ᠮᠣᠩᠭᠣᠯ ᠪᠠᠬᠠᠷᠬᠠᠯ ᠤ᠋ᠨ ᠡᠳᠦᠷ ᠮᠣᠩᠭᠣᠯ ᠦᠰᠦᠭ ᠢ᠋ᠶ᠋ᠡᠨ ᠪᠢᠴᠢᠵᠦ ᠲᠡᠮᠳᠡᠭᠯᠡᠶ᠎ᠡМонгол бахархлын өдөр монгол өсгөө бичиж тэмдэглэе ᠪᠤᠤᠬᠢᠶ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠪᠠᠬᠠᠷᠬᠠᠯ ᠤ᠋ᠨ ᠡᠳᠦᠷ ᠮᠣᠩᠭᠣᠯ ᠦᠰᠦᠭ ᠢ᠋ᠶ᠋ᠡᠨ ᠪᠢᠴᠢᠵᠦ ᠲᠡᠮᠳᠡᠭᠯᠡᠶ᠎ᠡМонгол бахархлын өдөр монгол өсгөө бичиж тэмдэглэе

ᠮᠣᠩᠭᠣᠯ ᠪᠠᠬᠠᠷᠬᠠᠯ ᠤ᠋ᠨ ᠡᠳᠦᠷ ᠮᠣᠩᠭᠣᠯ ᠦᠰᠦᠭ ᠢ᠋ᠶ᠋ᠡᠨ ᠪᠢᠴᠢᠵᠦ ᠲᠡᠮᠳᠡᠭᠯᠡᠶ᠎ᠡМонгол бахархлын өдөр монгол өсгөө бичиж тэмдэглэе

ᠠᠩᠭᠢᠯᠠᠯ:ᠪᠤᠤᠬᠢᠶ᠎ᠠ
2025-11-21

241


1. ᠨᠤᠮᠤᠴᠢᠨ ᠪᠢᠯᠢᠭ    
    ᠶᠡᠬᠡ ᠡᠵᠡᠨ ᠴᠢᠩᠭᠢᠰ ᠬᠠᠭᠠᠨ ᠤ᠋ ᠮᠡᠨᠳᠦᠯᠡᠭᠰᠡᠨ863 ᠵᠢᠯ ᠦ᠋ᠨ ᠣᠢ ᠶ᠋ᠢᠨ ᠡᠳᠦᠷ ᠪᠤᠶᠤ《ᠮᠣᠩᠭᠣᠯ ᠪᠠᠬᠠᠷᠬᠠᠯ ᠤ᠋ᠨ ᠡᠳᠦᠷ》 ᠦ᠋ᠨ ᠪᠠᠶᠠᠷ ᠤ᠋ᠨ ᠮᠡᠨᠳᠦᠴᠢᠯᠡᠯ ᠢ᠋ᠶ᠋ᠡᠨ ᠳᠡᠪᠰᠢᠭᠦᠯᠵᠦ ᠪᠠᠢᠨ᠎ᠠ᠃
2. ᠠᠯᠲᠠᠨᠴᠢᠮᠡᠭ 
ᠬᠣᠯᠠ ᠣᠢᠷ᠎ᠠ ᠶ᠋ᠢ ᠬᠠᠯᠠᠮᠵᠢᠯᠠᠨ ᠠᠰᠠᠷᠠᠪᠠᠰᠤ
ᠬᠣᠲᠠᠯᠠ ᠣᠯᠠᠨ ᠨᠥᠬᠥᠷ   ᠢ᠋ ᠣᠯᠤᠮᠤᠢ
ᠬᠦᠴᠢᠷ  ᠵᠦᠳᠡᠭᠦᠷᠢᠳᠡᠨ ᠢ᠋ ᠲᠡᠳᠬᠦᠨ ᠲᠤᠰᠠᠯᠠᠪᠠᠰᠤ
ᠬᠥᠷ ᠣᠯᠠᠨ ᠳ᠋ᠤᠷ ᠠᠯᠳᠠᠷ ᠮᠠᠨᠳᠤᠮᠤᠢ
ᠡᠨᠡᠷᠢᠩᠭᠦᠢ ᠰᠡᠳᠬᠢᠯ ᠰᠢᠳᠤᠷᠭᠤ ᠦᠢᠯᠡᠰ ᠢ᠋ ᠪᠠᠷᠢᠮᠲᠠᠯᠠᠪᠠᠰᠤ
ᠡᠨᠡ ᠳᠡᠯᠡᠬᠡᠢ ᠳ᠋ᠦ᠍ᠷ ᠬᠠᠮᠤᠭ ᠠ᠋ᠴᠠ ᠬᠦᠴᠦᠲᠡᠨ ᠪᠣᠯᠵᠤ ᠴᠢᠳᠠᠶᠤ᠃ ( ᠰᠤᠳᠤᠷ ᠤ᠋ᠨ ᠴᠢᠭᠤᠯᠭᠠᠨ)
3. ᠰᠣᠨᠢᠨᠴᠡᠴᠡᠭ ᠂
《ᠮᠣᠩᠭᠣᠯ ᠪᠠᠬᠠᠷᠬᠠᠯ ᠤ᠋ᠨ ᠡᠳᠦᠷ》 ᠦ᠋ᠨ ᠮᠡᠨᠳᠦᠴᠢᠯᠡᠯ ᠳᠡᠪᠰᠢᠭᠦᠯᠵᠦ ᠪᠠᠢᠨ᠎ᠠ!
ᠡᠷᠲᠡᠨ ᠡᠴᠡ ᠠᠪᠤᠭᠠᠳ ᠡᠷᠡᠯᠬᠡᠭ ᠪᠠᠭᠠᠲᠤᠷᠯᠢᠭ ᠲᠡᠦᠬᠡ ᠲᠡᠢ ᠮᠣᠩᠭᠣᠯᠴᠤᠳ ᠮᠢᠨᠢ ᠪᠢᠳᠡ ᠪᠦᠭᠦᠳᠡᠭᠡᠷ ᠢ᠋ᠶ᠋ᠡᠨ ᠪᠢᠷ ᠪᠠᠷᠢᠵᠤ ᠮᠣᠩᠭᠣᠯ ᠦᠰᠦᠭ ᠢ᠋ᠶ᠋ᠡᠨ ᠪᠢᠴᠢᠵᠦ ᠲᠡᠮᠳᠡᠭᠯᠡᠶ᠎ᠡ!
4.  ᠭᠠᠹᠠᠯᠮ᠎ᠠ
   ᠮᠣᠩᠭᠣᠯ ᠪᠠᠬᠠᠷᠬᠠᠯ ᠤ᠋ᠨ ᠡᠳᠦᠷ ᠦ᠋ᠨ ᠮᠡᠨᠳᠦᠴᠢᠯᠡᠯ ᠳᠡᠪᠰᠢᠭᠦᠯᠵᠦ ᠪᠠᠢᠨ᠎ᠠ᠃ ᠳᠠᠶᠠᠭᠠᠷ ᠠᠮᠤᠭᠤᠯᠠᠩ᠃
ᠡᠨᠡ ᠡᠳᠦᠷ ᠪᠠᠭ᠎ᠠ ᠴᠢᠰᠤ᠃ ᠲᠤᠢᠯᠠᠭ᠎ᠠ ᠴᠠᠭᠠᠨ ᠲᠡᠮᠡᠭᠡᠨ ᠡᠴᠡ ᠲᠤᠩ ᠴᠠᠭᠠᠨ ᠨᠣᠣᠰᠣ ᠤᠨᠠᠨ᠎ᠠ᠃
ᠭᠡᠷ ᠲᠡᠭᠡᠨ ᠮᠣᠩᠭᠣᠯ ᠢ᠋ᠶ᠋ᠠᠷ ᠶᠠᠷᠢᠯᠴᠠᠳᠠᠭ ᠭᠡᠷ ᠪᠦᠯᠢ ᠪᠠ ᠮᠣᠩᠭᠣᠯ ᠬᠡᠯᠡᠨ ᠳ᠋ᠡᠭᠡᠨ ᠬᠠᠢᠷᠠᠲᠠᠢ ᠪᠠᠭᠰᠢ ᠬᠣᠶᠠᠷ ᠯᠠ ᠡᠬᠡ ᠬᠡᠯᠡᠨ ᠦ᠌ ᠰᠤᠷᠭᠠᠯᠲᠠ ᠳ᠋ᠤ᠌ ᠲᠣᠭᠣᠨᠣ ᠶ᠋ᠢ ᠲᠤᠯᠵᠤ ᠡᠷᠭᠦᠬᠦ ᠬᠣᠣᠰ ᠪᠠᠭᠠᠨ᠎ᠠ ᠨᠢ ᠪᠣᠯᠵᠤ ᠴᠢᠳᠠᠨ᠎ᠠ᠃
5. ᠮᠥᠩᠭᠥᠨ 
ᠷ᠂ ᠴᠣᠢᠨᠣᠮ
ᠵᠤᠰᠠᠯᠠᠩ ᠤ᠋ᠨ ᠤᠶᠠᠩᠭᠠᠲᠤ ᠳᠠᠭᠤᠤ
ᠵᠦᠢᠯ ᠵᠦᠢᠯ ᠦ᠋ᠨ ᠴᠡᠴᠡᠭ ᠬᠤᠸᠠᠷ ᠠ᠋ ᠬᠦ
ᠵᠦᠯᠭᠡ ᠪᠡᠨ ᠳᠠᠭᠠᠭᠠᠳ ᠤᠷᠭᠤᠭ᠎ᠠ ᠤᠤ ᠳᠠ ᠬᠦ
ᠵᠦᠢᠲᠡᠢ ᠲᠥᠷᠥᠭᠰᠡᠨ ᠴᠢ ᠮᠢᠨᠢ ᠠ᠋ ᠬᠦ
ᠵᠢᠷᠦᠬᠡ ᠪᠡᠨ ᠳᠠᠭᠠᠭᠠᠳ ᠤᠴᠠᠷᠠᠭ᠎ᠠ ᠤᠤ ᠳᠠ ᠬᠦ᠃
6. ᠭᠡᠭᠡ 
ᠦᠭᠡ ᠬᠡᠯᠡ ᠂ ᠦᠰᠦᠭ ᠪᠢᠴᠢᠭ᠂ ᠪᠣᠰᠤᠭ᠎ᠠ ᠰᠣᠶᠣᠯ ᠢ᠋ᠶ᠋ᠠᠨ ᠬᠠᠢᠷᠠᠯᠠᠨ ᠬᠠᠮᠠᠭᠠᠯᠠᠵᠤ᠂ ᠥᠪᠯᠡᠨ ᠤᠯᠠᠮᠵᠢᠯᠠᠬᠤ ᠪᠣᠯ ᠥᠨᠳᠥᠷᠯᠢᠭ ᠨᠤᠲᠤᠭ ᠤ᠋ᠨ ᠰᠣᠶᠣᠯ ᠤ᠋ᠨ ᠰᠢᠮ᠎ᠡ᠂ ᠠᠭᠠᠷ ᠤᠰᠤ ᠪᠠᠷ ᠬᠥᠮᠦᠨ ᠪᠣᠯᠣᠭᠰᠠᠳ ᠤ᠋ᠨ ᠳᠠᠷᠬᠠᠨ ᠡᠭᠦᠷᠭᠡ ᠬᠠᠷᠢᠭᠤᠴᠠᠯᠭ᠎ᠠ ᠮᠥᠨ᠃
7. ᠨᠠᠮᠵᠢᠯ 
ᠮᠣᠩᠭᠣᠯᠴᠤᠳ ᠮᠢᠨᠢ᠂ ᠪᠢᠳᠡ ᠬᠣᠭᠣᠷᠣᠨᠳᠣ ᠪᠠᠨ ᠴᠡᠪᠡᠷ ᠮᠣᠩᠭᠣᠯ ᠢ᠋ᠶ᠋ᠠᠷ ᠢ᠋ᠶ᠋ᠠᠨ ᠶᠠᠷᠢᠯᠴᠠᠶ᠎ᠠ᠂ ᠬᠣᠯᠢᠮᠠᠭ ᠬᠡᠯᠡᠯᠭᠡ ᠶ᠋ᠢ ᠲᠡᠪᠴᠢᠶ᠎ᠡ᠂ ᠴᠠᠬᠢᠮ ᠣᠷᠴᠢᠨ ᠳ᠋ᠤ᠌ ᠮᠣᠩᠭᠣᠯ ᠦᠰᠦᠭ ᠪᠢᠴᠢᠭ ᠢ᠋ᠶ᠋ᠡᠨ ᠳᠡᠭᠡᠳᠦᠯᠡᠨ ᠦᠷᠭᠦᠯᠵᠢ ᠪᠢᠴᠢᠵᠦ ᠬᠡᠷᠡᠭᠯᠡᠶ᠎ᠡ!
8. ᠨᠡᠭᠦᠳᠡᠯ  
    ᠡᠬᠡ ᠬᠥᠮᠦᠨ ᠦ᠌ ᠵᠢᠷᠭᠤᠭᠠᠨ ᠡᠷᠳᠡᠮ
(1) ᠰᠡᠴᠡᠨ ᠤᠬᠠᠭᠠᠨ
(2) ᠬᠠᠳᠠᠨ ᠲᠡᠪᠴᠢᠶᠡᠷᠢ
(3) ᠪᠠᠲᠤ ᠵᠢᠷᠤᠮ
(4) ᠡᠷᠦᠬᠡ ᠭᠡᠷ ᠦ᠋ᠨ ᠲᠦᠰᠢᠭ
(5) ᠦᠷ᠎ᠡ ᠬᠡᠦᠬᠡᠳ ᠦ᠋ᠨ ᠡᠨᠡᠷᠢᠯ
(6) ᠭᠡᠭᠡᠷᠡᠯ ᠦ᠋ᠨ ᠡᠵᠡᠨ ᠃ (ᠮᠣᠩᠭᠣᠯ ᠪᠠᠬᠠᠷᠬᠠᠯ ᠤ᠋ᠨ ᠡᠳᠦᠷ)
9. ᠴᠣᠭ 
ᠡᠷᠳᠡᠮ ᠲᠡᠢ᠃ ᠬᠥᠮᠦᠨ ᠦ᠌ ᠤᠬᠠᠭᠠᠨ ᠳᠠᠯᠠᠢ
ᠡᠷᠳᠡᠮ ᠦᠭᠡᠢ ᠬᠥᠮᠦᠨ ᠦ᠌ ᠤᠬᠠᠭᠠᠨ ᠪᠠᠯᠠᠢ᠃
10. ᠭᠠᠸᠠ
ᠲᠡᠭᠷᠢ ᠶ᠋ᠢᠨ ᠠᠭᠤᠤ ᠨᠢ ᠬᠣᠭᠣᠰᠣᠨ ᠳ᠋ᠤ᠌ ᠪᠠᠨ᠂ ᠲᠠᠩᠭᠢᠰ ᠤ᠋ᠨ ᠠᠭᠤᠤ ᠨᠢ ᠭᠦᠨ ᠳ᠋ᠦ᠍ ᠪᠡᠨ᠂
ᠦᠨᠡᠨ ᠶᠠᠭᠤᠮ᠎ᠠ ᠦᠨᠡᠨ ᠳ᠋ᠡᠭᠡᠨ ᠰᠠᠢᠬᠠᠨ᠂ ᠦᠨᠡᠭᠡᠨ ᠮᠠᠯᠠᠭᠠᠢ ᠡᠪᠦᠯ ᠳ᠋ᠡᠭᠡᠨ ᠰᠠᠢᠬᠠᠨ᠃
11. ᠰᠡᠴᠡᠨᠪᠠᠭᠠᠳᠤᠷ 
ᠰᠠᠢᠨ ᠪᠠᠢᠨ᠎ᠠ ᠤᠤ?ᠰᠠᠢᠬᠠᠨ ᠡᠪᠦᠯᠵᠢᠵᠦ ᠪᠠᠢᠨ᠎ᠠ ᠤᠤ?ᠡᠳᠦᠷ ᠪᠣᠯᠭᠠᠨ ᠬᠣᠶᠠᠷ ᠰᠣᠷᠢᠯᠲᠠ ᠪᠢᠴᠢᠶ᠎ᠡ᠃
ᠠᠭᠤᠤ ᠲᠠᠪᠠ ᠪᠠᠷ ᠬᠥᠭᠵᠢᠨ ᠵᠢᠷᠭᠠᠬᠤ᠂ᠠᠮᠤᠷ ᠴᠠᠭ ᠢ᠋ ᠪᠠᠶᠠᠷᠯᠠᠨ ᠤᠭᠲᠤᠮᠤᠢ᠃
12. ᠴᠠᠬᠠᠷ ᠪᠠᠲᠤ
ᠢᠳᠡᠬᠦ ᠳ᠋ᠦ᠍ ᠡᠷ᠎ᠡ ᠪᠠᠷᠰ᠂ ᠬᠢᠬᠦ ᠳ᠋ᠦ᠍ ᠬᠠᠱᠠᠩ ᠪᠤᠬ᠎ᠠ᠃
ᠲᠤᠶᠠᠭᠠᠯᠠᠨ ᠭᠡᠢᠭᠦᠯᠬᠦ ᠨᠠᠷᠠᠨ ᠤ᠋ ᠭᠡᠷᠡᠯ ᠂ᠲᠣᠭᠲᠠᠨᠢᠨ ᠮᠠᠨᠳᠤᠬᠤ ᠵᠢᠷᠤᠮᠲᠤ ᠤᠭᠰᠠᠭ᠎ᠠ᠃
13. ᠮᠣᠩᠭᠣᠯ ᠰᠦᠨᠡᠰᠦ 
ᠪᠢ ᠮᠣᠩᠭᠣᠯ ᠢ᠋ᠶ᠋ᠠᠷ ᠢ᠋ᠶ᠋ᠠᠨ ᠭᠣᠶᠣᠳᠠᠭ᠃ 
ᠪᠢ ᠮᠣᠩᠭᠣᠯ ᠢ᠋ᠶ᠋ᠠᠷ ᠢ᠋ᠶ᠋ᠠᠨ ᠪᠠᠬᠠᠷᠬᠠᠯ ᠪᠣᠯᠭᠠᠳᠠᠭ᠃ 
