ᠪᠤᠷᠬᠠᠨ ᠰᠡᠳᠬᠢᠯᠲᠦ ᠡᠵᠢBurkhan setgelt eejБурхан сэтгэлт ээж ᠪᠤᠤᠬᠢᠶ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠷᠬᠠᠨ ᠰᠡᠳᠬᠢᠯᠲᠦ ᠡᠵᠢBurkhan setgelt eejБурхан сэтгэлт ээж

ᠪᠤᠷᠬᠠᠨ ᠰᠡᠳᠬᠢᠯᠲᠦ ᠡᠵᠢBurkhan setgelt eejБурхан сэтгэлт ээж

ᠠᠩᠭᠢᠯᠠᠯ:ᠪᠤᠤᠬᠢᠶ᠎ᠠ
2025-11-29

413

ᠪᠤᠷᠬᠠᠨ ᠰᠡᠳᠬᠢᠯᠲᠦ ᠡᠵᠢ


    ᠵᠣᠬᠢᠶᠠᠭᠴᠢ᠄  ᠪᠦ᠊· ᠳᠠᠯᠠᠨᠲᠠᠢ 

1᠂ ᠲᠣᠳᠣᠭᠡᠷᠡᠯ 
ᠰᠠᠷᠠᠨ ᠨᠠᠷᠠᠨ ᠤ᠋ ᠲᠤᠶᠠᠭ᠎ᠠ ᠳᠠᠮᠨᠠᠨ 
ᠥᠯᠥᠭᠡᠢ ᠰᠠᠵᠢᠯᠠᠭᠰᠠᠨ ᠡᠵᠢ ᠮᠢᠨᠢ 
ᠰᠠᠴᠤᠷᠠᠬᠤ ᠣᠳᠣᠨ  ᠤ᠋ ᠭᠡᠭᠡ ᠰᠦᠯᠡᠨ 
ᠦᠷ ᠢ᠋ ᠤᠭᠲᠤᠭᠰᠠᠨ ᠡᠵᠢ ᠮᠢᠨᠢ! 
2᠂ ᠨᠠ᠊· ᠴᠠᠭᠠᠨ 
ᠰᠠᠨᠠᠭ᠎ᠠ ᠤᠬᠠᠭᠠᠨ ᠤ᠋ ᠬᠤᠷ᠎ᠠ ᠵᠦᠰᠡᠷᠡᠭᠡᠳ 
ᠬᠣᠷᠸ᠎ᠠ ᠤᠶᠠᠰᠬᠠᠳᠠᠭ ᠡᠵᠢ ᠮᠢᠨᠢ 
ᠰᠠᠨᠰᠠᠷ ᠲᠡᠭᠷᠢ ᠶ᠋ᠢᠨ ᠷᠠᠰᠢᠶᠠᠨ ᠰᠡᠷᠵᠢᠮᠯᠡᠨ 
ᠰᠡᠳᠬᠢᠯ ᠠᠷᠢᠭᠤᠰᠬᠠᠭᠰᠠᠨ ᠡᠵᠢ ᠮᠢᠨᠢ! 
3᠂ ᠨᠠᠷᠠᠨᠲᠣᠭᠤᠰ 
