ᠱ᠌ᠢᠷᠦШүрShür

ᠱ᠌ᠢᠷᠦ
ᠲᠤᠰ ᠡᠮ ᠪᠣᠯ ᠤᠯᠠᠭᠠᠨ ᠱ᠌ᠢᠷᠦ ᠶ᠋ᠢᠨ ᠢᠵᠠᠭᠤᠷ ᠤ᠋ᠨ ᠠᠮᠢᠲᠠᠨ ᠪᠣᠯᠬᠤ ᠶᠠᠫᠣᠨ ᠱ᠌ᠢᠷᠦ ᠶ᠋ᠢᠨ ᠬᠣᠷᠣᠬᠠᠢ ᠶ᠋ᠢᠨ ᠢᠯᠭᠠᠷᠠᠭᠤᠯᠤᠭᠰᠠᠨ ᠠᠷᠤᠭ ᠶᠠᠰᠤ ᠮᠥᠨ᠃ ᠪᠠᠰᠠ ᠵᠦᠷᠦ ᠭᠡᠳᠡᠭ᠃
[ ᠤᠤᠯ ᠠᠮᠢᠲᠠᠨ] ᠤᠰᠤᠨ ᠳ᠋ᠤ᠌ ᠪᠦᠯᠦᠭᠯᠡᠨ ᠠᠮᠢᠳᠤᠷᠠᠬᠤ ᠬᠥᠨᠳᠡᠢ ᠬᠡᠪᠡᠯᠢᠲᠡᠨ᠂ ᠪᠦᠯᠦᠭᠯᠡᠭᠰᠡᠨ ᠪᠡᠶ᠎ᠡ ᠨᠢ ᠮᠣᠳᠣᠨ ᠰᠠᠯᠠᠭ᠎ᠠ ᠮᠡᠲᠦ᠃ ᠰᠠᠯᠠᠭ᠎ᠠ ᠨᠢ ᠰᠠᠷᠪᠠᠢᠭᠠᠳ ᠳᠡᠪᠢᠭᠦᠷ ᠰᠢᠭ ᠪᠥᠭᠡᠳ ᠮᠠᠰᠢ ᠨᠠᠷᠢᠨ᠂ ᠲᠡᠭᠦᠨ ᠦ᠌ ᠭᠠᠳᠠᠷᠭᠤ ᠳ᠋ᠤᠨᠢ ᠮᠠᠰᠢ ᠣᠯᠠᠨ ᠤᠰᠤᠨ ᠤ᠋ ᠱᠣᠱᠢ ᠨᠠᠭᠠᠯᠳᠤᠵᠤ ᠪᠠᠢᠳᠠᠭ᠃ ᠡᠭᠦᠨ ᠢ᠋ ᠱ᠌ᠢᠷᠦ ᠶ᠋ᠢᠨ ᠬᠣᠷᠣᠬᠠᠢ ᠭᠡᠨ᠎ᠡ᠃ ᠬᠣᠷᠣᠬᠠᠢ ᠶ᠋ᠢᠨ ᠪᠡᠶ᠎ᠡ ᠨᠢ ᠲᠠᠯ᠎ᠠ ᠪᠥᠮᠪᠦᠭᠡᠨ ᠬᠡᠯᠪᠡᠷᠢ ᠲᠡᠢ᠂ ᠳᠡᠭᠡᠷ᠎ᠡ ᠨᠢ ᠵᠢᠭᠦᠷ ᠰᠢᠭ 8 ᠵᠤᠷᠪᠤᠰ ᠲᠡᠮᠲᠡᠷᠢᠭᠦᠯ ᠪᠣᠢ᠃ ᠲᠡᠮᠲᠡᠷᠢᠭᠦᠯ ᠦ᠋ᠨ ᠭᠣᠣᠯ ᠳ᠋ᠤᠨᠢ ᠠᠮᠠ ᠲᠠᠢ᠂ ᠬᠣᠷᠣᠬᠠᠢ ᠪᠡᠶ᠎ᠡ ᠨᠢ ᠴᠤᠬᠤᠢᠯᠢᠭ᠋ ᠡᠳ᠋ ᠱᠦᠭᠦᠷᠡᠭᠦᠯᠵᠦ ᠴᠢᠳᠠᠳᠠᠭ ᠪᠣᠯᠬᠣᠷ ᠠᠷᠤᠭ ᠶᠠᠰᠤ ᠪᠦᠷᠢᠯᠳᠦᠭᠦᠯᠳᠡᠭ᠃ ᠡᠭᠦᠨ ᠢ᠋ ᠶᠡᠷᠦ ᠳ᠋ᠡᠭᠡᠨ ᠱ᠌ᠢᠷᠦ ᠭᠡᠳᠡᠭ᠃ ᠠᠷᠤᠭ ᠶᠠᠰᠤᠨ ᠤ᠋ ᠭᠠᠳᠠᠷᠭᠤ ᠨᠢ ᠤᠯᠠᠭᠠᠨ᠂ ᠲᠤᠩᠭᠠᠯᠠᠭ ᠭᠤᠯᠭᠤᠮᠠᠲᠠᠭᠠᠢ᠂ ᠭᠣᠣᠯ ᠨᠢ ᠴᠠᠭᠠᠨ ᠥᠩᠭᠡ ᠲᠡᠢ᠂ ᠪᠡᠬᠢ ᠬᠠᠲᠠᠭᠤ᠂ ᠮᠠᠰᠢ ᠭᠣᠶᠣ᠃