ᠪᠢ ᠪᠣᠭᠳᠠ ᠴᠢᠩᠭᠢᠰ ᠢ᠋ᠶ᠋ᠡᠷ ᠢ᠋ᠶ᠋ᠡᠨ ᠪᠠᠬᠠᠷᠬᠠᠯ ᠪᠣᠯᠭᠠᠳᠠᠭ᠃ 
ᠪᠢ ᠪᠣᠰᠤᠭ᠎ᠠ ᠮᠣᠩᠭᠣᠯ ᠦᠰᠦᠭ ᠢ᠋ᠶ᠋ᠡᠷ ᠢ᠋ᠶ᠋ᠡᠨ ᠪᠠᠬᠠᠷᠬᠠᠯ ᠪᠣᠯᠭᠠᠳᠠᠭ᠃ 
ᠪᠢ ᠪᠣᠯᠪᠠᠰᠤᠨ ᠮᠣᠩᠭᠣᠯ ᠵᠠᠩᠰᠢᠯ ᠢ᠋ᠶ᠋ᠠᠷ ᠢ᠋ᠶ᠋ᠠᠨ ᠪᠠᠬᠠᠷᠬᠠᠯ ᠪᠣᠯᠭᠠᠳᠠᠭ᠃ 
ᠪᠢ ᠮᠣᠩᠭᠣᠯ ᠬᠥᠮᠦᠨ ᠪᠣᠯᠬᠣᠷ᠁
14. ᠲᠠᠯᠠᠢᠨᠵᠠᠶᠠᠭ᠎ᠡ 
ᠮᠡᠷᠭᠡᠨ ᠬᠥᠮᠦᠨ ᠳ᠋ᠦ᠍ ᠮᠡᠳᠡᠯᠭᠡ ᠡᠷᠬᠢᠮ
ᠮᠤᠩᠬᠠᠭ ᠬᠥᠮᠦᠨ ᠳ᠋ᠦ᠍ ᠡᠳ᠋ ᠡᠷᠬᠢᠮ
ᠮᠣᠷᠠᠯ ᠤ᠋ᠨ ᠣᠷᠭᠢᠯ ᠳ᠋ᠤ᠌ ᠮᠠᠴᠤᠵᠤ
ᠮᠡᠳᠡᠯᠭᠡ ᠶ᠋ᠢᠨ ᠳᠠᠯᠠᠢ ᠶ᠋ᠢ ᠲᠤᠭᠤᠯᠬᠤ
ᠮᠣᠩᠭᠣᠯ ᠬᠥᠮᠦᠨ ᠶᠣᠰᠣ ᠲᠠᠢ
ᠮᠣᠳᠣᠨ ᠰᠢᠷᠡᠭᠡ ᠶᠠᠩᠵᠤ ᠲᠠᠢ
ᠰᠠᠯᠠᠭ᠎ᠠ ᠰᠠᠢᠲᠠᠢ ᠮᠣᠳᠣᠨ ᠳ᠋ᠤ᠌ ᠰᠢᠪᠠᠭᠤ ᠣᠯᠠᠨ
ᠰᠠᠨᠠᠭ᠎ᠠ ᠰᠠᠢᠲᠠᠢ ᠬᠥᠮᠦᠨ ᠳ᠋ᠦ᠍ ᠨᠥᠬᠥᠷ ᠣᠯᠠᠨ᠃
15. ᠮᠥᠩᠭᠥᠨ 
ᠷ᠂ ᠴᠣᠢᠨᠣᠮ
ᠬᠠᠢᠲᠠᠩ ᠰᠠᠩᠳᠠᠷ ᠴᠡᠴᠡᠭ ᠬᠤᠸᠠᠷ ᠠ᠋ ᠬᠦ
ᠬᠠᠩᠭᠠᠢ ᠪᠠᠨ ᠳᠠᠭᠠᠭᠠᠳ ᠤᠷᠭᠤᠭ᠎ᠠ ᠤᠤ ᠳᠠ ᠬᠦ᠂
ᠬᠠᠯᠠᠭᠤᠨ ᠵᠢᠷᠤᠮ ᠤ᠋ᠨ ᠴᠢ ᠮᠢᠨᠢ ᠠ᠋ ᠬᠦ
ᠬᠠᠢᠷ᠎ᠠ ᠪᠠᠨ ᠳᠠᠭᠠᠭᠠᠳ ᠤᠴᠠᠷᠠᠭ᠎ᠠ ᠤᠤ ᠳᠠ ᠬᠦ᠃
ᠬᠦᠵᠢ ᠶ᠋ᠢᠨ ᠦᠨᠦᠷᠲᠦ ᠴᠡᠴᠡᠭ ᠬᠤᠸᠠᠷ ᠠ᠋ ᠬᠦ
ᠬᠦᠷᠢᠶ᠎ᠡ ᠲᠠᠲᠠᠭᠠᠳ ᠤᠷᠭᠤᠭ᠎ᠠ ᠤᠤ ᠳᠠ ᠬᠦ
ᠬᠥᠮᠦᠨ ᠦ᠌ ᠵᠢᠭᠠᠬᠠᠨ ᠴᠢ ᠮᠢᠨᠢ ᠠ᠋ ᠬᠦ
ᠬᠦᠰᠡᠯ ᠢ᠋ᠶ᠋ᠡᠨ ᠳᠠᠭᠠᠭᠠᠳ ᠤᠴᠠᠷᠠᠭ᠎ᠠ ᠤᠤ ᠳᠠ ᠬᠦ᠃
16. ᠴᠢ · ᠤᠷᠠᠨᠴᠡᠴᠡᠭ 
ᠦᠨ᠎ᠡ ᠲᠡᠢ ᠳᠣᠲᠣᠷ᠎ᠠ ᠠ᠋ᠴᠠ ᠰᠡᠳᠬᠢᠯ ᠡᠷᠬᠢᠮ 