ᠬᠡᠭᠡᠷ᠎ᠡ ᠶ᠋ᠢᠨ ᠠᠩᠭᠢᠷ ᠰᠢᠪᠠᠭᠤᠳ ᠲᠠᠢ
ᠬᠡᠯᠡ ᠵᠠᠯᠭᠠᠭᠤᠯᠤᠭᠰᠠᠨ ᠡᠵᠢ ᠮᠢᠨᠢ
ᠬᠡᠪᠲᠡᠭᠡ ᠴᠠᠭᠠᠨ ᠮᠠᠩᠬᠠᠨ ᠳᠡᠭᠡᠷ᠎ᠡ
ᠬᠥᠯ ᠵᠣᠯᠭᠠᠭᠤᠯᠤᠭᠰᠠᠨ ᠡᠵᠢ ᠮᠢᠨᠢ!
4᠂ ᠡᠷᠬᠡᠴᠡᠴᠡᠭ
ᠦᠷ ᠰᠥᠨᠢ ᠶ᠋ᠢᠨ ᠵᠠᠢ ᠳ᠋ᠤ᠌
ᠥᠯᠥᠭᠡᠢᠳᠡᠵᠦ ᠲᠣᠷᠨᠢᠭᠤᠯᠤᠭᠰᠠᠨ ᠡᠵᠢ ᠮᠢᠨᠢ
ᠥᠯᠥᠰᠴᠦ ᠲᠠᠭᠠᠷᠠᠬᠤ ᠶ᠋ᠢᠨ ᠮᠥᠴᠡ ᠳ᠋ᠦ᠍
ᠬᠥᠬᠥᠭᠦᠯᠵᠦ ᠬᠥᠷᠥᠪᠡᠵᠢᠭᠦᠯᠦᠭᠰᠡᠨ ᠡᠵᠢ ᠮᠢᠨᠢ!
5᠂ ᠪᠥᠷᠢᠨᠴᠡᠴᠡᠭ
ᠡᠭᠡᠴᠢ ᠠᠬ᠎ᠠ ᠳᠡᠭᠦᠦ ᠶ᠋ᠢ ᠮᠢᠨᠢ ᠬᠥᠮᠦᠵᠢᠭᠦᠯᠦᠭᠰᠡᠨ
ᠠᠯᠲᠠᠨ ᠳᠡᠷ᠎ᠡ ᠡᠵᠢ ᠮᠢᠨᠢ
ᠡᠷᠪᠡᠢ ᠨᠠᠮᠠᠶ᠋ᠢ ᠪᠠᠨ ᠡᠩᠬᠦᠷᠡᠢᠯᠡᠭᠰᠡᠨ
ᠠᠭᠤᠤ ᠬᠠᠢᠷ᠎ᠠ ᠡᠵᠢ ᠮᠢᠨᠢ!
6᠂ ᠣᠶᠤᠨᠴᠢᠮᠡᠭ
ᠳᠣᠯᠣᠭᠠᠨ ᠪᠤᠷᠬᠠᠨ ᠣᠳᠣᠳ ᠰᠢᠭ᠋
ᠳᠣᠮᠣᠭ ᠤ᠋ᠨ ᠳᠣᠯᠣᠭᠠᠨ ᠬᠡᠦᠬᠡᠳ ᠲᠦ᠍ ᠪᠠᠨ
ᠳᠣᠷᠣᠨ᠎ᠠ ᠶ᠋ᠢᠨ ᠴᠠᠭᠠᠨ ᠦᠷ ᠰᠢᠭ
ᠳᠡᠯᠡᠬᠡᠢ ᠠᠭᠤᠳᠠᠮ ᠢᠪᠡᠭᠡᠯ ᠲᠡᠢ
7᠂ ᠠᠷᠢᠭᠤᠨ᠎ᠠ
ᠦᠷ᠎ᠡ ᠶ᠋ᠢᠨ ᠢ᠋ᠶ᠋ᠡᠨ ᠰᠠᠢᠬᠠᠨ ᠳ᠋ᠤ᠌ ᠪᠡᠶᠡᠰᠦᠨ
ᠵᠢᠰᠦ ᠨᠢ ᠵᠠᠯᠠᠭᠤᠵᠢᠳᠠᠭ ᠡᠵᠢ ᠮᠢᠨᠢ
ᠥᠷᠯᠥᠭ ᠬᠠᠢᠷ᠎ᠠ ᠶ᠋ᠢᠨ ᠢ᠋ᠶ᠋ᠡᠨ ᠪᠦᠪᠡᠢ ᠳ᠋ᠦ᠍
