ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠲᠠᠪᠤᠳᠤᠭᠠᠷ ᠪᠦᠯᠦᠭ᠂ᠳᠤᠭᠤᠶ᠋ᠢᠯᠠᠩ ‍ᠤᠨ ᠬᠥᠳᠡᠯᠭᠡᠭᠡᠨ ᠪᠠ ᠰᠢᠨᠡᠯᠠᠮ᠎ᠠ ᠶᠢᠨ ᠳᠤᠬᠠᠢ4 Шинэлам – 5-р бүлэг᠂Дугуйлангийн хөдөлгөөн ба Шинэлмаагийн тухай 4 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠲᠠᠪᠤᠳᠤᠭᠠᠷ ᠪᠦᠯᠦᠭ᠂ᠳᠤᠭᠤᠶ᠋ᠢᠯᠠᠩ ‍ᠤᠨ ᠬᠥᠳᠡᠯᠭᠡᠭᠡᠨ ᠪᠠ ᠰᠢᠨᠡᠯᠠᠮ᠎ᠠ ᠶᠢᠨ ᠳᠤᠬᠠᠢ4 Шинэлам – 5-р бүлэг᠂Дугуйлангийн хөдөлгөөн ба Шинэлмаагийн тухай 4

ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠲᠠᠪᠤᠳᠤᠭᠠᠷ ᠪᠦᠯᠦᠭ᠂ᠳᠤᠭᠤᠶ᠋ᠢᠯᠠᠩ ‍ᠤᠨ ᠬᠥᠳᠡᠯᠭᠡᠭᠡᠨ ᠪᠠ ᠰᠢᠨᠡᠯᠠᠮ᠎ᠠ ᠶᠢᠨ ᠳᠤᠬᠠᠢ4 Шинэлам – 5-р бүлэг᠂Дугуйлангийн хөдөлгөөн ба Шинэлмаагийн тухай 4

ᠠᠩᠭᠢᠯᠠᠯ:ᠲᠡᠦᠬᠡ ᠰᠣᠶᠣᠯ
2025-11-27

129

ᠳᠥᠷᠪᠡ᠂ ᠰᠢᠨᠡᠯᠡᠮ᠎ᠡ ᠶᠢᠨ ᠦᠶ᠎ᠡ ᠶᠢᠨ ᠳᠤᠭᠤᠶ᠋ᠢᠯᠠᠩ ‍ᠤᠨ ᠬᠥᠳᠡᠯᠭᠡᠭᠡᠨ ᠳᠠᠬᠢ ᠠᠳᠠᠯᠢ ᠨᠡᠷ᠎ᠡ ᠲᠡᠢ ᠬᠥᠮᠦᠰ ᠤᠨ ᠲᠤᠬᠠᠢ


       ᠰᠢᠨᠡᠯᠡᠮ᠎ᠡ ᠶ᠋ᠢᠨ ᠦᠶ᠎ᠡ ᠶ᠋ᠢᠨ ᠳᠤᠭᠤᠢᠯᠠᠩ ᠤ᠋ᠨ ᠬᠥᠳᠡᠯᠭᠡᠭᠡᠨ ᠦ᠌ ᠲᠡᠦᠬᠡᠨ ᠳ᠋ᠦ᠍ ᠳᠤᠷᠠᠳᠤᠭᠳᠠᠳᠠᠭ ᠠᠳᠠᠯᠢ ᠨᠡᠷ᠎ᠡ ᠲᠡᠢ ᠬᠥᠮᠦᠰ ᠨᠢᠭᠡᠨᠲᠡ ᠲᠡᠦᠬᠡᠲᠦ ᠬᠥᠮᠦᠨ ᠪᠣᠯᠤᠭᠠᠳ ᠨᠠᠶᠠᠭᠠᠳ ᠵᠢᠯ ᠥᠩᠭᠡᠷᠡᠴᠢᠬᠡᠵᠡᠢ᠃ ᠬᠠᠮᠤᠭ ᠣᠢᠷᠠᠬᠠᠨ ᠨᠢ ᠠᠷᠪᠠᠨ ᠬᠣᠶᠠᠳᠤᠭᠠᠷ ᠬᠣᠷᠢᠶᠠᠨ ᠤ᠋ ᠺᠣᠮᠢᠰᠰᠠᠷ ᠪᠠᠢᠭᠰᠠᠨ ᡀᠥ᠋ᠩᠷᠦᠪ ᠨᠠᠰᠤᠲᠠᠨ ᠴᠤ᠌ ᠨᠠᠰᠤ ᠪᠠᠷᠠᠭᠠᠳ ᠬᠣᠷᠢᠭᠠᠳ ᠵᠢᠯ ᠪᠣᠯᠴᠢᠬᠠᠯ᠎ᠠ᠃ ᠭᠡᠪᠡᠴᠦ ᠲᠡᠳᠡᠭᠡᠷ ᠬᠥᠮᠦᠰ ᠦ᠋ᠨ ᠨᠡᠷ᠎ᠡ ᠠᠯᠳᠠᠷ ᠨᠢ ᠳᠤᠭᠤᠢᠯᠠᠩ ᠤ᠋ᠨ ᠬᠥᠳᠡᠯᠭᠡᠭᠡᠨ ᠢ᠋ ᠪᠢᠴᠢᠵᠦ ᠰᠤᠳᠤᠯᠳᠠᠭ ᠬᠥᠮᠦᠰ ᠦ᠋ᠨ ᠵᠣᠬᠢᠶᠠᠯ ᠥᠭᠦᠯᠡᠯ ᠳ᠋ᠦ᠍ ᠢᠯᠡᠷᠡᠳᠡᠭ ᠪᠣᠯᠪᠠᠴᠤ ᠦᠢᠯᠡ ᠶᠠᠪᠤᠳᠠᠯ ᠨᠢ ᠴᠦ᠍ ᠳᠠᠭᠠᠯᠳᠤᠨ ᠬᠤᠳᠬᠤᠯᠳᠤᠭᠰᠠᠨ ᠤᠴᠢᠷ ᠪᠣᠢ᠃ ᠡᠨᠳᠡ ᠪᠢ ᠭᠤᠴᠢ ᠭᠠᠷᠤᠢ ᠵᠢᠯ ᠦ᠋ᠨ  ᠲᠤᠷᠰᠢᠳᠠ ᠨᠤᠲᠤᠭ ᠤ᠋ᠨ ᠪᠤᠭᠤᠷᠤᠯᠴᠤᠳ ᠠ᠋ᠴᠠ ᠣᠢᠯᠠᠭᠠᠭᠰᠠᠨ ᠡᠰᠢ ᠪᠠᠷᠢᠮᠲᠠ ᠪᠠᠷ ᠢ᠋ᠶ᠋ᠠᠨ ᠲᠣᠳᠣᠷᠬᠠᠢᠯᠠᠵᠤ ᠲᠡᠦᠬᠡᠲᠦ ᠤᠴᠢᠷ ᠪᠠ ᠲᠡᠦᠬᠡᠲᠦ ᠬᠥᠮᠦᠰ ᠢ᠋ ᠦᠨᠡᠨ ᠮᠥᠨ ᠢ᠋ᠶ᠋ᠡᠷ ᠨᠢ ᠲᠡᠮᠳᠡᠭᠯᠡᠨ ᠥᠭᠦᠯᠡᠪᠡ᠃   

            1. ᠬᠣᠶᠠᠷ ᠲᠣᠩᠮᠢᠳ ᠤ᠋ᠨ ᠲᠤᠬᠠᠢ  
       ᠬᠣᠶᠠᠷ ᠲᠣᠩᠮᠢᠳ ᠪᠣᠯ ᠪᠦᠷ ᠯᠠᠮᠠ ᠬᠥᠮᠦᠨ ᠪᠥᠭᠡᠳ ᠳᠣᠲᠣᠭᠠᠳᠤ ᠮᠣᠩᠭᠣᠯ ᠤ᠋ᠨ ᠬᠤᠪᠢᠰᠬᠠᠯᠲᠤ ᠴᠡᠷᠢᠭ ᠲᠦ᠍ ᠶᠠᠪᠤᠵᠤ ᠥᠩᠭᠡᠷᠡᠵᠡᠢ᠃ ᠨᠢᠭᠡ ᠲᠣᠩᠮᠢᠳ ᠤ᠋ᠨ ᠬᠣᠴᠢ ᠨᠡᠷ᠎ᠡ ᠨᠢ ᠰᠠᠯᠬᠢᠨ ᠲᠣᠩᠮᠢᠳ ᠭᠡᠳᠡᠭ᠃ ᠵᠠᠰᠠᠭ ᠬᠤᠰᠢᠭᠤᠨ ᠤ᠋ ᠯᠠᠮᠠ ᠶ᠋ᠢᠨ ᠰᠦᠮ᠎ᠡ ᠶ᠋ᠢᠨ ᠱᠠᠪᠢ ᠯᠠᠮᠠ ᠪᠥᠭᠡᠳ ᠪᠠᠨᠳᠢᠳᠠ ᠯᠠᠮᠠ ᠸᠠᠩᠳᠠᠨᠨᠢᠮ᠎ᠡ ᠶ᠋ᠢᠨ ᠭᠠᠷ ᠳᠣᠣᠷ᠎ᠠ ᠰᠣᠯᠪᠢᠩ ᠳᠠᠭᠠᠯ ᠪᠠᠢᠵᠠᠢ᠃ ᠲᠣᠩᠮᠢᠳ ᠸᠠᠩᠳᠠᠨᠨᠢᠮ᠎ᠠ ᠶ᠋ᠢᠨ ᠲᠣᠮᠢᠯᠠᠯᠲᠠ ᠪᠠᠷ ᠬᠠᠯᠬ᠎ᠠ ᠮᠣᠩᠭᠣᠯ ᠳ᠋ᠤ᠌ ᠬᠡᠳᠦ ᠤᠳᠠᠭ᠎ᠠ ᠶᠠᠪᠤᠵᠤ ᠬᠣᠯᠪᠣᠭᠠᠴᠢᠨ ᠤ᠋ ᠡᠭᠦᠷᠭᠡ ᠶ᠋ᠢ ᠭᠦᠢᠴᠡᠳᠬᠡᠭᠰᠡᠨ ᠪᠠᠢᠨ᠎ᠠ᠃  
       1926 ᠣᠨ ᠤ᠋8 ᠰᠠᠷ᠎ᠠ ᠳ᠋ᠤ᠌ ᠪᠤᠭᠤᠲᠤ ᠬᠣᠲᠠ ᠶ᠋ᠢᠨ ᠲᠡᠢ ᠶᠤᠸᠠᠨ ᠵᠣᠴᠢᠳ ᠤ᠋ᠨ ᠪᠠᠭᠤᠳᠠᠯ ᠳ᠋ᠤ᠌ ᠰᠠᠯᠬᠢᠨ ᠲᠣᠩᠮᠢᠳ ᠭᠠᠯᠽᠠᠩᠶᠧᠰᠢ ᠲᠡᠢ ᠰᠦᠯᠪᠡᠭᠡᠯᠡᠨ ᠸᠠᠩᠳᠠᠨᠨᠢᠮ᠎ᠠ ᠰᠧᠯᠢᠩ ᠦ᠋ᠨ ᠡᠮ ᠤᠤᠭᠤᠬᠤ ᠤᠰᠤᠨ ᠳ᠋ᠤᠨᠢ ᠰᠡᠮᠡᠬᠡᠷ ᠬᠣᠣᠷ ᠬᠣᠯᠢᠵᠤ ᠬᠣᠣᠷᠯᠠᠪᠠ᠃  
       ᠨᠥᠭᠦᠭᠡ ᠲᠣᠩᠮᠢᠳ ᠤ᠋ᠨ ᠬᠣᠴᠢ ᠨᠡᠷ᠎ᠡ ᠨᠢ ᠭᠠᠪᠴᠢᠭ ᠲᠣᠩᠮᠢᠳ ᠭᠡᠳᠡᠭ᠃ ᠦᠦᠰᠢᠨ ᠬᠤᠰᠢᠭᠤᠨ ᠤ᠋ ᠱᠠᠷᠯᠢᠭ ᠰᠦᠮ᠎ᠡ ᠶ᠋ᠢᠨ ᠱᠠᠪᠢ ᠯᠠᠮᠠ(ᠥᠨᠥ ᠶ᠋ᠢᠨ ᠱᠠᠷᠯᠢᠭ ᠰᠤᠮᠤᠨ ᠤ᠋ ᠬᠥᠮᠦᠨ) ᠶᠦᠮ᠃ ᠲᠤᠬᠠᠢ ᠶ᠋ᠢᠨ ᠦᠶ᠎ᠡ ᠳ᠋ᠦ᠍ ᠦᠦᠰᠢᠨ ᠬᠤᠰᠢᠭᠤᠨ ᠠ᠋ᠴᠠ ᠲᠥᠪ ᠬᠣᠷᠢᠶᠠᠨ ᠤ᠋ ᠴᠡᠷᠢᠭ(ᠬᠠᠷᠠᠴᠢᠨ ᠴᠡᠷᠢᠭ) ᠲᠦ᠍ ᠨᠥᠬᠥᠪᠥᠷᠢᠯᠡᠵᠦ ᠥᠭᠭᠦᠭᠰᠡᠨ ᠴᠡᠷᠢᠭ ᠲᠦ᠍ ᠪᠠᠢᠵᠠᠢ᠃   

            2.  ᠬᠣᠶᠠᠷ ᡀᠦᠩᠷᠤᠪ ᠤ᠋ᠨ ᠲᠤᠬᠠᠢ   
        ᠬᠣᠶᠠᠷ ᡀᠦᠩᠷᠤᠪ ᠪᠣᠯ ᠪᠦᠷ ᠰᠦᠮ᠎ᠡ ᠶ᠋ᠢᠨ ᠯᠠᠮᠠ ᠪᠥᠭᠡᠳ ᠳᠣᠲᠣᠭᠠᠳᠤ ᠮᠣᠩᠭᠣᠯ ᠤ᠋ᠨ ᠨᠠᠮ ᠤ᠋ᠨ ᠭᠡᠰᠢᠭᠦᠨ ᠰᠢᠨᠠᠯᠠᠮ᠎ᠠ ᠶ᠋ᠢᠨ ᠠᠷᠪᠠᠨ ᠬᠣᠶᠠᠳᠤᠭᠠᠷ ᠬᠣᠷᠢᠶᠠᠨ ᠤ᠋ ᠴᠡᠷᠢᠭ ᠶᠦᠮ᠃ ᠨᠢᠭᠡ ᡀᠥ᠋ᠩᠷᠦᠪ ᠨᠢ ᠦᠦᠰᠢᠨ ᠬᠤᠰᠢᠭᠤᠨ ᠤ᠋ ᠳᠠᠷᠬᠠᠨ ᠯᠠᠮᠠ ᠶ᠋ᠢᠨ ᠱᠠᠪᠢ ᠯᠠᠮᠠ ᠪᠥᠭᠡᠳ ᠥᠨᠥ ᠶ᠋ᠢᠨ ᠦᠦᠰᠢᠨ ᠬᠤᠰᠢᠭᠤᠨ ᠤ᠋ ᠲᠤᠭ ᠰᠤᠮᠤᠨ ᠤ᠋ ᠳᠠᠷᠬᠠᠨ ᠯᠠᠮᠠ ᠭᠠᠴᠠᠭᠠᠨ ᠤ᠋ ᠬᠥᠮᠦᠨ ᠪᠣᠯᠤᠨ᠎ᠠ᠃ ᠲᠡᠭᠦᠨ ᠢ᠋ ᠬᠥᠮᠦᠰ ᠭᠣᠵᠣᠩ ᡀᠥ᠋ᠩᠷᠦᠪ ᠭᠡᠵᠦ ᠬᠣᠴᠢ ᠨᠡᠷ᠎ᠡ ᠲᠡᠢ ᠨᠢ ᠳᠠᠭᠤᠳᠠᠬᠤ ᠵᠠᠩᠰᠢᠯ ᠲᠠᠢ᠂ ᠤᠭ ᠲᠠᠭᠠᠨ ᠵᠠᠰᠠᠭ ᠬᠤᠰᠢᠭᠤᠨ ᠤ᠋ ᠬᠠᠷᠢᠶᠠᠲᠤ ᠲᠤᠯᠠ ᠵᠠᠰᠠᠭ ᠬᠤᠰᠢᠭᠤᠨ ᠤ᠋ ᠳᠣᠭᠣᠯᠲᠠᠢ ᠶ᠋ᠢᠨ ᠰᠦᠮ᠎ᠡ ᠶ᠋ᠢᠨ ᠱᠠᠪᠢ ᠯᠠᠮᠠ ᠪᠣᠯᠵᠠᠢ᠃1924 ᠣᠨ ᠠ᠋ᠴᠠ ᠪᠠᠨᠳᠢᠳᠠ ᠯᠠᠮᠠ ᠸᠠᠩᠳᠠᠨᠨᠢᠮ᠎ᠠ ᠶ᠋ᠢᠨ ᠰᠢᠳᠠᠷ ᠰᠤᠯᠪᠢᠩ ᠢ᠋ᠶ᠋ᠠᠷ ᠶᠠᠪᠤᠵᠤ᠂ ᠮᠣᠩᠭᠣᠯ ᠲᠥᠪᠡᠳ ᠰᠣᠶᠣᠯ ᠳ᠋ᠤᠷ  ᠨᠡᠪᠲᠡᠷᠡᠭᠰᠡᠨ ᠡᠴᠡ ᠨᠢᠭᠡᠨ ᠦᠶ᠎ᠡ ᠪᠢᠴᠢᠭᠡᠴᠢ ᠶ᠋ᠢᠨ ᠠᠵᠢᠯ ᠢ᠋ ᠬᠠᠪᠰᠤᠷᠭᠠᠨ ᠬᠢᠵᠦ ᠪᠠᠢᠵᠠᠢ᠃  
       ᠲᠡᠷᠡ ᠪᠠᠰᠠ ᠨᠤᠲᠤᠭ ᠲᠠᠭᠠᠨ ᠳᠠᠷᠬᠠᠨ ᠯᠠᠮᠠ ᠶ᠋ᠢᠨ ᠳᠠᠷᠤᠭ᠎ᠠ ᠴᠣᠢᠷᠣᠭ ᠤ᠋ᠨ ᠳᠠᠷᠤᠭᠠᠯᠠᠭᠰᠠᠨ《ᠳᠠᠷᠬᠠᠨ ᠯᠠᠮᠠ ᠳᠤᠭᠤᠢᠯᠠᠩ》 ᠤ᠋ᠨ ᠢᠳᠡᠪᠬᠢᠲᠡᠨ ᠪᠠᠢᠭᠰᠠᠨ ᠪᠥᠭᠡᠳ ᠬᠣᠵᠢᠮ ᠨᠢ ᠰᠢᠨᠡᠯᠡᠮ᠎ᠡ ᠶ᠋ᠢᠨ ᠪᠠᠢᠭᠤᠯᠤᠭᠰᠠᠨ ᠠᠷᠪᠠᠨ ᠨᠢᠭᠡᠨ ᠳᠤᠭᠤᠢᠯᠠᠩ ᠪᠣᠯᠤᠨ《ᠳᠠᠯᠠᠨ ᠠᠨᠳᠠ》 ᠶ᠋ᠢᠨ ᠪᠦᠯᠦᠭ ᠲᠦ᠍ ᠣᠷᠣᠯᠴᠠᠵᠤ᠂1926 ᠣᠨ ᠳ᠋ᠤ᠌ ᠸᠠᠩᠳᠠᠨᠨᠢᠮ᠎ᠠ᠂ ᠰᠢᠨᠡᠯᠡᠮ᠎ᠡ ᠨᠠᠷ ᠢ᠋ ᠪᠤᠭᠤᠲᠤ ᠳ᠋ᠤ᠌ ᠴᠡᠷᠢᠭ ᠪᠠᠢᠭᠤᠯᠬᠤ ᠳ᠋ᠤ᠌ ᠢᠳᠡᠪᠬᠢᠲᠡᠢ ᠣᠷᠣᠯᠴᠠᠵᠠᠢ᠃ ᠲᠡᠷᠡ ᠴᠡᠷᠢᠭ ᠠᠩᠭᠢ ᠳ᠋ᠤ᠌ ᠰᠠᠯᠠᠭᠠᠨ ᠳᠠᠷᠤᠭ᠎ᠠ᠂ ᠰᠤᠮᠤᠨ ᠳᠠᠷᠤᠭ᠎ᠠ ᠶ᠋ᠢᠨ ᠡᠭᠦᠷᠭᠡ ᠲᠤᠰᠢᠶᠠᠯ ᠲᠠᠢ ᠪᠠᠢᠵᠤ᠂ ᠣᠬᠣᠷᠬᠠᠨ ᠬᠤᠭᠤᠴᠠᠭᠠᠨ ᠳ᠋ᠤ᠌ ᠳᠠᠪᠰᠢᠭᠠᠳ ᠠᠷᠪᠠᠨ ᠬᠣᠶᠠᠳᠤᠭᠠᠷ ᠬᠣᠷᠢᠶᠠᠨ ᠤ᠋ ᠺᠣᠮᠢᠰᠰᠠᠷ ᠪᠣᠯᠵᠤ ᠣᠯᠠᠨ ᠤᠳᠠᠭᠠᠨ ᠤ᠋ ᠲᠡᠢᠨ ᠪᠠᠢᠯᠳᠤᠭᠠᠨ ᠳ᠋ᠤ᠌ ᠴᠡᠷᠢᠭ ᠳᠠᠢᠴᠢᠯᠠᠨ ᠢᠯᠠᠯᠲᠠ ᠲᠠᠢ ᠪᠠᠢᠯᠳᠤᠵᠤ ᠶᠠᠪᠤᠭᠠᠳ ᠴᠡᠷᠢᠭ ᠠᠩᠭᠢ ᠶ᠋ᠢᠨ ᠳ᠋ᠠᠰᠢᠶᠣᠤ ᠶ᠋ᠢᠨ ᠳᠡᠰ ᠦ᠋ᠨ ᠵᠢᠯᠣᠭᠣᠳᠤᠭᠴᠢ ᠪᠣᠯᠪᠠ᠃1931 ᠣᠨ ᠳ᠋ᠤ᠌ ᠬᠠᠯᠬ᠎ᠠ ᠮᠣᠩᠭᠣᠯ ᠤ᠋ᠨ ᠨᠠᠮ ᠤ᠋ᠨ ᠰᠤᠷᠭᠠᠭᠤᠯᠢ ᠳ᠋ᠤ᠌ ᠰᠤᠷᠤᠯᠴᠠᠵᠤ ᠤᠯᠤᠰ ᠲᠠᠭᠠᠨ ᠬᠠᠷᠢᠵᠤ ᠢᠷᠡᠭᠰᠡᠨ ᠦ᠌ ᠰᠡᠭᠦᠯᠡᠷ ᠦᠷᠭᠦᠯᠵᠢᠯᠡᠨ ᠴᠡᠷᠢᠭ ᠠᠩᠭᠢ ᠳ᠋ᠠᠭᠠᠨ ᠠᠵᠢᠯᠯᠠᠪᠠ᠃ ᠰᠡᠭᠦᠯᠡᠷ ᠮᠥᠩᠬᠡᠡᠥ᠋ᠯᠵᠡᠢ᠂ ᠪᠠᠪᠠ᠂ ᠵᠠᠮᠢᠶᠠᠨᠵᠠᠪ᠂ ᠪᠠᠲᠤᠰᠡᠷᠡᠩ ᠨᠠᠷ ᠲᠠᠢ ᠠᠳᠠᠯᠢ ᠪᠠᠷ ᠦᠦᠰᠢᠨ ᠬᠤᠰᠢᠭᠤᠨ ᠠ᠋ᠴᠠ ᠵᠠᠢᠳᠠᠵᠤ ᠳᠣᠷᠵᠢᠸᠠᠩᠴᠤᠭ ᠵᠡᠷᠭᠡ ᠬᠠᠭᠤᠴᠢᠨ ᠲᠠᠨᠢᠯ ᠢ᠋ᠶ᠋ᠠᠷ ᠣᠷᠣᠵᠤ ᠬᠠᠩᠭᠢᠨ ᠬᠤᠰᠢᠭᠤᠨ ᠤ᠋  ᠪᠠᠶᠠᠨ᠌ᠡᠩᠭᠡᠷ ᠬᠡᠮᠡᠬᠦ ᠭᠠᠵᠠᠷ ᠡᠷᠦᠬᠡ ᠭᠡᠷ ᠪᠣᠯᠵᠤ ᠰᠠᠭᠤᠷᠢᠰᠢᠪᠠ᠃ ᠬᠣᠵᠢᠮ ᠬᠥᠪᠡᠭᠦᠨ ᠪᠠᠨᠽᠠᠷ ᠢ᠋ᠶ᠋ᠠᠨ ᠳᠠᠭᠠᠵᠤ ᠬᠠᠩᠭᠢᠨ ᠬᠤᠰᠢᠭᠤᠨ ᠤ᠋ ᠰᠢᠨ᠎ᠡ ᠪᠠᠯᠭᠠᠰᠤᠨ᠎ᠠ ᠰᠠᠭᠤᠵᠤ ᠪᠠᠢᠭᠠᠳ1986 ᠣᠨ ᠳ᠋ᠤ᠌ ᠭᠡᠷ ᠲᠡᠭᠡᠨ ᠡᠪᠡᠳᠴᠢᠨ ᠢ᠋ᠶ᠋ᠡᠷ ᠨᠠᠰᠤ ᠪᠠᠷᠠᠵᠠᠢ᠃ ᠲᠤᠰ ᠵᠢᠯ88 ᠨᠠᠰᠤᠲᠠᠢ᠃ 
       ᠨᠥᠭᠦᠭᠡ ᡀᠥ᠋ᠩᠷᠥᠪ ᠦ᠋ᠨ ᠴᠣᠬᠣᠮ ᠨᠡᠷ᠎ᠡ ᠨᠢ ᠲᠦᠩᠷᠦᠪ ᠭᠡᠳᠡᠭ᠃ ᠵᠠᠷᠢᠮ ᠬᠥᠮᠦᠰ ᠲᠡᠭᠦᠨ ᠢ᠋ ᡀᠥ᠋ᠩᠷᠦᠪ ᠢ᠋ᠶ᠋ᠡᠷ ᠠᠶᠠᠯᠭᠤ ᠢᠵᠢᠯᠢᠰᠢᠭᠦᠯᠦᠨ ᠳᠠᠭᠤᠳᠠᠭᠰᠠᠨ ᠠ᠋ᠴᠠ ᠪᠣᠯᠵᠤ ᠵᠠᠷᠢᠮ ᠵᠣᠬᠢᠶᠠᠯ ᠳ᠋ᠤ᠌ ᡀᠥ᠋ᠩᠷᠦᠪ ᠪᠣᠯᠭᠠᠴᠢᠬᠠᠪᠠ᠃ ᠡᠢᠮᠦ ᠡᠴᠡ ᠦᠢᠯᠡ ᠶᠠᠪᠤᠳᠠᠯ᠂ ᠵᠡᠷᠭᠡ ᠲᠤᠰᠢᠶᠠᠯ ᠬᠦᠷᠲᠡᠯ᠎ᠡ ᡀᠥ᠋ᠩᠷᠦᠪ ᠦ᠋ᠨ ᠬᠢᠨᠢ ᠳᠦᠩᠷᠦᠪ ᠳᠡᠭᠡᠷ᠎ᠡ ᠰᠢᠯᠵᠢᠴᠢᠬᠡᠭᠰᠡᠨ ᠤᠴᠢᠷ ᠭᠠᠷᠴᠠᠢ᠃  
       ᠲᠦᠩᠷᠦᠪ ᠪᠣᠯ ᠥᠨᠥ ᠶ᠋ᠢᠨ ᠦᠦᠰᠢᠨ ᠬᠤᠰᠢᠭᠤᠨ ᠤ᠋ ᠱᠠᠷᠯᠢᠭ ᠰᠤᠮᠤᠨ ᠤ᠋ ᠥᠯᠵᠡᠢᠴᠠᠢᠳᠠᠮ ᠤ᠋ᠨ ᠬᠥᠮᠦᠨ ᠶᠦᠮ᠃ ᠱᠠᠷᠯᠢᠭ ᠤ᠋ᠨ ᠰᠦᠮ᠎ᠡ ᠶ᠋ᠢᠨ ᠱᠠᠪᠢ ᠯᠠᠮᠠ ᠪᠣᠯᠤᠨ᠎ᠠ᠃  