ᠦᠨᠦᠷ ᠲᠡᠢ ᠳᠣᠲᠣᠷ᠎ᠠ ᠠ᠋ᠴᠠ ᠴᠢᠨᠠᠷ ᠡᠷᠬᠢᠮ
ᠦᠨᠡᠨ ᠢ᠋ᠶ᠋ᠡᠷ ᠶᠠᠪᠤᠭᠰᠠᠨ ᠦᠢᠯᠡᠰ ᠡᠷᠬᠢᠮ
ᠥᠷᠥᠭᠡᠯ ᠢ᠋ ᠬᠠᠢᠷᠠᠯᠠᠬᠤ ᠦᠵᠡᠯ ᠡᠷᠬᠢᠮ᠃
17.ᠵᠢᠷᠠᠨᠲᠠᠢ  
ᠰᠢᠨᠵᠢᠯᠡᠬᠦ ᠤᠬᠠᠭᠠᠨ ᠳ᠋ᠤ᠌ ᠳᠠᠷᠳᠠᠩ ᠵᠠᠮ ᠭᠡᠵᠦ ᠦᠭᠡᠢ᠂ ᠭᠠᠭᠴᠠᠬᠦ  ᠮᠤᠷᠤᠢ ᠰᠠᠷᠤᠢ ᠪᠠᠷᠲᠠᠭᠠᠲᠤ ᠵᠠᠮ ᠢ᠋ᠶ᠋ᠠᠷ ᠴᠥᠬᠥᠷᠡᠯ ᠦᠭᠡᠢ ᠠᠪᠢᠷᠠᠭᠴᠢ ᠬᠥᠮᠦᠨ ᠯᠡ ᠰᠠᠢ ᠲᠡᠭᠦᠨ ᠦ᠌ ᠲᠤᠶᠠᠭᠠᠲᠤ ᠣᠷᠭᠢᠯ ᠳ᠋ᠤ᠌ ᠭᠠᠷᠴᠤ ᠴᠢᠳᠠᠨ᠎ᠠ᠃    — ᠮᠠᠷᠺᠰ
18. ᠬᠠᠢ ᠵᠢᠶᠦ᠋ᠨ 
ᠡᠷᠳᠡᠮᠲᠦ ᠬᠥᠮᠦᠨ ᠳᠠᠷᠤᠤ᠂ ᠶᠡᠬᠡ ᠮᠥᠷᠡᠨ ᠳᠥᠯᠭᠡᠬᠡᠨ᠃
ᠡᠭᠦᠯᠡ ᠪᠡᠷ ᠬᠠᠷᠠᠭᠳᠠᠬᠤ ᠥᠨᠳᠥᠷ ᠠᠭᠤᠯᠠ᠂ᠡᠪᠦᠭᠡ ᠴᠢᠩᠭᠢᠰ ᠳᠡᠭᠡᠳᠦᠰ ᠦ᠋ᠨ ᠠᠭᠤᠤ ᠨᠤᠲᠤᠭ ᠰᠢᠦ᠃
19.  ᠤᠤᠭᠠᠨᠵᠢᠳ 
 ᠣᠷᠳᠤᠰᠴᠤᠳ ᠴᠢᠩᠭᠢᠰ ᠦ᠋ᠨ ᠨᠠᠢ᠍ᠮᠠᠨ ᠴᠠᠭᠠᠨ ᠣᠷᠳᠣᠨ ᠵᠡᠷᠭᠡ ᠮᠠᠰᠢ ᠣᠯᠠᠨ ᠰᠦᠯᠳᠡ ᠰᠢᠲᠦᠭᠡᠨ ᠢ᠋ᠶ᠋ᠡᠨ ᠲᠠᠰᠤᠯᠳᠠᠯ ᠦᠭᠡᠢ  ᠲᠠᠬᠢᠭᠰᠠᠭᠠᠷ ᠢᠷᠡᠵᠦ ᠂ ᠡᠯᠪᠡᠭ ᠪᠠᠶᠠᠯᠢᠭ ᠲᠠᠬᠢᠯᠭ᠎ᠠ ᠶ᠋ᠢᠨ ᠰᠣᠶᠣᠯ ᠢ᠋ᠶ᠋ᠠᠨ ᠨᠡᠯᠢᠶᠡᠳ ᠪᠦᠷᠢᠨ ᠪᠦᠲᠦᠨ ᠬᠠᠳᠠᠭᠠᠯᠠᠵᠤ ᠴᠢᠳᠠᠭᠰᠠᠨ ᠪᠠᠢᠨ᠎ᠠ᠃ ( ᠣᠷᠳᠣᠰ ᠰᠤᠳᠤᠷ ᠪᠢᠴᠢᠭ ᠦᠨ ᠴᠤᠪᠤᠷᠠᠯ)
20. ᠰᠣᠨᠢᠨᠴᠡᠴᠡᠭ ᠂
ᠭᠡᠷ ᠲᠡᠭᠡᠨ ᠮᠣᠩᠭᠣᠯ ᠢ᠋ᠶ᠋ᠠᠷ ᠶᠠᠷᠢᠯᠴᠠᠳᠠᠭ ᠭᠡᠷ ᠪᠦᠯᠢ ᠪᠠ ᠮᠣᠩᠭᠣᠯ ᠬᠡᠯᠡᠨ ᠳ᠋ᠡᠭᠡᠨ ᠬᠠᠢᠷᠠᠲᠠᠢ ᠪᠠᠭᠰᠢ ᠬᠣᠶᠠᠷ ᠯᠠ ᠡᠬᠡ ᠬᠡᠯᠡᠨ ᠦ᠌ ᠰᠤᠷᠭᠠᠯᠲᠠ ᠳ᠋ᠤ᠌ ᠲᠣᠭᠣᠨᠣ ᠶ᠋ᠢ ᠲᠤᠯᠵᠤ ᠡᠷᠭᠦᠬᠦ ᠬᠣᠣᠰ ᠪᠠᠭᠠᠨ᠎ᠠ ᠨᠢ ᠪᠣᠯᠵᠤ ᠴᠢᠳᠠᠨ᠎ᠠ᠃