ᠵᠢᠷᠦᠬᠡ ᠨᠢ ᠨᠢᠯᠬᠠᠷᠠᠳᠠᠭ ᠡᠵᠢ ᠮᠢᠨᠢ!
8᠂ ᠲᠠᠯᠠᠢᠨᠴᠡᠴᠡᠭ
ᠪᠤᠷᠬᠠᠨ ᠲᠡᠭᠷᠢ ᠶ᠋ᠢᠨ ᠨᠠᠷᠠ ᠶ᠋ᠢ ᠡᠷᠭᠦᠭᠰᠡᠨ
ᠪᠤᠭᠤᠷᠤᠯ ᠰᠠᠬᠢᠭᠤᠯᠰᠤᠨ ᠡᠵᠢ ᠮᠢᠨᠢ 
ᠪᠤᠮᠠᠨ ᠡᠷᠳᠡᠨᠢ ᠶ᠋ᠢᠨ ᠰᠢᠮ᠎ᠡ ᠶ᠋ᠢ ᠲᠦᠭᠡᠭᠡᠭᠰᠡᠨ 
 ᠪᠤᠶᠠᠨᠰᠠᠭ ᠰᠢᠲᠦᠭᠡᠨ ᠡᠵᠢ ᠮᠢᠨᠢ!
9᠂ ᠠᠯᠲᠠᠨᠴᠢᠮᠡᠭ
ᠪᠦᠪᠡᠢ ᠶ᠋ᠢᠨ ᠳᠠᠭᠤᠨ ᠳ᠋ᠤ᠌ ᠨᠢ ᠪᠥᠮᠪᠥᠷᠴᠡᠭ ᠤᠶᠠᠷᠠᠵᠤ
ᠴᠡᠴᠡᠭ ᠨᠢ ᠳᠡᠯᠭᠡᠷᠡᠵᠦ ᠮᠦᠰᠢᠶᠡᠳᠡᠭ ᠶᠦ᠍ᠮ
ᠪᠦᠯᠢᠶᠡᠨ ᠡᠪᠦᠷ ᠲᠦ᠍ ᠨᠢ ᠲᠣᠷᠨᠢᠵᠤ
ᠳᠥᠷᠦᠭᠡᠨ ᠳᠠᠭᠤᠨ ᠬᠠᠩᠭᠢᠨᠠᠳᠠᠭ ᠶᠤᠮ ᠃
10᠂ ᠨᠠᠷᠠᠨᠲᠣᠭᠣᠨᠣ
ᠰᠠᠢᠬᠠᠨ ᠡᠵᠢ ᠮᠢᠨᠢ ᠬᠠᠯᠢᠭᠠᠳ ᠶᠠᠪᠤᠬᠤ ᠳ᠋ᠤ᠌
ᠰᠠᠯᠬᠢ ᠢᠰᠬᠡᠷᠦᠭᠡᠳ ᠤᠬᠢᠯᠠᠵᠤ ᠪᠠᠢᠭᠰᠠᠨ ᠶᠤᠮ
ᠰᠠᠨᠴᠢᠭ ᠪᠤᠭᠤᠷᠤᠯ ᠭᠡᠵᠢᠭᠡᠨ ᠳᠡᠭᠡᠷ᠎ᠡ ᠨᠢ
ᠰᠠᠷᠠ ᠭᠬᠢᠷᠲᠦᠭᠡᠳ ᠪᠦᠳᠡᠭᠢᠷᠡᠵᠦ ᠪᠠᠢᠭᠰᠠᠨ ᠶᠤᠮ
11᠂ ᠨᠠᠷᠠᠨᠠᠭᠠᠰᠢ
ᠨᠠᠮᠤᠷ ᠨᠠᠮᠤᠷ ᠤ᠋ᠨ ᠴᠤᠪᠤᠭ᠎ᠠ ᠠᠯᠳᠠᠷᠠᠭᠠᠨ
ᠨᠠᠰᠤ ᠨᠢ ᠰᠡᠮᠡᠷᠡᠵᠦ ᠣᠳᠤᠭᠰᠠᠨ ᠶᠤᠮ
ᠨᠠᠪᠴᠢ ᠴᠡᠴᠡᠭ ᠦ᠋ᠨ ᠥᠩᠭᠡ ᠭᠤᠨᠳᠠᠭᠤᠯᠣᠨ