            3. ᠬᠣᠶᠠᠷ ᠪᠠᠲᠤᠰᠡᠷᠡᠩ ᠦ᠋ᠨ ᠲᠤᠬᠠᠢ     
       ᠬᠣᠶᠠᠷ ᠪᠠᠲᠤᠰᠡᠷᠡᠩ ᠪᠣᠯ ᠪᠦᠷ ᠰᠢᠨᠠᠯᠠᠮ᠎ᠠ ᠶ᠋ᠢᠨ ᠠᠷᠪᠠᠨ ᠬᠣᠶᠠᠳᠤᠭᠠᠷ ᠬᠣᠷᠢᠶᠠᠨ ᠤ᠋ ᠴᠡᠷᠢᠭ ᠪᠣᠯᠤᠨ᠎ᠠ᠃ 
       ᠨᠢᠭᠡ ᠪᠠᠲᠤᠰᠡᠷᠡᠩ ᠪᠣᠯ ᠰᠢᠨᠠᠯᠠᠮ᠎ᠠ ᠶ᠋ᠢᠨ ᠠᠷᠪᠠᠨ ᠬᠣᠶᠠᠳᠤᠭᠠᠷ ᠬᠣᠷᠢᠶᠠᠨ ᠤ᠋ ᠮᠡᠷᠭᠡᠨ ᠬᠠᠷᠪᠤᠭᠠᠴᠢ ᠪᠠᠭᠠᠲᠤᠷ ᠴᠡᠷᠢᠭ ᠪᠣᠯᠤᠨ᠎ᠠ᠃ ᠥᠨᠥ ᠶ᠋ᠢᠨ ᠦᠦᠰᠢᠨ ᠬᠤᠰᠢᠭᠤᠨ ᠤ᠋ ᠰᠠᠷᠠᠭᠤᠯᠨᠤᠲᠤᠭ ᠭᠠᠴᠠᠭᠠᠨ ᠤ᠋ ᠴᠠᠭᠠᠨ ᠰᠢᠷᠣᠢᠲᠤ ᠶ᠋ᠢᠨ ᠰᠠᠷᠠᠭᠤᠯᠬᠠᠨ ᠥᠨᠳᠥᠷᠯᠢᠭ ᠳᠡᠭᠡᠷ᠎ᠡ ᠰᠠᠭᠤᠵᠤ ᠪᠠᠢᠵᠠᠢ᠃  
       ᠪᠠᠲᠤᠰᠡᠷᠡᠩ ᠰᠢᠨᠠᠯᠠᠮ᠎ᠠ ᠶ᠋ᠢᠨ ᠴᠡᠷᠢᠭ ᠲᠦ᠍ ᠪᠠᠢᠬᠤ ᠳ᠋ᠠᠭᠠᠨ ᠢᠦᠢ ᠯᠢᠨ ᠦ᠌ ᠵᠢᠩ ᠶᠤᠸᠠᠢ ᠰᠢᠦ ᠶ᠋ᠢᠨ ᠴᠡᠷᠢᠭ ᠲᠡᠢ ᠲᠤᠯᠤᠯᠳᠤᠭᠰᠠᠨ《ᠮᠠᠩᠬᠠᠲᠤ ᠶ᠋ᠢᠨ ᠪᠠᠢᠯᠳᠤᠭᠠᠨ》 ᠳ᠋ᠤ᠌ ᠴᠠᠢᠳᠠᠮ ᠤ᠋ᠨ ᠳᠤᠮᠳᠠᠬᠢ ᠨᠢᠭᠡᠨ ᠬᠠᠭᠤᠷᠠᠢ ᠬᠤᠳᠳᠤᠭ ᠳᠣᠲᠣᠷ᠎ᠠ ᠪᠡᠶ᠎ᠡ ᠳᠠᠯᠳᠠᠯᠠᠵᠤ᠂ ᠭᠠᠭᠴᠠᠭᠠᠷ ᠠᠷᠪᠠᠨ ᠵᠢᠷᠭᠤᠭᠠᠨ ᠴᠡᠷᠢᠭ ᠢ᠋ ᠤᠰᠠᠳᠬᠠᠭᠰᠠᠨ ᠣᠨᠴᠠ ᠭᠠᠪᠢᠶ᠎ᠠ ᠪᠠᠢᠭᠤᠯᠵᠤ ᠥᠩᠭᠡᠷᠡᠵᠡᠢ᠃ 
       ᠬᠣᠵᠢᠮ ᠨᠢ ᠲᠡᠷᠡ ᠴᠡᠷᠢᠭ ᠠᠩᠭᠢ ᠠ᠋ᠴᠠ ᠪᠠᠨ ᠰᠠᠯᠵᠤ ᠭᠡᠷ ᠡᠷᠦᠬᠡ ᠪᠤᠰᠬᠠᠵᠤ ᠠᠵᠤ ᠠᠮᠢᠳᠤᠷᠠᠵᠠᠢ᠃1945 ᠣᠨ ᠠ᠋ᠴᠠ1950 ᠣᠨ ᠬᠦᠷᠲᠡᠯ᠎ᠡ ᠥᠨᠥ ᠶ᠋ᠢᠨ ᠭᠠᠯᠠᠭᠤᠲᠤ ᠰᠤᠮᠤᠨ ᠤ᠋ ᠰᠠᠷᠠᠭᠤᠯᠨᠤᠲᠤᠭ ᠭᠠᠴᠠᠭᠠᠨ ᠤ᠋ ᠬᠡᠪᠴᠢᠶᠡᠨ ᠳ᠋ᠡᠬᠢ《ᠬᠠᠩᠭᠢᠨ ᠰᠡᠪᠬᠦᠯ ᠭᠠᠴᠠᠭ᠎ᠠ》 ᠶ᠋ᠢᠨ ᠭᠠᠴᠠᠭᠠᠨ ᠳᠠᠷᠤᠭ᠎ᠠ ᠶ᠋ᠢᠨ ᠲᠤᠰᠢᠶᠠᠯ ᠳ᠋ᠤ᠌ ᠪᠠᠢᠵᠠᠢ᠃20 ᠳ᠋ᠤᠭᠠᠷ ᠵᠠᠭᠤᠨ ᠤ᠋ ᠳᠠᠯᠠᠭᠠᠳ ᠣᠨ ᠤ᠋ ᠦᠶ᠎ᠡ ᠪᠡᠷ  ᠪᠠᠶᠠᠨ᠌ᠥ᠌ᠨᠳᠦᠷ ᠭᠠᠴᠠᠭᠠᠨ ᠤ᠋ ᠭᠤᠤᠲᠤ ᠳ᠋ᠤ᠌ ᠭᠡᠷ ᠲᠡᠭᠡᠨ ᠡᠪᠡᠳᠴᠢᠨ ᠢ᠋ᠶ᠋ᠡᠷ ᠨᠠᠰᠤ ᠪᠠᠷᠠᠵᠠᠢ᠃ 
       ᠨᠥᠭᠦᠭᠡ ᠪᠠᠲᠤᠰᠡᠷᠡᠩ ᠨᠢ ᠦᠦᠰᠢᠨ ᠬᠤᠰᠢᠭᠤᠨ ᠤ᠋ ᠭᠠᠯᠠᠭᠤᠲᠤ ᠰᠤᠮᠤᠨ ᠤ᠋ ᠬᠥᠬᠡᠲᠣᠯᠣᠭᠠᠢ ᠭᠠᠴᠠᠭᠠᠨ ᠤ᠋ ᠬᠥᠮᠦᠨ᠂ ᠰᠢᠨᠠᠯᠠᠮ᠎ᠠ ᠶ᠋ᠢᠨ ᠠᠷᠪᠠᠨ ᠬᠣᠶᠠᠳᠤᠭᠠᠷ ᠬᠣᠷᠢᠶᠠᠨ ᠤ᠋ ᠬᠣᠶᠠᠳᠤᠭᠠᠷ ᠰᠤᠮᠤᠨ ᠤ᠋ ᠰᠠᠯᠠᠭᠠᠨ ᠳᠠᠷᠤᠭ᠎ᠠ ᠶ᠋ᠢᠨ ᠲᠤᠰᠢᠶᠠᠯ ᠢ᠋ ᠬᠠᠷᠢᠭᠤᠴᠠᠵᠤ ᠪᠠᠢᠪᠠ᠃  ᠰᠢᠨᠠᠯᠠᠮ᠎ᠠ ᠬᠣᠣᠷᠯᠠᠭᠳᠠᠭᠰᠠᠨ ᠤ᠋ ᠳᠠᠷᠠᠭ᠎ᠠ ᠮᠥᠩᠬᠡᠡᠥᠢ᠍ᠯᠵᠠᠢ ᠶ᠋ᠢᠨ ᠦᠶ᠎ᠡ ᠳ᠋ᠦ᠍ ᠦᠦᠰᠢᠨ ᠬᠤᠰᠢᠭᠤᠨ ᠤ᠋ ᠴᠠᠭᠳᠠᠨ ᠰᠡᠷᠭᠡᠢᠯᠡᠬᠦ ᠮᠣᠷᠢᠲᠤ ᠴᠡᠷᠢᠭ ᠦ᠋ᠨ ᠶᠡᠬᠡ ᠠᠩᠭᠢ ᠶ᠋ᠢᠨ ᠳᠠᠷᠤᠭ᠎ᠠ ᠶ᠋ᠢᠨ ᠲᠤᠰᠢᠶᠠᠯ ᠢ᠋ ᠬᠠᠷᠢᠭᠤᠴᠠᠵᠤ ᠡᠨᠡ ᠬᠦ᠌ ᠬᠤᠭᠤᠴᠠᠭᠠᠨ ᠳ᠋ᠤ᠌ ᠨᠢᠭᠡ ᠤᠳᠠᠭ᠎ᠠ ᠬᠠᠯᠬ᠎ᠠ ᠮᠣᠩᠭᠣᠯ ᠳ᠋ᠤ᠌ ᠶᠠᠪᠤᠵᠠᠢ᠃ ᠲᠡᠷᠡ ᠵᠥᠪᠯᠡᠯᠲᠦ ᠬᠣᠯᠪᠣᠭᠠᠲᠤ ᠤᠯᠤᠰ ᠤ᠋ᠨ ᠮᠣᠰᠺᠸᠠ ᠶ᠋ᠢᠨ ᠳᠣᠷᠣᠨᠠᠳᠠᠬᠢᠨ ᠤ᠋ ᠶᠡᠬᠡ ᠰᠤᠷᠭᠠᠭᠤᠯᠢ ᠶ᠋ᠢᠨ ᠳᠣᠷᠵᠢᠸᠠᠩᠴᠤᠭ(ᠸᠠᠩ ᠡᠸᠨ ᠳ᠋ᠦᠩ) ᠲᠡᠢ ᠬᠠᠮᠲᠤ ᠪᠠᠷ ᠭᠤᠷᠪᠠᠳᠤᠭᠠᠷ ᠢᠨᠲ᠋ᠧᠷᠨᠠᠼᠢᠣᠨᠠᠯ ᠤ᠋ᠨ ᠵᠢᠭᠠᠪᠤᠷᠢ ᠪᠠᠷ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠤ᠋ᠨ ᠠᠵᠢᠯᠯᠠᠭ᠎ᠠ ᠶ᠋ᠢ ᠰᠡᠷᠭᠦᠭᠡᠨ ᠥᠷᠨᠢᠭᠦᠯᠬᠦ ᠤᠬᠠᠭᠤᠯᠭ᠎ᠠ ᠶ᠋ᠢ ᠥᠷᠨᠢᠭᠦᠯᠵᠦ᠂ ᠳᠣᠷᠵᠢᠸᠠᠩᠴᠤᠭ᠂ ᠨᠠᠢᠷᠠᠯᠲᠤ᠂ ᠡᠩᠬᠡᠮᠠᠩᠨᠠᠢ ᠳᠥᠷᠪᠡᠭᠦᠯᠡ ᠦᠦᠰᠢᠨ ᠬᠤᠰᠢᠭᠤᠨ ᠳ᠋ᠤ᠌《ᠮᠣᠩᠭᠣᠯ ᠬᠤᠰᠢᠭᠤᠳ ᠤ᠋ᠨ ᠠᠷᠪᠠᠨ ᠡᠳᠦᠷ ᠦ᠋ᠨ ᠰᠡᠳᠬᠦᠯ》 ᠢ᠋ ᠲᠠᠪᠤᠨ ᠬᠤᠭᠤᠴᠠᠭ᠎ᠠ ᠡᠷᠬᠢᠯᠡᠵᠦ ᠨᠡᠷ᠎ᠡ ᠠᠯᠳᠠᠷᠰᠢᠭᠰᠠᠨ ᠪᠠᠢᠨ᠎ᠠ᠃  
       1935 ᠣᠨ ᠳ᠋ᠤ᠌ ᠨᠠᠰᠦᠨᠳᠡᠯᠭᠡᠷ ᠦ᠋ᠨ ᠴᠡᠷᠢᠭ ᠦ᠋ᠨ ᠬᠤᠪᠢᠰᠤᠯ ᠤ᠋ᠨ ᠳᠠᠷᠠᠭ᠎ᠠ ᠮᠥᠩᠬᠡᠡᠥᠢ᠍ᠯᠵᠠᠢ᠂ ᠪᠠᠪᠠ᠂ ᠵᠠᠮᠢᠶᠠᠨᠵᠠᠪ ᠨᠠᠷ ᠤ᠋ᠨ ᠪᠡᠶ᠎ᠡ ᠳᠡᠭᠡᠷ᠎ᠡ ᠠᠯᠪᠠᠨ ᠤ᠋ ᠤᠷᠲᠤ ᠣᠬᠣᠷ18 ᠫᠤᠤ ᠰᠤᠮᠤ ᠲᠠᠢ᠂4500 ᠯᠠᠩ ᠮᠥᠩᠭᠥᠨ ᠦ᠌ ᠤᠴᠢᠷ ᠲᠤ᠌ ᠬᠣᠯᠪᠣᠭᠳᠠᠵᠤ ᠲᠡᠳᠡᠭᠡᠷ ᠬᠥᠮᠦᠰ ᠲᠤᠰ ᠬᠤᠰᠢᠭᠤᠨ ᠠ᠋ᠴᠠ ᠵᠠᠢᠳᠠᠵᠤ ᠬᠠᠩᠭᠢᠨ ᠬᠤᠰᠢᠭᠤᠨ ᠳ᠋ᠤ᠌ ᠶᠠᠪᠤᠭᠰᠠᠨ ᠤ᠋ ᠰᠡᠭᠦᠯᠡᠷ ᠣᠯᠠᠨ ᠤ᠋ ᠳᠤᠮᠳᠠ᠄ 
        《 ᠪᠠᠲᠤᠰᠡᠷᠡᠩ  ᠳ᠋ᠤᠢᠵᠠᠩ ᠰᠠᠭᠤᠭᠠᠳ\\ 
           ᠪᠠᠭᠰᠢᠯᠠᠮᠠᠨᠵᠢᠨ ᠬᠦᠢ!\\ 
           ᠪᠠᠨᠳᠤᠤ ᠲᠣᠯᠣᠭᠠᠢ ᠳᠦᠩᠭᠡᠷ ᠬᠠᠮᠠᠷ ᠢ᠋ᠶ᠋ᠠᠨ\\
           ᠪᠠᠯᠪᠠᠯᠠᠭᠤᠯᠬᠤ ᠪᠠᠨ ᠬᠢᠴᠢᠶᠡ ᠳᠡ!》 
ᠭᠡᠰᠡᠨ ᠰᠢᠯᠦᠭ ᠭᠠᠷᠴᠠᠢ᠃ ᠡᠢᠮᠦ ᠡᠴᠡ ᠰᠣᠶᠣᠯ ᠮᠡᠳᠡᠯᠭᠡ ᠪᠡᠷ ᠥᠨᠳᠥᠷ ᠬᠤᠷᠴᠠ ᠰᠡᠷᠭᠡᠭ ᠪᠠᠲᠤᠰᠡᠷᠡᠩ ᠳᠠᠷᠤᠢ ᠳ᠋ᠤᠨᠢ《ᠣᠳᠣ ᠨᠠᠮᠠᠶ᠋ᠢ ᠲᠣᠬᠣᠨᠢᠭᠤᠯᠬᠤ ᠳᠣᠬᠢᠶ᠎ᠠ ᠲᠠᠯᠪᠢᠵᠤ ᠪᠠᠢᠭ᠎ᠠ ᠶᠤᠮ ᠪᠠᠢᠨ᠎ᠠ ᠰᠢᠦ!》 ᠭᠡᠮᠡᠨ ᠬᠦᠦ ᠸᠠᠩᠴᠤᠭ(ᠪᠠᠪᠠ) ᠪᠣᠯᠤᠨ ᠬᠡᠦᠬᠡᠨ ᠢ᠋ᠶ᠋ᠡᠨ ᠳᠠᠭᠠᠭᠤᠯᠤᠨ ᠳᠠᠬᠢᠨ(1935 ᠣᠨ) ᠮᠣᠩᠭᠣᠯ ᠤᠯᠤᠰ ᠲᠤ᠌ ᠣᠴᠢᠵᠠᠢ᠃ ᠲᠡᠷᠡ ᠮᠣᠩᠭᠣᠯ ᠤᠯᠤᠰ ᠤ᠋ᠨ ᠡᠳ᠋ ᠦ᠋ᠨ ᠵᠠᠰᠠᠭ ᠤ᠋ᠨ ᠳᠠᠷᠤᠭ᠎ᠠ ᠪᠠᠷ ᠠᠵᠢᠯᠯᠠᠵᠤ ᠪᠠᠢᠭᠠᠳ1956 ᠣᠨ ᠳ᠋ᠤ᠌ ᠡᠪᠡᠳᠴᠢᠨ ᠢ᠋ᠶ᠋ᠡᠷ ᠤᠯᠠᠭᠠᠨᠪᠠᠭᠠᠲᠤᠷ ᠲᠤ᠌ ᠨᠠᠰᠤ ᠪᠠᠷᠠᠪᠠ᠃   