[ ᠠᠮᠢᠳᠤᠷᠠᠬᠤ ᠣᠷᠴᠢᠨ ᠬᠢᠭᠡᠳ ᠲᠠᠷᠬᠠᠴᠠ] ᠳᠠᠯᠠᠢ ᠶ᠋ᠢᠨ ᠢᠷᠣᠭᠠᠷ ᠤ᠋ᠨ ᠬᠠᠳᠠ ᠴᠢᠯᠠᠭᠤᠨ ᠳᠡᠭᠡᠷ᠎ᠡ ᠠᠮᠢᠳᠤᠷᠠᠨ᠎ᠠ᠃ ᠲᠠᠢᠸᠠᠨ ᠪᠠ ᠡᠮᠦᠨ᠎ᠡ ᠳᠠᠯᠠᠢ ᠳᠠᠭᠠᠤ ᠣᠷᠣᠨ ᠳ᠋ᠤ᠌ ᠲᠠᠷᠬᠠᠴᠠ ᠲᠠᠢ᠃
[ ᠲᠡᠭᠦᠵᠦ ᠪᠣᠯᠪᠠᠰᠤᠷᠠᠭᠤᠯᠬᠤ] ᠳᠠᠯᠠᠢ ᠶ᠋ᠢᠨ ᠢᠷᠣᠭᠠᠷ ᠠ᠋ᠴᠠ ᠲᠣᠣᠷᠯᠠᠨ ᠱᠦᠭᠦᠵᠦ ᠠᠪᠤᠨ᠎ᠠ᠃ ᠶᠡᠷᠦ ᠳ᠋ᠡᠭᠡᠨ ᠭᠠᠷ ᠤᠷᠠᠯᠠᠯ ᠬᠢᠵᠦ ᠦᠯᠡᠳᠡᠭᠰᠡᠨ ᠥᠭᠡᠳᠡᠰᠦ ᠦᠷᠦᠳᠡᠰᠦ ᠶ᠋ᠢ ᠨᠢ ᠡᠮ ᠳ᠋ᠦ᠍ ᠬᠡᠷᠡᠭᠯᠡᠳᠡᠭ᠃
[ ᠠᠮᠲᠠ᠂ ᠴᠢᠨᠠᠷ᠂ ᠡᠷᠳᠡᠮ] ᠠᠮᠲᠠᠯᠢᠭ ᠠᠮᠲᠠ ᠲᠠᠢ; ᠰᠡᠷᠢᠭᠦᠨ ᠴᠢᠨᠠᠷ ᠲᠠᠢ᠃
[ ᠴᠢᠳᠠᠯ ᠪᠠ ᠭᠣᠣᠯᠳᠠᠭᠤ ᠵᠠᠰᠠᠬᠤ] ᠬᠠᠯᠠᠭᠤᠨ ᠢ᠋ ᠠᠷᠢᠯᠭᠠᠬᠤ᠂ ᠬᠣᠣᠷ ᠢ᠋ ᠲᠠᠢᠯᠬᠤ᠂ ᠲᠠᠢᠳᠬᠤᠷᠠᠭᠤᠯᠬᠤ ᠴᠢᠳᠠᠯ ᠲᠠᠢ᠃ ᠭᠣᠣᠯᠳᠠᠭᠤ ᠡᠯᠢᠭᠡᠨ ᠦ᠌ ᠬᠠᠯᠠᠭᠤᠨ᠂ ᠰᠤᠳᠠᠯ ᠤ᠋ᠨ ᠬᠠᠯᠠᠭᠤᠨ᠂ ᠬᠣᠣᠷ ᠤ᠋ᠨ ᠬᠠᠯᠠᠭᠤᠨ᠂ ᠬᠤᠷᠠᠮᠠᠯ ᠡᠪᠡᠳᠴᠢᠨ᠂ ᠰᠠ᠂ ᠴᠠᠭᠠᠨ ᠰᠤᠳᠠᠯ ᠤ᠋ᠨ ᠡᠪᠡᠳᠴᠢᠨ ᠢ᠋ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄ 珊瑚 (桃色珊瑚)
ᠠᠩᠭ᠌ᠯᠢ ᠨᠡᠷ᠎ᠡ᠄Corallium japonicum Kishinouye
ᠦᠰᠦᠭ ᠠᠮᠢᠯᠠᠭᠤᠯᠤᠭᠴᠢ᠄ ᠡᠷᠳᠡᠨᠢᠭᠣᠸ᠎ᠠ
ᠬᠢᠨᠠᠭᠴᠢ᠄ ᠲᠤᠶᠠᠭ᠎ᠠ
ᠬᠢᠨᠠᠭᠴᠢ᠄ ᠲᠤᠶᠠᠭ᠎ᠠ