ᠦᠰᠦ ᠨᠢ ᠭᠠᠩᠳᠠᠵᠤ ᠪᠤᠭᠤᠷᠤᠯᠲᠤᠭᠰᠠᠨ ᠶᠤᠮ
12᠂ ᠣᠩᠭᠣᠨᠢᠬᠳ
ᠲᠥᠯ ᠦ᠋ᠨ ᠦᠨᠦᠷ ᠲᠡᠢ ᠬᠣᠷᠮᠣᠢ ᠶ᠋ᠢ ᠨᠢ ᠳᠠᠭᠠᠭᠠᠳ
ᠬᠤᠷᠠᠭ᠎ᠠ ᠢᠰᠢᠭᠡ ᠮᠠᠢᠯᠠᠯᠳᠤᠵᠤ ᠪᠠᠢᠭᠰᠠᠨ ᠶᠤᠮ
ᠬᠥᠯ ᠦ᠋ᠨ ᠮᠥᠷ ᠲᠡᠢ ᠬᠥᠳᠡᠭᠡ ᠶ᠋ᠢ ᠨᠢ ᠳᠠᠭᠠᠭᠠᠳ
ᠬᠤᠷᠳᠤᠨ ᠬᠦᠯᠦᠭ ᠦ᠋ᠳ ᠦᠦᠷᠰᠡᠵᠦ ᠪᠠᠢᠭᠰᠠᠨ ᠶᠤᠮ
13 ᠰᠢᠵᠢᠷᠮᠠᠨᠳᠤᠯ᠎ᠡ
ᠨᠠᠮᠤᠭ ᠤ᠋ᠨ ᠨᠣᠭᠣᠭᠠᠨ ᠵᠦᠯᠭᠡ ᠳᠡᠷᠡᠯᠡᠭᠡᠳ
ᠨᠠᠪᠴᠢ ᠰᠢᠷᠠᠯᠠᠭᠠᠳ ᠰᠥᠭᠥᠳᠴᠦ ᠪᠠᠢᠭᠰᠠᠨ ᠶᠤᠮ
ᠨᠠᠭᠤᠷ ᠤ᠋ᠨ ᠲᠤᠩᠭᠠᠯᠠᠭ ᠤᠷᠤᠰᠬᠠᠯ ᠰᠥᠷᠦᠭᠡᠳ
ᠨᠤᠭᠤᠰᠤ ᠭᠠᠯᠠᠭᠤᠳ ᠰᠥᠬᠥᠷᠡᠵᠦ ᠪᠠᠢᠭᠰᠠᠨ ᠶᠤᠮ
14᠂ ᠥᠩᠭᠡᠷᠡᠯ
ᠳᠡᠪᠡᠯ ᠬᠤᠪᠴᠠᠰᠤ ᠠ᠋ᠴᠠ ᠨᠢ ᠴᠣᠭ ᠳᠦᠷᠡᠯᠵᠡᠳᠡᠭ
ᠬᠡᠢ ᠮᠣᠷᠢ ᠶ᠋ᠢᠨ ᠳᠠᠯᠠᠯᠭ᠎ᠠ ᠡᠵᠢ ᠮᠢᠨᠢ ᠶᠦᠮ ᠠ᠋!
ᠳᠡᠯᠡᠬᠡᠢ ᠶ᠋ᠢᠨ ᠨᠢᠷᠤᠭᠤᠨ ᠳ᠋ᠤ᠌ ᠮᠥᠩᠬᠡ ᠨᠣᠢᠷᠰᠤᠭᠰᠠᠨ
ᠭᠠᠯᠪᠠ ᠶ᠋ᠢᠨ ᠰᠠᠬᠢᠭᠤᠰᠤ ᠡᠵᠢ ᠮᠢᠨᠢ ᠶᠤᠮ ᠠ᠋!

     ᠰᠦᠨ ᠰᠠᠴᠤᠯᠢ ᠬᠡ ( g) ᠬᠣᠯᠪᠣᠭᠠᠨ ᠠ᠋ᠴᠠ ᠪᠢᠴᠢᠪᠡ᠃
     ᠬᠢᠨᠠᠭᠴᠢ᠄ ᠨᠠᠷᠠᠨᠲᠤᠭᠤᠰ᠂ ᠣᠳᠬᠠᠨᠰᠣ᠎ᠠ