            4᠂ ᠬᠣᠶᠠᠷ ᠥᠯᠵᠠᠢᠵᠢᠷᠭᠠᠯ ᠤ᠋ᠨ ᠲᠤᠬᠠᠢ  
       ᠨᠢᠭᠡ ᠥᠯᠵᠠᠢᠵᠢᠷᠭᠠᠯ ᠨᠢ(1866~1927) ᠵᠠᠮᠰᠠᠨ ᠪᠤᠶᠤ ᠰᠢᠨᠡᠯᠡᠮ᠎ᠡ᠂ ᠯᠧ ᠲᠢᠶᠠᠨ ᠭᠡᠬᠦ ᠨᠡᠷ᠎ᠡ ᠲᠡᠢ᠂ ᠲᠤᠰ ᠵᠣᠬᠢᠶᠠᠯ ᠤ᠋ᠨ ᠭᠣᠣᠯ ᠪᠠᠭᠠᠲᠤᠷ᠃  
       ᠨᠥᠭᠦᠭᠡ ᠨᠢᠭᠡ ᠥᠯᠵᠠᠢᠵᠢᠷᠭᠠᠯ ᠪᠣᠯ ᠦᠦᠰᠢᠨ ᠬᠤᠰᠢᠭᠤᠨ ᠤ᠋ ᠤᠢᠭᠤᠷᠵᠢᠨ ᠬᠠᠷᠢᠶᠠᠨ ᠤ᠋ ᠬᠥᠮᠦᠨ᠂ ᠥᠨᠥ ᠶ᠋ᠢᠨ ᠦᠦᠰᠢᠨ ᠬᠤᠰᠢᠭᠤᠨ ᠤ᠋ ᠭᠠᠯᠠᠭᠤᠲᠤ ᠰᠤᠮᠤᠨ ᠤ᠋ ᠪᠠᠶᠠᠨ᠌ᠥ᠌ᠨᠳᠦᠷ ᠭᠠᠴᠠᠭᠠᠨ ᠤ᠋ ᠪᠠᠶᠠᠨᠲᠠᠯ᠎ᠠ ᠶ᠋ᠢᠨ ᠬᠥᠮᠦᠨ ᠶᠦᠮ᠃  
       ᠥᠯᠵᠠᠢᠵᠢᠷᠭᠠᠯ ᠪᠣᠯ ᠠᠬ᠎ᠠ ᠠᠷᠪᠢᠨᠪᠠᠶᠠᠷ(ᠸᠠᠩ ᠶᠤᠸᠠᠢ ᠹᠧᠩ) ᠲᠡᠢ ᠪᠡᠨ ᠵᠠᠩ ᠠᠭᠠᠰᠢ᠂ ᠲᠥᠷᠥᠭᠰᠡᠨ ᠲᠥᠷᠬᠦ ᠪᠠᠢᠳᠠᠯ ᠠᠳᠠᠯᠢ᠂ ᠦᠭᠡ ᠬᠡᠯᠡᠬᠦ ᠨᠢ ᠠᠰᠪᠤᠷᠢ ᠴᠠᠭᠠᠪᠤᠷ᠂ ᠰᠥᠰᠥ ᠵᠣᠷᠢᠭ ᠲᠠᠢ ᠬᠥᠮᠦᠨ ᠪᠠᠢᠭᠰᠠᠨ ᠭᠡᠵᠦ ᠬᠡᠯᠡᠯᠴᠡᠳᠡᠭ᠃   

            5. ᠬᠣᠶᠠᠷ ᡀᠠᠸᠠᠩᠨᠤᠷᠪᠤ ᠶ᠋ᠢᠨ ᠲᠤᠬᠠᠢ    
       ᠨᠢᠭᠡ ᡀᠠᠸᠠᠩᠨᠤᠷᠪᠤ ᠪᠣᠯ ᠰᠢᠨᠠᠯᠠᠮ᠎ᠠ ᠶ᠋ᠢᠨ ᠠᠷᠪᠠᠨ ᠬᠣᠶᠠᠳᠤᠭᠠᠷ ᠬᠣᠷᠢᠶᠠᠨ ᠤ᠋ ᠴᠡᠷᠢᠭ ᠪᠥᠭᠡᠳ ᠥᠨᠥ ᠶ᠋ᠢᠨ ᠦᠦᠰᠢᠨ ᠬᠤᠰᠢᠭᠤᠨ ᠤ᠋ ᠲᠣᠯᠢ ᠰᠤᠮᠤᠨ ᠤ᠋ ᠲᠣᠭᠣᠷᠢᠮ ᠭᠠᠴᠠᠭᠠᠨ ᠤ᠋ ᠬᠥᠮᠦᠨ᠃  
       1929 ᠣᠨ ᠤ᠋ ᠴᠠᠭᠠᠨ ᠰᠠᠷ᠎ᠠ ᠶ᠋ᠢᠨ ᠰᠢᠨ᠎ᠡ ᠶ᠋ᠢᠨ ᠬᠣᠶᠠᠷ ᠤ᠋ᠨ ᠰᠥᠨᠢ ᠤᠯᠠᠭᠠᠨᠲᠣᠯᠣᠭᠠᠢ ᠶ᠋ᠢᠨ ᠰᠦᠮ᠎ᠡ ᠶ᠋ᠢᠨ ᠵᠡᠭᠦᠨ ᠬᠣᠢᠲᠠᠢ ᠴᠠᠢᠳᠠᠮ ᠳᠡᠭᠡᠷ᠎ᠡ ᠳᠣᠩᠷᠣᠪ ᠤ᠋ᠨ ᠭᠡᠷ ᠲᠦ᠍ ᠤᠷᠪᠠᠭᠴᠢ ᠪᠦᠷᠢᠨᠵᠢᠷᠭᠠᠯ ᠤ᠋ᠨ ᠦᠭᠡᠨ ᠳ᠋ᠦ᠍ ᠣᠷᠣᠵᠤ᠂ ᠬᠡᠷᠪᠡ ᠰᠢᠨᠠᠯᠠᠮ᠎ᠠ ᠦᠬᠦᠬᠦ ᠦᠭᠡᠢ ᠪᠣᠯ ᠰᠦᠬᠡ ᠪᠡᠷ ᠲᠣᠯᠣᠭᠠᠢ ᠶ᠋ᠢ ᠨᠢ ᠴᠣᠬᠢᠵᠤ ᠠᠯᠠᠬᠤ ᠪᠠᠷ ᠪᠦᠷᠢᠨᠵᠢᠷᠭᠠᠯ᠂ ᠡᠷᠬᠢᠮᠳᠠᠯᠠᠢ ᠬᠣᠶᠠᠭᠤᠯᠠ ᠶ᠋ᠢᠨ ᠠᠷᠤ ᠳ᠋ᠤ᠌ ᠰᠦᠬᠡ ᠪᠠᠷᠢᠵᠤ ᠵᠣᠭᠰᠣᠭᠰᠠᠨ ᡀᠠᠸᠠᠩᠨᠤᠷᠪᠤ ᠪᠣᠯᠤᠨ᠎ᠠ᠃  
       ᠨᠥᠭᠦᠭᠡ ᠨᠢᠭᠡ ᡀᠠᠸᠠᠩᠨᠤᠷᠪᠤ ᠭᠡᠳᠡᠭ ᠨᠢ ᡀᠠᠸᠠᠩᠨᠤᠷᠪᠤ ᠪᠢᠰᠢ᠂ ᠬᠠᠷᠢᠨ ᠬᠥᠮᠦᠰ ᠨᠠ᠊ ᠶ᠋ᠢ ᡀ ᠢ᠋ᠶ᠋ᠡᠷ ᠠᠪᠢᠶ᠎ᠠ ᠢᠵᠢᠯᠢᠰᠢᠭᠦᠯᠦᠨ ᠬᠤᠳᠬᠤᠯᠳᠤᠭᠤᠯᠵᠤ ᠳᠠᠭᠤᠳᠠᠭᠰᠠᠨ ᠪᠠᠢᠨ᠎ᠠ᠃ ᠴᠣᠬᠣᠮ ᠳ᠋ᠠᠭᠠᠨ ᠨᠠᠸᠠᠩᠨᠤᠷᠪᠤ ᠪᠣᠯᠬᠤ ᠶᠤᠮ᠃ ᠲᠡᠷᠡ ᠪᠣᠯ ᠦᠦᠰᠢᠨ ᠨᠣᠶᠠᠨ ᠤ᠋ ᠰᠢᠳᠠᠷ ᠬᠥᠮᠦᠨ ᠦ᠌ ᠨᠢᠭᠡ ᠪᠠᠢᠵᠤ᠂ ᠲᠠᠢᠵᠢ ᠸᠠᠩᠴᠤᠭᠷᠠᠪᠳᠠᠨ᠂ ᠪᠤᠶᠠᠨᠴᠣᠭ᠂ ᠲᠡᠭᠦᠰᠵᠢᠷᠭᠠᠯᠠᠩ ᠵᠡᠷᠭᠡ ᠬᠥᠮᠦᠰ ᠲᠡᠢ ᠵᠢᠷᠠᠨ ᠠᠨᠳᠠ ᠶ᠋ᠢ ᠪᠠᠢᠭᠤᠯᠵᠤ ᠰᠢᠨᠠᠯᠠᠮ᠎ᠠ ᠶ᠋ᠢ  ᠡᠰᠡᠷᠭᠦᠴᠡᠭᠰᠡᠳ ᠪᠣᠯᠤᠨ᠎ᠠ᠃ ᠥᠨᠥ ᠶ᠋ᠢᠨ ᠦᠦᠰᠢᠨ ᠬᠤᠰᠢᠭᠤᠨ ᠤ᠋ ᠮᠠᠩᠬᠠᠲᠤ ᠶ᠋ᠢᠨ ᠬᠥᠮᠦᠨ ᠶᠦᠮ᠃  

