ᠲᠠᠤᠯᠠᠢ ᠶ᠋ᠢᠨ ᠵᠢᠷᠦᠬᠡTuulain zürkhТуулайн зүрх

ᠲᠠᠤᠯᠠᠢ ᠶ᠋ᠢᠨ ᠵᠢᠷᠦᠬᠡ
ᠲᠤᠰ ᠡᠮ ᠪᠣᠯ ᠲᠠᠤᠯᠠᠢ ᠶ᠋ᠢᠨ ᠢᠵᠠᠭᠤᠷ ᠤ᠋ᠨ ᠠᠮᠢᠲᠠᠨ ᠪᠣᠯᠬᠤ ᠵᠡᠭᠦᠨ ᠬᠣᠢᠲᠤ ᠶ᠋ᠢᠨ ᠲᠠᠤᠯᠠᠢ᠂ ᠭᠣᠪᠢ ᠶ᠋ᠢᠨ ᠲᠠᠤᠯᠠᠢ᠂ ᠴᠢᠨᠳᠠᠭ᠎ᠠ ᠵᠡᠷᠭᠡ ᠶ᠋ᠢᠨ ᠬᠠᠲᠠᠭᠠᠭᠰᠠᠨ ᠵᠢᠷᠦᠬᠡ ᠮᠥᠨ᠃ ᠪᠠᠰᠠ ᠷᠢᠪᠥ᠋ᠩᠨᠢᠩ ᠭᠡᠳᠡᠭ᠃
[ ᠤᠤᠯ ᠠᠮᠢᠲᠠᠨ] 1. ᠲᠠᠤᠯᠠᠢ ᠪᠡᠶ᠎ᠡ ᠶ᠋ᠢᠨ ᠤᠷᠲᠤ ᠨᠢ 45cm ᠣᠷᠴᠢᠮ᠂ ᠴᠢᠬᠢ ᠨᠢ 9.4~ 11.5cm ᠤᠷᠲᠤ᠃ ᠲᠣᠯᠣᠭᠠᠢ ᠨᠢ ᠪᠥᠮᠪᠥᠭᠡᠷ ᠤᠷᠲᠤᠯᠵᠢᠨ᠂ ᠳᠡᠭᠡᠳᠦ ᠤᠷᠤᠭᠤᠯ ᠨᠢ ᠰᠡᠲᠡᠷᠬᠡᠢ᠂ ᠰᠠᠬᠠᠯ᠂ ᠰᠣᠷᠮᠤᠤᠰᠤ ᠨᠢ ᠤᠷᠲᠤ᠂ ᠨᠢᠳᠦ ᠨᠢ ᠲᠣᠮᠣ᠂ ᠴᠢᠬᠢ ᠨᠢ ᠪᠣᠰᠤᠭ᠎ᠠ᠂ ᠳᠡᠭᠡᠳᠦ ᠡᠭᠦᠳᠡᠨ ᠰᠢᠲᠦ ᠨᠢ ᠳᠠᠪᠬᠤᠷ᠃ ᠬᠦᠵᠦᠭᠦᠦ ᠨᠢ ᠳᠤᠮᠳᠠ ᠵᠡᠷᠭᠡ᠂ ᠪᠡᠶ᠎ᠡ ᠨᠢ ᠪᠥᠭᠲᠥᠷ ᠣᠬᠣᠷ᠂ ᠰᠡᠭᠦᠯ ᠨᠢ ᠣᠬᠣᠷ᠃ ᠡᠮᠦᠨ᠎ᠡ ᠮᠥᠴᠢ ᠨᠢ ᠣᠬᠣᠷ ᠪᠥᠭᠡᠳ 5 ᠬᠢᠮᠤᠰᠤ ᠲᠠᠢ᠂ ᠬᠣᠢᠲᠤ ᠮᠥᠴᠢ ᠨᠢ ᠤᠷᠲᠤ ᠪᠥᠭᠡᠳ 4 ᠬᠢᠮᠤᠰᠤ ᠲᠠᠢ᠃ ᠠᠷᠤ ᠨᠢ ᠪᠣᠷᠣ᠂ ᠬᠠᠵᠠᠭᠤ ᠨᠢ ᠤᠯᠠᠪᠢᠷ ᠬᠣᠩᠭᠣᠷ᠂ ᠥᠪᠥᠷ ᠨᠢ ᠴᠠᠭᠠᠨ᠃ ᠰᠡᠭᠦᠯ ᠦ᠋ᠨ ᠠᠷᠤ ᠨᠢ ᠴᠠᠭᠠᠨ ᠬᠥᠪᠡᠭᠡ ᠲᠡᠢ᠂ ᠪᠥᠭᠰᠡᠨ ᠬᠡᠰᠡᠭ ᠨᠢ ᠴᠠᠢᠪᠤᠷ ᠢ᠋ᠶ᠋ᠠᠷ ᠢ᠋ᠶ᠋ᠠᠨ ᠣᠨᠴᠠᠭᠠᠢ ᠪᠠᠢᠳᠠᠭ᠃
