ᠯᠠᠪᠠᠢLavaiЛавай

ᠯᠠᠪᠠᠢ
ᠲᠤᠰ ᠡᠮ ᠪᠣᠯ ᠶᠠᠰᠤᠨ ᠲᠤᠩ ᠤ᠋ᠨ ᠢᠵᠠᠭᠤᠷ ᠤ᠋ᠨ ᠠᠮᠢᠲᠠᠨ ᠪᠣᠯᠬᠤ ᠴᠠᠭᠠᠨ ᠯᠠᠪᠠᠢ ᠪᠣᠯᠤᠨ ᠢᠮᠠᠭᠠᠨ ᠲᠤᠩ ᠤ᠋ᠨ ᠬᠠᠪᠲᠠᠰᠤ ᠮᠥᠨ᠃ ᠪᠠᠰᠠ ᠲᠤᠩ ᠭᠡᠳᠡᠭ᠃
[ ᠤᠤᠯ ᠠᠮᠢᠲᠠᠨ] 1. ᠴᠠᠭᠠᠨ ᠯᠠᠪᠠᠢ ᠬᠠᠪᠲᠠᠰᠤ ᠶ᠋ᠢᠨ ᠥᠨᠳᠥᠷ ᠨᠢ77mm᠂ ᠥᠷᠭᠡᠨ ᠨᠢ 58mm᠃ ᠲᠤᠩ ᠤ᠋ᠨ ᠳᠠᠪᠬᠤᠷᠭ᠎ᠠ ᠨᠢ 6᠃ ᠠᠭᠤᠯᠵᠠᠷ ᠤ᠋ᠨ ᠱᠤᠭᠤᠮ ᠨᠢ ᠭᠦᠢᠬᠡᠨ᠃ ᠱᠤᠷᠠᠭ ᠬᠡᠰᠡᠭ ᠨᠢ ᠣᠬᠣᠷ ᠵᠢᠵᠢᠭ᠂ ᠵᠢᠭᠠᠬᠠᠨ ᠥᠨᠳᠥᠷ᠂ ᠪᠠᠷᠤᠭ ᠬᠠᠪᠲᠠᠰᠤ ᠶ᠋ᠢᠨ ᠥᠨᠳᠥᠷ ᠦ᠋ᠨ1/3 ᠣᠷᠴᠢᠮ᠃ ᠬᠠᠪᠲᠠᠰᠤᠨ ᠤ᠋ ᠭᠠᠳᠠᠷᠭᠤ ᠶ᠋ᠢᠨ ᠥᠰᠦᠯᠲᠡ ᠶ᠋ᠢᠨ ᠠᠷ ᠨᠢ ᠢᠬᠴᠤ᠂ ᠪᠡᠶ᠎ᠡ ᠶ᠋ᠢᠨ ᠳᠠᠪᠬᠤᠷᠭ᠎ᠠ ᠶ᠋ᠢᠨ ᠳᠣᠣᠷ᠎ᠠ ᠬᠠᠭᠠᠰ ᠲᠤᠨᠢ 3 ᠵᠤᠷᠪᠤᠰ ᠵᠢᠭᠠᠬᠠᠨ ᠲᠤᠷᠤᠭ ᠬᠠᠪᠢᠷᠭᠠᠨ ᠱᠤᠭᠤᠮ ᠲᠠᠢ᠂ ᠲᠤᠩ ᠤ᠋ᠨ ᠳᠠᠪᠬᠤᠷᠭ᠎ᠠ ᠨᠤᠭᠤᠳ ᠤ᠋ᠨ ᠳᠤᠮᠳᠠ ᠬᠡᠰᠡᠭ ᠪᠠ ᠪᠡᠶ᠎ᠡ ᠶ᠋ᠢᠨ ᠳᠠᠪᠬᠤᠷᠭ᠎ᠠ ᠶ᠋ᠢᠨ ᠳᠡᠭᠡᠷ᠎ᠡ ᠬᠡᠰᠡᠭ ᠨᠢ ᠭᠠᠳᠠᠭᠰᠢ ᠲᠡᠯᠡᠵᠦ᠂ ᠮᠥᠷᠥ ᠶ᠋ᠢᠨ ᠥᠨᠴᠥᠭ ᠭᠠᠷᠳᠠᠭ᠃ ᠮᠥᠷᠥ ᠶ᠋ᠢᠨ ᠥᠨᠴᠥᠭ ᠦ᠋ᠨ ᠦᠵᠦᠭᠦᠷ ᠲᠤᠨᠢ ᠥᠷᠭᠡᠰᠦᠯᠢᠭ ᠭᠦᠳᠦᠭᠦᠷ ᠲᠡᠢ᠃ ᠬᠠᠪᠲᠠᠰᠤᠨ ᠤ᠋ ᠭᠠᠳᠠᠷᠭᠤ ᠨᠢ ᠰᠢᠷᠠᠪᠲᠤᠷ ᠬᠦᠷᠡᠩ ᠥᠩᠭᠡ ᠲᠡᠢ᠂ ᠲᠤᠩ ᠤ᠋ᠨ ᠠᠮᠠᠰᠠᠷ ᠨᠢ ᠲᠣᠮᠣ᠂ ᠤᠷᠲᠤ ᠥᠨᠳᠡᠭᠡᠯᠵᠢᠨ ᠬᠡᠯᠪᠡᠷᠢ ᠲᠡᠢ᠂ ᠭᠦᠢᠬᠡᠨ ᠰᠢᠷ᠎ᠠ ᠪᠤᠶᠤ ᠤᠯᠠᠪᠤᠷ ᠰᠢᠷ᠎ᠠ ᠥᠩᠭᠡ ᠲᠡᠢ᠂ ᠬᠤᠶᠠᠭ ᠲᠠᠢ᠃
2. ᠢᠮᠠᠭᠠᠨ ᠲᠤᠩ ᠬᠠᠪᠲᠠᠰᠤ ᠶ᠋ᠢᠨ ᠥᠨᠳᠥᠷ ᠨᠢ 102mm ᠂ ᠥᠷᠭᠡᠨ ᠨᠢ 71mm᠃ ᠪᠠᠷᠤᠭ 6 ᠲᠤᠩ ᠤ᠋ᠨ ᠳᠠᠪᠬᠤᠷᠭ᠎ᠠ ᠲᠠᠢ᠂ ᠲᠤᠩ ᠬᠠᠪᠲᠠᠰᠤᠨ ᠤ᠋ ᠪᠦᠬᠦ ᠥᠨᠳᠥᠷ ᠦ᠋ᠨ 1/5~ 1/4 ᠦ᠌ ᠬᠢᠷᠢᠲᠡᠢ ᠱᠤᠷᠠᠭ ᠬᠡᠰᠡᠭ ᠬᠢᠭᠡᠳ ᠳᠤᠮᠳᠠ ᠬᠡᠰᠡᠭ ᠲᠡᠭᠡᠨ ᠲᠡᠯᠡᠭᠳᠡᠵᠦ᠂ ᠲᠣᠮᠣᠷᠠᠭᠰᠠᠨ ᠲᠣᠮᠣ ᠪᠡᠶ᠎ᠡ ᠶ᠋ᠢᠨ ᠳᠠᠪᠬᠤᠷᠭ᠎ᠠ ᠲᠠᠢ᠃ ᠨᠡᠯᠢᠶᠡᠳ ᠭᠦᠨ ᠠᠭᠤᠯᠵᠠᠷ ᠤ᠋ᠨ ᠱᠤᠭᠤᠮ ᠲᠠᠢ᠂ ᠣᠷᠣᠢ ᠶ᠋ᠢᠨ 2 ᠳ᠋ᠤᠭᠠᠷ ᠲᠤᠩ ᠤ᠋ᠨ ᠳᠠᠪᠬᠤᠷᠭ᠎ᠠ ᠠ᠋ᠴᠠ ᠡᠬᠢᠯᠡᠭᠡᠳ ᠳᠠᠪᠬᠤᠷᠭ᠎ᠠ ᠪᠦᠷᠢ ᠶ᠋ᠢᠨ ᠳᠡᠭᠡᠳᠦ ᠬᠡᠰᠡᠭ ᠲᠦ᠍ ᠬᠠᠪᠢᠷᠭᠠᠨ ᠤ᠋ ᠱᠤᠭᠤᠮ ᠢ᠋ᠶ᠋ᠠᠷ ᠪᠦᠲᠦᠭᠰᠡᠨ ᠮᠥᠷᠥ ᠶ᠋ᠢᠨ ᠥᠨᠴᠥᠭ ᠲᠡᠢ᠂ ᠦᠵᠦᠭᠦᠷ ᠲᠤᠨᠢ ᠥᠷᠭᠡᠰᠦᠯᠢᠭ ᠳᠣᠪᠣᠭᠣᠷ ᠲᠠᠢ᠃ ᠪᠡᠶ᠎ᠡ ᠶ᠋ᠢᠨ ᠳᠠᠪᠬᠤᠷᠭ᠎ᠠ ᠳ᠋ᠤ᠌ ᠬᠠᠪᠢᠷᠭᠠᠨ ᠱᠤᠭᠤᠮ ᠲᠠᠢ᠂ ᠬᠠᠮᠤᠭ ᠳᠡᠭᠡᠷᠡᠬᠢ ᠨᠢ ᠪᠦᠳᠦᠭᠦᠨ ᠪᠥᠭᠡᠳ ᠲᠣᠳᠣ᠂ ᠳᠠᠷᠠᠭᠠᠬᠢ 3 ᠨᠢ ᠵᠢᠵᠢᠭᠬᠡᠨ᠂ ᠬᠠᠮᠤᠭ ᠰᠡᠭᠦᠯᠴᠢ ᠶ᠋ᠢᠨ 1 ᠨᠢ ᠳᠣᠲᠣᠭᠠᠳᠤ ᠬᠥᠪᠡᠭᠡᠨ ᠳ᠋ᠦ᠍ ᠳᠠᠪᠬᠤᠴᠠᠭᠰᠠᠨ ᠸᠠᠭᠠᠷ ᠮᠡᠲᠦ ᠨᠤᠭᠤᠯᠤᠭ᠎ᠠ ᠪᠠᠷ ᠪᠦᠲᠦᠭᠰᠡᠨ ᠪᠠᠢᠳᠠᠭ᠃ ᠲᠤᠩ ᠤ᠋ᠨ ᠭᠠᠳᠠᠭᠠᠳᠤ ᠳ᠋ᠤ᠌ ᠨᠠᠷᠢᠬᠠᠨ ᠱᠤᠷᠠᠭ ᠠᠷ ᠬᠢᠭᠡᠳ ᠥᠰᠦᠯᠲᠡ ᠶ᠋ᠢᠨ ᠱᠤᠭᠤᠮ ᠲᠠᠢ᠂ ᠵᠠᠷᠢᠮ ᠨᠢ ᠨᠤᠭᠤᠯᠤᠭ᠎ᠠ ᠮᠡᠲᠦ᠃ ᠲᠤᠩ ᠤ᠋ᠨ ᠭᠠᠳᠠᠷᠭᠤ ᠨᠢ ᠰᠢᠷᠠᠪᠲᠤᠷ ᠤᠯᠠᠪᠤᠷ ᠥᠩᠭᠡ ᠲᠡᠢ᠂ ᠤᠯᠠᠪᠤᠷ ᠲᠣᠯᠪᠣ ᠲᠠᠢ᠂ ᠵᠠᠷᠢᠮ ᠳ᠋ᠠᠭᠠᠨ ᠥᠩᠭᠡ ᠲᠡᠢ ᠪᠦᠰᠡ ᠪᠣᠯᠳᠠᠭ᠃ ᠲᠤᠩ ᠤ᠋ᠨ ᠠᠮᠠᠰᠠᠷ ᠨᠢ ᠲᠣᠮᠣ᠂ ᠠᠮᠠᠰᠠᠷ ᠤ᠋ᠨ ᠳᠣᠲᠣᠷ᠎ᠠ ᠲᠠᠯ᠎ᠠ ᠨᠢ ᠭᠢᠯᠪᠠᠭ᠎ᠠ ᠲᠠᠢ᠂ ᠰᠢᠷ᠎ᠠ ᠤᠯᠠᠭᠠᠨ ᠥᠩᠭᠡ ᠲᠡᠢ᠃
[ ᠠᠮᠢᠳᠤᠷᠠᠬᠤ ᠣᠷᠴᠢᠨ ᠬᠢᠭᠡᠳ ᠲᠠᠷᠬᠠᠴᠠ] ᠭᠦᠢᠬᠡᠨ ᠳᠠᠯᠠᠢ ᠶ᠋ᠢᠨ ᠢᠷᠣᠭᠠᠷ ᠲᠤ ᠠᠮᠢᠳᠤᠷᠠᠨ᠎ᠠ᠃ ᠪᠦᠸᠧᠬᠠᠢ ᠲᠠᠩᠭᠢᠰ᠂ ᠰᠢᠷ᠎ᠠ ᠲᠠᠩᠭᠢᠰ ᠲᠤ ᠲᠠᠷᠬᠠᠴᠠ ᠲᠠᠢ᠃