            6. ᠬᠣᠶᠠᠷ ᠠᠷᠪᠢᠨᠪᠠᠶᠠᠷ ᠤ᠋ᠨ ᠲᠤᠬᠠᠢ  
       ᠬᠣᠶᠠᠷ ᠠᠷᠪᠢᠨᠪᠠᠶᠠᠷ ᠴᠥᠮ ᠰᠢᠨᠡᠯᠡᠮ᠎ᠡ ᠶ᠋ᠢᠨ ᠠᠷᠪᠠᠨ ᠬᠣᠶᠠᠳᠤᠭᠠᠷ ᠬᠣᠷᠢᠶᠠᠨ ᠤ᠋ ᠴᠡᠷᠢᠭ ᠪᠠᠢᠭᠰᠠᠨ ᠪᠥᠭᠡᠳ ᠳᠣᠲᠣᠭᠠᠳᠤ ᠮᠣᠩᠭᠣᠯ ᠤ᠋ᠨ ᠬᠤᠪᠢᠰᠬᠠᠯᠲᠤ ᠨᠠᠮ ᠤ᠋ᠨ ᠭᠡᠰᠢᠭᠦᠨ᠂ ᠴᠡᠷᠢᠭ ᠲᠡᠢᠨ ᠦ᠌ ᠵᠢᠯᠣᠭᠣᠳᠤᠭᠴᠢ᠂ ᠰᠢᠨᠠᠯᠠᠮ᠎ᠠ ᠶ᠋ᠢᠨ ᠢᠲᠡᠭᠡᠯ ᠲᠡᠢ ᠳᠣᠲᠣᠭᠠᠳᠤ ᠬᠥᠮᠦᠰ ᠪᠣᠯᠬᠤ ᠶᠤᠮ᠃  
       ᠨᠢᠭᠡ ᠠᠷᠪᠢᠨᠪᠠᠶᠠᠷ ᠨᠢ ᠤᠭ ᠤ᠋ᠨ ᠦᠦᠰᠢᠨ ᠬᠤᠰᠢᠭᠤᠨ ᠤ᠋ ᠤᠢᠭᠤᠷᠵᠢᠨ ᠬᠠᠷᠢᠶᠠᠨ ᠤ᠋ ᠬᠥᠮᠦᠨ᠂ ᠥᠨᠥ ᠶ᠋ᠢᠨ ᠦᠦᠰᠢᠨ ᠬᠤᠰᠢᠭᠤᠨ ᠤ᠋ ᠪᠠᠶᠠᠨᠴᠠᠢᠳᠠᠮ ᠤ᠋ᠨ ᠰᠡᠪᠬᠦᠯ ᠳ᠋ᠦ᠍ ᠨᠤᠲᠤᠭ ᠲᠠᠢ᠃ ᠸᠠᠩ ᠶᠤᠸᠠᠢ ᠹᠧᠩ ᠭᠡᠬᠦ ᠬᠢᠲᠠᠳ ᠨᠡᠷ᠎ᠡ ᠲᠡᠢ᠃ 
       ᠰᠢᠨᠠᠯᠠᠮ᠎ᠠ ᠬᠣᠣᠷᠯᠠᠭᠳᠠᠭᠰᠠᠨ ᠤ᠋ ᠰᠡᠭᠦᠯᠡᠷ ᠲᠡᠭᠦᠨ ᠦ᠌ ᠰᠤᠮᠤᠨ ᠳᠠᠷᠤᠭ᠎ᠠ ᠰᠢᠨᠠᠯᠠᠮ᠎ᠠ ᠶ᠋ᠢᠨ ᠬᠦᠷᠭᠡᠨ ᠲᠠᠢᠵᠢ ᠠᠷᠪᠢᠨᠪᠠᠶᠠᠷ ᠢ᠋ ᠬᠠᠪᠰᠤᠷᠴᠤ ᠤᠷᠪᠠᠭᠴᠢ ᠶ᠋ᠢ ᠰᠢᠢᠳᠪᠦᠷᠢᠯᠡᠬᠦ ᠳ᠋ᠦ᠍ ᠵᠣᠷᠢᠭᠲᠠᠢ ᠣᠷᠣᠯᠴᠠᠵᠤ ᠯᠢᠶᠡᠨᠵᠠᠩ ᠢ᠋ᠶ᠋ᠠᠨ ᠬᠠᠪᠰᠤᠷᠴᠤ ᠥᠥᠰᠢᠨᠵᠤᠤ ᠪᠣᠯᠤᠨ ᠲᠣᠭᠣᠷᠢᠮ ᠤ᠋ᠨ ᠰᠦᠮ᠎ᠡ᠂ ᠭᠠᠯᠠᠭᠤᠲᠤ ᠶ᠋ᠢᠨ ᠰᠦᠮ᠎ᠡ ᠳ᠋ᠦ᠍ ᠤᠳᠠᠭ᠎ᠠ ᠳᠠᠷᠠᠭ᠎ᠠ ᠪᠠᠷ ᠴᠢᠨᠠᠯᠭ᠎ᠠ ᠮᠠᠨᠵᠢᠨ ᠪᠠᠷᠢᠵᠤ ᠰᠢᠨᠠᠯᠠᠮ᠎ᠠ ᠶ᠋ᠢᠨ ᠬᠣᠢᠴᠢ ᠶ᠋ᠢᠨ ᠮᠥᠷ ᠲᠦ᠍ ᠬᠣᠲᠠ ᠤᠩᠰᠢᠭᠤᠯᠵᠤ ᠮᠢᠩᠭᠠᠨ ᠵᠤᠯᠠ ᠡᠷᠭᠦᠨ ᠨᠣᠮ ᠪᠤᠶᠠᠨ ᠦᠢᠯᠡᠳᠦᠭᠰᠡᠨ ᠭᠡᠳᠡᠭ᠃ 
       1933 ᠣᠨ ᠳ᠋ᠤ᠌ ᠰᠢᠨᠡᠯᠡᠮ᠎ᠡ ᠶ᠋ᠢᠨ ᠬᠦᠷᠭᠡᠨ ᠲᠠᠢᠵᠢ ᠠᠷᠪᠢᠨᠪᠠᠶᠠᠷ ᠦᠦᠰᠢᠨ ᠬᠤᠰᠢᠭᠤᠨ ᠤ᠋ ᠤᠰᠤᠨ ᠤᠷᠲᠤ ᠪᠡᠶ᠎ᠡ ᠳ᠋ᠦ᠍ ᠲᠦᠮᠡᠨ ᠳ᠋ᠤᠯᠢ ᠲᠠᠢ ᠪᠠᠢᠯᠳᠤᠵᠤ ᠪᠠᠢᠭᠠᠳ ᠲᠡᠢᠨ ᠳ᠋ᠦ᠍ᠷ ᠪᠡᠶ᠎ᠡ ᠦᠷᠡᠭᠳᠡᠭᠰᠡᠨ ᠳ᠋ᠦ᠍ ᠡᠨᠡ ᠠᠷᠪᠢᠨᠪᠠᠶᠠᠷ᠂ ᠯᠢᠶᠡᠨᠵᠠᠩ ᠠᠷᠪᠢᠨᠪᠠᠶᠠᠷ ᠢ᠋ᠶ᠋ᠠᠨ ᠣᠷᠣᠯᠠᠵᠤ ᠴᠡᠷᠢᠭ ᠳᠠᠢᠴᠢᠯᠠᠨ ᠪᠤᠰᠤᠳ ᠯᠢᠶᠠᠨ ᠤ᠋ ᠴᠡᠷᠢᠭ ᠲᠡᠢ ᠬᠠᠮᠲᠤ ᠪᠠᠷ ᠦᠬᠦᠵᠦ ᠦᠷᠡᠭᠳᠡᠬᠦ ᠶ᠋ᠢ ᠬᠠᠢᠬᠤᠷᠤᠯ ᠦᠭᠡᠢ ᠪᠡᠷ ᠭᠡᠳᠡᠷᠭᠦ ᠰᠢᠷᠦᠭᠦᠨ ᠳᠠᠭᠠᠷᠢᠯᠲᠠ ᠬᠢᠭᠰᠡᠨ ᠢ᠋ᠶ᠋ᠡᠷ ᠳ᠋ᠤᠯᠢ ᠶ᠋ᠢ ᠦᠦᠰᠢᠨ ᠬᠤᠰᠢᠭᠤᠨ ᠤ᠋ ᠪᠠᠨ ᠭᠠᠵᠠᠷ ᠠ᠋ᠴᠠ ᠦᠯᠳᠡᠨ ᠭᠠᠷᠭᠠᠭᠰᠠᠨ ᠪᠠᠢᠨ᠎ᠠ᠃ ᠢᠩᠭᠢᠭᠡᠳ ᠠᠷᠪᠢᠨᠪᠠᠶᠠᠷ ᠯᠢᠶᠠᠨ ᠤ᠋ ᠳᠣᠲᠣᠷ᠎ᠠ ᠪᠠᠨ ᠲᠡᠢᠨ ᠪᠠᠢᠯᠳᠤᠭᠠᠨ ᠳ᠋ᠤ᠌ ᠡᠷᠡᠯᠬᠡᠭ ᠪᠠᠭᠠᠲᠤᠷᠯᠢᠭ ᠮᠡᠷᠭᠡᠨ ᠤᠬᠠᠭᠠᠨ ᠲᠠᠢ᠂ ᠣᠯᠠᠨ ᠴᠡᠷᠢᠭ ᠲᠡᠭᠡᠨ ᠬᠦᠷᠢᠶᠡᠯᠡᠯ ᠲᠡᠢ ᠪᠠᠢᠳᠠᠭ ᠢ᠋ᠶ᠋ᠠᠷ ᠢ᠋ᠶ᠋ᠠᠨ ᠨᠢᠭᠡᠨ ᠬᠤᠭᠤᠴᠠᠭ᠎ᠠ ᠨᠡᠷ᠎ᠡ ᠳᠡᠭᠡᠷ᠎ᠡ ᠪᠡᠨ ᠰᠠᠯᠠᠭᠠᠨ ᠳᠠᠷᠤᠭ᠎ᠠ ᠪᠣᠯᠪᠠᠴᠤ ᠨᠢᠳᠡᠷ ᠳᠡᠭᠡᠷ᠎ᠡ ᠪᠡᠨ ᠰᠤᠮᠤᠨ ᠳᠠᠷᠤᠭ᠎ᠠ ᠶ᠋ᠢᠨ ᠠᠵᠢᠯ ᠢ᠋ ᠭᠦᠢᠴᠡᠳᠬᠡᠵᠢ᠃ ᠭᠡᠲᠡᠯ᠎ᠡ ᠮᠥᠩᠬᠡᠡᠥ᠋ᠯᠵᠡᠢ ᠨᠢᠭᠡᠨ ᠨᠣᠮᠣᠬᠠᠨ ᠡᠷ᠎ᠡ ᠶ᠋ᠢ ᠰᠤᠮᠤᠨ ᠳᠠᠷᠤᠭ᠎ᠠ ᠲᠠᠯᠪᠢᠬᠤ ᠭᠡᠵᠦ ᠪᠠᠢᠬᠤ ᠠᠨᠢᠷ ᠴᠢᠮᠡᠭᠡ ᠶ᠋ᠢ ᠸᠠᠩ ᠠᠷᠪᠢᠨᠪᠠᠶᠠᠷ ᠰᠣᠨᠣᠰᠤᠭᠠᠳ ᠬᠣᠷᠢᠶᠠᠨ ᠳᠠᠷᠤᠭ᠎ᠠ ᠮᠥᠩᠬᠡᠡᠥ᠋ᠯᠵᠡᠢ ᠲᠡᠢ ᠪᠡᠨ ᠨᠢᠳᠤᠷᠭ᠎ᠠ ᠡᠷᠭᠢᠭᠦᠯᠵᠦ ᠮᠠᠭᠤ ᠵᠠᠩ ᠭᠠᠷᠭᠠᠭᠰᠠᠨ ᠪᠠ ᠠᠷᠢᠬᠢ ᠤᠤᠭᠤᠵᠤ ᠰᠣᠭᠲᠣᠴᠢᠬᠠᠭᠠᠳ ᠰᠡᠭᠦᠯᠡᠷ ᠫᠤᠤ ᠪᠠᠷᠢᠵᠤ ᠰᠦᠷᠳᠡᠭᠦᠯᠦᠭᠰᠡᠨ ᠤᠴᠢᠷ ᠴᠤ᠌ ᠭᠠᠷᠴᠠᠢ᠃ ᠭᠡᠪᠡᠴᠦ ᠮᠥᠩᠬᠡᠥ᠌ᠯᠵᠡᠢ ᠪᠣᠯ ᠶᠡᠬᠡ ᠪᠢᠴᠢᠭ ᠴᠡᠷᠢᠭ ᠦ᠋ᠨ ᠡᠷᠳᠡᠮ ᠲᠡᠢ᠂ ᠠᠷᠭ᠎ᠠ ᠤᠬᠠᠭᠠᠨ ᠵᠢᠰᠤᠷ ᠵᠣᠯᠪᠢᠩ ᠬᠥᠮᠦᠨ ᠲᠤᠯᠠ ᠨᠢᠭᠡ ᠳ᠋ᠦ᠍᠂ ᠸᠠᠩ ᠠᠷᠪᠢᠨᠪᠠᠶᠠᠷ ᠮᠠᠭᠤ ᠵᠠᠩ  ᠭᠠᠷᠭᠠᠪᠠᠴᠤ ᠮᠥᠩᠬᠡᠥ᠌ᠯᠵᠡᠢ ᠶ᠋ᠢ ᠬᠣᠣᠷᠯᠠᠬᠤ ᠰᠠᠨᠠᠭ᠎ᠠ ᠦᠭᠡᠢ᠃ ᠬᠣᠶᠠᠷ ᠲᠤ᠌᠂ ᠸᠠᠩ ᠠᠷᠪᠢᠨᠪᠠᠶᠠᠷ ᠴᠡᠷᠢᠭ ᠠᠩᠭᠢ ᠶ᠋ᠢᠨ ᠳᠣᠲᠣᠷ᠎ᠠ ᠪᠠᠨ ᠬᠦᠷᠢᠶᠡᠯᠡᠯ ᠲᠡᠢ ᠮᠥᠷᠲᠡᠭᠡᠨ ᠲᠡᠢᠨ ᠪᠠᠢᠯᠳᠤᠭᠠᠨ ᠳ᠋ᠤ᠌ ᠡᠷᠡᠯᠬᠡᠭ᠂ ᠲᠡᠢᠨ ᠵᠢᠯᠣᠭᠣᠳᠬᠤ ᠮᠡᠷᠭᠡᠵᠢᠯ ᠰᠠᠢᠨ ᠵᠡᠷᠭᠡ ᠶ᠋ᠢ ᠪᠣᠳᠣᠵᠤ ᠠᠷᠭ᠎ᠠ ᠪᠤᠰᠤ ᠲᠠᠢᠵᠢ ᠠᠷᠪᠢᠨᠪᠠᠶᠠᠷ ᠤ᠋ᠨ ᠣᠷᠣᠨ ᠳ᠋ᠤ᠌ ᠸᠠᠩ ᠠᠷᠪᠢᠨᠪᠠᠶᠠᠷ ᠢ᠋ ᠭᠤᠷᠪᠠᠳᠤᠭᠠᠷ ᠰᠤᠮᠤᠨ ᠤ᠋ ᠳᠠᠷᠤᠭ᠎ᠠ ᠪᠣᠯᠭᠠᠨ ᠳᠡᠪᠰᠢᠭᠦᠯᠦᠭᠰᠡᠨ ᠪᠠᠢᠵᠠᠢ᠃   
       1936 ᠣᠨ ᠳ᠋ᠤ᠌ ᠦᠦᠰᠢᠨ ᠬᠤᠰᠢᠭᠤᠨ ᠤ᠋ ᠠᠵᠢᠯᠯᠠᠬᠤ ᠬᠣᠷᠢᠶ᠎ᠠ ᠠ᠋ᠴᠠ ᠯᠢᠦ ᠳᠢ ᠵᠡᠷᠭᠡ6 ᠡᠪ ᠬᠠᠮᠲᠤ ᠨᠠᠮ ᠤ᠋ᠨ ᠨᠢᠭᠤᠴᠠ ᠠᠵᠢᠯᠲᠠᠨ ᠢ᠋ ᠱᠧᠨ ᠹᠦ ᠶ᠋ᠢᠨ ᠰᠠᠭᠤᠷᠢᠨ ᠭᠠᠵᠠᠷ ᠲᠤ᠌ ᠬᠦᠷᠭᠡᠬᠦ ᠶ᠋ᠢ ᠦᠦᠰᠢᠨ ᠬᠤᠰᠢᠭᠤᠨ ᠤ᠋ ᠠᠮᠤᠷ ᠢ᠋ ᠬᠠᠮᠠᠭᠠᠯᠠᠬᠤ ᠶᠡᠬᠡ ᠠᠩᠭᠢ ᠶ᠋ᠢᠨ ᠰᠧᠯᠢᠩ ᠳᠠᠷᠪᠢᠵᠠᠯᠰᠠᠨ(ᠴᠢ ᠢᠦᠢ ᠱᠠᠨ ᠤ᠋ ᠠᠬ᠎ᠠ᠂ ᠬᠠᠮᠠᠷᠳᠠᠢ ᠰᠧᠯᠢᠩ ᠭᠡᠳᠡᠭ) ᠲᠦ᠍ ᠶᠠᠮᠠᠷ ᠨᠢᠭᠡᠨ ᠬᠠᠷᠢᠴᠠᠭ᠎ᠠ ᠪᠠᠷ ᠨᠠᠢᠳᠠᠭᠰᠠᠨ ᠪᠠᠢᠵᠠᠢ᠃ ᠭᠡᠲᠡᠯ᠎ᠡ ᠬᠠᠮᠠᠷᠳᠠᠢ ᠰᠧᠯᠢᠩ ᠬᠠᠷᠢᠨ ᠲᠤᠬᠠᠢ ᠶ᠋ᠢᠨ ᠦᠶ᠎ᠡ ᠶ᠋ᠢᠨ ᠳᠤᠮᠳᠠ ᠠᠩᠭᠢ ᠶ᠋ᠢᠨ ᠳᠠᠷᠤᠭ᠎ᠠ ᠠᠷᠪᠢᠨᠪᠠᠶᠠᠷ ᠲᠤ᠌᠄《ᠴᠢ ᠠᠷᠪᠠᠭᠠᠳ ᠴᠡᠷᠢᠭ ᠳᠠᠭᠠᠭᠤᠯᠵᠤ᠂ ᠡᠳᠡᠭᠡᠷ ᠤᠯᠠᠭᠠᠨ ᠤ᠋ ᠬᠡᠳᠦᠨ ᠬᠢᠲᠠᠳ ᠢ᠋ ᠲᠠᠭᠤᠵᠤ ᠶᠠᠪᠤᠭᠠᠳ ᠦᠦᠰᠢᠨ ᠬᠤᠰᠢᠭᠤᠨ ᠤ᠋ ᠭᠠᠵᠠᠷ ᠠ᠋ᠴᠠ ᠭᠠᠷᠭᠠᠭᠰᠠᠨ ᠤ᠋ ᠰᠡᠭᠦᠯᠡᠷ ᠲᠡᠮᠡᠭᠡᠲᠦ ᠶ᠋ᠢᠨ ᠭᠠᠵᠠᠷ ᠲᠤ᠌ ᠠᠯᠠᠰᠤᠭᠠᠢ!》 ᠭᠡᠮᠡᠨ ᠨᠢᠭᠤᠴᠠ ᠪᠠᠷ ᠵᠠᠷᠯᠢᠭᠳᠠᠵᠠᠢ᠃ ᠠᠷᠪᠢᠨᠪᠠᠶᠠᠷ ᠳᠠᠷᠤᠢ ᠳ᠋ᠤᠨᠢ ᠠᠷᠪᠠᠭᠠᠳ ᠴᠡᠷᠢᠭ ᠳᠠᠭᠠᠭᠤᠯᠤᠨ ᠥᠨᠥ ᠶ᠋ᠢᠨ ᠬᠠᠯᠢᠭᠤᠲᠤ ᠶ᠋ᠢᠨ ᠰᠦᠮ᠎ᠡ ᠡᠴᠡ ᠵᠡᠭᠦᠨ ᠡᠮᠦᠨᠡᠰᠢ ᠲᠡᠳᠡᠨᠦᠰ ᠢ᠋ ᠲᠠᠭᠤᠵᠤ ᠶᠠᠪᠤᠵᠠᠢ᠃ ᠦᠦᠰᠢᠨ ᠦ᠌ ᠭᠠᠵᠠᠷ ᠠ᠋ᠴᠠ ᠭᠠᠷᠭᠠᠭᠰᠠᠨ ᠤ᠋ ᠰᠡᠭᠦᠯᠡᠷ ᠲᠡᠷᠡ ᠪᠤᠰᠤᠳ ᠴᠡᠷᠢᠭ ᠢ᠋ᠶ᠋ᠡᠨ ᠨᠢᠭᠡᠨ ᠬᠢᠲᠠᠳ ᠡᠷᠦᠬᠡ ᠳᠡᠭᠡᠷ᠎ᠡ ᠦᠯᠡᠳᠡᠭᠡᠭᠡᠳ᠄《ᠲᠠᠨᠤᠰ ᠡᠨᠳᠡ ᠬᠥᠮᠦᠨ ᠮᠣᠷᠢ ᠲᠠᠢ ᠪᠠᠨ ᠠᠮᠠᠷᠠᠵᠤ ᠰᠠᠭᠤᠵᠤ ᠪᠠᠢ! ᠪᠢ ᠡᠳᠡᠨᠥᠰ ᠢ᠋ ᠠᠢᠯ ᠡᠷᠦᠬᠡ ᠦᠭᠡᠢ ᠪᠠᠯᠠᠷ ᠭᠠᠵᠠᠷ ᠲᠤ᠌ ᠣᠷᠣᠭᠤᠯᠤᠭᠠᠳ ᠪᠦᠭᠦᠳᠡ ᠶ᠋ᠢ ᠲᠣᠨᠢᠯᠭᠠᠴᠢᠬᠠᠭᠠᠳ ᠢᠷᠡᠶ᠎ᠡ》 ᠭᠡᠳ ᠶᠠᠪᠤᠵᠠᠢ᠃ ᠴᠡᠷᠢᠭ ᠦ᠋ᠳ ᠨᠢ ᠴᠦ᠍ ᠮᠠᠨ ᠤ᠋ ᠯᠢᠶᠡᠨᠵᠠᠩ ᠵᠣᠷᠢᠭ ᠶᠡᠬᠡᠲᠡᠢ ᠬᠥᠮᠦᠨ᠂ ᠡᠨᠡ ᠬᠢᠷᠢ ᠶᠠᠪᠤᠳᠠᠯ ᠢ᠋ ᠪᠦᠲᠦᠭᠡᠴᠢᠬᠡᠨ᠎ᠡ ᠭᠡᠮᠡᠨ ᠪᠣᠳᠣᠵᠤ ᠰᠠᠭᠤᠴᠢᠬᠠᠯ᠎ᠠ᠃ ᠳᠡᠮᠡᠢ ᠬᠣᠯᠠ ᠶᠠᠪᠤᠭᠰᠠᠨ ᠦᠭᠡᠢ ᠪᠤᠷᠭᠠᠰᠤᠨ ᠳᠥᠭᠥᠮ ᠳ᠋ᠦ᠍ ᠠᠷᠪᠢᠨᠪᠠᠶᠠᠷ ᠲᠡᠳᠡ ᠬᠡᠳᠦᠭᠦᠯᠡ ᠲᠡᠢ ᠶᠠᠭᠠᠷᠠᠤ ᠰᠠᠨᠳᠤᠷᠤᠤ ᠪᠠᠷ ᠲᠩᠷᠢ ᠳ᠋ᠦ᠍ ᠮᠥᠷᠭᠥᠵᠦ ᠠᠨᠳᠠ ᠠᠬ᠎ᠠ ᠳᠡᠭᠦᠦ ᠪᠠᠷᠢᠯᠳᠤᠭᠠᠳ᠄《ᠲᠠᠨᠤᠰ ᠬᠤᠷᠳᠤᠨ ᠳᠤᠲᠠᠭᠠᠵᠠᠭ᠎ᠠ! ᠪᠢ ᠲᠠᠨᠤᠰ ᠤ᠋ᠨ ᠳᠡᠭᠡᠭᠦᠷ ᠫᠤᠤᠳᠠᠶ᠎ᠠ》 ᠭᠡᠵᠦ ᠬᠡᠯᠡᠭᠡᠳ ᠪᠡᠶ᠎ᠡ ᠳ᠋ᠦ᠍ᠨᠢ ᠪᠠᠢᠭᠰᠠᠨ ᠰᠤᠮᠤ ᠪᠠᠨ ᠪᠦᠬᠦᠨ ᠢ᠋ ᠲᠩᠷᠢ ᠥᠭᠡᠳᠡ ᠬᠠᠷᠪᠤᠴᠢᠬᠠᠭᠠᠳ ᠴᠡᠷᠢᠭ ᠦ᠋ᠨ ᠢ᠋ᠶ᠋ᠡᠨ ᠳᠡᠷᠭᠡᠳᠡ ᠪᠤᠴᠠᠵᠤ ᠢᠷᠡᠵᠡᠢ᠃ ᠴᠡᠷᠢᠭ ᠦ᠋ᠳ ᠨᠢ《ᠶᠠᠭᠠᠬᠢᠪᠠ?》 ᠭᠡᠬᠦ ᠳ᠋ᠦ᠍《ᠶᠠᠭᠤ ᠶ᠋ᠢ ᠨᠢ ᠠᠰᠠᠭᠤᠬᠤ ᠶᠤᠮ ᠪᠣᠢ? ᠫᠤᠤ ᠶ᠋ᠢᠨ ᠳᠠᠭᠤᠨ ᠢ᠋ ᠰᠣᠨᠣᠰᠤᠭᠰᠠᠨ ᠦᠭᠡᠢ ᠤᠤ? ᠰᠤᠮᠤ ᠪᠠᠨ ᠪᠠᠷᠠᠲᠠᠯ᠎ᠠ ᠴᠣᠷᠭᠢᠭᠤᠯᠤᠯ᠎ᠡ ᠰᠢᠦ ᠳᠡ᠁》 ᠭᠡᠵᠡᠢ᠃ ᠠᠷᠪᠢᠨᠪᠠᠶᠠᠷ  ᠲᠠᠷᠪᠢᠵᠠᠯᠰᠠᠨ ᠰᠧᠯᠢᠩ ᠦ᠋ᠨ ᠨᠢᠭᠤᠴᠠ ᠡᠭᠦᠷᠭᠡ ᠶ᠋ᠢ ᠢᠩᠭᠢᠵᠦ ᠪᠡᠶᠡᠯᠡᠭᠦᠯᠦᠭᠰᠡᠨ ᠭᠡᠨ᠎ᠡ᠃ ᠬᠣᠵᠢᠮ ᠨᠢ ᠠᠷᠪᠢᠨᠪᠠᠶᠠᠷ ᠦᠦᠰᠢᠨ ᠦ᠌ ᠴᠡᠷᠢᠭ ᠡᠴᠡ ᠤᠷᠪᠠᠵᠤ ᠬᠤᠪᠢᠰᠬᠠᠯ ᠳ᠋ᠤ᠌ ᠣᠷᠣᠯᠴᠠᠭᠰᠠᠨ ᠤ᠋ ᠰᠡᠭᠦᠯᠡᠷ ᠲᠡᠳᠡᠭᠡᠷ ᠠᠬ᠎ᠠ ᠳᠡᠭᠦᠦ   ᠨᠠᠷ ᠲᠠᠢ ᠪᠠᠨ ᠣᠯᠠᠨ ᠤᠳᠠᠭ᠎ᠠ ᠤᠴᠠᠷᠠᠵᠤ ᠵᠣᠭᠣᠭᠳᠠᠵᠠᠢ᠃ ᠲᠡᠳᠡᠨ ᠦ᠌ ᠵᠠᠷᠢᠮ ᠨᠢ ᠮᠣᠵᠢ ᠶ᠋ᠢᠨ ᠳᠡᠰ ᠦ᠋ᠨ ᠤᠳᠤᠷᠢᠳᠬᠤ  ᠺᠠᠳ᠋ᠷ  ᠪᠣᠯᠤᠭᠰᠠᠨ ᠭᠡᠳᠡᠭ᠃  
       1943 ᠣᠨ ᠳ᠋ᠤ᠌ ᠠᠷᠪᠢᠨᠪᠠᠶᠠᠷ ᠬᠤᠪᠢᠰᠬᠠᠯ ᠳ᠋ᠤ᠌ ᠣᠷᠣᠯᠴᠠᠵᠤ ᠮᠠᠰᠢ ᠲᠦᠷᠭᠡᠨ ᠳᠠᠪᠰᠢᠵᠤ ᠴᠡᠷᠢᠭ ᠠᠩᠭᠢ ᠶ᠋ᠢᠨ ᠵᠢᠯᠣᠭᠣᠳᠤᠭᠴᠢ ᠪᠣᠯᠵᠠᠢ᠃ ᠬᠣᠵᠢᠮ ᠨᠢ ᠲᠡᠷᠡ ᠴᠡᠷᠢᠭ ᠠᠩᠭᠢ ᠪᠠᠨ ᠳᠠᠭᠠᠭᠤᠯᠤᠨ ᠵᠢᠩᠪᠢᠶᠡᠨ ᠰᠢᠶᠠᠨ ᠳ᠋ᠤ᠌ ᠤᠬᠤᠷᠢᠨ ᠴᠡᠷᠢᠭ ᠠᠩᠭᠢ ᠶ᠋ᠢᠨ ᠴᠡᠭᠴᠡᠯᠡᠯᠲᠡ ᠳ᠋ᠦ᠍ ᠣᠷᠣᠯᠴᠠᠪᠠ᠃ ᠲᠡᠷᠡ ᠶᠡᠬᠡ ᠵᠣᠣ ᠶ᠋ᠢᠨ ᠴᠢᠭᠤᠯᠭᠠᠨ ᠤ᠋ ᠮᠣᠩᠭᠣᠯ ᠬᠢᠲᠠᠳ ᠰᠠᠯᠪᠤᠷᠢ ᠠᠩᠭᠢ ᠶ᠋ᠢᠨ ᠰᠧᠯᠢᠩ ᠪᠥᠭᠡᠳ ᠪᠠᠷᠠᠭᠤᠨ ᠦᠦᠰᠢᠨ ᠦ᠌ ᠠᠮᠤᠷ ᠢ᠋ ᠬᠠᠮᠠᠭᠠᠯᠠᠬᠤ ᠰᠧᠯᠢᠩᠪᠥ᠋ ᠶ᠋ᠢᠨ ᠰᠧᠯᠢᠩ ᠵᠡᠷᠭᠡ ᠴᠡᠷᠢᠭ ᠦ᠋ᠨ ᠲᠤᠰᠢᠶᠠᠯ ᠢ᠋ ᠬᠠᠪᠰᠤᠷᠭᠠᠨ ᠬᠠᠷᠢᠭᠤᠴᠠᠵᠤ᠂ ᠲᠤᠬᠠᠢ ᠶ᠋ᠢᠨ ᠵᠢᠯ ᠦ᠋ᠳ ᠦ᠋ᠨ ᠴᠠᠭᠠᠨ ᠤ᠋ ᠰᠦᠷᠳᠡᠭᠦᠯᠦᠯ ᠳᠠᠭᠠᠷᠢᠯᠲᠠ ᠳᠤᠮᠳᠠ ᠴᠡᠷᠢᠭ ᠠᠩᠭᠢ ᠪᠠᠨ ᠵᠢᠯᠣᠭᠣᠳᠤᠨ ᠵᠠᠩ ᠵᠢᠶᠠ ᠫᠠᠨ ᠤ᠋ ᠯᠦ᠍ ᠾᠧ ᠭᠣᠣᠯ ᠤ᠋ᠨ ᠣᠯᠣᠮ ᠢ᠋ ᠰᠠᠬᠢᠵᠤ᠂ ᠨᠠᠮ ᠤ᠋ᠨ ᠲᠥᠪ ᠬᠣᠷᠢᠶ᠎ᠠ ᠪᠣᠯᠤᠨ ᠮᠠᠤ ᠽᠧ ᠳ᠋ᠦᠩ ᠵᠡᠷᠭᠡ ᠤᠳᠤᠷᠢᠳᠬᠤ ᠬᠥᠮᠦᠰ ᠢ᠋ ᠠᠮᠤᠷ ᠲᠦᠪᠰᠢᠨ ᠬᠠᠮᠠᠭᠠᠯᠠᠵᠤ ᠭᠠᠷᠭᠠᠭᠰᠠᠨ ᠭᠠᠪᠢᠶ᠎ᠠ ᠵᠢᠳᠬᠦᠯ ᠲᠡᠢ ᠪᠢᠯᠡ᠃  
       1949 ᠣᠨ ᠤ᠋7 ᠰᠠᠷ᠎ᠠ᠂ ᠶᠡᠬᠡ ᠵᠣᠣ ᠶ᠋ᠢᠨ ᠴᠡᠷᠢᠭ ᠦ᠋ᠨ ᠲᠣᠭᠣᠷᠢᠭ ᠪᠠᠢᠭᠤᠯᠤᠭᠳᠠᠬᠤ ᠳ᠋ᠤ᠌ ᠠᠷᠪᠢᠨᠪᠠᠶᠠᠷ ᠴᠡᠷᠢᠭ ᠦ᠋ᠨ ᠲᠣᠭᠣᠷᠢᠭ ᠤ᠋ᠨ ᠰᠧᠯᠢᠩ ᠪᠣᠯᠵᠠᠢ᠃  
       1949 ᠣᠨ ᠤ᠋9 ᠰᠠᠷ᠎ᠠ ᠳ᠋ᠤ᠌ ᠠᠷᠪᠢᠨᠪᠠᠶᠷ ᠶᠡᠬᠡ ᠵᠣᠣ ᠶ᠋ᠢᠨ ᠴᠢᠭᠤᠯᠭᠠᠨ ᠢ᠋ ᠲᠥᠯᠥᠭᠡᠯᠡᠨ ᠪᠦᠬᠦ ᠤᠯᠤᠰ ᠤ᠋ᠨ ᠠᠩᠬᠠᠳᠤᠭᠠᠷ ᠬᠤᠭᠤᠴᠠᠭᠠᠨ ᠤ᠋ ᠤᠯᠤᠰ ᠲᠥᠷᠥ ᠶ᠋ᠢᠨ ᠵᠥᠪᠯᠡᠯᠭᠡᠨ ᠦ᠌ ᠬᠤᠷᠠᠯ ᠳ᠋ᠤ᠌ ᠣᠷᠣᠯᠴᠠᠪᠠ᠃ ᠠᠷᠪᠢᠨᠪᠠᠶᠠᠷ ᠶᠡᠬᠡ ᠵᠣᠣ ᠶ᠋ᠢᠨ ᠴᠢᠭᠤᠯᠭᠠᠨ ᠤ᠋ ᠤᠯᠤᠰ ᠲᠥᠷᠥ ᠶ᠋ᠢᠨ ᠵᠥᠪᠯᠡᠯᠭᠡᠨ ᠦ᠌ ᠲᠡᠷᠢᠭᠦᠯᠡᠭᠴᠢ  ᠪᠣᠯᠵᠤ᠂1952 ᠣᠨ ᠳ᠋ᠤ᠌ ᠡᠪ ᠬᠠᠮᠲᠤ ᠶ᠋ᠢᠨ ᠨᠠᠮ ᠤ᠋ᠨ ᠭᠡᠰᠢᠭᠦᠨ ᠢ᠋ᠶ᠋ᠡᠷ ᠡᠯᠰᠡᠭᠳᠡᠵᠦ᠂1954 ᠣᠨ ᠠ᠋ᠴᠠ1966 ᠣᠨ ᠪᠣᠯᠲᠠᠯ᠎ᠠ ᠶᠡᠬᠡ ᠵᠣᠣ ᠠᠢᠮᠠᠭ ᠤ᠋ᠨ ᠠᠢᠮᠠᠭ ᠤ᠋ᠨ ᠳᠠᠷᠤᠭ᠎ᠠ ᠶ᠋ᠢᠨ ᠲᠤᠰᠢᠶᠠᠯ ᠢ᠋ ᠠᠷᠪᠠᠨ ᠭᠤᠷᠪᠠᠨ ᠵᠢᠯ ᠬᠠᠷᠢᠭᠤᠴᠠᠵᠤ ᠥᠩᠭᠡᠷᠡᠵᠡᠢ᠃  
       1974 ᠣᠨ ᠳ᠋ᠤ᠌ ᠠᠵᠢᠯ ᠠ᠋ᠴᠠ ᠪᠠᠨ ᠠᠮᠠᠷᠠᠵᠤ ᠦᠦᠰᠢᠨ ᠬᠤᠰᠢᠭᠤᠨ ᠤ᠋ ᠲᠣᠯᠢ ᠰᠤᠮᠤᠨ ᠳ᠋ᠤ᠌ ᠠᠴᠢ ᠬᠥᠪᠡᠭᠦᠨ ᠢ᠋ᠶ᠋ᠡᠨ ᠲᠦᠰᠢᠵᠦ ᠲᠣᠰᠬᠣᠨ ᠳ᠋ᠤ᠌ ᠰᠠᠭᠤᠵᠠᠢ᠃1977 ᠣᠨ ᠳ᠋ᠤ᠌ ᠠᠷᠪᠢᠨᠪᠠᠶᠠᠷ ᠭᠤᠸᠠᠢ79 ᠨᠠᠰᠤᠲᠠᠢ ᠳ᠋ᠠᠭᠠᠨ ᠲᠣᠯᠢ ᠰᠤᠮᠤᠨ ᠳ᠋ᠤ᠌ ᠡᠪᠡᠳᠴᠢᠨ ᠢ᠋ᠶ᠋ᠡᠷ ᠨᠠᠰᠤ ᠪᠠᠷᠠᠵᠠᠢ᠃  
       ᠨᠥᠭᠦᠭᠡ ᠨᠢᠭᠡ ᠠᠷᠪᠢᠨᠪᠠᠶᠠᠷ ᠪᠣᠯ ᠦᠰᠦᠨ ᠬᠤᠰᠢᠭᠤᠨ ᠤ᠋ ᠤᠭ ᠤ᠋ᠨ ᠪᠠᠰᠠᠳ ᠬᠠᠷᠢᠶᠠᠨ ᠤ᠋ ᠲᠠᠢᠵᠢ ᠪᠥᠭᠡᠳ ᠥᠨᠥ ᠶ᠋ᠢᠨ ᠦᠦᠰᠢᠨ ᠬᠤᠰᠢᠭᠤᠨ ᠤ᠋ ᠲᠣᠭᠣᠷᠢᠮ ᠭᠠᠴᠠᠭᠠᠨ ᠤ᠋ ᠬᠥᠮᠦᠨ ᠶᠦᠮ᠃ ᠲᠡᠷᠡ ᠰᠢᠨᠡᠯᠡᠮ᠎ᠡ ᠶ᠋ᠢᠨ ᠬᠡᠦᠬᠡᠨ ᠨᠣᠮᠢᠨᠵᠤᠯᠠ ᠶ᠋ᠢ ᠡᠬᠡᠨᠡᠷ ᠢ᠋ᠶ᠋ᠡᠨ ᠪᠣᠯᠭᠠᠵᠤ ᠠᠪᠤᠭᠰᠠᠨ ᠰᠢᠨᠡᠯᠡᠮ᠎ᠡ ᠶ᠋ᠢᠨ ᠬᠦᠷᠭᠡᠨ ᠪᠣᠯᠤᠨ᠎ᠠ᠃ ᠬᠠᠷᠠᠬᠠᠨ ᠪᠠᠭ᠎ᠠ ᠠ᠋ᠴᠠ ᠪᠠᠨ ᠰᠢᠨᠠᠯᠠᠮ᠎ᠠ ᠶ᠋ᠢ ᠳᠠᠭᠠᠵᠤ ᠲᠡᠭᠦᠨ ᠢ᠋ ᠰᠤᠪᠢᠯᠠᠵᠤ ᠶᠠᠪᠤᠭᠰᠠᠨ ᠪᠥᠭᠡᠳ1926 ᠣᠨ ᠳ᠋ᠤ᠌ ᠪᠤᠭᠤᠲᠤ ᠳ᠋ᠤ᠌ ᠴᠡᠷᠢᠭ ᠪᠠᠢᠭᠤᠯᠬᠤ ᠳ᠋ᠤ᠌ ᠣᠴᠢᠵᠤ ᠣᠷᠣᠯᠴᠠᠵᠠᠢ᠃ ᠬᠣᠵᠢᠮ ᠨᠢ ᠲᠡᠷᠡ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠴᠡᠷᠢᠭ ᠦ᠋ᠨ ᠭᠤᠷᠪᠠᠳᠤᠭᠠᠷ ᠰᠤᠮᠤᠨ ᠤ᠋ ᠳᠠᠷᠤᠭ᠎ᠠ ᠶ᠋ᠢᠨ ᠲᠤᠰᠢᠶᠠᠯ ᠢ᠋ ᠬᠠᠷᠢᠭᠤᠴᠠᠵᠤ᠂ ᠦᠦᠰᠢᠨ ᠨᠣᠶᠠᠨ ᠤ᠋ ᠴᠡᠷᠢᠭ ᠪᠣᠯᠤᠨ ᠲᠡᠮᠡᠭᠡᠲᠦ ᠶ᠋ᠢᠨ ᠵᠢᠩ ᠶᠤᠸᠠᠢ ᠰᠢᠦ ᠶ᠋ᠢᠨ ᠴᠡᠷᠢᠭ ᠦ᠋ᠨ ᠲᠦᠷᠢᠮᠡᠬᠡᠢᠯᠡᠯ ᠢ᠋ ᠡᠰᠡᠷᠭᠦᠴᠡᠬᠦ ᠣᠯᠠᠨ ᠤᠳᠠᠭᠠᠨ ᠤ᠋ ᠪᠠᠢᠯᠳᠤᠭᠠᠨ ᠳ᠋ᠤ᠌ ᠴᠡᠷᠢᠭ ᠵᠢᠯᠣᠭᠣᠳᠤᠨ ᠢᠯᠠᠯᠲᠠ ᠲᠠᠢ ᠪᠠᠢᠯᠳᠤᠵᠤ ᠶᠠᠪᠤᠭᠰᠠᠨ ᠴᠡᠷᠢᠭ ᠠᠩᠭᠢ ᠶ᠋ᠢᠨ ᠰᠢᠯᠭᠠᠷᠠᠭᠰᠠᠨ ᠵᠢᠯᠣᠭᠣᠳᠤᠭᠴᠢ ᠶ᠋ᠢᠨ ᠨᠢᠭᠡ ᠪᠣᠯᠤᠭᠰᠠᠨ ᠶᠤᠮ᠃1930 ᠣᠨ ᠠ᠋ᠴᠠ ᠦᠦᠰᠢᠨ ᠬᠤᠰᠢᠭᠤᠨ ᠤ᠋ ᠨᠠᠮ ᠤ᠋ᠨ ᠬᠣᠷᠢᠶᠠᠨ ᠤ᠋ ᠳᠠᠷᠤᠭ᠎ᠠ ᠪᠣᠯᠵᠠᠢ᠃ 
       ᠲᠡᠷᠡ ᠴᠡᠷᠢᠭ ᠲᠡᠢᠨ ᠳ᠋ᠦ᠍ ᠪᠠᠭᠠᠲᠤᠷᠯᠢᠭ᠂ ᠠᠯᠢᠪᠠ ᠠᠵᠢᠯ ᠶᠠᠪᠤᠳᠠᠯ ᠳ᠋ᠤ᠌ ᠲᠤᠢᠯ ᠤ᠋ᠨ ᠪᠣᠯᠪᠠᠰᠤᠨ ᠬᠢᠨᠠᠮᠠᠭᠠᠢ ᠯᠠᠪᠳᠠᠭᠤᠨ ᠮᠥᠷᠲᠡᠭᠡᠨ ᠰᠢᠨᠡᠯᠡᠮ᠎ᠡ ᠶ᠋ᠢᠨ ᠬᠦᠷᠭᠡᠨ ᠲᠤᠯᠠ ᠲᠡᠭᠦᠨ ᠦ᠌ ᠰᠢᠳᠠᠷ ᠬᠥᠮᠦᠨ ᠦ᠌ ᠨᠢᠭᠡ ᠨᠢ ᠶᠦᠮ᠃ 
       ᠰᠢᠨᠡᠯᠡᠮ᠎ᠡ ᠶ᠋ᠢᠨ ᠴᠡᠷᠢᠭ ᠲᠦ᠍ ᠶᠠᠪᠤᠵᠤ ᠪᠠᠢᠭᠰᠠᠨ ᠪᠤᠭᠤᠷᠤᠯᠴᠤᠳ《ᠠᠷᠪᠢᠨᠪᠠᠶᠠᠷ ᠬᠡᠷᠪᠡ ᠭᠡᠷ ᠲᠡᠭᠡᠨ ᠬᠠᠷᠢᠭᠰᠠᠨ ᠦᠭᠡᠢ ᠪᠡᠷ ᠴᠡᠷᠢᠭ ᠳᠡᠭᠡᠷ᠎ᠡ ᠪᠡᠨ ᠰᠢᠨᠡᠯᠡᠭᠰᠡᠨ ᠪᠣᠯ1929 ᠣᠨ ᠤ᠋ ᠴᠠᠭᠠᠨ ᠰᠠᠷ᠎ᠠ ᠶ᠋ᠢᠨ ᠰᠢᠨ᠎ᠡ ᠶ᠋ᠢᠨ ᠬᠣᠶᠠᠷ ᠤ᠋ᠨ ᠬᠠᠷᠠᠰᠠᠯᠲᠤ ᠬᠡᠷᠡᠭ ᠡᠭᠦᠰᠴᠦ ᠴᠢᠳᠠᠬᠤ ᠦᠭᠡᠢ ᠶᠦᠮ》 ᠭᠡᠵᠦ ᠪᠠᠲᠤᠲᠠᠢ ᠬᠡᠯᠡᠯᠴᠡᠳᠡᠭ ᠪᠠᠢᠭᠰᠠᠨ ᠳᠠ! ᠰᠢᠨᠠᠯᠠᠮ᠎ᠠ ᠬᠣᠣᠷᠯᠠᠭᠳᠠᠭᠰᠠᠨ ᠤ᠋ ᠳᠠᠷᠠᠭ᠎ᠠ ᠬᠦᠷᠭᠡᠨ ᠠᠷᠪᠢᠨᠪᠠᠶᠠᠷ ᠨᠢ ᠭᠣᠣᠯ ᠬᠠᠷᠢᠭᠤᠴᠠᠨ ᠬᠣᠢᠴᠢ ᠶ᠋ᠢᠨ ᠶᠠᠪᠤᠳᠠᠯ ᠢ᠋ ᠶᠡᠬᠡ ᠰᠠᠢᠨ ᠬᠢᠭᠰᠡᠨ ᠭᠡᠳᠡᠭ᠃1930 ᠣᠨ ᠳ᠋ᠤ᠌ ᠦᠦᠰᠢᠨ ᠬᠤᠰᠢᠭᠤᠨ ᠤ᠋ ᠬᠣᠰᠢᠭᠤ ᠬᠣᠷᠢᠶᠠᠨ ᠤ᠋ ᠱᠦᠵᠢ ᠪᠣᠯᠵᠤ᠂1933 ᠣᠨ ᠳ᠋ᠤ᠌ ᠦᠦᠰᠢᠨ ᠬᠤᠰᠢᠭᠤᠨ ᠤ᠋ ᠤᠰᠤᠨ ᠤᠷᠲᠤ ᠪᠡᠶ᠎ᠡ ᠳ᠋ᠦ᠍ ᠲᠦᠮᠡᠨ ᠳ᠋ᠤᠯᠢ ᠲᠠᠢ ᠪᠠᠢᠯᠳᠤᠵᠤ ᠪᠠᠢᠭᠠᠳ ᠰᠤᠮᠤᠨ ᠳ᠋ᠤ᠌ ᠣᠨᠣᠭᠳᠠᠵᠤ ᠥᠩᠭᠡ ᠭᠡᠷᠡᠯᠲᠡᠢ ᠪᠡᠷ ᠪᠡᠶ᠎ᠡ ᠦᠷᠡᠭᠳᠡᠵᠡᠢ᠃ ᠠᠷᠪᠢᠨᠪᠠᠶᠠᠷ ᠬᠥᠪᠡᠭᠦᠨ ᠦᠭᠡᠢ᠂ ᠭᠠᠭᠴᠠ ᠬᠡᠦᠬᠡᠨ ᠪᠠᠪᠠ ᠨᠢ20 ᠳ᠋ᠤᠭᠠᠷ ᠵᠠᠭᠤᠨ ᠤ᠋ ᠶᠡᠷᠡᠭᠡᠳ ᠣᠨ ᠳ᠋ᠤ᠌ ᠨᠠᠰᠤ ᠪᠠᠷᠠᠵᠠᠢ᠃   