2. ᠵᠡᠭᠦᠨ ᠬᠣᠢᠲᠤ ᠶ᠋ᠢᠨ ᠲᠠᠤᠯᠠᠢ ᠪᠡᠶ᠎ᠡ ᠶ᠋ᠢᠨ ᠬᠡᠯᠪᠡᠷᠢ ᠨᠢ ᠲᠠᠤᠯᠠᠢ ᠲᠠᠢ ᠲᠥᠰᠦᠭᠡᠲᠡᠢ᠃ ᠪᠡᠶ᠎ᠡ ᠶ᠋ᠢᠨ ᠤᠷᠲᠤ ᠨᠢ40~48cm ᠤᠷᠲᠤ᠃ ᠠᠷᠤ ᠨᠢ ᠬᠤᠸᠠ ᠬᠠᠷᠠᠪᠲᠤᠷ᠂ ᠬᠠᠵᠠᠭᠤ ᠨᠢ ᠪᠠᠭᠠᠬᠠᠨ ᠴᠠᠢᠪᠤᠷ᠂ ᠥᠪᠥᠷ ᠦ᠋ᠨ ᠭᠣᠣᠯ ᠨᠢ ᠴᠠᠭᠠᠨ᠂ ᠪᠥᠭᠰᠡᠨ ᠦ᠌ ᠬᠡᠰᠡᠭ ᠨᠢ ᠬᠤᠸᠠ ᠬᠠᠷᠠᠪᠲᠤᠷ᠂ ᠰᠡᠭᠦᠯ ᠦ᠋ᠨ ᠠᠷᠤ ᠨᠢ ᠬᠠᠷᠠᠪᠲᠤᠷ ᠪᠣᠷᠣ ᠪᠠᠢᠳᠠᠭ᠃
3. ᠭᠣᠪᠢ ᠶ᠋ᠢᠨ ᠲᠠᠤᠯᠠᠢ ᠭᠠᠳᠠᠷ ᠬᠡᠯᠪᠡᠷᠢ ᠨᠢ ᠲᠠᠤᠯᠠᠢ ᠲᠠᠢ ᠲᠥᠰᠦᠭᠡᠲᠡᠢ᠃ ᠪᠡᠶ᠎ᠡ ᠨᠢ 40~48cm ᠤᠷᠲᠤ᠂ ᠴᠢᠬᠢ ᠨᠢ 9.5~11cm ᠤᠷᠲᠤ᠃ ᠲᠣᠯᠣᠭᠠᠢ ᠨᠢ ᠪᠥᠮᠪᠥᠭᠡᠷ᠂ ᠪᠠᠭᠠᠬᠠᠨ ᠤᠷᠲᠤᠯᠵᠢᠨ᠃ ᠠᠷᠤ ᠨᠢ ᠰᠢᠷᠭᠠᠯ ᠪᠣᠷᠣ᠂ ᠴᠡᠭᠡᠵᠢᠨ ᠦ᠌ ᠠᠷᠤ ᠨᠢ ᠬᠠᠷ᠎ᠠ ᠰᠤᠷ ᠠᠷᠪᠢᠨ᠂ ᠬᠠᠵᠠᠭᠤ ᠨᠢ ᠤᠯᠠᠪᠢᠷ ᠬᠤᠸᠠ᠂ ᠥᠪᠥᠷ ᠨᠢ ᠴᠠᠭᠠᠨ᠂ ᠬᠥᠯ ᠨᠢ ᠰᠢᠷᠭᠠᠯ᠂ ᠰᠡᠭᠦᠯ ᠦ᠋ᠨ ᠠᠷᠤ ᠨᠢ ᠬᠠᠷᠠᠪᠲᠤᠷ᠃
