ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠬᠣᠶᠠᠳᠤᠭᠠᠷ ᠪᠦᠯᠦᠭ 〔ᠠᠷᠪᠠᠨ ᠭᠤᠷᠪᠠ〕 Цаг төрийн үймээн – Д ᠂ Намдаг - Цаг төрийн үймээн ᠂ хоёрдугаар бүлэг -13 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠬᠣᠶᠠᠳᠤᠭᠠᠷ ᠪᠦᠯᠦᠭ 〔ᠠᠷᠪᠠᠨ ᠭᠤᠷᠪᠠ〕 Цаг төрийн үймээн – Д ᠂ Намдаг - Цаг төрийн үймээн ᠂ хоёрдугаар бүлэг -13

ᠴᠠᠭ ᠲᠥᠷᠥ ᠶᠢᠨ ᠦᠢᠮᠡᠭᠡᠨ – ᠳ᠋᠂ ᠨᠠᠮᠲᠠᠭ- ᠴᠠᠭ ᠲᠥᠷᠥ ᠶᠢᠨ ᠦᠢᠮᠡᠭᠡᠨ᠂ᠬᠣᠶᠠᠳᠤᠭᠠᠷ ᠪᠦᠯᠦᠭ 〔ᠠᠷᠪᠠᠨ ᠭᠤᠷᠪᠠ〕 Цаг төрийн үймээн – Д ᠂ Намдаг - Цаг төрийн үймээн ᠂ хоёрдугаар бүлэг -13

ᠠᠩᠭᠢᠯᠠᠯ:ᠲᠤᠭᠤᠵᠢ ᠷᠣᠮᠠᠨ
2025-11-28

172

ᠭᠡᠷ ᠤᠨ ᠡᠵᠡᠨ


       ᠶᠠᠳᠠᠭᠤ ᠲᠠᠷᠢᠶᠠᠴᠢᠨ ᠯᠤᠤ ᠯᠢ ᠬᠤᠪᠢ ᠶ᠋ᠢᠨ ᠪᠢᠴᠢᠬᠠᠨ ᠭᠠᠵᠠᠷ ᠳᠡᠭᠡᠷ᠎ᠡ ᠵᠢᠭᠠᠯ ᠵᠤᠭ᠎ᠠ ᠶᠠᠭᠤᠮ᠎ᠠ ᠲᠠᠷᠢᠭᠰᠠᠨ ᠢ᠋ᠶ᠋ᠠᠨ ᠠᠯᠢ ᠬᠡᠳᠦᠢᠨ ᠬᠣᠷᠢᠶᠠᠨ ᠠᠪᠴᠤ ᠳᠠᠭᠤᠰᠴᠠᠢ᠃ ᠲᠡᠷᠡ ᠨᠢ ᠪᠦᠬᠦ ᠭᠡᠷ  ᠪᠦᠯᠢ ᠶ᠋ᠢᠨ ᠬᠢᠨ ᠦ᠌ ᠪᠦᠲᠦᠨ ᠵᠢᠯ ᠦ᠋ᠨ ᠲᠡᠵᠢᠭᠡᠯ ᠳ᠋ᠦ᠍ ᠬᠡᠷᠬᠢᠪᠡᠴᠦ ᠦᠯᠦ ᠬᠦᠷᠬᠦ ᠤᠴᠢᠷ᠂ ᠵᠡᠷᠭᠡᠯᠡᠳᠡᠭᠡ ᠲᠣᠰᠬᠣᠨ ᠤ᠋ ᠨᠢᠭᠡᠨ ᠪᠠᠶᠠᠨ ᠤ᠋ ᠳ᠋ᠤ᠌ ᠣᠴᠢᠵᠤ ᠠᠵᠢᠯᠯᠠᠨ ᠦᠢᠯᠡ ᠪᠡᠨ ᠦᠵᠡᠳᠡᠭ ᠠᠵᠢ᠃  ᠬᠢᠬᠦ ᠶᠠᠭᠤᠮ᠎ᠠ ᠨᠢ ᠶᠡᠷᠦ ᠬᠥᠩᠭᠡᠨ ᠪᠢᠰᠢ᠃ ᠲᠠᠷᠢᠶᠠᠨ ᠪᠤᠳᠠᠭ᠎ᠠ ᠴᠣᠬᠢᠵᠤ ᠴᠠᠢᠷᠠᠭᠤᠯᠬᠤ᠂ ᠲᠡᠭᠡᠷᠡᠮ᠎ᠡ ᠳ᠋ᠦ᠍ ᠬᠠᠷ᠎ᠠ ᠬᠥᠯᠥᠰᠥ ᠪᠡᠨ ᠰᠢᠪᠬᠠᠨ ᠪᠡᠶ᠎ᠡ ᠪᠡᠷ ᠵᠢᠳᠬᠦᠨ ᠭᠤᠯᠢᠷ ᠪᠣᠯᠪᠠᠰᠤᠷᠠᠭᠤᠯᠬᠤ ᠵᠡᠷᠭᠡ ᠨᠦᠰᠡᠷ ᠠᠵᠢᠯ ᠠ᠋ᠴᠠ ᠠᠪᠤᠭᠠᠳ ᠬᠠᠮᠤᠭ ᠤ᠋ᠨ ᠬᠥᠩᠭᠡᠨ ᠨᠢ ᠭᠡᠬᠦ ᠳ᠋ᠦ᠍ ᠰᠠᠪᠠ ᠰᠢᠭᠤᠳᠠᠢ ᠰᠡᠯᠪᠢᠨ ᠨᠥᠬᠥᠬᠦ ᠪᠠᠢᠯ᠎ᠠ᠃ ᠡᠨᠡ ᠲᠣᠰᠬᠣᠨ ᠯᠤᠤ ᠯᠢ ᠶ᠋ᠢᠨ ᠲᠣᠰᠬᠣᠨ ᠠ᠋ᠴᠠ ᠭᠤᠷᠪᠠᠨ ᠮᠣᠳᠣ ᠵᠠᠢᠲᠠᠢ ᠪᠥᠭᠡᠳ ᠯᠤᠤ ᠯᠢ ᠦᠷ ᠦ᠋ᠨ ᠰᠢᠷ᠎ᠠ ᠭᠡᠭᠡ ᠲᠡᠢ ᠤᠷᠤᠯᠳᠤᠨ ᠣᠴᠢᠭᠠᠳ ᠣᠷᠣᠢ ᠶ᠋ᠢᠨ ᠨᠠᠷᠠ ᠵᠢᠷᠭᠠᠯᠲᠠ ᠪᠠᠷ ᠭᠡᠷ ᠦ᠋ᠨ ᠵᠦᠭ ᠬᠠᠨᠳᠤᠨ᠎ᠠ᠃ ᠥᠨᠥᠳᠥᠷ ᠬᠠᠷᠢᠨ ᠨᠠᠷᠠ ᠵᠢᠷᠭᠠᠬᠤ ᠶᠠᠭᠠᠬᠢᠭ᠎ᠠ ᠴᠤ᠌ ᠦᠭᠡᠢ ᠪᠠᠢᠬᠤ ᠳ᠋ᠤ᠌ ᠪᠤᠴᠠᠵᠠᠢ᠃ ᠵᠠᠮ ᠵᠠᠭᠤᠷ᠎ᠠ ᠯᠤᠤ ᠯᠢ᠂ ᠠ᠋ ᠳᠠ ᠢᠳᠡᠷ᠂ ᠵᠠᠯᠠᠭᠤ ᠪᠠᠢᠬᠤ ᠳ᠋ᠤ᠌ ᠶᠠᠭᠠᠬᠢᠭᠰᠠᠨ ᠰᠠᠢᠬᠠᠨ ᠪᠠᠢᠭ᠎ᠠ ᠪᠣᠢ? ᠡᠨᠡ ᠬᠣᠭᠣᠷᠣᠨᠳᠣ ᠴᠢᠨᠢ ᠪᠢ ᠡᠳᠦᠷ ᠲᠡᠭᠡᠨ ᠠᠷᠪᠠᠨ ᠭᠤᠷᠪᠠ ᠭᠦᠶᠦᠬᠦ ᠶ᠋ᠢ ᠵᠤᠭ᠎ᠠ ᠴᠡᠩᠭᠡᠯ ᠳ᠋ᠦ᠍ ᠪᠣᠳᠣᠳᠠᠭ ᠪᠠᠢᠭᠰᠠᠨ ᠨᠢ ᠶᠠᠭᠤ ᠪᠣᠢ? ᠭᠡᠵᠦ ᠪᠣᠳᠣᠯ᠎ᠠ᠃ 
       ᠡᠨᠡ ᠬᠥᠮᠦᠨ ᠲᠥᠷᠥᠯᠬᠢ ᠶ᠋ᠢᠨ ᠨᠢᠷᠤᠭᠤ ᠵᠢᠭᠠᠬᠠᠨ ᠪᠥᠭᠲᠥᠷ᠂ ᠲᠡᠭᠦᠨ ᠦ᠌ ᠪᠡᠨ ᠳᠡᠭᠡᠷ᠎ᠡ ᠤᠯᠠᠮ ᠪᠥᠬᠥᠢᠨ ᠭᠠᠵᠠᠷ ᠰᠢᠷᠲᠡᠨ᠎ᠡ᠃ ᠵᠤᠵᠠᠭᠠᠨ ᠬᠥᠪᠥᠩ ᠲᠡᠢ ᠪᠠᠷᠠᠭᠠᠷ ᠥᠮᠥᠳᠥᠨ ᠳ᠋ᠡᠭᠡᠨ ᠳᠦᠭᠦᠷᠳᠡᠭᠰᠡᠨ ᠮᠡᠲᠦ᠃ ᠣᠯᠠᠨ ᠳᠠᠪᠬᠤᠷ ᠳᠠᠪᠤᠤ ᠰᠢᠷᠠᠮᠠᠯ ᠬᠦᠨᠳᠦ ᠱᠠᠬᠠᠢ ᠪᠠᠨ ᠣᠢᠷᠠᠬᠠᠨ ᠪᠥᠭᠡᠳ ᠤᠳᠠᠭᠠᠨ ᠢ᠋ᠶ᠋ᠠᠷ ᠵᠥᠭᠡᠭᠡᠵᠦ ᠲᠠᠯᠪᠢᠨ ᠰᠠᠵᠢᠯᠠᠨ᠎ᠠ᠃ ᠡᠢᠨᠬᠦ ᠪᠡᠶ᠎ᠡ ᠶᠠᠳᠠᠷᠠᠭᠰᠠᠨ ᠤ᠋ ᠬᠢᠷᠢ ᠪᠡᠷ ᠤᠬᠠᠭᠠᠨ ᠰᠠᠨᠠᠭ᠎ᠠ ᠰᠤᠯᠠᠷᠠᠭᠰᠠᠨ ᠠᠵᠢ᠃ ᠰᠡᠳᠬᠢᠯ ᠳ᠋ᠦ᠍ᠨᠢ ᠪᠣᠳᠣᠭᠳᠠᠬᠤ ᠶᠠᠭᠤᠮ᠎ᠠ ᠶᠡᠷᠦ ᠦᠭᠡᠢ᠃ ᠵᠥᠪᠬᠡᠨ ᠲᠠᠮᠠᠬᠢ᠂ ᠲᠠᠮᠠᠬᠢ ᠶ᠋ᠢ ᠡᠨᠡ ᠬᠥᠮᠦᠨ ᠬᠡᠲᠦᠷᠬᠡᠢ ᠰᠢᠨᠤᠮᠠᠭᠠᠢ ᠲᠠᠲᠠᠬᠤ ᠠᠵᠢ᠃ ᠲᠠᠮᠠᠬᠢ ᠶ᠋ᠢ ᠠᠰᠠᠭᠠᠵᠤ ᠠᠪᠤᠩᠭᠤᠲᠠ ᠪᠠᠨ ᠤᠬᠠᠭᠠᠨ ᠵᠢᠯᠣᠭᠣ ᠦᠭᠡᠢ ᠰᠣᠷᠣᠨ᠂ ᠤᠲᠤᠭ᠎ᠠ ᠶ᠋ᠢ ᠨᠢ ᠵᠠᠯᠭᠢᠬᠤ ᠪᠠᠷ ᠪᠡᠶ᠎ᠡ ᠬᠥᠩᠭᠡᠷᠡᠨ ᠰᠠᠨᠠᠭ᠎ᠠ ᠰᠡᠷᠭᠦᠬᠦ ᠲᠡᠳᠦᠢ ᠦᠭᠡᠢ᠂ ᠡᠳᠦᠷ ᠳᠣᠳᠣᠮ ᠤ᠋ᠨ ᠢ᠋ᠶ᠋ᠠᠨ ᠬᠦᠨᠳᠦ ᠵᠠᠳᠠᠷᠠᠯ ᠢ᠋ ᠣᠷᠣ ᠮᠥᠷ ᠦᠭᠡᠢ ᠮᠠᠷᠲᠠᠨ ᠠᠮᠤᠰᠬᠢᠨ᠎ᠡ᠃ ᠡᠢᠮᠦ ᠳ᠋ᠦ᠍ ᠯᠤᠤ ᠯᠢ ᠬᠠᠮᠤᠭ ᠤ᠋ᠨ ᠳᠡᠭᠡᠳᠦ ᠵᠢᠷᠭᠠᠯ ᠤ᠋ᠨ ᠢᠳᠡᠭᠡ ᠭᠡᠵᠦ ᠦᠵᠡᠨ᠎ᠡ᠃ ᠭᠡᠪᠡᠴᠦ ᠣᠳᠣ ᠲᠠᠮᠠᠬᠢ ᠠᠯᠠᠭ᠎ᠠ᠃ ᠠᠵᠢᠯ ᠳᠡᠭᠡᠷ᠎ᠡ ᠲᠠᠮᠠᠬᠢ ᠲᠠᠢ ᠪᠠᠢᠭᠰᠠᠭᠠᠷ ᠪᠠᠢᠨ ᠪᠠᠢᠨ ᠲᠠᠲᠠᠬᠤ ᠶᠠᠪᠤᠳᠠᠯ ᠭᠠᠷᠤᠨ ᠰᠠᠭᠠᠳᠴᠦ᠂ ᠠᠪᠬᠤ ᠬᠥᠯᠥᠰᠥ ᠪᠠᠭᠠᠰᠤᠨ᠎ᠠ ᠭᠡᠵᠦ ᠯᠤᠤ ᠯᠢ ᠲᠠᠮᠠᠬᠢ ᠪᠠᠨ ᠲᠡᠨᠳᠡ ᠪᠡᠨ ᠭᠡᠷ ᠲᠡᠭᠡᠨ ᠣᠷᠬᠢᠳᠠᠭ ᠪᠠᠢᠵᠠᠢ᠃ ᠲᠡᠭᠦᠨᠴᠡ ᠪᠦᠷ ᠠᠶᠤᠯ ᠲᠠᠢ ᠶᠠᠭᠤᠮ᠎ᠠ ᠶ᠋ᠢ ᠶᠠᠭᠠᠬᠢᠵᠤ ᠮᠡᠳᠡᠬᠦ ᠪᠣᠢ? ᠡᠵᠡᠨ ᠦ᠌ ᠶᠠᠭᠤᠮᠠᠨ ᠳ᠋ᠤ᠌ ᠭᠠᠯ ᠭᠠᠷᠪᠠᠯ ᠶᠠᠭᠤᠨ ᠤ᠋ ᠲᠦᠷᠦᠭᠦᠨ ᠳ᠋ᠦ᠍ ᠪᠢ ᠲᠡᠷᠡ ᠬᠡᠷᠡᠭ ᠲᠦ᠍ ᠰᠡᠵᠢᠭᠯᠡᠭᠳᠡᠨ᠎ᠡ ᠭᠡᠵᠦ ᠪᠣᠯᠭᠣᠮᠵᠢᠯᠠᠳᠠᠭ ᠴᠤ᠌ ᠪᠠᠢᠵᠠᠢ᠃ ᠭᠠᠵᠠᠷ ᠤ᠋ᠨ ᠳᠤᠮᠳᠠ ᠬᠢᠷᠢ ᠳ᠋ᠦ᠍ ᠣᠷᠣᠵᠤ ᠢᠷᠡᠬᠦ ᠳ᠋ᠦ᠍ ᠲᠠᠮᠠᠬᠢ ᠮᠠᠷᠲᠠᠭᠳᠠᠨ ᠠᠭᠠᠭ ᠠᠮᠲᠠ ᠦᠭᠡᠢ ᠪᠣᠯᠪᠠᠴᠤ ᠬᠠᠯᠠᠭᠤᠨ ᠴᠠᠢ ᠪᠣᠳᠣᠭᠳᠠᠨ᠎ᠠ᠃ ᠠᠮᠠ ᠨᠢ ᠡᠭᠰᠢᠨ᠂ ᠬᠡᠯᠡ ᠨᠢ ᠬᠥᠰᠢᠯᠳᠦᠵᠦ᠂ ᠪᠡᠶ᠎ᠡ ᠶ᠋ᠢᠨ ᠲᠠᠩᠬᠢᠯ ᠤᠯᠠᠮ ᠳᠣᠷᠣᠢᠲᠠᠨ᠎ᠠ᠃《ᠭᠡᠷ ᠮᠠᠨᠢ ᠪᠠᠰᠠ ᠯᠠ ᠶᠠᠭᠠᠬᠢᠭ᠎ᠠ ᠴᠤ᠌ ᠦᠭᠡᠢ᠂ ᠬᠡᠵᠢᠶ᠎ᠡ ᠬᠦᠷᠦᠨ᠎ᠡ》 ᠭᠡᠬᠦ ᠡᠴᠡ ᠬᠥᠯ ᠡᠴᠡᠨ᠂ ᠵᠣᠷᠢᠭ ᠰᠢᠨᠲᠠᠷᠠᠨ᠎ᠠ᠃ ᠭᠡᠲᠡᠯ᠎ᠡ ᠴᠠᠢ ᠮᠠᠷᠲᠠᠭᠳᠠᠨ ᠬᠠᠨᠵᠤᠨ ᠳᠡᠭᠡᠷ᠎ᠡ ᠬᠡᠪᠲᠡᠨ ᠠᠮᠠᠷᠠᠬᠤ ᠯᠠ ᠮᠥᠷᠥᠭᠡᠳᠥᠭᠳᠡᠪᠡ᠃ ᠲᠡᠭᠡᠭᠡᠳ ᠭᠡᠷ ᠦ᠋ᠨ ᠡᠮᠦᠨ᠎ᠡ ᠢᠷᠡᠬᠦ ᠳ᠋ᠦ᠍ ᠲᠠᠮᠠᠬᠢ᠂ ᠴᠠᠢ᠂ ᠬᠠᠨᠵᠤ  ᠭᠤᠷᠪᠠᠭᠤᠯᠠ ᠪᠠᠨ ᠨᠢᠭᠡ ᠵᠡᠷᠭᠡ ᠪᠤᠳᠤᠭᠳᠠᠨ ᠰᠠᠨᠳᠤᠷᠭᠠᠪᠠ᠃ ᠬᠠᠷᠢᠭᠤ ᠳ᠋ᠤᠨᠢ ᠯᠤᠤ ᠯᠢ ᠨᠢᠭᠡᠨᠲᠡ ᠭᠠᠳᠠᠨ᠎ᠠ ᠪᠠᠨ ᠢᠷᠡᠭᠰᠡᠨ ᠡᠴᠡ ᠬᠣᠢᠰᠢ ᠪᠦᠭᠦᠳᠡ ᠪᠡᠯᠡᠨ ᠰᠢᠦ ᠳᠡ ᠭᠡᠵᠦ ᠰᠡᠳᠬᠢᠯ ᠢ᠋ᠶ᠋ᠡᠨ ᠠᠷᠭᠠᠳᠠᠨ ᠳᠣᠲᠣᠭᠰᠢ ᠪᠠᠨ ᠣᠷᠣᠪᠠ᠃ ᠡᠮᠦᠨ᠎ᠡ ᠡᠴᠡ ᠨᠢ ᠠᠪᠠᠭᠠᠢ᠄ ᠠ᠋ ᠭᠡᠵᠦ ᠤᠤᠯᠭᠠᠯᠠᠨ᠂ 
       — ᠠᠰᠢᠭᠦᠢ ᠴᠢ ᠢᠷᠡᠪᠡᠦ? ᠪᠢ ᠴᠢᠮᠠᠶ᠋ᠢ ᠱᠠᠯᠠᠪᠬᠠᠨ ᠢᠷᠡᠭᠡᠰᠡᠢ ᠭᠡᠵᠦ ᠬᠦᠰᠡᠵᠦ ᠪᠠᠢᠯ᠎ᠠ ᠭᠡᠵᠦ ᠢᠨᠢᠶᠡᠨ ᠤᠭᠲᠤᠪᠠ᠃ ᠤᠷᠢᠳᠤ ᠡᠮᠦᠨ᠎ᠡ ᠪᠣᠯ ᠠᠪᠠᠭᠠᠢ ᠨᠢ ᠲᠠᠩᠳᠠ ᠣᠢ ᠭᠠᠰᠢᠭᠤᠨ᠂ ᠭᠣᠣᠯ ᠲᠥᠯᠥᠪ ᠠᠯᠳᠠᠭᠳᠠᠭᠰᠠᠨ ᠦᠷ᠎ᠡ ᠬᠡᠦᠬᠡᠳ ᠢ᠋ᠶ᠋ᠡᠨ ᠳᠤᠷᠠᠰᠤᠨ ᠤᠬᠢᠯᠠᠭᠠᠨ  ᠤᠨᠵᠠᠭᠠᠨ ᠪᠣᠯᠤᠨ ᠰᠠᠭᠤᠵᠤ ᠪᠠᠢᠳᠠᠭ ᠪᠠᠢᠵᠠᠢ᠃ ᠥᠨᠥᠳᠥᠷ ᠲᠤᠩ ᠥᠭᠡᠷ᠎ᠡ ᠪᠠᠢᠭ᠎ᠠ ᠳ᠋ᠤ᠌ ᠯᠤᠤ ᠯᠢ ᠰᠡᠳᠬᠢᠯ ᠬᠠᠴᠢᠨ ᠪᠣᠯᠤᠨ ᠥᠨᠥᠬᠢ ᠬᠦᠰᠡᠨ ᠮᠥᠷᠥᠭᠡᠳᠴᠦ ᠪᠠᠢᠭᠰᠠᠨ ᠢ᠋ᠶ᠋ᠠᠨ ᠪᠦᠭᠦᠳᠡ ᠶ᠋ᠢ ᠮᠠᠷᠲᠠᠪᠠ᠃ 
       — ᠪᠢ ᠥᠨᠥᠳᠥᠷ ᠲᠡᠭᠡᠷᠡᠮ᠎ᠡ ᠳ᠋ᠦ᠍ ᠵᠢᠳᠬᠦᠨ ᠶᠠᠳᠠᠷᠠᠭᠠᠳ ᠡᠷᠲᠡ ᠢᠷᠡᠯ᠎ᠡ᠂ ᠴᠢ ᠶᠠᠭᠤ ᠪᠣᠯᠪᠠ? ᠶᠠᠭᠤᠨ ᠳ᠋ᠤ᠌ ᠨᠠᠮᠠᠶ᠋ᠢ ᠬᠦᠯᠢᠶᠡᠭᠡ ᠪᠣᠢ? ᠭᠡᠳ ᠨᠥᠬᠥᠷ ᠨᠢ ᠬᠠᠨᠵᠤᠨ ᠳᠡᠭᠡᠷ᠎ᠡ ᠪᠡᠨ ᠰᠠᠭᠤᠪᠠ᠃ ᠡᠬᠡᠨᠡᠷ ᠦ᠋ᠨ ᠢ᠋ᠶ᠋ᠡᠨ ᠭᠠᠩᠰᠠ ᠲᠠᠮᠠᠬᠢ ᠠᠪᠴᠤ ᠥᠭᠬᠦ ᠶ᠋ᠢ ᠳᠠᠳᠤᠭᠰᠠᠨ ᠵᠤᠷᠰᠢᠯ ᠢ᠋ᠶ᠋ᠠᠷ ᠢ᠋ᠶ᠋ᠠᠨ ᠬᠦᠯᠢᠶᠡᠨ ᠠᠪᠴᠤ ᠴᠦᠳᠡᠨᠵᠡ ᠵᠢᠷᠤᠨ ᠲᠠᠮᠠᠬᠢ ᠪᠠᠨ ᠠᠰᠠᠭᠠᠵᠠᠢ᠃ ᠠᠪᠠᠭᠠᠢ᠄ 
       — ᠳᠠᠩᠵᠢᠶᠠᠳ ᠮᠢᠨᠢ ᠥᠨᠥᠳᠥᠷ ᠮᠠᠨ ᠤ᠋ ᠨᠢᠭᠡ ᠬᠦᠦ᠁ 
       — ᠶᠠᠭᠤ ᠬᠠᠮᠢᠭᠠᠬᠢ ᠶ᠋ᠢᠨ? 
       — ᠬᠦᠦ ᠶ᠋ᠢᠨ ᠮᠢᠨᠢ ᠦᠶ᠎ᠡ ᠶ᠋ᠢᠨ ᠬᠦᠦ᠁ 
       — ᠠ᠋᠂ ᠬᠠᠮᠢᠭ᠎ᠠ ᠠ᠋ᠴᠠ ᠲᠡᠷᠡ ᠪᠣᠢ? 
       — ᠲᠡᠢᠨ ᠦ᠌ ᠭᠠᠵᠠᠷ ᠠ᠋ᠴᠠ᠁ 
       — ᠬᠠ ᠶᠠᠭᠠᠬᠢᠭᠰᠠᠨ ᠬᠠᠴᠢᠨ ᠬᠡᠷᠡᠭ ᠪᠣᠢ? 