            7. ᠬᠣᠶᠠᠷ ᠰᠠᠢᠰᠢᠩᠭ᠎ᠠ ᠶ᠋ᠢᠨ ᠲᠤᠬᠠᠢ   
       ᠨᠢᠭᠡ ᠰᠠᠢᠰᠢᠩᠭ᠎ᠠ ᠨᠢ ᠥᠨᠥ ᠶ᠋ᠢᠨ ᠦᠦᠰᠢᠨ ᠬᠤᠰᠢᠭᠤᠨ ᠤ᠋ ᠬᠠᠯᠢᠭᠤᠲᠤ ᠶ᠋ᠢᠨ ᠬᠥᠮᠦᠨ ᠶᠦᠮ᠃ ᠵᠠᠷᠢᠮ ᠨᠣᠮ ᠳ᠋ᠤ᠌ ᠰᠠᠢᠴᠢᠩᠭ᠎ᠠ ᠭᠡᠵᠦ ᠪᠢᠴᠢᠵᠦ ᠪᠠᠢᠳᠠᠭ᠃  
       ᠰᠢᠨᠠᠯᠠᠮ᠎ᠠ1911 ᠣᠨ ᠳ᠋ᠤ᠌ ᠬᠠᠯᠢᠭᠤᠲᠤ ᠶ᠋ᠢᠨ ᠰᠦᠮ᠎ᠡ ᠳ᠋ᠦ᠍ ᠠᠷᠪᠠᠨ ᠨᠢᠭᠡᠨ ᠳᠤᠭᠤᠢᠯᠠᠩ ᠢ᠋ ᠵᠣᠬᠢᠶᠠᠨ ᠪᠠᠢᠭᠤᠯᠬᠤ ᠳ᠋ᠤ᠌ ᠰᠠᠢᠰᠢᠩᠭ᠎ᠠ ᠢᠳᠡᠪᠬᠢᠲᠡᠢ ᠣᠷᠣᠯᠴᠠᠵᠤ ᠭᠣᠣᠯ ᠢᠳᠡᠪᠬᠢᠲᠡᠨ ᠪᠣᠯᠵᠤ ᠪᠠᠢᠪᠠ᠃1924 ᠣᠨ ᠤ᠋ ᠨᠠᠮᠤᠷ ᠰᠢᠨᠠᠯᠠᠮ᠎ᠠ ᠵᠡᠷᠭᠡ16 ᠬᠥᠮᠦᠨ ᠮᠣᠩᠭᠣᠯ ᠤᠯᠤᠰ ᠲᠤ᠌ ᠰᠤᠷᠤᠯᠴᠠᠬᠤ ᠪᠠᠷ ᠶᠠᠪᠤᠬᠤ ᠳ᠋ᠤ᠌ ᠲᠡᠷᠡ ᠴᠦ᠍ ᠬᠠᠮᠲᠤ ᠶᠠᠪᠤᠵᠤ᠂ ᠮᠣᠩᠭᠣᠯ ᠤᠯᠤᠰ ᠤ᠋ᠨ ᠴᠡᠷᠢᠭ ᠵᠠᠰᠠᠭ ᠤ᠋ᠨ ᠰᠤᠷᠭᠠᠭᠤᠯᠢ ᠳ᠋ᠤ᠌ ᠲᠤᠰᠬᠠᠢᠯᠠᠨ ᠴᠡᠷᠢᠭ ᠲᠡᠢᠨ ᠦ᠌ ᠮᠡᠷᠭᠡᠵᠢᠯ ᠮᠡᠳᠡᠯᠭᠡ ᠶ᠋ᠢ ᠰᠤᠷᠤᠯᠴᠠᠵᠠᠢ᠃ ᠤᠯᠤᠰ ᠲᠠᠭᠠᠨ ᠪᠤᠴᠠᠵᠤ ᠢᠷᠡᠭᠰᠡᠨ ᠦ᠌ ᠰᠡᠭᠦᠯᠡᠷ ᠰᠢᠨᠡᠯᠡᠮ᠎ᠡ ᠪᠤᠭᠤᠲᠤ ᠬᠣᠲᠠ ᠳ᠋ᠤ᠌ ᠴᠡᠷᠢᠭ ᠪᠠᠢᠭᠤᠯᠬᠤ ᠳ᠋ᠤ᠌ ᠰᠠᠢᠰᠢᠩᠭ᠎ᠠ᠂ ᠰᠠᠷᠪᠠᠵᠠᠪ ᠬᠣᠶᠠᠭᠤᠯᠠ ᠴᠡᠷᠢᠭ ᠦ᠋ᠨ ᠪᠣᠯᠪᠠᠰᠤᠷᠠᠯ ᠰᠤᠷᠭᠠᠭᠤᠯᠢᠯᠠᠯ ᠢ᠋ ᠲᠤᠰᠬᠠᠢᠯᠠᠨ ᠬᠠᠮᠢᠶᠠᠷᠴᠤ᠂ ᠦᠤᠰᠢᠨᠵᠤᠤ᠂ ᠤᠯᠠᠭᠠᠨᠲᠣᠯᠤᠭᠠᠢ᠂ ᠮᠠᠩᠬᠠᠲᠤ᠂ ᠭᠠᠯᠠᠭᠤᠲᠤ᠂ ᠬᠠᠯᠢᠭᠤᠲᠤ ᠶ᠋ᠢᠨ ᠰᠦᠮ᠎ᠡ ᠵᠡᠷᠭᠡ ᠭᠠᠵᠠᠷ ᠤ᠋ᠳ ᠲᠤ᠌ ᠮᠣᠷᠢᠲᠤ ᠴᠡᠷᠢᠭ ᠦ᠋ᠨ ᠪᠣᠯᠪᠠᠰᠤᠷᠠᠯ ᠢ᠋ ᠠᠮᠵᠢᠯᠲᠠ ᠲᠠᠢ ᠬᠢᠵᠡᠢ᠃ ᠲᠡᠭᠦᠨ ᠦ᠌ ᠰᠤᠷᠭᠠᠵᠤ ᠭᠠᠷᠭᠠᠭᠰᠠᠨ ᠴᠡᠷᠢᠭ ᠦ᠋ᠳ ᠨᠢ ᠵᠢᠩᠬᠢᠨᠢ ᠬᠠᠷᠪᠤᠯᠲᠠ ᠰᠢᠯᠭᠠᠯᠲᠠ ᠪᠠᠷ ᠬᠤᠷᠤᠪᠴᠢᠨ ᠬᠠᠷᠠᠭᠠᠲᠤ ᠯᠢᠶᠡᠨᠵᠤᠤ ᠫᠤᠤ(ᠶᠠᠪᠠᠭᠠᠨ ᠫᠤᠤ) ᠪᠠᠷ300 ᠠᠯᠲᠠ ᠭᠠᠵᠠᠷ ᠤ᠋ᠨ ᠵᠠᠢ ᠳ᠋ᠠᠬᠢ ᠮᠥᠩᠭᠥᠨ ᠠᠶᠠᠭ᠎ᠠ ᠶ᠋ᠢ ᠬᠠᠷᠪᠤᠨ ᠣᠨᠣᠭᠠᠵᠤ᠂100 ᠠᠯᠲᠠ ᠶ᠋ᠢᠨ ᠵᠠᠢ ᠲᠠᠢ ᠪᠢᠴᠢᠬᠠᠨ ᠨᠠᠷᠢᠨ ᠮᠣᠳᠣᠨ ᠳ᠋ᠤ᠌ ᠬᠠᠪᠴᠢᠭᠤᠯᠤᠭᠰᠠᠨ ᠮᠥᠩᠭᠥᠨ ᠵᠣᠭᠣᠰ ᠢ᠋ ᠠᠯᠳᠠᠯ ᠦᠭᠡᠢ ᠬᠠᠷᠪᠤᠵᠤ᠂ ᠢᠯᠠᠩᠭᠤᠶ᠎ᠠ100 ᠠᠯᠲᠠ ᠳ᠋ᠤ᠌ ᠵᠣᠭᠰᠣᠭ᠎ᠠ ᠬᠥᠮᠦᠨ ᠦ᠌ ᠲᠣᠯᠣᠭᠠᠢ ᠳᠡᠭᠡᠷ᠎ᠡ ᠲᠠᠯᠪᠢᠭᠰᠠᠨ ᠮᠥᠩᠭᠥᠨ ᠠᠶᠠᠭ᠎ᠠ ᠶ᠋ᠢ ᠨᠢᠭᠡᠳ ᠨᠢᠭᠡ ᠪᠡᠷ ᠬᠠᠷᠪᠤᠵᠤ ᠣᠨᠣᠭᠠᠳᠠᠭ ᠮᠡᠷᠭᠡᠨ ᠬᠠᠷᠪᠤᠭᠠᠴᠢᠳ ᠪᠠᠢᠵᠠᠢ᠃ 
       1928 ᠣᠨ ᠳ᠋ᠤ᠌ ᠬᠠᠯᠢᠭᠤᠲᠤ ᠶ᠋ᠢᠨ ᠰᠦᠮ᠎ᠡ ᠳᠡᠭᠡᠷ᠎ᠡ ᠲᠥᠪ ᠬᠣᠷᠢᠶᠠᠨ ᠤ᠋ ᠴᠡᠷᠢᠭ ᠦ᠋ᠨ(ᠬᠠᠷᠠᠴᠢᠨ ᠴᠡᠷᠢᠭ) ᠰᠸᠯᠢᠩ ᠤᠷᠪᠠᠭᠴᠢ ᠰᠠᠢᠨᠪᠠᠶᠠᠷ ᠠ᠋ᠴᠠ ᠰᠠᠷᠪᠠᠵᠠᠪ᠂ ᠰᠠᠢᠰᠢᠩᠭ᠎ᠠ ᠬᠣᠶᠠᠷ ᠢ᠋ ᠬᠣᠷᠢᠭ᠎ᠠ ᠴᠠᠭᠠᠵᠠ ᠲᠠᠢ ᠬᠠᠷ᠎ᠠ ᠲᠠᠮᠠᠬᠢ ᠬᠤᠯᠠᠭᠠᠢᠯᠠᠭᠠᠳ ᠰᠣᠷᠣᠭᠤᠯ ᠤ᠋ᠨ ᠯᠣᠩᠬᠣᠨ ᠳ᠋ᠤ᠌ ᠬᠢᠵᠦ ᠮᠣᠷᠢᠨ ᠤᠭᠤᠲᠠᠨ ᠳ᠋ᠠᠭᠠᠨ ᠨᠢᠭᠤᠵᠤ ᠲᠠᠯᠪᠢᠵᠠᠢ ᠭᠡᠮᠡᠨ(ᠦᠨᠡᠨ ᠳ᠋ᠡᠭᠡᠨ ᠰᠠᠢᠨᠪᠠᠶᠠᠷ ᠤ᠋ᠨ ᠪᠦᠯᠦᠭᠲᠡᠨ ᠨᠢ ᠰᠠᠢᠨᠪᠠᠶᠠᠷ ᠤ᠋ᠨ ᠳᠣᠬᠢᠯᠲᠠ ᠪᠠᠷ ᠰᠡᠷᠪᠡᠵᠠᠪ᠂ ᠰᠠᠢᠰᠢᠩᠭ᠎ᠠ ᠶ᠋ᠢᠨ ᠮᠣᠷᠢᠨ ᠤᠭᠤᠲᠠᠨ ᠳ᠋ᠤᠨᠢ ᠬᠠᠷ᠎ᠠ ᠲᠠᠮᠠᠬᠢ ᠶ᠋ᠢ ᠨᠢᠭᠤᠴᠠ ᠪᠠᠷ ᠲᠠᠯᠪᠢᠵᠤ ᠥᠭᠴᠡᠢ) ᠵᠣᠷᠢᠭᠤᠳᠠ ᠲᠡᠳᠡ ᠬᠣᠶᠠᠭᠤᠯᠠ ᠲᠠᠢ ᠳᠥᠷᠪᠡᠨ ᠬᠥᠮᠦᠨ ᠢ᠋ ᠬᠠᠯᠢᠭᠤᠲᠤ ᠶ᠋ᠢᠨ ᠰᠦᠮ᠎ᠡ ᠶ᠋ᠢᠨ ᠪᠠᠷᠠᠭᠤᠨ ᠡᠮᠦᠨᠡᠬᠢ ᠶᠡᠬᠡ ᠴᠢᠴᠠᠷᠭᠠᠨ᠎ᠠ ᠳ᠋ᠤ᠌ ᠬᠢᠯᠢᠰ ᠢ᠋ᠶ᠋ᠡᠷ ᠬᠣᠣᠷᠯᠠᠵᠤ ᠠᠯᠠᠵᠠᠢ᠃  
       ᠨᠥᠭᠦᠭᠡ ᠨᠢᠭᠡ ᠰᠠᠢᠰᠢᠩᠭ᠎ᠠ ᠶ᠋ᠢ ᠵᠢᠢ ᠰᠥᠩ ᠯᠢᠩ ᠭᠡᠳᠡᠭ᠃ ᠥᠨᠥ ᠶ᠋ᠢᠨ ᠤᠯᠠᠭᠠᠨᠴᠠᠪ ᠠᠢᠮᠠᠭ ᠤ᠋ᠨ ᠴᠠᠬᠠᠷ ᠪᠠᠷᠠᠭᠤᠨ ᠭᠠᠷᠤᠨ ᠡᠮᠦᠨᠡᠲᠦ ᠬᠤᠰᠢᠭᠤᠨ ᠤ᠋ ᠬᠥᠮᠦᠨ ᠶᠦᠮ᠃1915 ᠣᠨ ᠳ᠋ᠤ᠌ ᠲᠡᠷᠡ ᠬᠥᠪᠡᠭᠡᠲᠦ ᠰᠢᠷ᠎ᠠ ᠬᠤᠰᠢᠭᠤᠨ ᠤ᠋ ᠪᠠᠭ᠎ᠠ ᠰᠤᠷᠭᠠᠭᠤᠯᠢ ᠳ᠋ᠤ᠌ ᠪᠢᠴᠢᠭ ᠦᠵᠡᠵᠦ᠂1924 ᠣᠨ ᠳ᠋ᠤ᠌ ᠴᠢᠭᠤᠯᠤᠯᠲᠤ ᠬᠠᠭᠠᠯᠭ᠎ᠠ ᠳ᠋ᠠᠬᠢ ᠪᠠᠷᠠᠭᠤᠨ ᠬᠣᠢᠲᠤ ᠶ᠋ᠢᠨ ᠴᠡᠷᠢᠭ ᠵᠠᠰᠠᠭ ᠤ᠋ᠨ ᠺᠠᠳ᠋ᠷ ᠤ᠋ᠨ ᠰᠤᠷᠭᠠᠭᠤᠯᠢ ᠳ᠋ᠤ᠌ ᠰᠤᠷᠤᠯᠴᠠᠵᠤ᠂1925 ᠣᠨ ᠳ᠋ᠤ᠌ ᠳᠤᠮᠳᠠᠳᠤ ᠤᠯᠤᠰ ᠤ᠋ᠨ ᠡᠪ ᠬᠠᠮᠲᠤ ᠨᠠᠮ ᠳ᠋ᠤ᠌ ᠡᠯᠰᠡᠭᠳᠡᠵᠡᠢ᠃ ᠳᠠᠷᠠᠭ᠎ᠠ ᠨᠢ ᠴᠢᠭᠤᠯᠤᠯᠲᠤ ᠬᠠᠭᠠᠯᠭ᠎ᠠ ᠳ᠋ᠤ᠌ ᠪᠣᠯᠤᠭᠰᠠᠨ《ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ》 ᠤ᠋ᠨ ᠠᠩᠬᠠᠳᠤᠭᠠᠷ ᠤᠳᠠᠭᠠᠨ ᠤ᠋ ᠨᠠᠮ ᠤ᠋ᠨ ᠲᠥᠯᠥᠭᠡᠯᠡᠭᠴᠢᠳ ᠦ᠋ᠨ ᠶᠡᠬᠡ ᠬᠤᠷᠠᠯ ᠳ᠋ᠤ᠌ ᠣᠷᠣᠯᠴᠠᠵᠤ᠂1926 ᠣᠨ ᠳ᠋ᠤ᠌ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠴᠡᠷᠢᠭ ᠦ᠋ᠨ ᠮᠣᠷᠢᠲᠤ ᠴᠡᠷᠢᠭ ᠦ᠋ᠨ ᠨᠢᠭᠡᠳᠦᠭᠡᠷ ᠪᠠᠲ᠋ᠯᠢᠶᠤᠨ ᠤ᠋ ᠳᠠᠷᠤᠭ᠎ᠠ ᠪᠣᠯᠪᠠ᠃1928 ᠣᠨ ᠳ᠋ᠤ᠌ ᠦᠦᠰᠢᠨ ᠬᠤᠰᠢᠭᠤᠨ ᠳ᠋ᠤ᠌ ᠰᠢᠨᠠᠯᠠᠮ᠎ᠠ ᠲᠠᠢ ᠬᠠᠮᠲᠤ ᠪᠠᠢᠯᠳᠤᠵᠤ ᠪᠠᠢᠭᠰᠠᠨ ᠰᠠᠢᠰᠢᠩᠭ᠎ᠠ᠂ ᠤᠷᠪᠠᠭᠴᠢ ᠰᠠᠢᠨᠪᠠᠶᠠᠷ ᠤ᠋ᠨ ᠬᠣᠣᠷᠯᠠᠯ ᠰᠢᠬᠠᠯᠲᠠ ᠠ᠋ᠴᠠ ᠪᠣᠯᠵᠤ ᠬᠦᠢ ᠪᠠᠢ ᠵᠡᠷᠭᠡ7 ᠬᠥᠮᠦᠨ ᠴᠡᠷᠢᠭ ᠠᠩᠭᠢ ᠠ᠋ᠴᠠ ᠪᠠᠨ ᠰᠠᠯᠵᠤ ᠶᠠᠪᠤᠭᠠᠳ ᠮᠣᠩᠭᠣᠯ ᠠᠷᠠᠳ ᠤᠯᠤᠰ ᠤ᠋ᠨ ᠨᠠᠮ ᠤ᠋ᠨ ᠰᠤᠷᠭᠠᠭᠤᠯᠢ ᠳ᠋ᠤ᠌ ᠣᠷᠣᠵᠤ ᠰᠤᠷᠤᠯᠴᠠᠪᠠ᠃1930 ᠣᠨ ᠤ᠋9 ᠰᠠᠷ᠎ᠠ ᠳ᠋ᠤ᠌ ᠮᠣᠰᠺᠸᠠ ᠶ᠋ᠢᠨ ᠳᠣᠷᠣᠨᠠᠳᠠᠬᠢᠨ ᠤ᠋ ᠶᠡᠬᠡ ᠰᠤᠷᠭᠠᠭᠤᠯᠢ ᠳ᠋ᠤ᠌ ᠣᠴᠢᠵᠤ ᠰᠤᠷᠤᠯᠴᠠᠵᠠᠢ᠃ 
       1939 ᠣᠨ ᠤ᠋ ᠵᠤᠨ ᠮᠣᠩᠭᠣᠯ ᠬᠤᠰᠢᠭᠤᠳ ᠤ᠋ᠨ ᠲᠤᠰᠠᠭᠠᠷ ᠯᠢᠦᠢ ᠶ᠋ᠢ ᠰᠢᠨ᠎ᠡ ᠭᠤᠷᠪᠠᠳᠤᠭᠠᠷ ᠳ᠋ᠢᠸᠢᠽᠢ ᠪᠣᠯᠭᠠᠨ ᠥᠷᠭᠡᠳᠬᠡᠨ ᠪᠠᠢᠭᠤᠯᠬᠤ ᠦᠶᠡᠰ᠂ ᠲᠡᠷᠡ ᠳᠣᠯᠣᠳᠤᠭᠠᠷ ᠬᠣᠷᠢᠶᠠᠨ ᠤ᠋ ᠬᠣᠷᠢᠶᠠᠨ ᠳᠠᠷᠤᠭ᠎ᠠ ᠪᠣᠯᠵᠤ ᠰᠡᠭᠦᠯᠡᠷ ᠳᠡᠳ᠋ ᠳ᠋ᠢᠸᠢᠽᠢ ᠶ᠋ᠢᠨ ᠳᠠᠷᠤᠭ᠎ᠠ ᠪᠣᠯᠪᠠ᠃  
       ᠭᠣᠮᠢᠨᠳᠠᠩ ᠤ᠋ᠨ ᠲᠠᠩᠨᠠᠭᠤᠯ ᠤ᠋ᠳ ᠲᠡᠭᠦᠨ ᠦ᠌ ᠬᠣᠶᠠᠷ ᠦᠢᠯᠡᠴᠢᠯᠡᠭᠴᠢ ᠴᠡᠷᠢᠭ ᠢ᠋ ᠬᠤᠳᠠᠯᠳᠤᠨ ᠠᠪᠴᠠᠢ᠃1942 ᠣᠨ ᠤ᠋2 ᠰᠠᠷ᠎ᠠ ᠶ᠋ᠢᠨ10 ᠤ᠋ ᠡᠳᠦᠷ ᠲᠡᠷᠡ ᠳᠠᠭᠠᠯ ᠴᠡᠷᠢᠭ ᠲᠡᠭᠡᠨ ᠠᠯᠠᠭᠳᠠᠵᠠᠢ᠃ ᠰᠠᠢᠰᠢᠩᠭ᠎ᠠ ᠨᠠᠰᠤ ᠪᠠᠷᠠᠬᠤ ᠳ᠋ᠤ᠌ 43 ᠨᠠᠰᠤᠲᠠᠢ ᠪᠠᠢᠵᠠᠢ᠃ 
       1989 ᠣᠨ ᠤ᠋ 6 ᠰᠠᠷ᠎ᠠ ᠶ᠋ᠢᠨ30 ᠤ᠋ ᠡᠳᠦᠷ ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠤ᠋ᠨ ᠠᠷᠠᠳ ᠤ᠋ᠨ ᠶᠠᠪᠤᠳᠠᠯ ᠤ᠋ᠨ ᠶᠠᠮᠤᠨ ᠠ᠋ᠴᠠ ᠰᠠᠢᠰᠢᠩᠭ᠎ᠠ ᠶ᠋ᠢ ᠦᠷᠡᠭᠳᠡᠭᠰᠡᠨ ᠪᠠᠭᠠᠲᠤᠷ ᠢ᠋ᠶ᠋ᠠᠷ ᠨᠡᠬᠡᠮᠵᠢᠯᠡᠨ ᠵᠥᠪᠰᠢᠶᠡᠷᠡᠭᠰᠡᠨ ᠪᠠᠢᠨ᠎ᠠ᠃①   