ᠪᠢᠳᠡᠨ ᠦ᠌ ᠪᠦᠯᠬᠦᠮᠳᠡᠯ ᠮᠣᠩᠭᠣᠯ ᠤ᠋ᠨ ᠦᠷᠭᠦᠯᠵᠢᠯᠡᠯ᠁ 
21. ᠮᠡᠷᠭᠡᠨᠪᠢᠯᠢᠭ  
ᠠᠯᠢᠪᠠ ᠶᠠᠪᠤᠳᠠᠯ ᠤ᠋ᠨ ᠡᠬᠢᠯᠡᠯᠲᠡ ᠨᠢ ᠶᠡᠷᠦ ᠨᠢ ᠬᠦᠴᠢᠷᠲᠡᠢ ᠶᠦᠮ᠃ ᠡᠨᠡ ᠦᠭᠡ  ᠪᠦᠬᠦᠢᠯᠡ ᠰᠢᠨᠵᠢᠯᠡᠬᠦ ᠤᠬᠠᠭᠠᠨ ᠳ᠋ᠤ᠌ ᠴᠥᠮ ᠲᠣᠬᠢᠷᠠᠨ᠎ᠠ᠃  — ᠮᠠᠷᠺᠰ
22. ᠨᠠᠷᠠᠨᠲᠣᠭᠤᠰ 
ᠬᠥᠬᠡᠷᠡᠨ ᠬᠥᠬᠡᠷᠡᠨ ᠬᠥᠬᠡᠷᠡᠭᠴᠢ 
ᠬᠥᠬᠡ ᠶᠣ᠌ ᠣᠭᠲᠠᠷᠭᠤᠢ ᠶ᠋ᠢᠨ ᠤᠨᠢᠶᠠᠷ ᠪᠠᠢᠨ᠎ᠠ ᠰᠢᠦ  
ᠬᠥᠪᠦᠯᠵᠡᠨ ᠬᠥᠪᠦᠯᠵᠡᠨ ᠭᠦᠪᠦᠯᠵᠡᠭᠴᠢ
ᠬᠥᠬᠡ ᠶᠣ᠌ ᠮᠣᠩᠭᠣᠯ ᠤ᠋ᠨ ᠴᠣᠭ ᠲᠠᠢ ᠵᠠᠯᠠᠭᠤᠴᠤᠳ ᠪᠠᠢᠨ᠎ᠠ ᠰᠢᠦ᠃
23.  ᠨᠠᠪᠴᠢ
 《ᠬᠠᠯᠠᠭᠤᠨ ᠡᠯᠢᠭᠡᠨ ᠨᠤᠲᠤᠭ 》
ᠦᠭᠡ ᠄ ᠵᠠᠮᠰᠤ ᠶ᠋ᠢᠨ ᠪᠠᠳᠠᠷ᠎ᠠ ( ᠮᠣᠩᠭᠣᠯ ᠤᠯᠤᠰ)
ᠠᠶᠠᠯᠭᠤ ᠄ ᠨᠠᠮᠰᠠᠷᠠᠢᠵᠠᠪ ( ᠮᠣᠩᠭᠣᠯ ᠤᠯᠤᠰ )
ᠡᠯᠢᠭᠡ ᠵᠢᠷᠦᠬᠡᠨ ᠡᠴᠡ ᠤᠶᠠᠭ᠎ᠠ ᠲᠠᠢ ᠂ᠡᠩᠬᠦᠷᠡᠢ ᠮᠣᠩᠭᠣᠯ ᠨᠤᠲᠤᠭ ᠮᠢᠨᠢ 
ᠡᠴᠢᠭᠡ ᠡᠬᠡ ᠡᠴᠡ ᠵᠠᠶᠠᠭ᠎ᠠ ᠲᠠᠢ ᠂ ᠡᠷᠳᠡᠨᠢ ᠶ᠋ᠢᠨ ᠠᠯᠲᠠᠨ ᠥᠯᠥᠭᠡᠢ ᠮᠢᠨᠢ᠃
ᠴᠡᠴᠡᠭ ᠦ᠋ᠨ ᠰᠢᠮ᠎ᠡ ᠶ᠋ᠢ ᠲᠡᠳᠬᠦᠭᠰᠡᠨ᠂ ᠴᠡᠩᠭᠡᠯ ᠦ᠋ᠨ ᠬᠠᠪᠤᠷ ᠠᠢᠯᠴᠢᠯᠠᠬᠤ ᠪᠠᠷ 
ᠮᠥᠩᠭᠥᠨ ᠭᠣᠣᠯ ᠳᠠᠭᠤᠤ ᠪᠠᠨ ᠳᠠᠭᠤᠯᠠᠵᠤ᠂ ᠮᠥᠩᠭᠥᠨ ᠰᠠᠷᠢᠳᠠᠭ ᠨᠢ ᠮᠦᠰᠢᠶᠡᠳᠡᠭ ᠠ᠋᠃ 
ᠰᠡᠷᠢᠭᠦᠨ ᠰᠠᠯᠬᠢ ᠪᠠᠨ ᠰᠡᠪᠰᠡᠭᠦᠯᠦᠨ᠂ᠬᠠᠴᠠᠷ ᠨᠢᠭᠤᠷ  ᠢ᠋ ᠦᠨᠦᠰᠦᠨ ᠪᠠᠢᠵᠤ