       — ᠲᠡᠢᠮᠦ᠂ ᠨᠡᠭᠡᠷᠡᠨ ᠬᠠᠴᠢᠨ᠃ ᠭᠠᠳᠠᠭᠠᠳᠤ ᠮᠣᠩᠭᠣᠯ ᠭᠡᠨ᠎ᠡ᠃ ᠮᠠᠰᠢ ᠬᠠᠴᠢᠨ ᠰᠠᠢᠬᠠᠨ ᠢ᠋ ᠶᠠᠷᠢᠪᠠ ᠭᠡᠳ ᠠᠪᠠᠭᠠᠢ ᠳ᠋ᠠᠨᠽᠠᠨ ᠠ᠋ᠴᠠ ᠲᠤᠭᠤᠯᠤᠭᠰᠠᠨ ᠢ᠋ᠶ᠋ᠠᠨ ᠶᠠᠷᠢᠵᠤ ᠡᠬᠢᠯᠡᠪᠡ᠃ 
       ᠯᠤᠤ ᠯᠢ ᠶ᠋ᠢᠨ ᠶᠠᠳᠠᠷᠠᠯ ᠲᠠᠮᠠᠬᠢ᠂ ᠴᠠᠢ ᠬᠣᠶᠠᠷ ᠲᠠᠢ ᠪᠠᠨ ᠠᠭᠤᠯᠵᠠᠬᠤ ᠲᠠᠢ ᠪᠠᠨ ᠵᠡᠷᠭᠡ ᠠᠷᠢᠯᠤᠨ᠎ᠠ᠃ ᠡᠬᠡᠨᠡᠷ ᠦ᠋ᠨ ᠢ᠋ᠶ᠋ᠡᠨ ᠦᠭᠡ ᠶ᠋ᠢ《ᠣᠩ᠂ ᠣᠩ》 ᠬᠠᠮᠠᠷ ᠢ᠋ᠶ᠋ᠠᠷ ᠢ᠋ᠶ᠋ᠠᠨ ᠳᠣᠣᠭᠤᠷᠤᠨ ᠴᠢᠩᠨᠠᠨ᠎ᠠ᠃ ᠲᠡᠷᠡ ᠪᠦᠬᠦᠨ ᠢ᠋ ᠶᠡᠷᠦ ᠦᠨᠡᠮᠰᠢᠬᠦ ᠦᠭᠡᠢ ᠪᠠᠢᠪᠠᠴᠤ᠂ ᠬᠥᠭᠡᠷᠦᠬᠦᠢ ᠡᠬᠡᠨᠡᠷ ᠦ᠋ᠨ ᠢ᠋ᠶ᠋ᠡᠨ ᠰᠡᠳᠬᠢᠯ ᠳ᠋ᠦ᠍ ᠲᠠᠭᠠᠷᠠᠭᠤᠯᠤᠨ ᠦᠨᠡᠮᠰᠢᠬᠦ ᠪᠠᠢᠳᠠᠯ ᠦᠵᠡᠭᠦᠯᠦᠨ᠂《ᠣᠩ ᠣᠩ》 ᠭᠡᠭᠰᠡᠭᠡᠷ ᠯᠡ ᠰᠠᠭᠤᠨ᠎ᠠ᠃ ᠲᠡᠭᠦᠨ ᠦ᠌ ᠣᠷᠣᠵᠤ ᠢᠷᠡᠭᠰᠡᠭᠡᠷ ᠲᠡᠳᠦᠢ ᠯᠡ ᠶᠡᠬᠡ ᠤᠳᠠᠭ᠎ᠠ ᠦᠭᠡᠢ ᠪᠠᠢᠬᠤ ᠳ᠋ᠤ᠌ ᠪᠢᠴᠢᠬᠠᠨ ᠪᠠᠢᠰᠢᠩ ᠨᠢ ᠲᠠᠮᠠᠬᠢᠨ ᠤ᠋ ᠤᠲᠤᠭ᠎ᠠ ᠪᠠᠷ ᠳᠦᠭᠦᠷᠴᠦ᠂ ᠳᠠᠭᠠᠵᠠᠨ ᠤ᠋ ᠪᠣᠷᠣᠯᠠᠭᠰᠠᠨ ᠮᠣᠣᠲᠸᠦ ᠴᠠᠭᠠᠰᠤ ᠦᠵᠡᠭᠳᠡᠬᠦ ᠲᠡᠢ ᠦᠭᠡᠢ ᠲᠡᠢ ᠪᠣᠯᠵᠠᠢ᠃ ᠲᠠᠮᠠᠬᠢᠨ ᠤ᠋ ᠤᠲᠤᠭ᠎ᠠ ᠬᠡᠳᠦ ᠮᠠᠨᠠᠷᠠᠨ ᠨᠢᠭᠡᠨ ᠪᠤᠯᠤᠩ ᠠ᠋ᠴᠠ ᠨᠥᠭᠦᠭᠡ ᠪᠤᠯᠤᠩ ᠤ᠋ᠨ ᠶᠠᠭᠤᠮ᠎ᠠ ᠬᠠᠷᠠᠭᠳᠠᠬᠤ ᠦᠭᠡᠢ ᠪᠣᠯᠵᠤ ᠪᠠᠢᠬᠤ ᠳ᠋ᠤ᠌᠂ ᠳ᠋ᠠᠨᠽᠠᠨ ᠣᠷᠣᠵᠤ ᠢᠷᠡᠪᠡ᠃ ᠯᠤᠤ ᠯᠢ ᠶᠠᠭᠠᠷᠠᠨ ᠪᠣᠰᠴᠤ ᠠᠮᠤᠷ ᠡᠷᠢᠭᠡᠳ᠂ ᠬᠠᠨᠵᠤᠨ ᠳ᠋ᠠᠬᠢ ᠰᠢᠷᠡᠭᠡᠨ ᠦ᠌ ᠪᠡᠨ ᠨᠥᠭᠦᠭᠡ ᠲᠠᠯ᠎ᠠ ᠳ᠋ᠤ᠌ ᠰᠠᠭᠤᠯᠭᠠᠪᠠ᠃ ᠶᠠᠭᠤᠨ ᠤ᠋ ᠤᠷᠢᠳ ᠳ᠋ᠠᠨᠽᠠᠨ ᠲᠡᠭᠦᠨ ᠦ᠌ ᠲᠣᠯᠣᠭᠠᠢ ᠳ᠋ᠠᠭᠠᠨ ᠣᠷᠢᠶᠠᠭᠰᠠᠨ ᠨᠠᠷᠢᠨ ᠰᠦᠯᠵᠢᠮᠡᠯ ᠭᠡᠵᠢᠭᠡ᠂ ᠮᠠᠩᠨᠠᠢ ᠶ᠋ᠢᠨ ᠬᠢᠨᠢ ᠣᠯᠠᠨ ᠳᠠᠪᠬᠤᠷ ᠦᠷᠴᠢᠯᠡᠭᠡᠰᠦ ᠨᠢᠭᠤᠷ ᠤ᠋ᠨ ᠬᠢᠨᠢ ᠬᠥᠯᠥᠰᠥᠨ ᠳ᠋ᠦ᠍ ᠲᠦᠯᠡᠭᠳᠡᠭᠰᠡᠨ ᠮᠡᠲᠦ ᠶ᠋ᠢᠨ ᠰᠢᠷᠠᠩᠭᠤᠢ ᠶ᠋ᠢ ᠠᠵᠢᠭᠯᠠᠨ ᠲᠠᠪᠢ ᠭᠠᠷᠤᠢ ᠨᠠᠰᠤ ᠲᠠᠢ ᠪᠣᠯᠪᠠ ᠤᠤ ᠭᠡᠵᠦ ᠳᠣᠲᠣᠷ᠎ᠠ ᠪᠠᠨ ᠳᠠᠭᠠᠪᠤᠷᠢᠯᠠᠪᠠ᠃ ᠲᠡᠭᠡᠭᠡᠳ ᠬᠡᠯᠡᠬᠦ ᠦᠭᠡ ᠪᠦᠷᠢ ᠶ᠋ᠢ ᠣᠩ ᠣᠩ ᠳᠤᠤᠭᠠᠷᠤᠨ ᠬᠦᠯᠢᠶᠡᠨ ᠠᠪᠬᠤ᠂ ᠥᠪᠡᠷ ᠦ᠋ᠨ ᠬᠢ ᠳᠡᠭᠡᠷ᠎ᠡ ᠪᠡᠨ ᠪᠣᠯᠬᠣᠷ ᠲᠠᠮᠠᠬᠢᠨ ᠳ᠋ᠤ᠌ ᠬᠡᠳᠦ ᠰᠢᠷᠠᠯᠠᠭᠰᠠᠨ ᠡᠭᠦᠳᠡᠨ ᠰᠢᠲᠦ ᠪᠡᠨ ᠵᠣᠷᠢᠭᠤᠳᠠ ᠦᠵᠡᠭᠦᠯᠦᠨ ᠢᠨᠢᠶᠡᠮᠰᠦᠭᠯᠡᠬᠦ ᠳ᠋ᠦ᠍ᠨᠢ ᠳ᠋ᠠᠨᠽᠠᠨ《ᠠ᠋ ᠴᠢ ᠪᠣᠯᠭᠣᠮᠵᠢᠯᠠ!》 ᠭᠡᠵᠦ ᠥᠪᠡᠷᠲᠡᠭᠡᠨ ᠵᠠᠬᠢᠨ᠎ᠠ᠃ ᠯᠤᠤ ᠯᠢ ᠡᠬᠡᠨᠡᠷ ᠦ᠋ᠨ ᠢ᠋ᠶ᠋ᠡᠨ ᠶᠠᠷᠢᠭᠰᠠᠨ ᠠ᠋ᠴᠠ ᠳ᠋ᠠᠨᠽᠠᠨ ᠤ᠋ ᠬᠤᠳᠠᠯ ᠶᠠᠷᠢᠭᠰᠠᠨ ᠢ᠋ ᠰᠠᠢᠨ ᠮᠡᠳᠡᠵᠦ ᠪᠠᠢᠭ᠎ᠠ ᠪᠥᠭᠡᠳ ᠣᠳᠣ ᠨᠢᠭᠤᠷ ᠤᠴᠠᠷᠠᠭᠰᠠᠨ ᠤ᠋ ᠬᠤᠪᠢ ᠳ᠋ᠤ᠌ ᠦᠨᠡᠨ ᠢ᠋ ᠬᠡᠷᠬᠢᠨ ᠣᠯᠬᠤ ᠪᠢᠯᠡ ᠭᠡᠬᠦ ᠳ᠋ᠡᠭᠡᠨ ᠦᠨᠡᠭᠡᠨ ᠵᠠᠯᠢ ᠭᠠᠷᠭᠠᠬᠤ ᠶ᠋ᠢ ᠪᠣᠳᠣᠨ᠎ᠠ᠃ 
       — ᠵᠠ ᠴᠢ ᠲᠡᠭᠡᠭᠡᠳ ᠶᠠᠳᠠᠷᠠᠵᠤ ᠶᠠᠪᠤᠨ᠎ᠠ ᠤᠤ? 
       — ᠦᠭᠡᠢ ᠠ᠋᠂ ᠶᠡᠷᠦ ᠶᠠᠳᠠᠷᠠᠭᠰᠠᠨ ᠵᠦᠢᠯ ᠦᠭᠡᠢ ᠭᠡᠬᠦ ᠳ᠋ᠦ᠍᠂ ᠯᠤᠤ ᠯᠢ ᠳ᠋ᠠᠨᠽᠠᠨ ᠤ᠋ ᠦᠨᠡᠨ ᠢ᠋ᠶ᠋ᠡᠨ ᠶᠠᠷᠢᠬᠤ ᠶ᠋ᠢ ᠶᠡᠬᠡᠳᠡ ᠴᠡᠭᠡᠷᠯᠡᠵᠦ ᠪᠠᠢᠭ᠎ᠠ ᠶ᠋ᠢ ᠲᠣᠳᠣᠷᠬᠠᠢ ᠮᠡᠳᠡᠪᠡ᠃ 
       — ᠶᠠᠳᠠᠷᠠᠭ᠎ᠠ ᠦᠭᠡᠢ ᠪᠣᠯ ᠮᠠᠰᠢ ᠰᠠᠢᠨ ᠭᠡᠵᠦ ᠢᠨᠢᠶᠡᠮᠰᠦᠭᠯᠡᠭᠡᠳ ᠮᠠᠨ ᠤ᠋ ᠡᠬᠡᠨᠡᠷ ᠨᠠᠳᠠ ᠳ᠋ᠤ᠌ ᠶᠠᠷᠢᠬᠤ ᠳ᠋ᠠᠭᠠᠨ ᠴᠢᠮᠠᠶ᠋ᠢ ᠴᠡᠷᠢᠭ ᠲᠦ᠍ ᠪᠠᠷᠢᠭᠳᠠᠭᠰᠠᠨ ᠬᠥᠮᠦᠨ ᠭᠡᠵᠦ ᠶᠠᠷᠢᠭᠰᠠᠨ᠃ ᠲᠡᠳᠡᠨ ᠦ᠌ ᠪᠠᠷᠢᠭᠳᠠᠬᠤ ᠪᠣᠯ ᠦᠬᠦᠯ ᠳ᠋ᠦ᠍ ᠤᠨᠠᠯ᠎ᠠ ᠭᠡᠰᠡᠨ ᠦᠭᠡ ᠭᠡᠳ ᠯᠤᠤ ᠯᠢ ᠶᠠᠭᠤ ᠭᠡᠵᠦ ᠬᠡᠯᠡᠬᠦ ᠶ᠋ᠢ ᠨᠢ ᠬᠦᠯᠢᠶᠡᠪᠡ᠃ ᠭᠡᠲᠡᠯ᠎ᠡ ᠠᠪᠠᠭᠠᠢ ᠨᠢ ᠵᠤᠤᠬᠠᠨ ᠤ᠋ ᠪᠠᠨ ᠲᠡᠨᠳᠡ ᠡᠴᠡ᠄
       — ᠳᠠᠩᠵᠢᠶᠠᠳ ᠮᠢᠨᠢ᠂ ᠴᠢ ᠲᠡᠷᠡ ᠴᠡᠷᠢᠭ ᠲᠡᠢᠨ ᠦ᠌ ᠭᠠᠵᠠᠷ ᠶᠠᠮᠠᠷ ᠪᠠᠢᠭ᠎ᠠ ᠶ᠋ᠢ ᠠᠰᠠᠭᠤᠭᠠᠴᠢ! ᠪᠢ ᠳᠠᠬᠢᠨ ᠲᠤᠭᠤᠯᠬᠤ ᠶ᠋ᠢ ᠬᠦᠰᠡᠵᠦ ᠪᠠᠢᠨ᠎ᠠ᠃ ᠯᠤᠤ ᠯᠢ《ᠬᠡ》 ᠭᠡᠵᠦ ᠤᠴᠠᠭᠠᠷᠯᠠᠨ᠂ 
       — ᠡᠬᠡᠨᠡᠷ ᠮᠢᠨᠢ ᠲᠡᠭᠦᠨ ᠢ᠋ ᠡᠨᠡ ᠬᠦᠦ ᠲᠦᠷᠦᠭᠦᠨ ᠴᠢᠮ᠎ᠠ ᠳ᠋ᠤ᠌ ᠲᠣᠳᠣᠷᠬᠠᠢ ᠶᠠᠷᠢᠭᠰᠠᠨ ᠪᠢᠰᠢᠦ? ᠳᠠᠷᠠᠭ᠎ᠠ ᠨᠢ ᠴᠢ ᠨᠠᠳᠠ ᠶᠠᠷᠢᠭᠰᠠᠨ ᠪᠣᠯᠬᠣᠷ ᠳᠠᠬᠢᠨ ᠳᠠᠪᠲᠠᠨ ᠶᠠᠷᠢᠭᠠᠳ ᠪᠠᠢᠬᠤ ᠶ᠋ᠢᠨ ᠬᠡᠷᠡᠭ ᠠᠯᠠᠭ᠎ᠠ ᠭᠡᠳ ᠳ᠋ᠠᠨᠽᠠᠨ ᠤᠷᠤᠭᠤ ᠢᠨᠢᠶᠡᠮᠰᠦᠭᠯᠡᠨ ᠬᠠᠨᠳᠤᠵᠤ᠄ 
       — ᠬᠦᠦ ᠴᠢ ᠮᠠᠨ ᠤ᠋ ᠳ᠋ᠤ᠌ ᠨᠢᠭᠡ ᠲᠡᠮᠡᠭᠡ ᠥᠭᠬᠦ ᠭᠡᠰᠡᠨ ᠭᠡᠯ᠎ᠡ ᠤᠤ? 
