ᠡᠪᠦᠯ ᠦ᠋ᠨ ᠨᠠᠷᠠ -ᠵᠤᠯᠠᠰᠠᠷᠠ Övliin nar-ZulsaarӨвлийн нар-Зулсаар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠪᠦᠯ ᠦ᠋ᠨ ᠨᠠᠷᠠ -ᠵᠤᠯᠠᠰᠠᠷᠠ Övliin nar-ZulsaarӨвлийн нар-Зулсаар

ᠡᠪᠦᠯ ᠦ᠋ᠨ ᠨᠠᠷᠠ -ᠵᠤᠯᠠᠰᠠᠷᠠ Övliin nar-ZulsaarӨвлийн нар-Зулсаар

ᠠᠩᠭᠢᠯᠠᠯ:ᠳᠠᠭᠤᠤ ᠬᠥᠭᠵᠢᠮ
2025-11-30

2254

ᠡᠪᠦᠯ ᠦ᠋ᠨ ᠨᠠᠷᠠ


        ᠦᠭᠡ᠄ ᠰ᠂ ᠠᠯᠲᠠᠨᠰᠦ᠋ᠬᠡ 
        ᠠᠶ᠎ᠠ᠄ ᠰᠠᠷᠠᠩᠭᠤᠸ᠎ᠠ 
        ᠳᠠᠭᠤᠴᠢᠨ᠄ ᠵᠤᠯᠠᠰᠠᠷᠠ 

ᠡᠪᠦᠯ ᠦ᠋ᠨ ᠨᠠᠷᠠ ᠬᠥᠭᠡᠷᠦᠬᠦᠢ 
ᠥᠨᠳᠥᠷ ᠲᠩᠷᠢ ᠳ᠋ᠦ᠍ ᠪᠡᠨ ᠳᠠᠭᠠᠷᠠᠳᠠᠭ ᠪᠣᠯᠪᠠ ᠤᠤ 
ᠥᠩᠭᠡᠲᠦ ᠴᠠᠭᠠᠨ ᠶᠢᠷᠲᠢᠨᠴᠦ ᠪᠡᠷ 
ᠡᠳᠦᠷᠵᠢᠨ ᠳᠠᠪᠬᠢᠭᠠᠳ ᠶᠠᠳᠠᠷᠠᠳᠠᠭ ᠪᠣᠯᠪᠠ ᠤᠤ 

ᠮᠠᠰᠢ ᠬᠣᠯᠠ ᠶ᠋ᠢᠨ ᠳᠣᠷᠣᠨ᠎ᠠ ᠠ᠋ᠴᠠ 
ᠮᠠᠨᠳᠤᠭᠠᠳ ᠢᠷᠡᠳᠡᠭ ᠡᠪᠦᠯ ᠦ᠋ᠨ ᠨᠠᠷᠠ 
ᠮᠠᠯᠴᠢᠨ ᠠᠢᠯ ᠤ᠋ᠨ ᠰᠠᠢᠬᠠᠨ ᠢ᠋ 
ᠮᠠᠭᠲᠠᠭᠠᠳ ᠢᠨᠢᠶᠡᠳᠡᠭ ᠡᠪᠦᠯ ᠦ᠋ᠨ ᠨᠠᠷᠠ 

ᠡᠪᠦᠯ ᠦ᠋ᠨ ᠨᠠᠷᠠ ᠬᠥᠭᠡᠷᠦᠬᠦᠢ
ᠦᠳᠡᠰᠢ ᠭᠠᠭᠴᠠᠭᠠᠷ ᠠᠶᠤᠳᠠᠭ ᠪᠣᠯᠪᠠ ᠤᠤ
ᠥᠷᠥᠨ᠎ᠡ ᠶ᠋ᠢᠨ ᠠᠭᠤᠯᠠᠰ ᠤ᠋ᠨ ᠴᠠᠭᠠᠨ᠎ᠠ
ᠦᠷᠭᠦᠯᠵᠢ ᠲᠠᠢᠪᠤᠩ ᠠᠮᠠᠷᠠᠳᠠᠭ ᠪᠣᠯᠪᠠ ᠤᠤ
      ( ᠳᠠᠬᠢᠯᠲᠠ)

ᠡᠪᠦᠯ ᠦ᠋ᠨ ᠨᠠᠷᠠ ᠬᠥᠭᠡᠷᠦᠬᠦᠢ
ᠡᠭᠦᠯᠡᠨ ᠳᠤᠮᠳᠠᠭᠤᠷ ᠲᠥᠭᠡᠷᠢᠳᠡᠭ ᠪᠣᠯᠪᠠ ᠤᠤ
ᠦᠯᠡᠮᠵᠢ ᠬᠥᠭᠡᠷᠦᠬᠦᠨ ᠪᠢᠳᠡᠨ ᠲᠡᠢ
ᠦᠶᠡᠷᠬᠡᠵᠦ ᠲᠣᠭᠯᠠᠭᠠᠳ ᠪᠠᠶᠠᠷᠯᠠᠳᠠᠭ ᠪᠣᠯᠪᠠ ᠤᠤ
      ( ᠳᠠᠬᠢᠯᠲᠠ)   ( ᠳᠠᠬᠢᠯᠲᠠ)

     ᠦᠰᠦᠭ ᠬᠠᠳᠠᠭᠴᠢ᠄ ᠠᠯᠲᠠᠨᠴᠢᠮᠡᠭ
     ᠦᠰᠦᠭ ᠠᠮᠢᠯᠠᠭᠤᠯᠤᠭᠴᠢ᠄ ᠠᠯᠲᠠᠨᠴᠢᠮᠡᠭ