭᠥᠨ ᠬᠤᠯᠤᠭᠠᠨ᠎ᠠ ᠪᠣᠯᠪᠠ ᠭᠡᠨ᠎ᠡ᠃
ᠴᠢᠩᠭᠢᠭᠡᠳ ᠰᠢᠪᠠᠤᠬᠠᠢ ᠨᠢ ᠮᠠᠰᠢ ᠰᠠᠢᠬᠠᠨ ᠳᠠᠭᠤᠤ ᠳᠠᠭᠤᠯᠠᠵᠤ ᠴᠢᠳᠠᠬᠤ ᠪᠣᠯᠤᠭᠠᠳ ᠬᠤᠯᠤᠭᠠᠨ᠎ᠠ ᠨᠢ ᠪᠡᠶ᠎ᠡ ᠪᠡᠨ ᠰᠢᠯᠭᠡᠭᠡᠪᠡᠯ ᠢᠳᠡᠬᠦ ᠶᠠᠭᠤᠮ᠎ᠠ ᠭᠠᠷᠬᠤ ᠪᠣᠯᠤᠭᠰᠠᠨ ᠳ᠋ᠤ᠌᠂ ᠡᠨᠡ ᠬᠣᠶᠠᠭᠤᠯᠠ ᠪᠠᠨ ᠬᠠᠪᠠ ᠮᠤᠤᠷ ᠬᠣᠶᠠᠭᠤᠯᠠ ᠶ᠋ᠢ ᠳᠠᠯᠠᠢ ᠶ᠋ᠢᠨ ᠬᠥᠪᠡᠭᠡ ᠬᠦᠷᠲᠡᠯ᠎ᠡ ᠬᠦᠷᠭᠡᠵᠦ ᠬᠣᠴᠣᠷᠪᠠ ᠭᠡᠨ᠎ᠡ᠃
ᠴᠢᠩᠭᠢᠭᠡᠳ ᠮᠥᠨ ᠠᠷᠭᠠᠯ ᠳ᠋ᠠᠭᠠᠨ ᠰᠠᠭᠤᠵᠤ ᠶᠠᠪᠤᠵᠤ ᠪᠠᠢᠬᠤ ᠳ᠋ᠤ᠌ ᠮᠤᠤᠷ ᠨᠢ ᠶᠡᠬᠡ ᠭᠣᠮᠣᠳᠠᠭᠰᠠᠨ ᠮᠠᠶᠢᠭ ᠲᠠᠢ ᠬᠡᠯᠡᠭᠰᠡᠨ ᠨᠢ᠄《ᠴᠢᠨᠳᠠᠮᠤᠨᠢ ᠡᠷᠳᠡᠨᠢ ᠶ᠋ᠢ ᠤᠯᠬᠤᠢ ᠳ᠋ᠤ᠌ ᠬᠣᠶᠠᠭᠤᠯᠠ ᠪᠠᠨ ᠶᠠᠪᠤᠵᠤ ᠣᠯᠤᠭᠰᠠᠨ ᠪᠥᠭᠡᠳ᠂ ᠪᠢ ᠨᠢᠭᠡ ᠴᠤ᠌ ᠣᠯᠵᠤ ᠡᠮᠬᠦᠬᠦ ᠦᠭᠡᠢ ᠳᠠᠩᠳᠠᠨ ᠴᠢ ᠡᠮᠬᠦᠵᠦ ᠶᠠᠪᠤᠬᠤ ᠴᠢᠨᠢ ᠲᠠᠭᠠᠷᠠᠬᠤ ᠦᠭᠡᠢ》 ᠭᠡᠰᠡᠨ ᠳ᠋ᠦ᠍᠂ ᠬᠠᠪᠠ ᠨᠢ᠄ ᠴᠢ ᠪᠣᠯ ᠬᠥᠯ ᠭᠠᠷ ᠴᠢᠨᠢ ᠲᠦᠷᠭᠡᠨ ᠬᠥᠳᠡᠯᠵᠦ ᠪᠠᠷᠢᠬᠤ ᠴᠢᠨᠢ ᠣᠯᠠᠨ᠂ ᠤᠪ ᠦᠭᠡᠢ ᠲᠤᠭ ᠪᠢ ᠭᠡᠭᠡᠬᠦ ᠡᠴᠡ ᠨᠢ ᠠᠶᠤᠵᠤ ᠴᠢᠮ᠎ᠠ ᠳ᠋ᠤ᠌ ᠥᠭᠭᠦᠭᠰᠡᠨ ᠦᠭᠡᠢ᠂ ᠦᠨᠡᠬᠡᠷ ᠲᠡᠳᠦᠢ ᠡᠮᠬᠦᠵᠦ ᠶᠠᠪᠤᠶ᠎ᠠ ᠭᠡᠵᠦ ᠰᠠᠨᠠᠪᠠᠯ ᠡᠮᠬᠦ᠂ ᠭᠠᠭᠴᠠ ᠬᠡᠷᠡᠭ ᠦᠭᠡᠢ ᠪᠡᠷ ᠠᠮᠠ ᠪᠠᠨ ᠪᠤᠤ ᠠᠩᠭᠠᠢ ᠭᠡᠵᠦ ᠮᠤᠤᠷ ᠲᠠᠭᠠᠨ ᠥᠭᠭᠦᠭᠰᠡᠨ ᠪᠠᠢᠨ᠎ᠠ᠃ ᠮᠤᠤᠷ ᠨᠢ ᠵᠠ! ᠭᠡᠵᠦ ᠡᠮᠬᠦᠭᠡᠳ ᠤᠳᠠᠭᠰᠠᠨ ᠦᠭᠡᠢ ᠤᠰᠤᠨ ᠤ᠋ ᠳᠣᠲᠣᠷ᠎ᠠ ᠨᠢᠭᠡᠨ ᠵᠢᠭᠠᠰᠤ ᠶᠠᠪᠤᠵᠤ ᠪᠠᠢᠬᠤ ᠶ᠋ᠢ ᠦᠵᠡᠭᠡᠳ ᠳᠤᠤᠭᠠᠷᠤᠶᠠ ᠭᠡᠵᠦ ᠪᠣᠳᠣᠭᠠᠳ᠂ ᠭᠡᠨᠡᠳᠲᠡ ᠡᠷᠳᠡᠨᠢ ᠡᠮᠬᠦᠵᠦ ᠪᠠᠢᠬᠤ ᠪᠠᠨ ᠪᠣᠳᠣᠭᠠᠳ ᠬᠥᠳᠡᠯᠦᠭᠰᠡᠨ ᠦᠭᠡᠢ᠃ ᠡᠨᠡ ᠮᠡᠲᠦ ᠪᠡᠷ ᠬᠡᠳᠦᠨ ᠤᠳᠠᠭ᠎ᠠ ᠪᠣᠯᠵᠤ᠂ ᠮᠤᠤᠷ ᠥᠯᠥᠰᠴᠦ ᠲᠡᠰᠬᠡᠯ ᠠᠯᠲᠠᠨ ᠵᠢᠭᠠᠰᠤ ᠳᠠᠬᠢᠨ ᠣᠢᠷᠠᠲᠤᠨ ᠱᠤᠩᠪᠠᠨ ᠢᠷᠡᠬᠦ ᠳ᠋ᠦ᠍ ᠠᠮᠠ ᠪᠠᠨ ᠠᠩᠭᠠᠢᠵᠤ ᠬᠠᠵᠠᠶ᠎ᠠ ᠭᠡᠰᠡᠨ ᠳ᠋ᠦ᠍ ᠡᠷᠳᠡᠨᠢ ᠨᠢ ᠤᠰᠤᠨ ᠳ᠋ᠤ᠌ ᠤᠨᠠᠪᠠ᠃ ᠬᠠᠪᠠ ᠨᠢ ᠠᠷᠭ᠎ᠠ ᠦᠭᠡᠢ ᠶᠠᠭᠤ ᠴᠤ᠌ ᠳᠤᠤᠭᠠᠷᠤᠭᠰᠠᠨ ᠦᠭᠡᠢ ᠶᠠᠪᠤᠭᠰᠠᠭᠠᠷ ᠬᠥᠪᠡᠭᠡᠨ ᠳ᠋ᠦ᠍ ᠭᠠᠷᠴᠤ ᠬᠣᠶᠠᠭᠤᠯᠠ ᠪᠠᠨ ᠤᠢᠯᠠᠵᠤ ᠰᠠᠭᠤᠭᠰᠠᠭᠠᠷ ᠭᠡᠳᠡᠰᠦ ᠨᠢ ᠥᠯᠥᠰᠴᠦ᠂ ᠰᠠᠭᠤᠵᠤ ᠴᠤ᠌ ᠴᠢᠳᠠᠬᠤ ᠦᠭᠡᠢ᠂ ᠳᠠᠯᠠᠢ ᠶ᠋ᠢᠨ ᠬᠥᠪᠡᠭᠡ ᠶ᠋ᠢ ᠳᠠᠭᠠᠵᠤ ᠳᠣᠷᠣᠭᠰᠢ ᠶᠠᠪᠤᠵᠤ ᠪᠠᠢᠬᠤ ᠳ᠋ᠤ᠌᠂ ᠣᠯᠠᠨ ᠵᠢᠭᠠᠰᠤᠴᠢᠨ ᠨᠢᠭᠡᠨ ᠶᠡᠬᠡ ᠵᠢᠭᠠᠰᠤ ᠶ᠋ᠢ ᠠᠯᠠᠵᠤ ᠭᠡᠳᠡᠰᠦ ᠶ᠋ᠢ ᠨᠢ ᠭᠡᠭᠡᠵᠦ ᠮᠢᠬ᠎ᠠ ᠶ᠋ᠢ ᠨᠢ ᠠᠪᠴᠤ ᠶᠠᠪᠤᠪᠠ᠃
ᠴᠢᠩᠭᠢᠭᠡᠳ ᠬᠣᠶᠠᠭᠤᠯᠠ ᠥᠯᠥᠰᠦᠭᠰᠡᠨ ᠬᠦᠴᠦᠨ ᠳ᠋ᠡᠭᠡᠨ ᠵᠢᠭᠠᠰᠤᠨ ᠤ᠋ ᠭᠡᠳᠡᠰᠦ ᠶ᠋ᠢ ᠲᠠᠲᠠᠵᠤ ᠢᠳᠡᠵᠦ ᠪᠠᠢᠬᠤ ᠳ᠋ᠤ᠌ ᠮᠤᠤᠷ ᠨᠢ ᠨᠢᠭᠡᠨ ᠣᠯᠣᠭᠠᠢ ᠰᠢᠭ᠋ ᠶᠠᠭᠤᠮ᠎ᠠ ᠶ᠋ᠢ ᠵᠠᠭᠤᠵᠤ ᠰᠡᠭᠰᠦᠷᠴᠦ ᠪᠠᠢᠵᠠᠢ᠃ ᠡᠭᠦᠨ ᠳ᠋ᠦ᠍ ᠬᠠᠪᠠ ᠨᠢ ᠣᠴᠢᠵᠤ᠂ ᠬᠠᠪᠰᠤᠷᠴᠤ ᠪᠠᠢᠭᠠᠳ᠂ ᠥᠨᠥ ᠣᠯᠣᠭᠠᠢ ᠰᠢᠭ᠋ ᠶᠠᠭᠤᠮ᠎ᠠ ᠶ᠋ᠢ ᠬᠠᠭᠠᠯᠵᠤ ᠦᠵᠡᠭᠰᠡᠨ ᠳ᠋ᠦ᠍ ᠬᠠᠷᠢᠨ ᠠᠮᠢᠳᠤ ᠴᠢᠨᠳᠠᠮᠤᠨᠢ ᠡᠷᠳᠡᠨᠢ ᠨᠢ ᠪᠠᠢᠵᠤ ᠭᠡᠨ᠎ᠡ᠃
ᠴᠢᠩᠭᠢᠭᠡᠳ ᠬᠣᠶᠠᠭᠤᠯᠠ ᠪᠠᠨ ᠶᠡᠬᠡ ᠪᠠᠶᠠᠷᠯᠠᠵᠤ ᠴᠠᠭᠠᠰᠢ ᠭᠡᠷ ᠲᠡᠭᠡᠨ ᠪᠤᠴᠠᠬᠤ ᠵᠠᠮ ᠳ᠋ᠠᠭᠠᠨ ᠨᠢᠭᠡᠨ ᠠᠢᠯ ᠳ᠋ᠤ᠌ ᠣᠷᠣᠵᠤ ᠬᠠᠪᠠ ᠨᠢ ᠡᠷᠳᠡᠨᠢ ᠪᠡᠨ ᠡᠮᠬᠦᠵᠦ ᠶᠠᠪᠤᠬᠤ ᠠ᠋ᠴᠠ ᠴᠢᠮᠠᠷᠬᠠᠢ ᠪᠠᠨ ᠬᠠᠭᠠᠯᠵᠤ ᠬᠢᠭᠡᠳ ᠶᠠᠪᠤᠪᠠᠯ ᠳᠡᠭᠡᠷ᠎ᠡ ᠭᠡᠵᠦ᠂ ᠤᠴᠠᠷᠠᠭᠰᠠᠨ ᠬᠡᠦᠬᠡᠳ ᠡᠴᠡ ᠬᠢᠲᠤᠭ᠎ᠠ ᠵᠡᠭᠦᠦ ᠤᠲᠠᠰᠤ ᠭᠤᠶᠤᠭᠰᠠᠨ ᠳ᠋ᠤ᠌ ᠬᠡᠦᠬᠡᠳ ᠡᠳᠡᠨ ᠢ᠋ ᠪᠠᠷᠢᠵᠤ ᠠᠪᠤᠭᠠᠳ ᠠᠷᠤᠭ ᠲᠤ᠌ ᠬᠢᠵᠦ ᠲᠠᠮᠤᠯᠠᠵᠤ ᠨᠠᠭᠠᠳᠤᠨ ᠡᠯᠳᠡᠬᠦ ᠳ᠋ᠦ᠍᠂ ᠬᠡᠦᠬᠡᠳ ᠦ᠋ᠨ ᠡᠴᠢᠭᠡ ᠡᠬᠡ ᠨᠢ ᠠᠭᠤᠷᠯᠠᠵᠤ ᠲᠠ ᠶᠠᠭᠤᠨ ᠳ᠋ᠤ᠌ ᠡᠨᠡ ᠪᠠᠭ᠎ᠠ ᠬᠥᠭᠡᠷᠦᠬᠦᠨ ᠠᠮᠢᠲᠠᠨ ᠢ᠋ ᠡᠯᠳᠡᠬᠦ ᠪᠣᠢ? ᠭᠡᠰᠡᠨ ᠳ᠋ᠦ᠍᠂ ᠬᠡᠦᠬᠡᠳ ᠡᠨᠡ ᠬᠠᠷᠢᠨ ᠰᠠᠪᠠᠭ᠎ᠠ ᠦᠭᠡᠢ ᠠᠮᠢᠲᠠᠨ ᠪᠣᠢ᠃ ᠪᠢᠳᠡᠨ ᠡᠴᠡ ᠬᠢᠲᠤᠭ᠎ᠠ ᠵᠡᠭᠦᠦ ᠤᠲᠠᠰᠤ ᠵᠢᠭᠡᠯᠡᠨ᠎ᠡ ᠭᠡᠨ᠎ᠡ ᠭᠡᠰᠡᠨ ᠳ᠋ᠦ᠍᠂ ᠠᠶ᠎ᠠ ᠬᠥᠭᠡᠷᠦᠬᠦᠢ ᠠᠮᠢᠲᠠᠨ ᠪᠠᠢᠨ᠎ᠠ᠃ ᠬᠢᠲᠤᠭ᠎ᠠ ᠵᠡᠭᠦᠦ ᠤᠲᠠᠰᠤ ᠥᠭ ᠭᠡᠵᠦ ᠥᠭᠭᠦᠭᠰᠡᠨ ᠳ᠋ᠦ᠍᠂ ᠬᠠᠪᠠ ᠨᠢ ᠴᠢᠮᠠᠷᠬᠠᠢ ᠪᠠᠨ ᠣᠭᠲᠣᠯᠵᠤ ᠴᠢᠨᠳᠠᠮᠤᠨᠢ ᠡᠷᠳᠡᠨᠢ ᠪᠡᠨ ᠬᠢᠵᠦ ᠣᠶᠣᠭᠠᠳ ᠬᠡᠦᠬᠡᠳ ᠦ᠋ᠨ ᠡᠴᠢᠭᠡ ᠡᠬᠡ ᠳ᠋ᠦ᠍ ᠲᠠᠯᠠᠷᠬᠠᠵᠤ ᠴᠢᠨᠠᠭᠰᠢ ᠪᠠᠨ ᠶᠠᠪᠤᠵᠤ᠂ ᠭᠡᠷ ᠲᠡᠭᠡᠨ ᠬᠠᠷᠢᠵᠤ ᠢᠷᠡᠪᠡ᠃ ᠲᠡᠷᠡ ᠦᠶᠡᠰ ᠲᠦ᠍ ᠡᠵᠡᠨ ᠨᠢ ᠡᠬᠡᠨᠡᠷ ᠲᠡᠢ ᠪᠡᠨ ᠬᠣᠶᠠᠭᠤᠯᠠ ᠪᠠᠨ ᠡᠳᠡ ᠬᠣᠶᠠᠷ ᠢ᠋ ᠦᠬᠦᠪᠡ ᠭᠡᠵᠦ ᠰᠡᠳᠬᠢᠯ ᠵᠣᠪᠠᠵᠤ᠂ ᠪᠠᠰᠠ ᠠᠮᠢᠳᠤᠷᠠᠯ ᠨᠢ ᠬᠦᠷᠬᠦ ᠦᠭᠡᠢ ᠳ᠋ᠦ᠍ ᠭᠠᠴᠢᠭᠳᠠᠨ ᠪᠠᠢᠭᠰᠠᠨ ᠳ᠋ᠤ᠌ ᠬᠠᠪᠠ ᠮᠤᠤᠷ ᠨᠢ ᠠᠮᠢᠳᠤ ᠴᠢᠨᠳᠠᠮᠤᠨᠢ ᠡᠷᠳᠡᠨᠢ ᠪᠡᠨ ᠡᠵᠡᠨ ᠳ᠋ᠡᠭᠡᠨ ᠭᠠᠷᠭᠠᠵᠤ ᠥᠭᠪᠡ ᠭᠡᠨ᠎ᠡ᠃
ᠴᠢᠩᠭᠢᠭᠡᠳ ᠡᠵᠡᠨ ᠨᠢ ᠠᠮᠢᠳᠤ ᠴᠢᠨᠳᠠᠮᠤᠨᠢ ᠡᠷᠳᠡᠨᠢ ᠪᠠᠰᠠ ᠠᠷᠠᠳ ᠪᠢᠳᠡᠨ ᠳ᠋ᠦ᠍ ᠣᠯᠳᠠᠬᠤ ᠠᠵᠢ ᠭᠡᠵᠦ ᠡᠷᠳᠡᠨᠢ ᠪᠡᠷ ᠶᠠᠭᠤ ᠪᠦᠲᠦᠭᠡᠶ᠎ᠡ ᠭᠡᠪᠡᠯ ᠲᠡᠭᠦᠨ ᠢ᠋ ᠪᠡᠨ ᠪᠦᠲᠦᠭᠡᠵᠦ᠂ ᠠᠮᠤᠷ ᠰᠠᠢᠬᠠᠨ ᠢ᠋ᠶ᠋ᠠᠷ ᠳᠥᠷᠪᠡᠭᠦᠯᠡ ᠪᠡᠨ ᠵᠢᠷᠭᠠᠨ ᠠᠮᠢᠳᠤᠷᠠᠪᠠ ᠭᠡᠨ᠎ᠡ᠃
※ ᠦᠰᠦᠭ ᠠᠮᠢᠯᠠᠭᠤᠯᠤᠭᠴᠢ᠄ ᠬᠡᠯᠡᠰᠣᠶᠣᠯ( ᠪᠤᠤ ᠸᠧᠨ ᠬᠤᠸᠠ)᠂ ᠤᠷᠠᠨᠴᠢᠮᠡᠭ᠂ ᠪᠠᠶᠠᠨᠴᠡᠴᠡᠭ᠂
ᠨᠠᠷᠠᠨᠲᠤᠶᠠᠭ᠎ᠠ᠂ ᠡᠭᠦᠯᠡᠩᠬᠤᠸᠠᠷ᠂ ᠠᠯᠲᠠᠨᠴᠢᠮᠡᠭ᠂ ᠣᠶᠤᠨᠴᠢᠮᠡᠭ᠂
ᠪᠠᠢ·ᠰᠠᠷᠠᠨ᠎ᠠ᠂ ᠬᠡᠷᠡᠢᠳ·ᠮᠥᠩᠬᠡᠨᠠᠰᠤᠨ᠂ ᠮᠥᠩᠭᠥᠨ
※ ᠬᠢᠨᠠᠭᠴᠢ᠄ ᠣᠳᠬᠠᠨᠰᠣ᠎ᠠ᠂ ᠪᠠᠯ᠂ ᠡᠭᠦᠯᠡᠩᠬᠤᠸᠠᠷ᠂ ᠤᠷᠠᠨᠴᠢᠮᠡᠭ᠂ ᠭᠠᠷᠮ᠎ᠠ᠂ ᠰᠡᠬᠡᠭᠡᠷᠡᠯ᠂
ᠨᠠᠷᠠᠨ᠂ ᠪᠠᠯᠤᠰᠦᠭ᠂ ᠬᠡᠯᠡᠰᠣᠶᠣᠯ