ᠰᠡᠳᠬᠢᠯ ᠳᠣᠲᠣᠷ᠎ᠠ ᠶ᠋ᠢ ᠠᠷᠢᠭᠤᠯᠠᠭᠰᠠᠨ᠂ ᠬᠠᠯᠠᠭᠤᠨ ᠡᠯᠢᠭᠡᠨ ᠨᠤᠲᠤᠭ ᠮᠢᠨᠢ᠃
24. ᠤᠤᠭᠠᠨᠵᠢᠳ
ᠪᠤᠴᠠᠵᠤ ᠴᠢᠳᠠᠬᠤ ᠦᠭᠡᠢ ᠴᠠᠭ ᠢ᠋ ᠤᠬᠠᠭᠠᠷᠠᠯ ᠭᠡᠳᠡᠭ᠂
ᠠᠷᠴᠢᠵᠤ ᠴᠢᠳᠠᠬᠤ ᠦᠭᠡᠢ ᠠᠯᠳᠠᠭ᠎ᠠ ᠶ᠋ᠢ ᠬᠠᠷᠠᠮᠰᠠᠯ ᠭᠡᠳᠡᠭ᠂
ᠣᠷᠣᠢᠲᠠᠵᠤ ᠤᠨᠠᠭᠠᠭᠰᠠᠨ ᠨᠢᠯᠪᠤᠰᠤ ᠶ᠋ᠢ ᠭᠡᠮᠰᠢᠯ ᠭᠡᠳᠡᠭ᠂
ᠤᠬᠢᠯᠠᠵᠤ ᠳᠠᠭᠤᠯᠠᠵᠤ ᠶᠠᠪᠤᠬᠤ ᠶ᠋ᠢ ᠠᠮᠢᠳᠤᠷᠠᠯ ᠭᠡᠳᠡᠭ᠃
25. ᠮᠥᠩᠭᠥᠨ
ᠡᠨᠡ ᠴᠠᠭ ᠤ᠋ᠨ ᠮᠣᠩᠭᠣᠯ   ( ᠭ᠂ ᠴᠢᠩᠪᠠᠭᠠᠲᠤᠷ)

ᠴᠢᠩᠭᠢᠰ ᠡᠴᠡ ᠥᠭᠡᠷ᠎ᠡ ᠬᠡᠨ ᠢ᠋ ᠴᠦ᠍ ᠲᠣᠭᠣᠬᠤ ᠦᠭᠡᠢ ᠶᠡᠬᠡᠷᠬᠡᠦ
ᠴᠢ ᠪᠢᠳᠡ ᠵᠥᠪᠬᠡᠨ ᠪᠡᠶ᠎ᠡ ᠪᠡᠶ᠎ᠡ ᠪᠡᠨ ᠢᠳᠡᠯᠴᠡᠭᠰᠡᠨ ᠥᠳᠥ ᠨᠦ᠍ᠭᠦᠳ
《ᠠᠽᠢᠶ᠎ᠠ ᠧᠦ᠋ᠷᠣᠫᠠ ᠮᠣᠩᠭᠣᠯ ᠤ᠋ᠨ ᠬᠢ ᠪᠠᠢᠭᠰᠠᠨ》 ᠭᠡᠵᠦ ᠰᠣᠭᠲᠣᠭᠤ ᠠᠭᠰᠤᠮᠨᠠᠬᠤ ᠨᠢ
ᠠᠷᠪᠠᠨ ᠭᠤᠷᠪᠠᠳᠤᠭᠠᠷ ᠵᠠᠭᠤᠨ ᠤ᠋ ᠪᠠᠭᠠᠲᠤᠷ ᠳᠠᠢᠰᠤᠨ ᠢ᠋ᠶ᠋ᠠᠨ ᠵᠠᠩᠳᠤᠴᠢᠬᠤ ᠮᠡᠲᠦ᠁
ᠢᠯᠳᠦᠨ ᠦ᠌ ᠪᠠᠷᠢᠭᠤᠯ ᠴᠤ᠌ ᠠᠳᠬᠤᠭ᠎ᠠ ᠦᠭᠡᠢ 
ᠨᠢᠯᠳᠠᠬᠠᠨ ᠭᠠᠷ ᠲᠠᠢ ᠮᠥᠷᠳᠡᠯ᠎ᠡ ᠪᠡᠨ
ᠶᠡᠬᠡ ᠦᠭᠡ ᠬᠡᠯᠡᠬᠦ ᠨᠢ ᠮᠠᠬᠠᠷᠠᠨᠽᠠ ᠰᠢᠭ᠋ ᠰᠦᠷᠲᠡᠢ ᠨᠤᠮᠤ ᠶ᠋ᠢᠨ ᠬᠥᠪᠴᠢ ᠴᠦ᠍
ᠡᠪᠰᠢᠶᠡᠯᠭᠡᠵᠦ ᠪᠠᠢᠭ᠎ᠠ ᠦᠭᠡᠢ ᠪᠤᠯᠪᠠᠷᠠᠢᠬᠠᠨ ᠮᠥᠷᠲᠡᠯ᠎ᠡ ᠪᠡᠨ
《ᠨᠢᠭᠤᠴᠠ ᠲᠣᠪᠴᠢᠶᠠᠨ》 ᠤ᠋ ᠥᠷᠯᠥᠭ ᠮᠡᠲᠦ ᠣᠮᠣᠭᠲᠠᠢ᠃
ᠠᠯᠳᠠᠰ ᠤ᠋ᠨ ᠴᠠᠰᠤᠲᠤ ᠠᠭᠤᠯᠠᠰ  ᠢ᠋ ᠮᠣᠷᠢ ᠲᠠᠢ ᠳᠠᠪᠠᠭᠰᠠᠨ ᠬᠢᠷᠢ ᠨᠢ ᠪᠡᠨ