       — ᠲᠡᠢᠮᠦ ᠠ᠋᠂ ᠥᠭᠭᠦᠶ᠎ᠡ ᠭᠡᠰᠡᠨ᠃ 
       — ᠲᠡᠮᠡᠭᠡ ᠪᠡᠨ ᠪᠤᠰᠤᠳ ᠲᠤ ᠵᠦᠭᠡᠷ ᠥᠭᠭᠦᠨ᠎ᠡ ᠭᠡᠳᠡᠭ ᠴᠢᠨᠢ ᠶᠠᠭᠤ ᠭᠡᠰᠡᠨ ᠦᠭᠡ ᠪᠣᠢ? ᠭᠡᠵᠦ ᠭᠠᠢᠬᠠᠭᠰᠠᠨ ᠴᠢᠷᠠᠢ ᠪᠠᠷ ᠳ᠋ᠠᠨᠽᠠᠨ ᠢ᠋ ᠰᠢᠷᠳᠡᠪᠡ᠃ 
       — ᠲᠡᠷᠡ ᠬᠠᠮᠢᠶ᠎ᠠ ᠦᠭᠡᠢ ᠠ᠋᠂ ᠶᠠᠳᠠᠷᠠᠯ ᠤ᠋ᠨ ᠲᠤᠢᠯ ᠳ᠋ᠤ᠌ ᠬᠦᠷᠦᠭᠰᠡᠨ ᠮᠠᠭᠤ ᠲᠡᠮᠡᠭᠡ᠂ ᠬᠠᠷᠢᠨ ᠲᠠᠨ ᠤ᠋ ᠳ᠋ᠤ᠌ ᠭᠠᠢ ᠪᠣᠯᠵᠤ ᠮᠠᠭᠠᠳ᠃ 
       — ᠣᠢᠯᠠᠭᠠᠯ᠎ᠠ᠃ ᠭᠡᠪᠡᠴᠦ ᠲᠡᠮᠡᠭᠡ ᠪᠣᠯ ᠲᠠᠬᠢᠶ᠎ᠠ ᠪᠢᠰᠢ᠂ ᠴᠢ ᠵᠦᠭᠡᠷ ᠮᠠᠨ ᠤ᠋ ᠳ᠋ᠤ᠌ ᠬᠡᠳᠦᠨ ᠬᠣᠨᠣᠭ ᠲᠡᠮᠡᠭᠡ ᠪᠡᠨ ᠲᠡᠩᠬᠡᠷᠡᠭᠦᠯᠵᠦ ᠠᠪᠤᠭᠠᠳ ᠶᠠᠪᠤᠪᠠᠯ ᠶᠠᠭᠠᠬᠢᠭᠰᠠᠨ ᠶᠤᠮ ᠪᠣᠢ? ᠳ᠋ᠠᠨᠽᠠᠨ ᠭᠡᠷ ᠦ᠋ᠨ ᠡᠵᠡᠨ ᠦ᠌ ᠦᠨᠡᠨ ᠰᠠᠨᠠᠭᠠᠨ ᠤ᠋ ᠦᠭᠡ ᠶ᠋ᠢ ᠥᠭᠡᠷ᠎ᠡ ᠪᠡᠷ ᠪᠣᠳᠣᠨ ᠰᠡᠵᠢᠭᠯᠡᠨ᠎ᠡ᠃ 
       — ᠵᠦᠭᠡᠷ᠂ ᠪᠢ ᠨᠢᠭᠡ ᠬᠣᠨᠣᠭᠠᠳ ᠶᠠᠪᠤᠶ᠎ᠠ᠃ 
       — ᠬᠦᠦ ᠴᠢ ᠲᠣᠮᠣᠭ᠎ᠠ ᠦᠭᠡᠢ ᠪᠠᠢᠨ᠎ᠠ᠃ ᠨᠢᠭᠡ ᠳ᠋ᠦ᠍᠂ ᠨᠤᠲᠤᠭ ᠴᠢᠨᠢ ᠬᠣᠯᠠ᠃ ᠬᠣᠶᠠᠷ᠂ ᠡᠨᠳᠡᠴᠡ ᠶᠠᠪᠤᠬᠤ ᠳᠣᠳᠣᠮ ᠬᠡᠴᠡᠭᠦᠦ ᠪᠣᠯᠤᠨ᠎ᠠ᠃ ᠶᠠᠳᠠᠵᠤ ᠵᠢᠩᠴᠢᠳ ᠦ᠋ᠨ ᠶᠠᠪᠤᠬᠤ ᠶ᠋ᠢ ᠬᠦᠯᠢᠶᠡ᠃ ᠪᠢ ᠲᠠᠨ ᠤ᠋ ᠬᠥᠮᠦᠨ ᠢ᠋ ᠪᠡᠶ᠎ᠡ ᠪᠡᠶ᠎ᠡ ᠳ᠋ᠡᠭᠡᠨ ᠬᠠᠴᠢᠨ ᠲᠤᠰᠠ ᠦᠵᠡᠭᠦᠯᠳᠡᠭ ᠢ᠋ ᠠᠯᠢ ᠬᠠᠷ᠎ᠠ ᠪᠠᠭ᠎ᠠ ᠠ᠋ᠴᠠ ᠪᠠᠨ ᠰᠣᠨᠣᠰᠤᠭᠰᠠᠨ᠃ ᠨᠢᠭᠡ ᠨᠢ ᠨᠥᠭᠦᠭᠡ ᠪᠡᠨ ᠠᠪᠤᠭᠠᠳ ᠶᠠᠪᠤᠬᠤ ᠪᠠᠢᠲᠤᠭᠠᠢ ᠬᠣᠭᠣᠯᠠ ᠬᠦᠨᠡᠰᠦ ᠪᠡᠨ ᠬᠤᠪᠢᠶᠠᠨ ᠢᠳᠡᠵᠦ ᠪᠠᠷᠠᠪᠠᠴᠤ ᠬᠠᠮᠢᠶ᠎ᠠ ᠦᠭᠡᠢ ᠤᠯᠤᠰ ᠭᠡᠨ᠎ᠡ ᠪᠢᠯᠡ᠃ ᠮᠠᠨ ᠤ᠋ ᠲᠣᠰᠬᠣᠨ ᠤ᠋ ᠤᠷᠢᠳᠤᠭᠤᠷ ᠶᠠᠪᠤᠭᠰᠠᠨ ᠵᠠᠮ ᠪᠠᠢᠨ᠎ᠠ᠃ ᠡᠭᠦᠪᠡᠷ ᠵᠢᠯ ᠳ᠋ᠦ᠍ ᠵᠢᠩᠴᠢᠳ ᠦᠷᠭᠦᠯᠵᠢ ᠶᠠᠪᠤᠨ᠎ᠠ᠃ ᠭᠠᠭᠴᠠᠬᠠᠨ ᠡᠨᠡ ᠵᠢᠯ ᠶᠠᠭᠠᠬᠢᠭᠰᠠᠨ ᠢ᠋ ᠮᠡᠳᠡᠬᠦ ᠦᠭᠡᠢ ᠲᠤᠩ ᠴᠥᠭᠡᠨ ᠶᠠᠪᠤᠵᠤ ᠪᠠᠢᠨ᠎ᠠ᠂ ᠭᠡᠪᠡᠴᠦ ᠪᠢ ᠮᠡᠳᠡᠵᠦ ᠪᠠᠢᠨ᠎ᠠ᠂ ᠵᠠᠪᠠᠯ ᠶᠠᠪᠤᠨ᠎ᠠ᠃  
       — ᠨᠥᠭᠦᠭᠡ ᠲᠠᠯ᠎ᠠ ᠠ᠋ᠴᠠ᠄ 
       — ᠠ ᠲᠡᠢᠮᠦ᠂ ᠭᠠᠭᠴᠠᠭᠠᠷ ᠶᠠᠪᠤᠵᠤ ᠶᠠᠭᠠᠬᠢᠭᠰᠠᠨ ᠴᠤ᠌ ᠪᠣᠯᠬᠤ ᠦᠭᠡᠢ᠂ ᠬᠥᠯᠳᠡᠵᠦ ᠦᠬᠦᠨ᠎ᠡ᠃ ᠠ ᠪᠢ ᠪᠠᠰᠠ ᠲᠤᠭᠤᠯᠤᠭᠰᠠᠨ᠃ ᠲᠠᠨ ᠤ᠋ ᠨᠤᠲᠤᠭ ᠲᠤ ᠴᠢᠨᠣ᠎ᠠ ᠶᠡᠬᠡ ᠪᠠᠢᠳᠠᠭ ᠭᠡᠨ᠎ᠡ ᠪᠢᠯᠡ᠃ ᠲᠡᠷᠡ ᠪᠠᠷᠢᠵᠤ ᠢᠳᠡᠨ᠎ᠡ᠃ 
       ᠭᠡᠷ ᠲᠦ᠍ ᠬᠥᠮᠦᠨ ᠬᠥᠮᠦᠨ ᠲᠡᠢ ᠪᠡᠨ ᠡᠢᠨᠬᠦ ᠲᠠᠨᠢᠯᠴᠠᠵᠤ ᠪᠠᠢᠬᠤ ᠳ᠋ᠤ᠌ ᠭᠠᠳᠠᠨ᠎ᠠ ᠬᠠᠴᠢᠨ ᠲᠣᠮᠣ ᠬᠠᠷ᠎ᠠ ᠪᠡᠶ᠎ᠡ ᠲᠡᠢ ᠠᠮᠢᠲᠠᠨ ᠪᠣᠢ ᠪᠣᠯᠪᠠ ᠭᠡᠵᠦ ᠪᠦᠬᠦ ᠲᠣᠰᠬᠣᠨ ᠤ᠋ ᠬᠢᠨ ᠴᠤᠭᠯᠠᠷᠠᠵᠠᠢ᠃ ᠬᠡᠦᠬᠡᠳ ᠪᠠᠭᠠᠴᠤᠳ ᠭᠡᠷ ᠣᠷᠣᠨ ᠤᠷᠤᠭᠤ ᠪᠠᠢᠨ ᠪᠠᠢᠨ ᠭᠦᠶᠦᠯᠳᠦᠨ ᠰᠣᠩᠭᠢᠨ᠎ᠠ᠂ ᠰᠠᠷᠢᠮᠰᠠᠭ  ᠮᠡᠲᠦ ᠶ᠋ᠢᠨ ᠬᠦᠴᠦᠲᠡᠢ ᠤᠷᠭᠤᠮᠠᠯ ᠢ᠋ ᠠᠪᠴᠢᠷᠠᠨ᠎ᠠ᠃ ᠲᠡᠭᠦᠨ ᠢ᠋ ᠨᠢ ᠯᠤᠤ ᠯᠢ ᠶ᠋ᠢᠨ ᠬᠦᠦ ᠲᠣᠰᠣᠨ ᠠᠪᠴᠤ ᠬᠠᠷ᠎ᠠ ᠪᠤᠤᠷ᠎ᠠ ᠶ᠋ᠢᠨ ᠡᠮᠦᠨ᠎ᠡ ᠪᠠᠷᠢᠨ᠎ᠠ᠃ ᠪᠤᠤᠷ᠎ᠠ ᠶ᠋ᠢᠨ ᠲᠣᠯᠣᠭᠠᠢ ᠮᠠᠰᠢ ᠲᠣᠮᠣ᠂ ᠠᠮᠠ ᠨᠢ ᠪᠣᠯ ᠪᠦᠷ ᠴᠦ᠍ ᠬᠡᠲᠦᠷᠬᠡᠢ᠃ ᠵᠢᠭᠠᠯ ᠬᠦᠦ ᠶ᠋ᠢᠨ ᠪᠦᠬᠦ ᠴᠢᠨᠡᠭᠡ ᠪᠡᠷ ᠢ᠋ᠶ᠋ᠡᠨ ᠲᠡᠪᠡᠷᠢᠭᠰᠡᠨ ᠢ᠋ ᠪᠣᠯᠪᠠᠴᠤ᠂ ᠭᠠᠭᠴᠠᠬᠠᠨ ᠡᠮᠬᠦᠬᠦ ᠨᠢ ᠣᠯᠠᠨ ᠤ᠋ ᠰᠣᠨᠢᠷᠬᠠᠯ ᠢ᠋ ᠣᠨᠴᠠ ᠲᠠᠲᠠᠨ᠎ᠠ᠃ ᠭᠡᠷ ᠦ᠋ᠨ ᠡᠵᠡᠨ ᠯᠤᠤ ᠯᠢ ᠭᠤᠸᠠᠢ ᠴᠤ᠌ ᠥᠭᠡᠷ᠎ᠡ ᠴᠤ᠌ ᠦᠭᠡᠢ ᠪᠠᠢᠰᠢᠩ ᠠ᠋ᠴᠠ ᠪᠠᠨ ᠭᠠᠷᠤᠨ ᠬᠠᠷᠠᠩᠭᠤᠲᠠ ᠪᠠᠨ