— — — — 
 ① ᠰᠠᠴᠤᠷᠠᠯᠲᠤ ᠶ᠋ᠢᠨ ᠨᠠᠢᠷᠠᠭᠤᠯᠤᠭᠰᠠᠨ《 ᠣᠷᠳᠣᠰ ᠤ᠋ᠨ ᠬᠤᠪᠢᠰᠬᠠᠯ ᠤ᠋ᠨ ᠲᠡᠦᠬᠡ》 ᠬᠡᠮᠡᠬᠦ ᠵᠣᠬᠢᠶᠠᠯ ᠤ᠋ᠨ ᠳᠣᠣᠷᠠᠲᠤ ᠳᠡᠪᠲᠡᠷ ᠡᠴᠡ ᠰᠡᠢᠷᠡᠭᠦᠯᠵᠦ᠂ ᠦᠦᠰᠢᠨ ᠬᠤᠰᠢᠭᠤᠨ ᠤ᠋ ᠶᠡᠬᠡ ᠪᠢᠴᠢᠭ ᠦ᠋ᠨ ᠬᠥᠮᠦᠨ ᠴᠠᠭᠠᠨᠳᠤᠩ ᠨᠠᠰᠤᠲᠠᠨ ᠤ᠋ ᠬᠡᠯᠡᠭᠰᠡᠨ ᠢ᠋ ᠦᠨᠳᠦᠰᠦᠯᠡᠵᠦ ᠨᠠᠢᠷᠠᠭᠤᠯᠪᠠ᠃   