[ ᠡᠳ᠋ᠰᠢᠭᠦᠯᠦᠨ ᠪᠣᠯᠪᠠᠰᠤᠷᠠᠭᠤᠯᠬᠤ] ᠬᠠᠪᠤᠷ ᠠ᠋ᠴᠠ ᠨᠠᠮᠤᠷ ᠤ᠋ᠨ ᠬᠣᠭᠣᠷᠣᠨᠳᠣ ᠪᠠᠷᠢᠵᠤ ᠲᠡᠩᠨᠡᠵᠦ ᠠᠯᠠᠭᠠᠳ᠂ ᠪᠡᠶ᠎ᠡ ᠶ᠋ᠢᠨ ᠵᠥᠭᠡᠯᠡᠨ ᠬᠡᠰᠡᠭ ᠢ᠋ ᠨᠢ ᠠᠷᠢᠯᠭᠠᠨ ᠬᠠᠶᠠᠵᠤ᠂ ᠬᠠᠪᠲᠠᠰᠤ ᠶ᠋ᠢ ᠨᠢ ᠨᠠᠷᠠᠨ ᠳ᠋ᠤ᠌ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠠᠮᠲᠠᠯᠢᠭ᠂ ᠳᠠᠪᠤᠰᠤᠯᠢᠭ ᠠᠮᠲᠠ ᠲᠠᠢ; ᠰᠡᠷᠢᠭᠦᠨ ᠴᠢᠨᠠᠷ ᠲᠠᠢ᠃
[ ᠴᠢᠳᠠᠯ ᠪᠠ ᠭᠣᠣᠯᠳᠠᠭᠤ ᠵᠠᠰᠠᠬᠤ] ᠥᠭᠡᠷᠢ ᠰᠢᠷ᠎ᠠ ᠤᠰᠤ ᠶ᠋ᠢ ᠬᠠᠲᠠᠭᠠᠬᠤ᠂ ᠳᠦᠭᠦᠷᠴᠦ ᠪᠥᠭᠯᠡᠷᠡᠭᠰᠡᠨ ᠢ᠋ ᠨᠡᠪᠲᠡᠯᠬᠦ᠂ ᠶᠠᠰᠤᠨ ᠤ᠋ ᠬᠠᠯᠠᠭᠤᠨ ᠢ᠋ ᠠᠷᠢᠯᠭᠠᠬᠤ ᠴᠢᠳᠠᠯ ᠲᠠᠢ᠃ ᠬᠤᠯᠤᠭᠠᠨ᠎ᠠ ᠶᠠᠷ᠎ᠠ᠂ ᠪᠤᠯᠴᠢᠷᠬᠠᠢ ᠬᠠᠪᠤᠳᠬᠤ ᠪᠤᠶᠤ ᠨᠡᠪᠴᠢᠷᠡᠵᠦ ᠦᠭᠡᠷᠢ ᠴᠤᠪᠤᠷᠠᠬᠤ᠂ ᠶᠠᠰᠤᠨ ᠬᠠᠯᠠᠭᠤᠨ᠂ ᠶᠠᠰᠤ ᠪᠡᠷᠲᠡᠭᠰᠡᠨ ᠢ᠋ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄ 海螺( 皱红螺)
ᠠᠩᠭ᠌ᠯᠢ ᠨᠡᠷ᠎ᠡ᠄ Rapana bezoar Linnaeus
ᠦᠰᠦᠭ ᠠᠮᠢᠯᠠᠭᠤᠯᠤᠭᠴᠢ᠄ ᠡᠷᠳᠡᠨᠢᠭᠣᠸ᠎ᠠ
ᠬᠢᠨᠠᠭᠴᠢ᠄ ᠲᠤᠶᠠᠭ᠎ᠠ