       — ᠦᠭᠡᠢ ᠠ᠋᠂ ᠡᠨᠡ ᠴᠢᠨᠢ ᠭᠡᠵᠦ ᠤᠤᠯᠭ᠎ᠠ ᠠᠯᠳᠠᠪᠠ᠃ 
       — ᠦᠭᠡᠢ ᠠ᠋᠂ ᠡᠨᠡ ᠴᠢᠨᠢ ᠲᠡᠮᠡᠭᠡ ᠪᠢᠰᠢ᠂ ᠠᠭᠤᠯᠠ ᠪᠠᠢᠬᠤ ᠨᠢ ᠶᠠᠭᠤ ᠪᠣᠢ? ᠭᠡᠳ ᠬᠦᠦ ᠶ᠋ᠢᠨ ᠢ᠋ᠶ᠋ᠡᠨ ᠶᠠᠭᠤ ᠬᠢᠵᠦ ᠪᠠᠢᠭ᠎ᠠ ᠶ᠋ᠢ ᠬᠠᠷᠠᠨ ᠪᠠᠰᠠ ᠰᠣᠴᠢᠵᠤ᠂ 
       — ᠬᠥᠶᠢ᠂ ᠴᠢ ᠶᠠᠭᠤ ᠬᠢᠵᠦ ᠪᠠᠢᠨ᠎ᠠ ᠪᠣᠢ? ᠢᠩᠭᠢᠵᠦ ᠪᠠᠢᠵᠤ ᠵᠠᠯᠭᠢᠭᠤᠯᠴᠢᠬᠠᠬᠤ ᠨᠢ ᠤᠤ? 
       — ᠦᠭᠡᠢ ᠠ᠋᠂ ᠲᠠ ᠪᠢᠲᠡᠭᠡᠢ ᠠᠶᠤ᠂ ᠡᠨᠡ ᠴᠢᠨᠢ ᠨᠠᠳᠠ ᠳ᠋ᠤ᠌ ᠬᠠᠷᠢᠨ ᠬᠠᠢᠷ᠎ᠠ ᠲᠠᠢ ᠪᠣᠯᠵᠤ ᠣᠷᠬᠢᠭᠠᠳ ᠬᠠᠷᠢᠨ ᠬᠠᠴᠠᠷ ᠢ᠋ ᠮᠢᠨᠢ ᠦᠨᠦᠰᠬᠦ ᠭᠡᠵᠦ ᠲᠡᠮᠡᠦᠯᠦᠭᠡᠳ ᠪᠠᠢᠨ᠎ᠠ ᠭᠡᠵᠦ ᠬᠡᠯᠡᠨ ᠣᠯᠠᠨ ᠤ᠋ ᠢᠨᠢᠶᠡᠳᠦᠮ ᠪᠣᠯᠪᠠ᠃ ᠡᠨᠡ ᠴᠢᠮᠡᠭᠡ ᠪᠡᠷ ᠡᠬᠡ ᠨᠢ ᠭᠠᠷᠴᠤ ᠢᠷᠡᠨ᠂ ᠮᠥᠨ ᠯᠡ《ᠬᠠ》 ᠭᠡᠵᠦ ᠳᠠᠭᠤ ᠠᠯᠳᠠᠭᠠᠳ᠂ ᠡᠨᠡ ᠳᠡ ᠯᠣᠣᠶᠧ ᠶᠢᠨ ᠪᠠᠢᠰᠢᠩ ᠠ᠋ᠴᠠ ᠥᠨᠳᠥᠷ ᠪᠣᠢ ᠭᠡᠯ᠎ᠡ᠃ ᠡᠭᠥᠨᠴᠡ ᠪᠣᠯᠤᠨ ᠣᠯᠠᠨ ᠤ᠋ ᠳᠤᠮᠳᠠ ᠯᠣᠣᠶᠧ ᠶᠢᠨ ᠪᠠᠢᠰᠢᠩ ᠠ᠋ᠴᠠ ᠥᠨᠳᠥᠷ᠂ ᠥᠨᠳᠥᠷ ᠪᠢᠰᠢ ᠭᠡᠵᠦ ᠵᠥᠷᠢᠯᠳᠦᠭᠰᠡᠨ ᠶᠠᠷᠢᠶ᠎ᠠ ᠭᠠᠷᠪᠠ᠃ 
       ᠪᠠᠢᠰᠢᠩ ᠳ᠋ᠠᠭᠠᠨ ᠡᠭᠡᠵᠦ ᠣᠷᠣᠵᠤ ᠢᠷᠡᠬᠦ ᠳ᠋ᠦ᠍ ᠣᠷᠣᠢ ᠶ᠋ᠢᠨ ᠬᠣᠭᠣᠯᠠ ᠪᠡᠯᠡᠨ ᠪᠣᠯᠤᠭᠠᠳ ᠪᠠᠢᠯ᠎ᠠ᠃ ᠠᠪᠠᠭᠠᠢ ᠬᠠᠷᠢ ᠣᠷᠣᠨ ᠤ᠋ ᠡᠷᠬᠢᠮ ᠵᠣᠴᠢᠨ ᠢᠷᠡᠭᠰᠡᠨ ᠭᠡᠵᠦ ᠦᠵᠡᠬᠦ ᠳ᠋ᠡᠭᠡᠨ ᠠᠯᠢ ᠪᠠᠢᠳᠠᠭ ᠤ᠋ᠨ ᠢ᠋ᠶ᠋ᠠᠨ ᠳᠡᠭᠡᠳᠦ ᠪᠡᠷ ᠰᠦᠷᠡᠬᠡᠢ ᠨᠠᠷᠢᠨ ᠬᠣᠭᠣᠯᠠ ᠬᠢᠭᠰᠡᠨ ᠨᠢ ᠢᠯᠡᠷᠬᠡᠢ᠃ ᠰᠢᠷᠡᠭᠡᠨ ᠳᠡᠭᠡᠷ᠎ᠡ ᠥᠷᠢᠨ ᠲᠠᠯᠪᠢᠭᠰᠠᠨ ᠢ᠋ ᠬᠡᠦᠬᠡᠳ ᠦ᠋ᠳ ᠨᠢ ᠬᠠᠷᠠᠨ ᠨᠢᠳᠦ ᠰᠡᠷᠭᠦᠨ ᠱᠤᠤᠭᠢᠯᠳᠤᠨ᠎ᠠ᠃ ᠲᠡᠳᠡᠨ ᠦ᠌ ᠬᠠᠮᠤᠭ ᠤ᠋ᠨ ᠪᠠᠭ᠎ᠠ ᠳᠥᠷᠪᠡᠨ ᠨᠠᠰᠤᠲᠠᠢ᠂ ᠪᠡᠶ᠎ᠡ ᠳ᠋ᠡᠭᠡᠨ ᠪᠠᠷᠤᠭ ᠡᠮᠦᠰᠦᠭᠰᠡᠨ ᠶᠠᠭᠤᠮ᠎ᠠ ᠦᠭᠡᠢ᠂ ᠳ᠋ᠠᠨᠽᠠᠨ ᠢ᠋ ᠡᠬᠡ ᠶ᠋ᠢᠨ ᠢ᠋ᠶ᠋ᠡᠨ ᠴᠠᠭ ᠢᠮᠠᠭᠲᠠ ᠳᠤᠷᠠᠰᠤᠨ ᠪᠠᠢᠳᠠᠭ ᠠᠬ᠎ᠠ ᠪᠠᠨ ᠮᠥᠨ ᠭᠡᠵᠦ ᠪᠣᠳᠣᠭᠰᠠᠨ ᠠᠵᠢ᠃ ᠡᠬᠢᠯᠡᠭᠡᠳ ᠡᠴᠢᠭᠡ ᠶ᠋ᠢᠨ ᠢ᠋ᠶ᠋ᠡᠨ ᠬᠠᠵᠠᠭᠤ ᠳ᠋ᠤ᠌ ᠰᠠᠭᠤᠭᠰᠠᠨ ᠢ᠋ᠶ᠋ᠠᠨ ᠳ᠋ᠠᠨᠽᠠᠨ ᠤᠷᠤᠭᠤ ᠲᠡᠮᠡᠦᠯᠦᠨ ᠢᠷᠡᠵᠦ ᠡᠪᠦᠷ ᠳᠡᠭᠡᠷ᠎ᠡ ᠨᠢ ᠰᠠᠭᠤᠵᠤ ᠵᠧ ᠬᠡ ᠸᠧ ᠳᠧ ᠳᠢ ᠬᠡ ᠬᠡ(ᠡᠨᠡ ᠮᠢᠨᠦ ᠠᠬ᠎ᠠ) ᠭᠡᠵᠦ ᠶᠣᠰᠣᠲᠠᠢ ᠠᠩᠭᠢᠷ ᠤ᠋ᠨ ᠵᠤᠯᠵᠠᠭᠠᠨ ᠳᠠᠭᠤ ᠪᠠᠷ ᠥᠭᠦᠯᠡᠨ ᠪᠤᠰᠤᠳ ᠳᠤ ᠪᠠᠨ ᠭᠠᠢᠬᠠᠭᠤᠯᠤᠨ᠎ᠠ᠃ ᠡᠬᠡ ᠨᠢ ᠭᠡᠪᠡᠯ ᠪᠥᠭᠡᠮ ᠪᠠᠶᠠᠷ᠃ ᠳ᠋ᠠᠨᠽᠠᠨ ᠤ᠋ ᠳᠡᠮᠡᠢ ᠪᠠᠯᠠᠢ ᠶᠠᠷᠢᠭᠰᠠᠨ ᠢ᠋ ᠦᠨᠡᠮᠰᠢᠨ ᠠᠯᠳᠠᠭᠳᠠᠭᠰᠠᠨ ᠬᠦᠦ ᠪᠡᠨ ᠢᠷᠡᠨ᠎ᠡ ᠭᠡᠵᠦ ᠢᠲᠡᠭᠡᠬᠦ ᠪᠣᠯᠤᠭᠰᠠᠨ ᠳ᠋ᠠᠭᠠᠨ ᠯᠠ ᠲᠡᠷᠡ᠃ 
      — ᠳᠠᠩᠵᠢᠶᠠᠳ ᠮᠢᠨᠢ᠂ ᠲᠡᠢᠨ ᠦ᠌ ᠭᠠᠵᠠᠷ ᠬᠡᠦᠬᠡᠳ ᠦ᠋ᠳ ᠦ᠋ᠨ ᠠᠮᠢ ᠦᠷᠡᠭᠳᠡᠬᠦ ᠦᠭᠡᠢ ᠪᠠᠢᠭ᠎ᠠ ᠭᠡᠳᠡᠭ ᠰᠢᠦ᠃ ᠪᠠᠰᠠ ᠰᠠᠢᠬᠠᠨᠨ᠎ᠠ᠃ ᠪᠢ ᠮᠡᠳᠡᠵᠦ ᠪᠠᠢᠨ᠎ᠠ᠃ ᠲᠡᠢᠨ ᠳᠠᠭᠤᠰᠤᠨ᠎ᠠ ᠭᠡᠬᠦ ᠳ᠋ᠦ᠍ ᠯᠤᠤ ᠯᠢ᠂ 
       — ᠬᠡ᠂ ᠴᠢ ᠡᠭᠦᠨ ᠢ᠋ ᠪᠠᠢᠨ ᠪᠠᠢᠨ ᠳᠤᠷᠠᠰᠬᠤ ᠶ᠋ᠢᠨ ᠬᠡᠷᠡᠭ ᠶᠠᠭᠤ ᠪᠣᠢ? 
       — ᠠ᠋᠂ ᠴᠢ ᠬᠦᠦ ᠶ᠋ᠢᠨ ᠲᠤᠬᠠᠢ ᠶᠠᠭᠤᠨ ᠳ᠋ᠤ᠌ ᠶᠠᠷᠢᠬᠤ ᠳᠤᠷ᠎ᠠ ᠦᠭᠡᠢ ᠪᠠᠢᠨ᠎ᠠ ᠪᠣᠢ? ᠡᠰᠡᠬᠦᠯ᠎ᠡ ᠴᠢ ᠬᠦᠦ ᠪᠡᠨ ᠪᠦᠷ ᠪᠢᠲᠡᠭᠡᠢ ᠢᠷᠡᠭᠡᠰᠡᠢ ᠭᠡᠵᠦ ᠪᠣᠳᠣᠳᠠᠭ ᠬᠥᠮᠦᠨ ᠤᠤ? 
       — ᠡᠬᠡᠨᠡᠷ ᠮᠢᠨᠢ᠂ ᠬᠠᠮᠢᠭ᠎ᠠ ᠠ᠋ᠴᠠ! ᠳᠤᠤᠭᠠᠷᠳᠠᠭ ᠦᠭᠡᠢ ᠰᠡᠳᠬᠢᠯ ᠲᠦᠮᠡᠨ ᠵᠣᠪᠠᠯᠠᠩ ᠡᠳ᠋ᠯᠡᠨ᠎ᠡ ᠭᠡᠭᠴᠢ ᠪᠡᠷ ᠪᠢ ᠬᠦᠦ ᠶ᠋ᠢᠨ ᠲᠤᠬᠠᠢ ᠴᠢᠮ᠎ᠠ ᠠ᠋ᠴᠠ ᠢᠯᠡᠭᠦᠦ ᠲᠡᠢ ᠵᠣᠪᠠᠳᠠᠭ ᠪᠠᠢᠵᠤ ᠮᠠᠭᠠᠳ᠃ ᠲᠡᠭᠡᠭᠡᠳ ᠴᠤ᠌ ᠪᠢ ᠣᠳᠣ ᠬᠦᠦ ᠶ᠋ᠢᠨ ᠪᠡᠶ᠎ᠡ ᠮᠡᠨᠳᠦ᠂ ᠤᠳᠠᠬᠤ ᠦᠭᠡᠢ ᠡᠷᠭᠢᠵᠦ ᠢᠷᠡᠬᠦ ᠭᠡᠵᠦ ᠪᠠᠢᠭ᠎ᠠ ᠶ᠋ᠢ ᠮᠡᠳᠡᠯ᠎ᠡ᠃ ᠢᠩᠭᠢᠬᠦ ᠪᠡᠷ ᠲᠡᠷᠡ ᠲᠤᠬᠠᠢ ᠪᠠᠢᠨ ᠪᠠᠢᠨ ᠶᠠᠷᠢᠵᠤ ᠶᠠᠭᠤ ᠬᠢᠬᠦ ᠪᠣᠢ᠃ ᠵᠦᠭᠡᠷ ᠯᠡ ᠰᠡᠳᠬᠢᠯ ᠠᠮᠤᠷ ᠬᠦᠯᠢᠶᠡᠶ᠎ᠡ ᠭᠡᠳ ᠯᠤᠤ ᠯᠢ ᠡᠬᠡᠨᠡᠷ ᠦ᠋ᠨ ᠢ᠋ᠶ᠋ᠡᠨ ᠥᠪᠡᠷ ᠲᠡᠭᠡᠨ ᠭᠣᠮᠣᠳᠠᠭᠰᠠᠨ ᠴᠢᠷᠠᠢ ᠶ᠋ᠢ ᠠᠵᠢᠭᠯᠠᠭᠠᠳ᠄  
       — ᠡᠬᠡᠨᠡᠷ ᠮᠢᠨᠢ ᠬᠣᠶᠠᠭᠤᠯᠠ ᠪᠠᠨ ᠡᠨᠡ ᠬᠦᠦ ᠶ᠋ᠢᠨ ᠣᠷᠣᠨ ᠨᠤᠲᠤᠭ ᠤ᠋ᠨ ᠪᠠᠢᠳᠠᠯ ᠠ᠋ᠴᠠ ᠶᠠᠷᠢᠭᠤᠯᠤᠶ᠎ᠠ᠃ ᠡᠳᠡᠨ ᠦ᠌ ᠬᠢᠨ ᠪᠣᠯ ᠮᠠᠨᠠᠢᠬᠢᠨ ᠰᠢᠭ᠋ ᠠᠮᠠ ᠳᠥᠷᠪᠡᠯᠵᠢᠨ ᠭᠠᠵᠠᠷ ᠬᠣᠷᠭᠣᠳᠠᠨ ᠡᠵᠡᠳ ᠪᠠᠶᠠᠳ ᠤ᠋ᠨ ᠢ᠋ᠶ᠋ᠠᠨ ᠡᠮᠦᠨ᠎ᠡ ᠤᠶᠠᠭᠠᠲᠠᠢ ᠶᠠᠭᠤᠮ᠎ᠠ ᠰᠢᠭ᠋ ᠰᠠᠭᠤᠳᠠᠭ ᠤᠯᠤᠰ ᠪᠢᠰᠢ᠃ ᠥᠨᠳᠥᠷ ᠠᠭᠤᠯᠠᠰ᠂ ᠭᠣᠣᠯ ᠭᠣᠷᠣᠬ᠎ᠠ ᠶ᠋ᠢᠨ ᠢ᠋ᠶ᠋ᠡᠨ ᠬᠠᠮᠢᠭ᠎ᠠ ᠪᠠᠢᠭ᠎ᠠ ᠰᠠᠢᠬᠠᠨ ᠢ᠋ ᠡᠷᠬᠡ ᠳᠤᠷ᠎ᠠ ᠪᠠᠷ ᠢ᠋ᠶ᠋ᠠᠨ ᠬᠡᠰᠦᠨ ᠨᠡᠭᠦᠳᠡᠯᠯᠡᠵᠦ ᠶᠠᠪᠤᠳᠠᠭ ᠤᠯᠤᠰ ᠨᠢᠭᠡ ᠭᠠᠵᠠᠷ ᠪᠠᠭᠤᠨ᠂ ᠬᠡᠳᠦᠨ ᠬᠣᠨᠣᠭ ᠪᠣᠯᠤᠭᠠᠳ ᠨᠡᠭᠦᠬᠦ ᠳ᠋ᠡᠭᠡᠨ ᠮᠢᠩᠭᠠᠨ ᠯᠠᠩ ᠦᠨ᠎ᠡ ᠲᠡᠢ ᠶᠠᠭᠤᠮ᠎ᠠ ᠶ᠋ᠢ ᠬᠠᠶᠠᠨ᠎ᠠ ᠭᠡᠵᠦ ᠣᠴᠢᠵᠤ ᠦᠵᠡᠭᠰᠡᠨ ᠪᠦᠬᠦᠨ ᠢ᠋ᠶ᠋ᠡᠷ ᠢ᠋ᠶ᠋ᠡᠨ ᠬᠡᠯᠡᠯᠴᠡᠳᠡᠭ ᠰᠢᠦ ᠳᠡ ᠭᠡᠵᠦ ᠳ᠋ᠠᠨᠽᠠᠨ ᠠ᠋ᠴᠠ ᠴᠠᠭᠠᠨ ᠮᠥᠭᠥ᠂ ᠬᠤᠨᠴᠢᠷ ᠬᠡᠮᠡᠬᠦ ᠤᠷᠭᠤᠮᠠᠯ ᠤ᠋ᠨ ᠦᠨᠳᠦᠰᠦ᠂ ᠪᠤᠭᠤ ᠶ᠋ᠢᠨ ᠡᠪᠡᠷ ᠱᠥᠢᠵᠢᠩ ᠴᠢᠯᠠᠭᠤ ᠵᠡᠷᠭᠡ ᠶ᠋ᠢ ᠰᠢᠮᠳᠠᠭᠠᠢᠯᠠᠨ ᠠᠰᠠᠭᠤᠨ ᠰᠤᠷᠠᠭᠯᠠᠨ᠎ᠠ᠃  ᠡᠳᠡᠭᠡᠷ ᠵᠦᠢᠯᠡᠰ ᠬᠢᠲᠠᠳ ᠣᠷᠣᠨ ᠳ᠋ᠤ᠌ ᠬᠣᠪᠣᠷ ᠦᠨ᠎ᠡ ᠲᠡᠢ ᠪᠠᠢᠳᠠᠭ ᠪᠠᠢᠵᠠᠢ᠃ ᠮᠣᠩᠭᠣᠯ ᠣᠷᠣᠨ ᠳ᠋ᠤ᠌ ᠪᠣᠯ ᠳᠡᠯ ᠰᠤᠯᠠ ᠬᠡᠪᠲᠡᠨ ᠦᠷᠡᠭᠳᠡᠨ᠎ᠡ᠃ ᠳ᠋ᠠᠨᠽᠠᠨ ᠠ᠋ᠴᠠ ᠲᠡᠷᠡ ᠲᠤᠬᠠᠢ ᠶᠠᠷᠢᠵᠤ ᠬᠡᠯᠡᠬᠦ ᠳ᠋ᠦ᠍ ᠠᠪᠠᠭᠠᠢ ᠥᠪᠡᠷ ᠦ᠋ᠨ ᠡᠷᠬᠡ ᠦᠭᠡᠢ ᠲᠠᠲᠠᠭᠳᠠᠨ᠂《ᠠ᠋ ᠬᠠᠢᠷᠠᠨ᠂ ᠬᠠᠢᠷᠠᠨ》 ᠭᠡᠵᠦ ᠱᠠᠭᠰᠢᠷᠠᠨ᠎ᠠ᠃ ᠯᠤᠤ ᠯᠢ《ᠤᠩ ᠤᠩ》 ᠳᠤᠤᠭᠠᠷᠤᠨ ᠴᠢᠩᠨᠠᠬᠤ ᠪᠣᠯᠪᠠᠴᠤ ᠰᠡᠳᠬᠢᠯ ᠳ᠋ᠦ᠍ᠨᠢ ᠥᠭᠡᠷ᠎ᠡ ᠵᠦᠢᠯ ᠡᠷᠭᠢᠯᠳᠦᠬᠦ ᠠᠵᠢ᠃ 
       — ᠮᠠᠰᠢ ᠰᠣᠨᠢᠨ ᠢ᠋ ᠳᠤᠭᠤᠯᠤᠯ᠎ᠠ᠃ ᠣᠳᠣ ᠶᠠᠷᠢᠶ᠎ᠠ ᠪᠠᠨ ᠵᠣᠭᠰᠣᠶ᠎ᠠ᠃ ᠶᠠᠳᠠᠭᠤ ᠬᠥᠮᠦᠨ ᠳ᠋ᠦ᠍ ᠶᠠᠷᠢᠶ᠎ᠠ ᠶᠡᠬᠡᠳᠬᠦ ᠵᠣᠬᠢᠴᠠᠬᠤ ᠦᠭᠡᠢ ᠭᠡᠳᠡᠭ ᠰᠢᠦ᠃ ᠡᠬᠡᠨᠡᠷ ᠴᠢ ᠬᠡᠦᠬᠡᠳ ᠦ᠋ᠳ ᠲᠡᠢ ᠭᠠᠷᠴᠤ ᠲᠡᠮᠡᠭᠡ ᠲᠡᠵᠢᠭᠡ᠃ ᠪᠢᠳᠡ ᠬᠣᠶᠠᠷ ᠵᠢᠭᠠᠬᠠᠨ ᠠᠮᠠᠷᠠᠶ᠎ᠠ᠃ 
       ᠠᠪᠠᠭᠠᠢ ᠬᠡᠦᠬᠡᠳ ᠦ᠋ᠳ ᠢ᠋ᠶ᠋ᠡᠨ ᠳᠠᠭᠠᠭᠤᠯᠤᠨ ᠭᠠᠷᠪᠠ᠃ ᠪᠠᠭ᠎ᠠ ᠥᠬᠢᠨ ᠳ᠋ᠠᠨᠽᠠᠨ ᠤ᠋ ᠡᠪᠦᠷ ᠳᠡᠭᠡᠷ᠎ᠡ ᠰᠠᠭᠤᠨ ᠴᠢᠭ ᠢ᠋ᠶ᠋ᠡᠷ ᠢ᠋ᠶ᠋ᠡᠨ ᠤᠨᠲᠠᠵᠤ ᠣᠷᠬᠢᠭᠰᠠᠨ ᠪᠠᠢᠯ᠎ᠠ᠃ ᠭᠡᠷ ᠦ᠋ᠨ ᠡᠵᠡᠨ ᠬᠠᠵᠠᠭᠤᠯᠠᠨ ᠠᠮᠠᠷᠠᠬᠤ ᠶ᠋ᠢᠨ ᠣᠷᠣᠨ ᠳ᠋ᠤ᠌ ᠣᠷᠣᠭᠰᠢ ᠳᠥᠭᠥᠨ ᠪᠥᠬᠥᠢᠵᠦ᠄ 
       — ᠬᠦᠦ ᠴᠢ ᠲᠦᠷᠦᠭᠦᠨ ᠡᠬᠡᠨᠡᠷ ᠲᠦ᠍ ᠮᠢᠨᠢ ᠯᠠᠪ ᠦᠨᠡᠨ ᠲᠡᠢ ᠶᠠᠭᠤᠮ᠎ᠠ ᠶ᠋ᠢ ᠶᠠᠷᠢᠭ᠎ᠠ ᠦᠭᠡᠢ ᠪᠠᠢᠬ᠎ᠠ ᠭᠡᠳ ᠦᠭᠡ ᠪᠡᠨ ᠲᠠᠰᠤᠯᠤᠨ ᠰᠢᠷᠲᠡᠬᠦ ᠳ᠋ᠦ᠍ᠨᠢ ᠳ᠋ᠠᠨᠽᠠᠨ ᠤ᠋ ᠳᠣᠲᠣᠷ᠎ᠠ ᠫᠠᠯ ᠪᠠᠭᠤᠯ᠎ᠠ᠃ ᠭᠡᠲᠡᠯ᠎ᠡ ᠯᠤᠤ ᠯᠢ᠄ 