            8. ᠬᠣᠶᠠᠷ ᠪᠠᠪᠠ ᠶ᠋ᠢᠨ ᠲᠤᠬᠠᠢ    
       ᠨᠢᠭᠡ ᠪᠠᠪᠠ ᠨᠢ ᠪᠣᠯ ᠥᠨᠥ ᠶ᠋ᠢᠨ ᠦᠦᠰᠢᠨ ᠬᠤᠰᠢᠭᠤᠨ ᠤ᠋ ᠤᠯᠠᠭᠠᠨᠲᠣᠯᠣᠭᠠᠢ ᠰᠤᠮᠤᠨ ᠤ᠋ ᠪᠠᠶᠠᠨᠰᠢᠯᠢ ᠭᠠᠴᠠᠭᠠᠨ ᠤ᠋ ᠬᠥᠮᠦᠨ ᠶᠦᠮ᠃ 
       ᠲᠡᠷᠡ ᠠᠯᠢ ᠡᠷᠲᠡ ᠰᠢᠨᠡᠯᠡᠮ᠎ᠡ ᠶ᠋ᠢᠨ ᠳᠤᠭᠤᠢᠯᠠᠩ ᠤ᠋ᠨ ᠬᠥᠳᠡᠯᠭᠡᠭᠡᠨ ᠳ᠋ᠦ᠍ ᠣᠷᠣᠯᠴᠠᠵᠤ᠂1926 ᠣᠨ ᠳ᠋ᠤ᠌ ᠰᠢᠨᠡᠯᠡᠮ᠎ᠡ ᠪᠤᠭᠤᠲᠤ ᠳ᠋ᠤ᠌ ᠴᠡᠷᠢᠭ ᠪᠠᠢᠭᠤᠯᠬᠤ ᠳ᠋ᠤ᠌ ᠮᠥᠨ ᠬᠦᠷᠴᠦ ᠣᠴᠢᠭᠠᠳ ᠴᠡᠷᠢᠭ ᠲᠦ᠍ ᠣᠷᠣᠵᠠᠢ᠃ ᠲᠡᠷᠡ ᠠᠵᠢᠯ ᠶᠠᠪᠤᠳᠠᠯ ᠳ᠋ᠤ᠌ ᠪᠣᠯᠪᠠᠰᠤᠨ᠂ ᠬᠠᠲᠠᠭᠤ ᠵᠣᠷᠢᠭᠲᠠᠢ᠂ ᠳᠣᠭᠰᠢᠨ ᠣᠪᠣᠷ ᠪᠠᠢᠳᠠᠯ ᠲᠠᠢ ᠪᠣᠯᠪᠠᠴᠤ ᠴᠡᠷᠢᠭ ᠠᠩᠭᠢ ᠪᠣᠯᠤᠨ ᠣᠯᠠᠨ ᠲᠦᠮᠡᠨ ᠳ᠋ᠡᠭᠡᠨ ᠬᠦᠷᠢᠶᠡᠯᠡᠯ ᠲᠡᠢ ᠬᠥᠮᠦᠨ ᠪᠠᠢᠵᠠᠢ᠃1926 ᠣᠨ ᠳ᠋ᠤ᠌ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠴᠡᠷᠢᠭ ᠦ᠋ᠨ ᠠᠷᠪᠠᠨ ᠬᠣᠶᠠᠳᠤᠭᠠᠷ ᠬᠣᠷᠢᠶᠠᠨ ᠤ᠋ ᠨᠢᠭᠡᠳᠦᠭᠡᠷ ᠯᠢᠶᠠᠨ ᠤ᠋ ᠯᠢᠶᠡᠨᠵᠠᠩ ᠢ᠋ᠶ᠋ᠠᠷ ᠲᠣᠮᠢᠯᠠᠭᠳᠠᠵᠠᠢ᠃  
       ᠲᠡᠷᠡ᠂ ᠦᠦᠰᠢᠨ ᠬᠤᠰᠢᠭᠤᠨ ᠤ᠋ ᠨᠣᠶᠠᠨ ᠤ᠋ ᠴᠡᠷᠢᠭ ᠪᠣᠯᠤᠨ ᠲᠡᠮᠡᠭᠡᠲᠦ ᠶ᠋ᠢᠨ ᠵᠢᠩ ᠶᠤᠸᠠᠢ ᠰᠢᠦ ᠰᠧᠯᠢᠩ ᠦ᠋ᠨ ᠬᠡᠳᠦᠨ ᠮᠢᠩᠭᠠᠨ ᠴᠡᠷᠢᠭ ᠦ᠋ᠨ ᠲᠦᠢᠪᠡᠭᠡᠯᠭᠡ ᠪᠠ ᠲᠦᠷᠢᠮᠡᠬᠡᠢᠯᠡᠯ ᠦ᠋ᠨ ᠴᠢᠨᠠᠷ ᠲᠠᠢ ᠪᠠᠢᠯᠳᠤᠭᠠᠨ ᠢ᠋ ᠡᠰᠡᠷᠭᠦᠴᠡᠨ ᠲᠤᠯᠵᠤ᠂ ᠬᠠᠨᠳᠤᠭᠰᠠᠨ ᠵᠦᠭ ᠲᠦ᠍ ᠳᠠᠢᠰᠤᠨ ᠦᠭᠡᠢ᠂ ᠬᠠᠷᠪᠤᠭᠰᠠᠨ ᠭᠠᠵᠠᠷ ᠠᠯᠳᠠᠯ ᠦᠭᠡᠢ᠂ ᠪᠠᠭᠤᠷᠠᠢ ᠪᠠᠷ ᠬᠦᠴᠦᠷᠬᠡᠭ ᠢ᠋ ᠢᠯᠠᠵᠤ᠂ ᠴᠥᠭᠡᠬᠡᠨ ᠢ᠋ᠶ᠋ᠡᠷ ᠣᠯᠠᠨ ᠢ᠋ ᠤᠰᠠᠳᠬᠠᠨ᠂ ᠬᠣᠰᠢᠭᠤ ᠨᠤᠲᠤᠭ ᠪᠣᠯᠤᠨ ᠮᠠᠯᠴᠢᠨ ᠲᠦᠮᠡᠨ ᠢ᠋ᠶ᠋ᠡᠨ ᠬᠠᠮᠠᠭᠠᠯᠠᠵᠤ ᠶᠠᠪᠤᠭᠰᠠᠨ ᠴᠡᠷᠢᠭ ᠲᠡᠢᠨ ᠦ᠌ ᠰᠢᠯᠭᠠᠷᠠᠭᠰᠠᠨ ᠵᠢᠯᠣᠭᠣᠳᠤᠭᠴᠢ ᠶ᠋ᠢᠨ ᠨᠢᠭᠡ ᠪᠣᠯᠤᠨ᠎ᠠ᠃       ᠰᠢᠨᠠᠯᠠᠮ᠎ᠠ ᠬᠣᠣᠷᠯᠠᠭᠳᠠᠭᠰᠠᠨ ᠤ᠋ ᠳᠠᠷᠠᠭ᠎ᠠ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠴᠡᠷᠢᠭ ᠦ᠋ᠨ ᠠᠷᠪᠠᠨ ᠬᠣᠶᠠᠳᠤᠭᠠᠷ ᠬᠣᠷᠢᠶ᠎ᠠ ᠶ᠋ᠢ ᠥᠭᠡᠷᠡᠴᠢᠯᠡᠨ ᠦᠦᠰᠢᠨ ᠬᠤᠰᠢᠭᠤᠨ ᠤ᠋ ᠴᠠᠭᠳᠠᠨ ᠰᠡᠷᠭᠡᠢᠯᠡᠬᠦ ᠮᠣᠷᠢᠲᠤ ᠴᠡᠷᠢᠭ ᠭᠡᠮᠡᠨ ᠪᠠᠢᠭᠤᠯᠬᠤ ᠳ᠋ᠤ᠌ ᠮᠥᠩᠬᠡᠥ᠌ᠯᠵᠡᠢ ᠲᠤᠸᠠᠨᠵᠠᠩ ᠪᠣᠯᠵᠤ ᠬᠡᠰᠢᠭ᠌ᠳᠠᠯᠠᠢ ᠶ᠋ᠢ ᠲᠤᠸᠠᠨ ᠹᠦ ᠪᠣᠯᠭᠠᠭᠠᠳ ᠪᠠᠪᠠ᠂ ᠵᠠᠮᠢᠶᠠᠨᠵᠠᠪ᠂ ᠠᠷᠪᠢᠨᠪᠠᠶᠠᠷ᠂ ᠥᠯᠵᠡᠢᠪᠠᠲᠤ ᠨᠠᠷ ᠦᠷᠭᠦᠯᠵᠢᠯᠡᠨ  ᠯᠢᠶᠡᠨᠵᠠᠩ ᠤ᠋ᠨ ᠲᠤᠰᠢᠶᠠᠯ ᠢ᠋ ᠬᠠᠷᠢᠭᠤᠴᠠᠪᠠ᠃ ᠨᠠᠰᠤᠨᠳᠡᠯᠭᠡᠷ ᠦ᠋ᠨ ᠬᠡᠷᠡᠭ ᠬᠤᠪᠢᠰᠤᠯ ᠤ᠋ᠨ ᠳᠠᠷᠠᠭ᠎ᠠ1935 ᠣᠨ ᠳ᠋ᠤ᠌ ᠲᠣᠯᠢ ᠶ᠋ᠢᠨ ᠰᠤᠪᠤᠷᠭ᠎ᠠ ᠶ᠋ᠢᠨ ᠰᠦᠮ᠎ᠡ ᠳᠡᠭᠡᠷ᠎ᠡ ᠴᠡᠷᠢᠭ ᠵᠠᠰᠠᠭ ᠤ᠋ᠨ ᠬᠤᠷᠠᠯᠳᠤᠭᠠᠨ ᠳᠡᠭᠡᠷ᠎ᠡ ᠪᠠᠪᠠ᠂ ᠵᠠᠮᠢᠶᠠᠨᠵᠠᠪ ᠨᠠᠷ ᠤ᠋ᠨ ᠴᠡᠷᠢᠭ ᠦ᠋ᠨ ᠲᠤᠰᠢᠶᠠᠯ ᠢ᠋ ᠨᠡᠬᠡᠮᠵᠢᠯᠡᠨ ᠤᠭᠴᠠᠷᠠᠭᠤᠯᠪᠠ᠃   
       ᠪᠠᠪᠠ᠂ ᠵᠠᠮᠢᠶᠠᠨᠵᠠᠪ ᠨᠠᠷ ᠠᠯᠪᠠᠨ ᠤ᠋ ᠪᠤᠶᠤ ᠬᠣᠪᠢᠨ ᠤ᠋ ᠵᠠᠷᠢᠮ ᠠᠰᠠᠭᠤᠳᠠᠯ ᠠ᠋ᠴᠠ ᠪᠣᠯᠵᠤ ᠦᠦᠰᠢᠨ ᠬᠤᠰᠢᠭᠤᠨ ᠠ᠋ᠴᠠ ᠵᠠᠢᠯᠠᠵᠤ᠂ ᠬᠠᠩᠭᠢᠨ ᠬᠤᠰᠢᠭᠤᠨ ᠳ᠋ᠠᠬᠢ ᠤᠭ ᠤ᠋ᠨ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠨᠠᠮ ᠤ᠋ᠨ ᠬᠠᠷᠢᠭᠤᠴᠠᠯᠭᠠᠲᠠᠨ ᠳᠣᠷᠵᠢᠸᠠᠩᠴᠤᠭ(ᠸᠠᠩ ᠡᠸᠨ ᠳ᠋ᠦᠩ)᠂ ᠪᠠᠳᠮ᠎ᠠ(ᠸᠴᠢᠷᠬᠤ) ᠨᠠᠷ ᠢ᠋ᠶ᠋ᠠᠷ ᠳᠡᠮᠵᠢᠵᠦ ᠬᠠᠩᠭᠢᠨ ᠸᠠᠩ  ᠠᠯᠲᠠᠠᠧᠴᠢᠷ ᠲᠡᠢ ᠬᠠᠪᠢᠳᠠᠵᠠᠢ᠃ ᠭᠡᠪᠡᠴᠦ《ᠬᠣᠯᠠ ᠪᠣᠯᠪᠠᠴᠤ ᠨᠤᠲᠤᠭ ᠰᠠᠢᠬᠠᠨ᠂ ᠤᠲᠤᠭᠠᠲᠠᠢ ᠪᠣᠯᠪᠠᠴᠤ ᠭᠡᠷ ᠰᠠᠢᠬᠠᠨ》 ᠭᠡᠳᠡᠭ ᠢ᠋ᠶ᠋ᠡᠷ ᠪᠠᠪᠠ᠂ ᠵᠠᠮᠢᠶᠠᠨᠵᠠᠪ ᠬᠣᠶᠠᠭᠤᠯᠠ1937 ᠣᠨ ᠤ᠋ ᠣᠷᠳᠣᠰ ᠲᠣᠭᠠᠯᠠᠯ ᠤ᠋ᠨ ᠥᠭᠡᠯᠵᠢᠨ ᠰᠠᠷ᠎ᠠ ᠶ᠋ᠢᠨ ᠬᠣᠷᠢᠨ ᠬᠡᠳᠦᠨ ᠳ᠋ᠦ᠍ ᠲᠤᠰ ᠲᠤᠰ ᠤ᠋ᠨ ᠢ᠋ᠶ᠋ᠠᠨ ᠭᠡᠷ ᠦ᠋ᠨ ᠬᠥᠮᠦᠰ ᠲᠡᠭᠡᠨ ᠵᠣᠯᠭᠠᠴᠢᠬᠠᠭᠠᠳ ᠳᠠᠷᠤᠢᠬᠠᠨ ᠪᠤᠴᠠᠵᠤ ᠶᠠᠪᠤᠬᠤ ᠪᠠᠷ ᠪᠠᠢᠵᠠᠢ᠃ ᠭᠡᠲᠡᠯ᠎ᠡ《ᠵᠢᠪᠠᠷ ᠨᠡᠪᠲᠡᠷᠡᠬᠦ ᠦᠭᠡᠢ ᠬᠡᠷᠡᠮ ᠭᠡᠵᠦ ᠦᠭᠡᠢ》 ᠭᠡᠳᠡᠭ ᠢ᠋ᠶ᠋ᠡᠷ ᠲᠡᠷᠡ ᠬᠣᠶᠠᠭᠤᠯᠠ ᠶ᠋ᠢᠨ ᠭᠡᠷ ᠲᠡᠭᠡᠨ ᠢᠷᠡᠬᠦ ᠶ᠋ᠢ ᠠᠯᠢ ᠡᠷᠲᠡ ᠡᠴᠡ ᠦᠦᠰᠢᠨ ᠨᠣᠶᠠᠨ ᠲᠡᠭᠦᠰᠠᠠᠮᠤᠭᠤᠯᠠᠩ ᠲᠤᠰᠬᠠᠢ ᠬᠥᠮᠦᠰ ᠢ᠋ᠶ᠋ᠡᠷ ᠲᠠᠩᠨᠠᠨ ᠬᠡᠲᠡᠭᠦᠯᠵᠤ ᠪᠠᠢᠭᠰᠠᠨ ᠲᠤᠯᠠ ᠲᠡᠳᠡ ᠳᠣᠣᠷ᠎ᠠ ᠨᠢ ᠬᠣᠰᠢᠭᠤ ᠴᠡᠷᠢᠭ ᠦ᠋ᠨ ᠬᠣᠷᠢᠶᠠᠨ ᠳ᠋ᠤ᠌ ᠨᠢᠭᠤᠴᠠ ᠮᠡᠳᠡᠭᠡ ᠬᠦᠷᠭᠡᠴᠢᠬᠡᠵᠡᠢ᠃ ᠵᠠᠮᠢᠶᠠᠨᠵᠠᠪ ᠭᠡᠷ ᠲᠡᠭᠡᠨ ᠢᠷᠡᠭᠡᠳ ᠬᠣᠷᠢ ᠶᠢᠰᠦᠨ ᠦ᠌ ᠦᠦᠷ(ᠲᠤᠰ ᠵᠢᠯ ᠪᠢᠲᠡᠭᠦᠨ ᠦᠭᠡᠢ ᠪᠠᠢᠵᠠᠢ) ᠴᠠᠢᠬᠤ ᠶ᠋ᠢ ᠬᠦᠯᠢᠶᠡᠨ ᠠᠯᠠᠭᠠᠨ ᠪᠢᠴᠢᠭ(ᠠᠯᠠᠭᠠᠨ ᠵᠢᠷᠤᠭ) ᠦᠵᠡᠭᠳᠡᠮᠡᠭᠴᠡ ᠭᠠᠳᠠᠨ᠎ᠠ ᠭᠠᠯ ᠮᠠᠨᠳᠤᠭᠤᠯᠵᠤ  ᠤᠰᠠᠩ ᠤ᠋ᠨ ᠰᠠᠭᠤᠷᠢ ᠳᠡᠭᠡᠷ᠎ᠡ ᠲᠩᠷᠢ ᠳ᠋ᠦ᠍ ᠶᠡᠬᠡ ᠵᠤᠯᠠ ᠪᠠᠨ ᠡᠷᠭᠦᠴᠢᠬᠡᠭᠡᠳ ᠶᠠᠪᠤᠬᠤ ᠰᠠᠨᠠᠭ᠎ᠠ ᠲᠠᠢ ᠪᠠᠢᠵᠠᠢ᠃ ᠭᠡᠲᠡᠯ᠎ᠡ ᠨᠣᠶᠠᠨ ᠤ᠋ ᠳᠥᠷᠪᠡᠨ ᠴᠡᠷᠢᠭ ᠬᠡᠵᠢᠶᠡᠨᠡᠢ ᠭᠡᠷ ᠢ᠋ ᠨᠢ ᠪᠦᠰᠡᠯᠡᠵᠦ ᠵᠤᠯᠠ ᠡᠷᠭᠦᠵᠦ ᠰᠢᠨᠡᠯᠡᠬᠦ ᠡᠴᠡ ᠡᠮᠦᠨᠡᠬᠡᠨ ᠲᠡᠭᠦᠨ ᠢ᠋ ᠪᠠᠷᠢᠵᠤ ᠦᠦᠰᠢᠨ ᠱᠠᠩ ᠣᠷᠳᠣᠨ ᠵᠦᠭ ᠶᠠᠪᠤᠵᠠᠢ᠃ 
       ᠪᠠᠪᠠ ᠶᠠᠭᠤᠨ ᠠ᠋ᠴᠠ ᠴᠤ᠌ ᠠᠶᠤᠳᠠᠭ ᠦᠭᠡᠢ ᠪᠦᠳᠦᠭᠦᠨ ᠵᠣᠷᠢᠭ ᠲᠠᠢ ᠬᠥᠮᠦᠨ ᠲᠤᠯᠠ ᠭᠡᠷ ᠲᠡᠭᠡᠨ ᠠᠢᠯᠴᠢᠨ ᠭᠡᠢᠴᠢᠨ ᠢ᠋ᠶ᠋ᠡᠨ ᠤᠭᠲᠤᠵᠤ ᠰᠢᠨ᠎ᠡ ᠶ᠋ᠢᠨ ᠵᠣᠯᠭᠠᠯᠲᠠ ᠬᠢᠵᠦ ᠠᠷᠢᠬᠢ ᠰᠠᠷᠬᠤᠳ ᠬᠦᠨᠳᠦᠷᠡᠵᠦ ᠪᠠᠢᠲᠠᠯ᠎ᠠ ᠦᠦᠰᠢᠨ ᠨᠣᠶᠠᠨ ᠤ᠋ ᠴᠡᠷᠢᠭ ᠦ᠋ᠨ ᠽᠠᠢ ᠱᠤᠸᠠᠷ ᠵᠡᠷᠭᠡ ᠳᠥᠷᠪᠡᠨ ᠴᠡᠷᠢᠭ ᠭᠡᠷ ᠲᠦ᠍ ᠭᠡᠨᠡᠳᠲᠡ ᠳᠠᠭᠠᠷᠢᠨ ᠣᠷᠣᠪᠠ᠃ ᠴᠡᠷᠢᠭ ᠳᠠᠯᠠᠨᠲᠠᠢ(ᠦᠦᠰᠢᠨ ᠬᠤᠰᠢᠭᠤᠨ ᠤ᠋ ᠭᠠᠯᠠᠭᠤᠲᠤ ᠰᠤᠮᠤᠨ ᠤ᠋  ᠪᠤᠵᠠᠢ ᠶ᠋ᠢᠨ ᠲᠠᠪᠰᠠᠩ ᠤ᠋ᠨ ᠬᠥᠮᠦᠨ᠂ ᠤᠭ ᠲᠠᠭᠠᠨ ᠪᠠᠪᠠ ᠯᠢᠶᠡᠨᠵᠠᠩ ᠤ᠋ᠨ ᠬᠠᠮᠠᠭᠠᠯᠠᠭᠴᠢ ᠪᠠᠢᠵᠠᠢ) ᠵᠠᠳᠢ(ᠬᠥᠰᠡᠷ) ᠲᠦ᠍ ᠵᠣᠭᠰᠣᠨ᠂ ᠬᠠᠨᠵᠤᠨ ᠳᠡᠭᠡᠷ᠎ᠡ ᠰᠠᠭᠤᠵᠤ ᠪᠠᠢᠭᠰᠠᠨ ᠪᠠᠪᠠ ᠶ᠋ᠢᠨ ᠵᠦᠭ ᠫᠤᠤ ᠲᠤᠯᠭᠠᠨ᠄《ᠥᠩᠭᠡᠷᠡᠭᠰᠡᠨ ᠳ᠋ᠦ᠍ ᠡᠨᠡ ᠫᠤᠤ ᠪᠠᠷ ᠴᠢᠮᠠᠶ᠋ᠢ ᠬᠠᠮᠠᠭᠠᠯᠠᠵᠤ ᠪᠠᠢᠭᠰᠠᠨ᠂ ᠥᠨᠥᠳᠥᠷ ᠦ᠋ᠨ ᠴᠠᠭ ᠤ᠋ᠨ ᠪᠠᠢᠳᠠᠯ ᠳᠣᠣᠷ᠎ᠠ ᠡᠷᠭᠢᠭᠡᠳ ᠡᠨᠡ ᠫᠤᠤ ᠪᠠᠷ ᠴᠢᠮᠠᠶ᠋ᠢ ᠵᠢᠭᠠᠬᠤ(ᠬᠠᠨᠳᠤᠭᠤᠯᠬᠤ) ᠪᠣᠯᠴᠢᠬᠠᠭᠰᠠᠨ ᠰᠢᠦ!》 ᠭᠡᠬᠦ ᠳ᠋ᠦ᠍᠂ ᠪᠠᠪᠠ ᠠᠭᠤᠷ ᠲᠠᠢ ᠪᠠᠷ᠄《ᠵᠢᠯ ᠴᠠᠭᠠᠨ ᠰᠠᠷ᠎ᠠ ᠠᠢᠯᠴᠢᠨ ᠭᠡᠢᠴᠢᠨ ᠵᠦᠭ ᠪᠢᠲᠡᠭᠡᠢ ᠫᠤᠤ ᠶ᠋ᠢᠨ ᠠᠮᠠ ᠣᠩᠭᠣᠢᠯᠭᠠᠭᠠᠳ ᠪᠠᠢ! ᠪᠠᠷᠢᠬᠤ ᠭᠡᠰᠡᠨ ᠨᠠᠮᠠᠶ᠋ᠢ ᠪᠠᠨ ᠬᠤᠷᠳᠤᠨ ᠪᠠᠷᠢᠭᠠᠳ ᠤᠶᠠᠴᠢᠬ᠎ᠠ!》 ᠭᠡᠵᠦ ᠵᠠᠩᠳᠤᠷᠬᠤ ᠳ᠋ᠤ᠌᠂ ᠴᠡᠷᠢᠭ ᠦ᠋ᠳ ᠬᠠᠨᠵᠤᠨ ᠳᠡᠭᠡᠷ᠎ᠡ ᠦᠰᠦᠷᠦᠨ ᠭᠠᠷᠴᠤ ᠪᠠᠪᠠ ᠶ᠋ᠢᠨ ᠭᠠᠷ ᠢ᠋ ᠠᠷᠤ ᠳ᠋ᠤᠨᠢ ᠴᠢᠩᠭᠠᠯᠠᠵᠤ ᠤᠶᠠᠭᠠᠳ ᠠᠢᠯᠴᠢᠨ ᠭᠡᠢᠴᠢᠨ ᠪᠣᠯᠤᠨ ᠭᠡᠷ ᠦ᠋ᠨ ᠬᠥᠮᠦᠰ ᠦ᠋ᠨ ᠬᠢᠨᠢ ᠳᠡᠷᠭᠡᠳᠡ ᠪᠠᠢᠰᠢᠩ ᠤ᠋ᠨ ᠭᠣᠣᠯ ᠲᠠᠢᠯᠠᠩ ᠠ᠋ᠴᠠ ᠳᠡᠭᠦᠵᠢᠯᠡᠪᠡ᠃ ᠬᠡᠳᠦᠨ ᠴᠡᠷᠢᠭ ᠵᠠᠳᠢ ᠶ᠋ᠢᠨ ᠪᠤᠯᠤᠩ ᠳ᠋ᠤ᠌ ᠬᠥᠮᠥᠷᠴᠦ ᠪᠠᠢᠭᠰᠠᠨ ᠬᠠᠭᠠᠰ ᠬᠠᠳᠠᠨ ᠲᠡᠭᠡᠷᠮ᠎ᠡ ᠶ᠋ᠢ ᠨᠢᠷᠤᠭᠤᠨ ᠭᠣᠣᠯ ᠳ᠋ᠤᠨᠢ ᠲᠠᠯᠪᠢᠴᠢᠬᠠᠭᠠᠳ᠄《ᠴᠢ ᠲᠦᠷᠦᠭᠦᠦ ᠬᠡᠳᠦᠨ ᠵᠢᠯ ᠪᠠᠷᠠᠭᠤᠨ ᠭᠠᠵᠠᠷ ᠢ᠋ ᠲᠣᠭᠲᠠᠨᠢᠭᠤᠯᠬᠤ ᠪᠠᠷ ᠲᠡᠨᠳᠡ ᠰᠠᠭᠤᠵᠤ(ᠴᠡᠷᠢᠭ ᠲᠡᠢ ᠪᠡᠨ) ᠪᠠᠢᠬᠤ ᠳ᠋ᠤ᠌ ᠬᠥᠮᠦᠨ ᠢ᠋ ᠢᠩᠭᠢᠵᠦ ᠳᠡᠭᠦᠵᠢᠯᠡᠭᠡᠳ ᠨᠢᠷᠤᠭᠤᠨ ᠳ᠋ᠤᠨᠢ ᠲᠡᠭᠡᠷᠮ᠎ᠡ ᠬᠠᠳᠠ ᠲᠠᠯᠪᠢᠵᠤ ᠪᠠᠢᠭᠰᠠᠨ ᠭᠡᠨ᠎ᠡ! ᠥᠨᠥᠳᠥᠷ ᠴᠢᠮᠠᠲᠤ ᠬᠠᠳᠠᠨ ᠲᠡᠭᠡᠷᠮ᠎ᠡ ᠲᠠᠯᠪᠢᠴᠢᠬᠠᠯ᠎ᠠ ᠶᠠᠮᠠᠷ ᠪᠠᠢᠨ᠎ᠠ?》 ᠭᠡᠵᠡᠢ᠃ ᠪᠠᠪᠠ᠄《ᠪᠢ ᠪᠠᠷᠠᠭᠤᠨ ᠭᠠᠵᠠᠷ ᠲᠤ᠌ ᠬᠡᠷᠡᠭ ᠬᠢᠭᠰᠡᠨ ᠬᠥᠮᠦᠨ ᠢ᠋ ᠪᠠᠷᠢᠵᠤ ᠳᠡᠭᠦᠵᠢᠯᠡᠭᠡᠳ ᠨᠢᠷᠤᠭᠤᠨ ᠳᠡᠭᠡᠷ᠎ᠡ ᠨᠢ ᠯᠠᠭᠤᠰᠠᠨ ᠪᠤᠯᠤ(ᠤᠨᠤᠭ᠎ᠠ ᠪᠠᠷ ᠠᠮᠤ ᠴᠠᠢᠯᠭᠠᠳᠠᠭ ᠶᠡᠬᠡ ᠬᠠᠳᠠᠨ ᠪᠤᠯᠤ ᠶ᠋ᠢ ᠬᠡᠯᠡᠵᠦ ᠪᠣᠢ) ᠲᠠᠯᠪᠢᠵᠤ ᠪᠠᠢᠭᠰᠠᠨ ᠢ᠋ ᠪᠣᠳᠣᠪᠠᠯ ᠡᠨᠡ ᠴᠢᠨᠢ ᠶᠠᠭᠤ ᠴᠤ᠌ ᠪᠢᠰᠢ ᠬᠥᠩᠭᠡᠨ ᠪᠠᠢᠨ᠎ᠠ᠁》 ᠭᠡᠵᠦ ᠡᠷᠡᠰ ᠬᠠᠲᠠᠭᠤ ᠪᠠᠷ ᠬᠠᠷᠢᠭᠤᠯᠤᠭᠰᠠᠨ ᠭᠡᠨ᠎ᠡ᠃ ᠢᠩᠭᠢᠭᠡᠳ ᠪᠠᠪᠠ ᠶ᠋ᠢ ᠨᠣᠶᠠᠨ ᠱᠠᠩ ᠳ᠋ᠤ᠌ ᠠᠪᠴᠢᠷᠠᠨ ᠵᠠᠮᠢᠶᠠᠨᠵᠠᠪ ᠲᠠᠢ ᠬᠣᠶᠠᠭᠤᠯᠠ ᠶ᠋ᠢ ᠬᠣᠷᠢᠵᠤ ᠪᠠᠢᠬᠤ ᠬᠤᠭᠤᠴᠠᠭᠠᠨ ᠳ᠋ᠤ᠌ ᠲᠡᠭᠦᠨ ᠦ᠌ ᠳᠣᠣᠷ᠎ᠠ ᠪᠠᠢᠭᠰᠠᠨ ᠤᠭ ᠤ᠋ᠨ ᠴᠡᠷᠢᠭ ᠦ᠋ᠳ ᠨᠢ ᠲᠡᠭᠦᠰᠠᠠᠮᠤᠭᠤᠯᠠᠩ  ᠨᠣᠶᠠᠨ ᠳ᠋ᠤ᠌᠄《ᠡᠨᠡ ᠬᠣᠶᠠᠭᠤᠯᠠ ᠶ᠋ᠢᠨ ᠬᠢᠭᠰᠡᠨ ᠬᠡᠷᠡᠭ ᠬᠡᠳᠦᠢ ᠬᠦᠨᠳᠦ ᠪᠠᠢᠭᠰᠠᠨ ᠴᠤ᠌ ᠬᠠᠮᠢᠶ᠎ᠠ ᠦᠭᠡᠢ᠂ ᠶᠠᠯ᠎ᠠ ᠲᠣᠷᠭᠠᠭᠤᠯᠢ ᠲᠥᠯᠥᠪᠦᠷᠢ ᠶ᠋ᠢ ᠪᠢᠳᠡ ᠡᠭᠦᠷᠴᠦ ᠲᠥᠯᠥᠶ᠎ᠡ! ᠡᠨᠡ ᠬᠣᠶᠠᠭᠤᠯᠠ ᠶ᠋ᠢᠨ ᠠᠮᠢ ᠶ᠋ᠢ ᠥᠷᠥᠰᠢᠶᠡᠬᠦ ᠪᠣᠯᠪᠠ ᠤᠤ?》 ᠭᠡᠮᠡᠨ ᠠᠢᠯᠠᠳᠬᠠᠯ ᠪᠠᠷᠢᠵᠤ ᠮᠥᠷᠭᠥᠨ ᠭᠤᠶᠤᠭᠰᠠᠨ ᠳ᠋ᠤ᠌᠂ ᠲᠡᠭᠦᠰᠠᠠᠮᠤᠭᠤᠯᠠᠩ ᠨᠣᠶᠠᠨ᠄《ᠪᠠᠨᠳᠢᠳᠠ ᠶ᠋ᠢᠨ ᠳᠤᠭᠠᠩ ᠤ᠋ᠨ ᠪᠠᠢᠯᠳᠤᠭᠠᠨ ᠳᠡᠭᠡᠷ᠎ᠡ ᠨᠠᠮᠠᠶ᠋ᠢ ᠭᠤᠶᠤᠬᠤ ᠬᠥᠮᠦᠨ ᠦᠭᠡᠢ ᠪᠠᠢᠯᠠᠢ(ᠪᠠᠢᠨ᠎ᠠ ᠪᠢᠯᠡ)! ᠣᠳᠣ ᠡᠨᠡ ᠬᠣᠶᠠᠷ ᠢ᠋ ᠠᠯᠠᠬᠤ ᠳ᠋ᠤ᠌ ᠬᠠᠷᠢᠨ ᠭᠤᠶᠤᠳᠠᠭ ᠬᠥᠮᠦᠨ ᠭᠠᠷᠤᠭᠠᠳ ᠢᠷᠡᠴᠢᠬᠡᠯ᠎ᠡ》 ᠭᠡᠬᠦ ᠳ᠋ᠦ᠍ ᠴᠡᠷᠢᠭ ᠦ᠋ᠳ ᠨᠢ ᠵᠠ ᠪᠣᠯᠬᠤ ᠦᠭᠡᠢ ᠶᠦᠮ ᠪᠠᠢᠨ᠎ᠠ᠂ ᠳᠤᠭᠤᠢ ᠪᠠᠢᠴᠢᠬᠠᠶ᠎ᠠ! ᠭᠡᠳ ᠳᠠᠬᠢᠵᠤ ᠭᠤᠶᠤᠬᠤ ᠪᠠᠨ ᠪᠣᠯᠢᠵᠠᠢ᠃ ᠢᠩᠭᠢᠭᠡᠳ ᠲᠤᠰ ᠵᠢᠯ ᠦ᠋ᠨ ᠴᠠᠭᠠᠨ ᠰᠠᠷ᠎ᠠ ᠶ᠋ᠢᠨ ᠰᠢᠨ᠎ᠡ ᠶ᠋ᠢᠨ ᠭᠤᠷᠪᠠᠨ ᠳ᠋ᠤ᠌ ᠪᠠᠪᠠ᠂ ᠵᠠᠮᠢᠶᠠᠨᠵᠠᠪ ᠬᠣᠶᠠᠭᠤᠯᠠ ᠶ᠋ᠢ ᠳᠠᠪᠴᠠᠭ ᠤ᠋ᠨ  ᠱᠠᠩ ᠤ᠋ᠨ ᠵᠡᠭᠦᠨ ᠡᠮᠦᠨ᠎ᠡ ᠳᠡᠷᠡᠰᠦᠨ ᠳᠣᠲᠣᠷ᠎ᠠ ᠫᠤᠤᠳᠠᠵᠤ ᠠᠯᠠᠪᠠ᠃ ᠪᠠᠪᠠ ᠦᠬᠦᠨ ᠦᠬᠦᠲᠡᠯ᠎ᠡ ᠪᠡᠨ ᠶᠣᠣ ᠭᠡᠵᠦ ᠳᠤᠤᠭᠠᠷᠤᠭᠰᠠᠨ ᠦᠭᠡᠢ᠃  
       1950 ᠣᠨ ᠳ᠋ᠤ᠌ ᠶᠡᠬᠡ ᠵᠣᠣ ᠴᠢᠭᠤᠯᠭᠠᠨ ᠪᠦᠷᠢᠨ ᠴᠢᠯᠥᠭᠡᠯᠡᠭᠳᠡᠵᠦ᠂ ᠴᠢᠯᠥᠭᠡᠯᠡᠬᠦ ᠲᠡᠢᠨ ᠳ᠋ᠦ᠍ ᠥᠩᠭᠡ ᠭᠡᠷᠡᠯᠲᠡᠢ ᠪᠡᠷ ᠪᠡᠶ᠎ᠡ ᠦᠷᠡᠭᠳᠡᠭᠰᠡᠨ ᠪᠠᠭᠠᠲᠤᠷᠴᠤᠳ ᠤ᠋ᠨ ᠳᠤᠷᠠᠰᠬᠠᠯ ᠤ᠋ᠨ ᠰᠤᠪᠤᠷᠭ᠎ᠠ ᠶ᠋ᠢ ᠳ᠋ᠦᠩᠱᠧᠩ ᠦ᠋ᠨ ᠤᠭ ᠤ᠋ᠨ ᠴᠡᠴᠡᠷᠯᠢᠭ ᠦ᠋ᠨ ᠬᠦᠷᠢᠶᠡᠨ ᠦ᠌ ᠣᠷᠣᠢ ᠳ᠋ᠤ᠌ ᠪᠣᠰᠬᠠᠬᠤ ᠳ᠋ᠤ᠌ ᠪᠠᠪᠠ᠂ ᠵᠠᠮᠢᠶᠠᠨᠵᠠᠪ ᠤ᠋ᠨ ᠠᠯᠳᠠᠷ ᠨᠡᠷ᠎ᠡ ᠦᠷᠡᠭᠳᠡᠭᠰᠡᠨ ᠪᠠᠭᠠᠲᠤᠷ ᠢ᠋ᠶ᠋ᠠᠷ ᠲᠡᠮᠳᠡᠭᠯᠡᠨ ᠪᠢᠴᠢᠭᠳᠡᠭᠰᠡᠨ ᠪᠠᠢᠪᠠ᠃ ᠤᠯᠤᠰ ᠤ᠋ᠨ ᠳᠣᠲᠣᠭᠠᠳᠤ ᠶ᠋ᠢᠨ ᠨᠢᠭᠡ ᠬᠣᠶᠠᠳᠤᠭᠠᠷ ᠤᠳᠠᠭᠠᠨ ᠤ᠋ ᠬᠤᠪᠢᠰᠬᠠᠯᠲᠤ ᠲᠡᠢᠨ ᠦ᠌ ᠦᠶ᠎ᠡ ᠳ᠋ᠦ᠍ ᠥᠪᠡᠷ ᠦ᠋ᠨ ᠠᠯᠢᠪᠠ ᠪᠠᠨ ᠵᠣᠷᠢᠭᠤᠯᠵᠤ᠂ ᠬᠠᠮᠤᠭ ᠡᠴᠦᠰ ᠲᠦ᠍ ᠬᠣᠰᠢᠭᠤ ᠨᠣᠶᠠᠨ ᠳ᠋ᠤ᠌ ᠬᠣᠣᠷᠯᠠᠭᠳᠠᠭᠰᠠᠨ ᠪᠠᠭᠠᠲᠤᠷᠯᠢᠭ ᠦᠢᠯᠡ ᠠᠵᠢᠯᠯᠠᠭ᠎ᠠ ᠨᠢ ᠬᠠᠷᠢᠨ ᠪᠠᠯᠠᠷᠠᠰᠢ ᠦᠭᠡᠢ ᠶᠦᠮ᠃ 
       ᠨᠥᠭᠦᠭᠡ ᠨᠢᠭᠡ ᠪᠠᠪᠠ ᠶ᠋ᠢ ᠲᠣᠪᠴᠢ ᠶ᠋ᠢᠨ ᠪᠠᠪᠠ ᠭᠡᠬᠦ ᠪᠤᠶᠤ ᠵᠠᠷᠢᠮ ᠬᠥᠮᠦᠰ ᠳᠣᠯᠣᠭᠠᠨ ᠪᠠᠷᠠᠤ ᠭᠡᠵᠦ ᠬᠣᠴᠢ ᠨᠡᠷ᠎ᠡ ᠪᠡᠷ ᠳᠠᠭᠤᠳᠠᠳᠠᠭ ᠴᠤ᠌ ᠪᠣᠢ᠃ ᠥᠨᠥ ᠶ᠋ᠢᠨ ᠦᠦᠰᠢᠨ ᠬᠤᠰᠢᠭᠤᠨ ᠤ᠋ ᠤᠯᠠᠭᠠᠨᠲᠣᠯᠣᠭᠠᠢ ᠰᠤᠮᠤᠨ ᠤ᠋ ᠪᠠᠲᠠᠨᠰᠢᠯᠢ ᠭᠠᠴᠠᠭᠠᠨ ᠤ᠋ ᠬᠥᠮᠦᠨ ᠶᠦᠮ᠃  
       ᠰᠢᠨᠠᠯᠠᠮ᠎ᠠ ᠶ᠋ᠢᠨ ᠦᠶ᠎ᠡ ᠳ᠋ᠦ᠍ ᠳᠣᠲᠣᠭᠠᠳᠤ ᠮᠣᠩᠭᠣᠯ ᠤ᠋ᠨ ᠠᠷᠠᠳ ᠤ᠋ᠨ ᠬᠤᠪᠢᠰᠬᠠᠯᠲᠤ ᠴᠡᠷᠢᠭ ᠦ᠋ᠨ ᠨᠢᠭᠡᠳᠦᠭᠡᠷ ᠰᠤᠮᠤᠨ ᠤ᠋ ᠨᠢᠭᠡᠨ ᠲᠠᠰᠤᠭ ᠤ᠋ᠨ ᠳᠠᠷᠤᠭ᠎ᠠ ᠪᠠᠢᠵᠤ᠂ ᠬᠣᠵᠢᠮ ᠨᠢ ᠦᠦᠰᠢᠨ ᠬᠤᠰᠢᠭᠤᠨ ᠤ᠋ ᠴᠠᠭᠳᠠᠨ ᠰᠡᠷᠭᠡᠢᠯᠡᠬᠦ ᠴᠡᠷᠢᠭ ᠠᠩᠭᠢ ᠶ᠋ᠢᠨ ᠳᠤᠮᠳᠠ ᠠᠩᠭᠢ ᠶ᠋ᠢᠨ ᠳᠠᠷᠤᠭ᠎ᠠ ᠪᠣᠯᠵᠤ᠂ ᠲᠤᠬᠠᠢ ᠶ᠋ᠢᠨ ᠦᠶ᠎ᠡ ᠳ᠋ᠦ᠍ ᠦᠦᠰᠢᠨ ᠬᠤᠰᠢᠭᠤᠨ ᠤ᠋ ᠠᠵᠢᠯᠯᠠᠬᠤ ᠬᠣᠷᠢᠶ᠎ᠠ ᠶ᠋ᠢᠨ ᠵᠠᠷᠢᠮ ᠬᠥᠮᠦᠰ ᠲᠡᠢ ᠨᠢᠭᠤᠴᠠ ᠬᠠᠷᠢᠴᠠᠭ᠎ᠠ ᠲᠠᠢ ᠪᠠᠢᠵᠠᠢ᠃  
       ᠪᠠᠪᠠ1943 ᠣᠨ ᠤ᠋4 ᠰᠠᠷ᠎ᠠ ᠶ᠋ᠢᠨ14 ᠦ᠌ ᠡᠳᠦᠷ ᠦ᠋ᠨ ᠥᠷᠯᠥᠭᠡ ᠦᠦᠰᠢᠨ ᠬᠤᠰᠢᠭᠤᠨ ᠤ᠋ ᠰᠠᠭᠤᠭ᠎ᠠ ᠴᠡᠷᠢᠭ ᠦ᠋ᠨ ᠰᠤᠷᠭᠠᠭᠴᠢ ᠭᠣᠮᠢᠨᠳᠠᠩ ᠤ᠋ᠨ ᠬᠣᠷᠢᠨ ᠨᠠᠢ᠍ᠮᠠᠨ ᠲᠠᠩᠨᠠᠭᠤᠯ ᠢ᠋ ᠪᠠᠷᠢᠪᠴᠢᠯᠠᠵᠤ ᠠᠯᠠᠬᠤ ᠳ᠋ᠤ᠌ ᠶᠡᠬᠡ ᠠᠩᠭᠢ ᠶ᠋ᠢᠨ ᠳᠠᠷᠤᠭ᠎ᠠ ᠡᠩᠬᠡᠮᠠᠩᠨᠠᠢ ᠶ᠋ᠢ ᠬᠠᠪᠰᠤᠷᠴᠤ ᠪᠠᠭᠠᠲᠤᠷᠯᠢᠭ ᠢ᠋ᠶ᠋ᠠᠷ ᠱᠠᠯᠠᠮᠠᠭᠠᠢᠯᠠᠨ ᠣᠷᠣᠯᠴᠠᠵᠤ ᠭᠠᠪᠢᠶ᠎ᠠ ᠵᠢᠳᠬᠦᠯ ᠦᠵᠡᠭᠦᠯᠦᠭᠰᠡᠨ ᠨᠡᠷᠡᠲᠦ ᠬᠥᠮᠦᠨ ᠪᠣᠯᠤᠨ᠎ᠠ᠃  
       ᠴᠢᠯᠥᠭᠡᠯᠡᠭᠳᠡᠭᠰᠡᠨ ᠦ᠌ ᠳᠠᠷᠠᠭ᠎ᠠ ᠦᠦᠰᠢᠨ ᠬᠤᠰᠢᠭᠤᠨ ᠤ᠋ ᠡᠳ᠋ ᠦ᠋ᠨ ᠵᠠᠰᠠᠭ ᠤ᠋ᠨ ᠳᠡᠳ᠋ ᠳᠠᠷᠤᠭ᠎ᠠ᠂ ᠠᠷᠠᠳ ᠤ᠋ᠨ ᠶᠠᠪᠤᠳᠠᠯ ᠤ᠋ᠨ ᠲᠣᠪᠴᠢᠶ᠎ᠠ ᠶ᠋ᠢᠨ ᠬᠠᠷᠢᠭᠤᠴᠠᠯᠭᠠᠲᠠᠨ᠂ ᠦᠦᠰᠢᠨ ᠬᠤᠰᠢᠭᠤᠨ ᠤ᠋ ᠤᠯᠤᠰ ᠲᠥᠷᠥ ᠶ᠋ᠢᠨ ᠵᠥᠪᠯᠡᠯᠭᠡᠨ ᠦ᠌ ᠭᠡᠰᠢᠭᠦᠨ ᠵᠡᠷᠭᠡ ᠠᠵᠢᠯ ᠢ᠋ ᠬᠠᠷᠢᠭᠤᠴᠠᠵᠤ᠂ ᠬᠣᠵᠢᠮ ᠨᠢ ᠠᠵᠢᠯ ᠤ᠋ᠨ ᠠᠮᠠᠷᠠᠯᠲᠠ ᠪᠠᠨ ᠠᠪᠴᠤ ᠬᠥᠳᠡᠭᠡ ᠭᠡᠷ ᠲᠡᠭᠡᠨ ᠡᠪᠡᠳᠴᠢᠨ ᠢ᠋ᠶ᠋ᠡᠷ ᠨᠠᠰᠤ ᠪᠠᠷᠠᠵᠠᠢ᠃① 