4. ᠴᠢᠨᠳᠠᠭ᠎ᠠ ᠪᠡᠶ᠎ᠡ ᠶ᠋ᠢᠨ ᠬᠡᠯᠪᠡᠷᠢ ᠨᠢ ᠲᠠᠤᠯᠠᠢ ᠲᠠᠢ ᠲᠥᠰᠦᠭᠡᠲᠡᠢ᠃ ᠪᠡᠶ᠎ᠡ ᠨᠢ48~54cm ᠤᠷᠲᠤ᠂ ᠴᠢᠬᠢ ᠨᠢ 8cm ᠤᠷᠲᠤ᠃ ᠡᠪᠦᠯ ᠳ᠋ᠡᠭᠡᠨ ᠪᠦᠬᠦ ᠪᠡᠶ᠎ᠡ ᠨᠢ ᠴᠠᠭᠠᠨ ᠪᠣᠯᠵᠤ᠂ ᠵᠥᠪᠬᠡᠨ ᠨᠢᠳᠦ ᠶ᠋ᠢᠨ ᠲᠣᠭᠣᠷᠢᠨ ᠪᠠ ᠴᠢᠬᠢᠨ ᠦ᠌ ᠦᠵᠦᠭᠦᠷ ᠨᠢ ᠬᠠᠷ᠎ᠠ ᠪᠠᠷ ᠢ᠋ᠶ᠋ᠠᠨ ᠦᠯᠡᠳᠡᠳᠡᠭ᠃ ᠵᠤᠨ ᠪᠣᠯ ᠠᠷᠤ ᠨᠢ ᠤᠯᠠᠪᠤᠷ ᠪᠣᠷᠣ ᠪᠣᠯᠵᠤ ᠬᠤᠪᠢᠷᠠᠳᠠᠭ᠃
[ ᠠᠮᠢᠳᠤᠷᠠᠬᠤ ᠣᠷᠴᠢᠨ ᠬᠢᠭᠡᠳ ᠲᠠᠷᠬᠠᠴᠠ ᠠᠭᠤᠯᠠᠨ ᠣᠢ ᠪᠣᠯᠤᠨ ᠲᠠᠯ᠎ᠠ ᠶ᠋ᠢᠨ ᠪᠤᠲᠠ ᠰᠥᠭᠡᠭ ᠦ᠋ᠨ ᠵᠠᠪᠰᠠᠷ᠂ ᠮᠠᠩᠬᠠᠨ ᠭᠠᠵᠠᠷ ᠪᠠ ᠣᠢ ᠶ᠋ᠢᠨ ᠬᠥᠪᠡᠭᠡ ᠣᠷᠴᠢᠮ ᠢ᠋ᠶ᠋ᠠᠷ ᠠᠮᠢᠳᠤᠷᠠᠳᠠᠭ ᠃ ᠲᠠᠤᠯᠠᠢ ᠮᠠᠨ ᠤ᠋ ᠤᠯᠤᠰ ᠤ᠋ᠨ ᠬᠠᠲᠤᠨ ᠭᠣᠣᠯ ᠠ᠋ᠴᠠ ᠬᠣᠢᠰᠢᠬᠢ ᠬᠠᠷᠠᠮᠦ᠋ᠷᠡᠨ ᠬᠦᠷᠲᠡᠯ᠎ᠡ ᠭᠠᠵᠠᠷ ᠲᠠᠷᠬᠠᠴᠠ ᠲᠠᠢ᠃ ᠵᠡᠭᠦᠨ ᠬᠣᠢᠲᠤ ᠶ᠋ᠢᠨ ᠲᠠᠤᠯᠠᠢ ᠪᠣᠯ ᠵᠡᠭᠦᠨ ᠬᠣᠢᠲᠤ ᠣᠷᠣᠨ ᠳ᠋ᠤ᠌ ᠲᠠᠷᠬᠠᠴᠠ ᠲᠠᠢ᠃ ᠭᠣᠪᠢ ᠶ᠋ᠢᠨ ᠲᠠᠤᠯᠠᠢ ᠪᠣᠯ ᠰᠢᠨᠵᠢᠶᠠᠩ᠂ ᠥᠪᠥᠷ ᠮᠣᠩᠭᠣᠯ᠂ ᠭᠠᠨᠰᠦ ᠳ᠋ᠦ᠍ ᠲᠠᠷᠬᠠᠴᠠ ᠲᠠᠢ᠃ ᠴᠢᠨᠳᠠᠭ᠎ᠠ ᠪᠣᠯ ᠥᠪᠥᠷ ᠮᠣᠩᠭᠣᠯ ᠤ᠋ᠨ ᠶᠡᠬᠡ ᠬᠢᠩᠭᠠᠨ ᠳᠠᠪᠠᠭ᠎ᠠ ᠪᠣᠯᠤᠨ ᠰᠢᠨᠵᠢᠶᠠᠩ ᠤ᠋ᠨ ᠠᠯᠲᠠᠢ ᠠᠭᠤᠯᠠᠨ ᠳ᠋ᠤ᠌ ᠲᠠᠷᠬᠠᠴᠠ ᠲᠠᠢ᠃
[ ᠡᠳ᠋ᠰᠢᠭᠦᠯᠦᠨ ᠪᠣᠯᠪᠠᠰᠤᠷᠠᠭᠤᠯᠬᠤ] ᠲᠠᠤᠯᠠᠢ ᠶ᠋ᠢ ᠠᠩᠨᠠᠵᠤ ᠠᠯᠠᠭᠰᠠᠨ ᠤ᠋ ᠰᠡᠭᠦᠯᠡᠷ ᠵᠢᠷᠦᠬᠡ ᠶ᠋ᠢ ᠨᠢ ᠠᠪᠴᠤ᠂ ᠨᠠᠷᠠᠨ ᠳ᠋ᠤ᠌ ᠳᠡᠭᠦᠵᠢᠯᠡᠨ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠠᠮᠲᠠᠯᠢᠭ᠂ ᠡᠬᠡᠭᠦᠨ ᠠᠮᠲᠠ ᠲᠠᠢ; ᠪᠦᠯᠢᠶᠡᠨ ᠴᠢᠨᠠᠷ ᠲᠠᠢ; ᠲᠣᠰᠣᠯᠢᠭ ᠡᠷᠳᠡᠮ ᠲᠡᠢ᠃
[ ᠴᠢᠳᠠᠯ ᠪᠠ ᠭᠣᠣᠯᠳᠠᠭᠤ ᠵᠠᠰᠠᠬᠤ] ᠬᠡᠢ ᠶ᠋ᠢ ᠳᠠᠷᠤᠬᠤ᠂ ᠵᠢᠷᠦᠬᠡᠨ ᠬᠠᠳᠬᠤᠯᠭ᠎ᠠ ᠶ᠋ᠢ ᠳᠠᠷᠤᠬᠤ᠂ ᠲᠠᠢᠳᠬᠤᠷᠠᠭᠤᠯᠬᠤ ᠴᠢᠳᠠᠯ ᠲᠠᠢ᠃ ᠭᠣᠣᠯᠳᠠᠭᠤ ᠵᠢᠷᠦᠬᠡᠨ ᠬᠡᠢ᠂ ᠭᠣᠣᠯ ᠤ᠋ᠨ ᠬᠡᠢ ᠡᠪᠡᠳᠴᠢᠨ᠂ ᠰᠣᠯᠢᠶ᠎ᠠ᠂ ᠦᠬᠦᠳᠬᠢᠬᠦ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄兔心.(1.蒙古兔.2.东北兔.3.中亚兔.4.雪兔)
ᠠᠩᠭ᠌ᠯᠢ ᠨᠡᠷ᠎ᠡ᠄1.Lepus tolai Pallas . 2. Lepus mandschuricus Radde . 3. Lepus centrasiaticus .4.Lepus timidus Linnaeus
ᠦᠰᠦᠭ ᠠᠮᠢᠯᠠᠭᠤᠯᠤᠭᠴᠢ᠄ ᠡᠷᠳᠡᠨᠢᠭᠣᠸ᠎ᠠ
ᠬᠢᠨᠠᠭᠴᠢ᠄ ᠲᠤᠶᠠᠭ᠎ᠠ