       — ᠵᠠ ᠶᠠᠭᠠᠬᠢᠪᠠ᠂ ᠲᠡᠷᠡ ᠮᠠᠭᠤ ᠪᠢᠰᠢ᠃ ᠬᠠᠷᠢᠨ ᠰᠡᠳᠬᠢᠯ ᠢ᠋ ᠨᠢ ᠲᠠᠢᠳᠬᠤᠷᠠᠭᠤᠯᠤᠭᠰᠠᠨ ᠴᠢᠨᠢ ᠰᠠᠢᠨ᠃ ᠠᠯᠳᠠᠭᠰᠠᠨ ᠬᠦᠦ ᠶ᠋ᠢᠨ ᠢ᠋ᠶ᠋ᠡᠨ ᠬᠣᠢᠨ᠎ᠠ ᠠ᠋ᠴᠠ ᠵᠣᠪᠠᠨ ᠭᠠᠯᠵᠠᠭᠤᠷᠠᠬᠤ ᠰᠢᠬᠠᠭᠰᠠᠨ ᠬᠥᠮᠦᠨ ᠭᠡᠳ ᠦᠭᠡ ᠪᠡᠨ ᠲᠠᠰᠤᠯᠪᠠ᠃ ᠭᠠᠳᠠᠨ᠎ᠠ ᠨᠠᠷᠠᠨ ᠵᠢᠷᠭᠠᠵᠤ ᠴᠠᠭᠠᠨ ᠭᠡᠭᠡ ᠲᠡᠢ ᠪᠠᠢᠭ᠎ᠠ ᠪᠣᠯᠪᠠᠴᠤ᠂ ᠨᠠᠪᠲᠠᠭᠠᠷ ᠪᠠᠢᠰᠢᠩ ᠤ᠋ᠨ ᠮᠣᠣᠲᠸᠤ ᠴᠠᠭᠠᠰᠤ ᠪᠠᠷ ᠪᠦᠷᠢᠭᠰᠡᠨ ᠪᠢᠴᠢᠬᠠᠨ ᠴᠣᠩᠬᠣ ᠪᠠᠷ ᠲᠤᠰᠬᠤ ᠭᠡᠷᠡᠯ ᠲᠤᠩ ᠪᠠᠭ᠎ᠠ᠃ ᠲᠡᠷᠡ ᠳᠤᠮᠳᠠ ᠳ᠋ᠠᠨᠽᠠᠨ ᠤ᠋ ᠵᠢᠷᠦᠬᠡ ᠫᠠᠯ ᠫᠠᠯ ᠪᠠᠭᠤᠨ ᠴᠣᠬᠢᠯᠠᠨ᠎ᠠ᠃ ᠯᠤᠤ ᠯᠢ᠂ ᠳ᠋ᠠᠨᠽᠠᠨ ᠤ᠋ ᠴᠢᠷᠠᠢ ᠬᠡᠷᠬᠢᠨ ᠥᠭᠡᠷᠡᠴᠢᠯᠡᠭᠳᠡᠨ ᠰᠠᠨᠳᠤᠷᠤᠭᠰᠠᠨ ᠢ᠋ ᠬᠤᠯᠠᠭᠠᠢ ᠨᠢᠳᠦ ᠪᠡᠷ ᠠᠵᠢᠨ ᠲᠡᠷᠡ ᠲᠤᠬᠠᠢ ᠠᠰᠠᠭᠤᠬᠤ ᠶ᠋ᠢ ᠪᠣᠳᠣᠨ᠎ᠠ᠃ 
       — ᠠ᠋ ᠴᠢ ᠪᠢᠲᠡᠭᠡᠢ ᠵᠣᠪᠠ᠃ ᠪᠢ ᠨᠣᠶᠠᠨ ᠬᠥᠮᠦᠨ ᠪᠢᠰᠢ᠂ ᠪᠠᠶᠠᠨ ᠬᠥᠮᠦᠨ ᠪᠢᠰᠢ᠂ ᠶᠠᠳᠠᠭᠤ ᠲᠠᠷᠢᠶᠠᠴᠢᠨ᠃ ᠨᠡᠷ᠎ᠡ ᠮᠢᠨᠢ ᠯᠤᠤ ᠯᠢ᠃ ᠮᠠᠨ ᠤ᠋ ᠯᠢ ᠣᠪᠣᠭᠲᠠᠨ ᠳ᠋ᠤ᠌ ᠪᠤᠰᠤᠳ ᠤ᠋ᠨ ᠤᠯᠠ ᠱᠠᠭᠠᠢᠨ ᠮᠠᠭᠤ ᠶ᠋ᠢ ᠦᠵᠡᠬᠦ ᠪᠡᠷ ᠠᠰᠢᠭ ᠵᠠᠪᠰᠢᠶᠠᠨ ᠡᠷᠢᠭᠴᠢ ᠽᠠᠢ ᠭᠦᠩᠽᠢ(ᠡᠳ᠋ ᠦ᠋ᠨ ᠰᠢᠨᠤᠯᠲᠠᠨ) ᠬᠡᠵᠢᠶ᠎ᠡ ᠴᠤ᠌ ᠪᠠᠢᠭᠰᠠᠨ ᠦᠭᠡᠢ᠃ ᠡᠢᠮᠦ ᠳ᠋ᠦ᠍ ᠴᠢ ᠡᠯᠳᠡᠪ ᠢ᠋ ᠰᠠᠨᠠᠨ ᠵᠣᠪᠠᠯ ᠦᠭᠡᠢ᠂ ᠦᠵᠡᠭᠰᠡᠨ ᠲᠤᠭᠤᠯᠤᠭᠰᠠᠨ ᠢ᠋ᠶ᠋ᠠᠨ ᠶᠠᠷᠢ! ᠭᠡᠵᠦ ᠰᠢᠪᠡᠨᠡᠪᠡ᠃ ᠳ᠋ᠠᠨᠽᠠᠨ ᠴᠤ᠌ ᠶᠠᠷᠢᠬᠤ ᠶ᠋ᠢ ᠰᠢᠢᠳᠦᠯ᠎ᠡ᠃
       — ᠵᠠ ᠪᠢ ᠶᠠᠷᠢᠶ᠎ᠠ᠃ ᠲᠡᠨᠳᠡ ᠪᠣᠯᠵᠤ ᠪᠠᠢᠭ᠎ᠠ ᠶᠠᠭᠤᠮ᠎ᠠ ᠶ᠋ᠢ ᠡᠨᠳᠡ ᠰᠠᠭᠤᠨ ᠨᠢᠳᠦ ᠪᠡᠷ ᠦᠵᠡᠭᠡ ᠦᠭᠡᠢ ᠬᠥᠮᠦᠨ ᠦᠨᠡᠮᠰᠢᠬᠦ ᠳ᠋ᠦ᠍ ᠪᠡᠷᠬᠡ ᠭᠡᠳ ᠡᠮᠬᠢ ᠵᠠᠮᠪᠠᠷᠠᠭ᠎ᠠ ᠦᠭᠡᠢᠬᠡᠨ ᠶᠠᠷᠢᠵᠤ ᠭᠠᠷᠤᠯ᠎ᠠ᠃ ᠤᠭ ᠶᠠᠪᠤᠳᠠᠭ(ᠢᠯᠡᠷᠬᠡᠢᠯᠡᠨ ᠭᠠᠷᠭᠠᠬᠤ ᠳ᠋ᠤ᠌ ᠦᠶ᠎ᠡ ᠦᠶ᠎ᠡ ᠦᠭᠡ ᠳᠤᠲᠠᠭᠳᠠᠨ ᠲᠦᠭᠳᠡᠷᠡᠬᠦ ᠪᠥᠭᠡᠳ《ᠳᠡ ᠴᠢᠶᠠᠩ ᠬᠤᠭᠤᠳᠦᠩ ᠬᠤᠭᠤᠳᠦᠩ》( ᠦᠬᠡᠷ ᠫᠤᠤ ᠲᠦᠩ ᠲᠦᠩ) ᠭᠡᠵᠦ ᠰᠠᠭᠤᠳᠠᠯ ᠠ᠋ᠴᠠ ᠪᠠᠨ ᠨᠢᠭᠡ ᠦᠶ᠎ᠡ ᠥᠨᠳᠡᠢᠵᠦ ᠳᠠᠷᠠᠭ᠎ᠠ ᠨᠢ《ᠵᠢᠭᠤᠲᠠᠨ ᠴᠢᠶᠠᠩ ᠳᠠ ᠳᠠ ᠳᠠ》 (ᠫᠦᠯᠧᠮᠶᠣᠲ ᠳᠡᠰ ᠳᠡᠰ) ᠭᠡᠵᠦ ᠳᠣᠷᠣᠭᠰᠢ ᠨᠠᠪᠲᠠᠢᠨ《ᠱᠠ᠂ ᠱᠠ》(ᠠᠯᠠᠭᠠᠳ᠂ ᠠᠯᠠᠭᠠᠳ)《ᠰᠧ ᠰᠧ》(ᠦᠬᠦᠭᠡᠳ᠂ ᠦᠬᠦᠭᠡᠳ)《ᠲᠡᠢ ᠳ᠋ᠦᠸᠧ》(ᠲᠤᠩ ᠣᠯᠠᠨ) ᠭᠡᠵᠦ ᠵᠢᠷᠦᠬᠡ ᠠᠯᠲᠠᠨ ᠲᠣᠯᠣᠭᠠᠢ ᠰᠡᠭᠰᠦᠷᠦᠨ᠎ᠡ᠃ ᠯᠤᠤ ᠯᠢ ᠤᠷᠲᠤ ᠠᠮᠢᠰᠬᠤᠯ ᠢ᠋ᠶ᠋ᠠᠷ《ᠠᠢ》 ᠭᠡᠵᠦ ᠳᠠᠭᠤ ᠠᠯᠳᠠᠨ᠎ᠠ᠃ ᠭᠠᠵᠠᠷ ᠳᠡᠯᠡᠬᠡᠢ ᠬᠡᠷᠬᠢᠨ ᠳᠣᠩᠰᠣᠯᠵᠤ᠂ ᠣᠷᠣᠨ ᠪᠠᠢᠰᠢᠩ ᠬᠡᠷᠬᠢᠨ ᠰᠢᠲᠠᠵᠤ ᠬᠥᠮᠦᠨ ᠠᠮᠢᠲᠠᠨ ᠶᠠᠮᠠᠷ ᠢ᠋ᠶ᠋ᠠᠷ ᠪᠠᠷᠬᠢᠷᠠᠯᠳᠤᠨ ᠪᠤᠵᠢᠭᠢᠨᠠᠵᠤ ᠪᠠᠢᠭ᠎ᠠ ᠨᠢ ᠯᠤᠤ ᠯᠢ ᠳ᠋ᠦ᠍ ᠲᠣᠳᠣᠬᠠᠨ ᠬᠠᠷᠠᠭᠳᠠᠬᠤ ᠠᠵᠢ᠃ ᠲᠡᠨᠳᠡ ᠬᠦᠦ ᠨᠢ ᠣᠴᠢᠭᠰᠠᠨ᠃《ᠬᠦᠦ ᠠᠯᠠᠭᠳᠠᠭᠰᠠᠨ᠂ ᠠᠯᠢ ᠬᠡᠳᠦᠢᠨ ᠰᠢᠷᠣᠢ ᠳ᠋ᠤ᠌ ᠪᠤᠯᠠᠭᠳᠠᠵᠠᠢ》 ᠭᠡᠵᠦ ᠪᠣᠳᠣᠬᠤ ᠠ᠋ᠴᠠ ᠲᠥᠷᠥᠯᠬᠢ ᠶ᠋ᠢᠨ ᠰᠢᠷᠠᠩᠭᠤᠢ ᠴᠢᠷᠠᠢ ᠤᠯᠠᠮ ᠢ᠋ᠶ᠋ᠠᠷ ᠰᠢᠷᠭᠠᠯᠳᠠᠨ᠎ᠠ᠃ ᠶᠡᠷᠦ ᠨᠢ ᠯᠤᠤ ᠯᠢ᠂ ᠨᠢᠳᠤᠨᠤᠨ ᠬᠦᠦ ᠶ᠋ᠢᠨ ᠢ᠋ᠶ᠋ᠡᠨ ᠬᠣᠢᠨ᠎ᠠ ᠠ᠋ᠴᠠ ᠶᠠᠪᠤᠭᠠᠳ ᠣᠯᠤᠭ᠎ᠠ ᠦᠭᠡᠢ ᠡᠴᠡ ᠪᠡᠨ ᠬᠣᠢᠰᠢ《ᠣᠳᠣ ᠥᠩᠭᠡᠷᠡᠯ᠎ᠡ》 ᠭᠡᠵᠦ ᠰᠠᠨᠠᠭ᠎ᠠ ᠰᠢᠯᠤᠭᠤᠳᠤᠭᠰᠠᠨ ᠬᠥᠮᠦᠨ ᠶᠦᠮ᠃ ᠭᠡᠪᠡᠴᠦ ᠵᠣᠪᠠᠨ᠎ᠠ᠃ ᠪᠤᠰᠤᠳ ᠦᠬᠦᠭᠰᠡᠨ ᠪᠠ ᠦᠬᠦᠬᠦ ᠭᠡᠵᠦ ᠪᠠᠢᠭ᠎ᠠ ᠦᠢ ᠲᠦᠮᠡᠨ ᠵᠠᠯᠠᠭᠤᠰ᠂ ᠲᠡᠳᠡᠨ ᠦ᠌ ᠠᠷᠤ ᠳ᠋ᠤ᠌ ᠦᠯᠡᠳᠡᠭᠰᠡᠨ ᠡᠴᠢᠭᠡ ᠡᠬᠡ ᠪᠦᠬᠦᠨ ᠦ᠌ ᠲᠥᠯᠥᠭᠡ ᠵᠣᠪᠠᠨ᠎ᠠ᠃ 
       —  ᠣᠳᠣ ᠲᠡᠳᠡ ᠴᠣᠬᠣᠮ ᠶᠠᠮᠠᠷ ᠰᠢᠦ ᠪᠠᠢᠨ᠎ᠠ ᠳᠠ? 