— — — — 
① ᠡᠳᠡᠭᠡᠷ ᠠᠭᠤᠯᠭ᠎ᠠ ᠶ᠋ᠢ ᠲᠣᠪᠴᠢ ᠶ᠋ᠢᠨ ᠪᠠᠪᠠ ᠨᠠᠰᠤᠲᠠᠨ ᠪᠣᠯᠤᠨ ᠪᠤᠵᠠᠢ ᠶ᠋ᠢᠨ ᠳᠠᠯᠠᠨᠲᠠᠢ ᠨᠠᠰᠤᠲᠠᠨ ᠤ᠋20 ᠳ᠋ᠤᠭᠠᠷ ᠵᠠᠭᠤᠨ ᠤ᠋ ᠳᠠᠯᠠᠭᠠᠳ ᠣᠨ ᠳ᠋ᠤ᠌ ᠬᠡᠯᠡᠭᠰᠡᠨ ᠢ᠋ ᠦᠨᠳᠦᠰᠦᠯᠡᠨ ᠨᠠᠢᠷᠠᠭᠤᠯᠪᠠ᠃ 

          ᠦᠰᠦᠭ ᠠᠮᠢᠯᠠᠭᠤᠯᠤᠭᠴᠢ᠄ ᠪᠠᠯ᠂ ᠣᠶᠤᠨᠪᠠᠲᠤ᠂ ᠪᠠᠳᠮᠠᠰᠡᠴᠡᠨ᠂ ᠰᠠᠷᠠᠨᠲᠤᠶᠠᠭ᠎ᠠ᠂ ᠴᠡᠩᠬᠡᠯᠴᠡᠴᠡᠭ 
               ᠬᠢᠨᠠᠭᠴᠢ᠄ ᠣᠳᠬᠣᠨᠴᠡᠴᠡᠭ᠂ ᠠᠯᠲᠠᠨᠱᠠ᠂ ᠪᠠᠯ