       — ᠲᠡᠢᠮᠦ ᠠ᠋᠂ ᠲᠡᠢᠨ᠃ 
       — ᠰᠡᠭᠦᠯ ᠦ᠋ᠨ ᠬᠡᠳᠦᠨ ᠰᠠᠷ᠎ᠠ ᠳ᠋ᠤ᠌ ᠣᠪᠣᠭ᠎ᠠ ᠨᠠᠮᠵᠢᠭᠤᠨ ᠪᠣᠯᠪᠠᠴᠤ᠂ ᠰᠤᠮᠤ ᠬᠡᠷᠡᠭᠯᠡᠯ ᠲᠠᠰᠤᠷᠠᠯᠲᠠ ᠦᠭᠡᠢ ᠨᠡᠮᠡᠭᠳᠡᠨ ᠬᠤᠷᠢᠶᠠᠭᠳᠠᠭᠰᠠᠭᠠᠷ ᠪᠠᠢᠨ᠎ᠠ᠃
       — ᠮᠥᠨ ᠲᠡᠢᠨ ᠳᠠᠭᠤᠰᠤᠭ᠎ᠠ ᠦᠭᠡᠢ ᠨᠢ ᠠ᠋᠃  
       — ᠲᠡᠢᠮᠦ ᠳᠡ᠂ ᠳᠠᠭᠤᠰᠤᠭ᠎ᠠ ᠦᠭᠡᠢ᠃ ᠳ᠋ᠠᠨᠽᠠᠨ ᠥᠪᠡᠷ ᠦ᠋ᠨ ᠢ᠋ᠶ᠋ᠡᠨ ᠪᠣᠳᠣᠳᠠᠭ ᠢ᠋ᠶ᠋ᠠᠷ ᠬᠠᠷᠢᠭᠤᠯᠪᠠ᠃ ᠭᠡᠲᠡᠯ᠎ᠡ ᠬᠡᠯᠡᠭᠰᠡᠨ ᠵᠦᠢᠯ ᠰᠠᠨᠠᠭᠠᠨ ᠳ᠋ᠤᠨᠢ ᠣᠷᠣᠵᠤ ᠢᠷᠡᠪᠡ᠃
       — ᠲᠠ ᠬᠦᠩ ᠴᠡᠨ ᠳ᠋ᠠᠩ ᠭᠡᠵᠦ ᠶᠠᠭᠤ ᠪᠠᠢᠳᠠᠭ ᠢ᠋ ᠮᠡᠳᠡᠬᠦ ᠤᠤ? ! ᠬᠦᠩ ᠴᠠᠩ ᠳ᠋ᠠᠩ ᠭᠡᠨ᠎ᠡ? ᠶᠡᠷᠦ ᠲᠤᠭᠤᠯᠭ᠎ᠠ ᠦᠭᠡᠢ ᠵᠦᠢᠯ ᠭᠡᠵᠦ ᠯᠤᠤ ᠯᠢ ᠳ᠋ᠠᠨᠽᠠᠨ ᠤ᠋ ᠠᠮᠠ ᠶ᠋ᠢ ᠰᠢᠷᠳᠡᠨ᠎ᠡ᠃ ᠬᠦᠩ ᠴᠠᠩ ᠳ᠋ᠠᠩ ᠪᠣᠯ《ᠡᠪ ᠬᠠᠮᠲᠤ ᠨᠠᠮ》 ᠭᠡᠰᠡᠨ ᠠᠭᠤᠯᠭ᠎ᠠ ᠲᠠᠢ ᠠ᠋ᠴᠠ ᠯᠤᠤ ᠯᠢ ᠭᠠᠢᠬᠠᠨ ᠰᠣᠨᠢᠷᠬᠠᠬᠤ ᠠᠵᠢ᠃  ᠳ᠋ᠠᠨᠽᠠᠨ ᠦᠨᠡᠨ ᠤᠴᠢᠷ ᠢ᠋ ᠪᠠᠢᠲᠤᠭᠠᠢ ᠲᠡᠷᠡ ᠠᠭᠤᠯᠭ᠎ᠠ ᠶ᠋ᠢ ᠴᠤ᠌ ᠦᠯᠦ ᠮᠡᠳᠡᠨ᠎ᠡ᠃ 
       — ᠡᠨᠡ ᠴᠢᠨᠢ ᠶᠠᠭᠤ ᠪᠣᠢ?  ᠴᠢ ᠨᠠᠳᠠ ᠲᠣᠳᠣᠷᠬᠠᠢ ᠶᠠᠷᠢ ᠭᠡᠵᠦ ᠯᠤᠤ ᠯᠢ ᠶ᠋ᠢᠨ ᠱᠠᠭᠠᠷᠳᠠᠬᠤ ᠳ᠋ᠤ᠌ ᠳ᠋ᠠᠨᠽᠠᠨ ᠫᠦ ᠵᠢᠩ ᠡᠴᠡ ᠲᠤᠭᠤᠯᠤᠭᠰᠠᠨ ᠢ᠋ᠶ᠋ᠠᠨ ᠨᠠᠭᠠᠨ᠎ᠠ ᠴᠠᠭᠠᠨ᠎ᠠ ᠣᠷᠣᠭᠤᠯᠤᠨ ᠶᠠᠷᠢᠵᠤ ᠡᠬᠢᠯᠡᠪᠡ᠃ ᠯᠤᠤ ᠯᠢ ᠦᠭᠡ ᠪᠦᠷᠢ ᠶ᠋ᠢ ᠤᠩ ᠤᠩ ᠭᠡᠵᠦ ᠬᠠᠮᠠᠷ ᠢ᠋ᠶ᠋ᠠᠷ ᠢ᠋ᠶ᠋ᠠᠨ ᠳᠤᠤᠭᠤᠷᠤᠨ ᠬᠦᠯᠢᠶᠡᠨ ᠠᠪᠴᠤ ᠪᠠᠢᠭᠰᠠᠨ ᠢ᠋ᠶ᠋ᠠᠨ ᠢᠨᠢᠶᠡᠮᠰᠦᠭᠯᠡᠨ《ᠳ᠋ᠦᠢ ᠳ᠋ᠦᠢ》 ᠭᠡᠬᠦ ᠪᠣᠯᠤᠭᠰᠠᠨ ᠪᠥᠭᠡᠳ ᠡᠴᠦᠰ ᠲᠦ᠋ᠨᠢ《ᠬᠣᠣ ᠬᠣᠣ》 ᠭᠡᠵᠦ ᠪᠠᠬᠠᠳᠤᠨ ᠪᠠᠶᠠᠷᠯᠠᠬᠤ ᠪᠣᠯᠵᠠᠢ᠃ 
       ᠠᠪᠠᠭᠠᠢ ᠨᠢ ᠣᠷᠣᠵᠤ ᠢᠷᠡᠯ᠎ᠡ᠃ 
       — ᠦᠭᠡᠢ ᠲᠠ ᠨᠠᠷ ᠴᠢᠨᠢ ᠶᠠᠭᠤ ᠪᠢᠯᠡ? ᠠᠮᠠᠷᠠᠵᠠᠭᠠᠨ᠎ᠠ ᠭᠡᠰᠡᠨ ᠦᠭᠡᠢ ᠪᠢᠯᠢᠤ? ᠭᠡᠬᠦ ᠳ᠋ᠦ᠍ ᠯᠤᠤ ᠯᠢ᠂  ᠲᠡᠢᠮᠦ ᠠ᠋᠂ ᠭᠡᠪᠡᠴᠦ ᠪᠢᠳᠡ ᠡᠨᠡ ᠳᠡᠯᠡᠬᠡᠢ ᠶ᠋ᠢᠨ ᠢᠷᠡᠭᠡᠳᠦᠢ ᠶ᠋ᠢᠨ ᠲᠤᠬᠠᠢ ᠶᠠᠷᠢᠯᠴᠠᠵᠤ ᠰᠠᠭᠤᠨ᠎ᠠ ᠰᠢᠦ ᠳᠡ᠃ 
       — ᠠ᠋᠂ ᠡᠨᠡ ᠳᠡᠯᠡᠬᠡᠢ ᠪᠢᠳᠡᠨ ᠳ᠋ᠦ᠍ ᠶᠠᠭᠤᠨ ᠤ᠋ ᠬᠠᠮᠢᠶ᠎ᠠ᠂ ᠭᠠᠭᠴᠠᠬᠠᠨ ᠬᠦᠦ ᠯᠡ ᠬᠡᠷᠡᠭᠲᠡᠢ ᠭᠡᠵᠦ ᠠᠪᠠᠭᠠᠢ ᠭᠤᠳᠤᠷᠠᠭᠰᠠᠨ ᠴᠢᠷᠠᠢ ᠭᠠᠷᠭᠠᠪᠠ᠃ 
       — ᠦᠭᠡᠢ ᠠ᠋ ᠡᠬᠡᠨᠡᠷ ᠮᠢᠨᠢ ᠴᠢ ᠶᠠᠭᠤᠮ᠎ᠠ ᠶ᠋ᠢ ᠪᠢᠲᠡᠭᠡᠢ ᠨᠠᠭᠠᠭᠤᠷ ᠪᠣᠳᠣ᠃ ᠡᠨᠡ ᠳᠡᠯᠡᠬᠡᠢ ᠶ᠋ᠢᠨ ᠲᠤᠬᠠᠢ ᠶᠠᠷᠢᠬᠤ ᠪᠣᠯ ᠬᠦᠦ ᠶ᠋ᠢᠨ ᠲᠤᠬᠠᠢ ᠶᠠᠷᠢᠵᠤ ᠪᠠᠢᠭ᠎ᠠ ᠬᠡᠷᠡᠭ᠃ 
       — ᠵᠠ ᠲᠡᠭᠡᠪᠡᠯ ᠮᠠᠰᠢ ᠰᠠᠢᠨ᠃ ᠭᠡᠪᠡᠴᠦ ᠴᠢ ᠨᠠᠳᠠ ᠬᠡᠯᠡ᠂ ᠬᠦᠦ ᠢᠷᠡᠮᠡᠷ ᠪᠠᠢᠨ᠎ᠠ ᠤᠤ? ᠦᠭᠡᠢ ᠤᠤ? 
       — ᠢᠷᠡᠨ᠎ᠡ ᠠ᠋ ᠢᠷᠡᠨ᠎ᠡ᠃ ᠲᠡᠢᠨ ᠶᠠᠭᠤ ᠶᠠᠭᠤ ᠦᠭᠡᠢ ᠳᠠᠭᠤᠰᠬᠤ ᠭᠡᠵᠦ ᠪᠠᠢᠭ᠎ᠠ ᠴᠤ᠌ ᠶᠤᠮ ᠪᠠᠢᠨ᠎ᠠ᠃ 

           ᠦᠰᠦᠭ ᠠᠮᠢᠯᠠᠭᠤᠯᠤᠭᠴᠢ᠄ ᠲᠡᠭᠷᠢ ᠡᠵᠢ