ᠠᠶᠤᠮᠰᠢᠭ ᠦᠭᠡᠢ ᠣᠮᠣᠷᠬᠠᠭ ᠦᠭᠡ ᠶ᠋ᠢ ᠵᠡᠪᠡ ᠬᠦᠷᠲᠡᠯ᠎ᠡ ᠬᠡᠯᠡᠭᠡ ᠦᠭᠡᠢ  ᠶᠤᠮ᠃
ᠨᠠᠩᠭᠢᠶᠠᠳ ᠤ᠋ᠨ ᠴᠠᠭᠠᠨ ᠬᠡᠷᠡᠮ  ᠢ᠋ ᠰᠤᠮᠤ ᠰᠢᠭ᠋ ᠲᠤᠭᠤᠯᠤᠭᠰᠠᠨ ᠠᠲᠠᠯ᠎ᠠ ᠪᠠᠨ
ᠨᠠᠩᠵᠢᠳ ᠤ᠋ᠨ ᠠᠭᠠᠭ ᠰᠢᠭ᠋ ᠴᠤᠤᠳᠠᠮᠨᠠᠯ  ᠢ᠋ ᠥᠷᠯᠥᠭ ᠮᠤᠬᠤᠯᠠᠢ ᠶᠠᠷᠢᠭ᠎ᠠ ᠦᠭᠡᠢ ᠶᠤᠮ᠃
ᠲᠣᠣᠷ ᠢ᠋ᠶ᠋ᠠᠷ ᠬᠢᠯᠢᠯᠡᠭᠰᠡᠨ ᠨᠤᠲᠤᠭ ᠲᠠᠭᠠᠨ ᠡᠵᠡᠨ ᠪᠣᠯᠵᠤ ᠴᠢᠳᠠᠬᠤ ᠦᠭᠡᠢ ᠮᠥᠷᠲᠡᠯ᠎ᠡ ᠪᠡᠨ
ᠲᠡᠦᠬᠡ ᠶ᠋ᠢᠨ ᠠᠳᠠᠷᠠᠮ᠎ᠠ ᠶ᠋ᠢ ᠰᠢᠭᠦᠵᠦ ᠬᠠᠭᠠᠳ ᠤ᠋ᠨ ᠨᠢᠳᠦᠨ ᠳ᠋ᠦ᠍ ᠬᠤᠷᠤᠭᠤ ᠪᠠᠨ ᠬᠢᠭᠰᠡᠨ
ᠲᠣᠭᠠᠲᠠᠢ ᠬᠡᠳᠦᠨ ᠨᠣᠮ ᠤᠩᠰᠢᠵᠤ ᠰᠦᠪᠡ ᠨᠢ ᠵᠢᠭᠠᠬᠠᠨ ᠣᠩᠭᠣᠢᠮᠠᠭᠴᠠ ᠪᠠᠨ
ᠲᠣᠭᠣᠨᠲᠡᠮᠤᠷ ᠬᠤᠪᠢᠯᠠᠢ ᠶ᠋ᠢᠨ ᠲᠣᠯᠣᠭᠠᠢ ᠶ᠋ᠢ ᠭᠢᠰᠬᠢᠮᠡᠷ᠃
26. ᠲᠡᠮᠦᠷᠭᠤᠤᠯᠲᠥ 
ᠥᠰᠬᠦ ᠡᠴᠡ ᠰᠤᠷᠤᠭᠰᠠᠨ ᠦᠨᠳᠦᠰᠦᠨ ᠬᠡᠯᠡ ᠮᠠᠷᠲᠠᠵᠤ ᠪᠣᠯᠣᠰᠢ ᠦᠭᠡᠢ ᠰᠣᠶᠣᠯ᠂ 
ᠦᠬᠦᠲᠡᠯ᠎ᠡ ᠣᠷᠣᠰᠢᠬᠤ ᠲᠥᠷᠥᠯᠬᠢ ᠨᠤᠲᠤᠭ ᠰᠠᠯᠵᠤ ᠪᠣᠯᠣᠰᠢ ᠦᠭᠡᠢ ᠣᠷᠣᠨ᠃
27. ᠵᠢᠷᠠᠨᠲᠠᠢ  
ᠡᠷᠳᠡᠮ ᠮᠡᠳᠡᠯᠭᠡ ᠦᠭᠡᠢ ᠪᠣᠯ ᠶᠠᠮᠠᠷᠪᠠ ᠴᠠᠭ ᠦᠶ᠎ᠡ᠂ ᠶᠠᠮᠠᠷ ᠴᠤ᠌ ᠬᠥᠮᠦᠨ ᠳ᠋ᠦ᠍ ᠴᠥᠮ ᠬᠠᠪᠰᠤᠷᠤᠯᠭ᠎ᠠ ᠦᠭᠡᠢ ᠮᠥᠷᠲᠡᠭᠡᠨ ᠰᠠᠢᠨ ᠲᠠᠯ᠎ᠠ ᠶ᠋ᠢ ᠠᠪᠴᠢᠷᠠᠳᠠᠭ ᠦᠭᠡᠢ ᠶᠦᠮ᠃   — ᠯᠧᠨᠢᠨ
28. ᠴᠡᠴᠡᠭ 
ᠬᠡᠯᠡᠬᠦ ᠨᠢ ᠲᠩᠷᠢ᠂ ᠬᠢᠬᠦ ᠨᠢ ᠭᠠᠵᠠᠷ᠃
ᠮᠣᠩᠭᠣᠯ ᠪᠠᠬᠠᠷᠬᠠᠯ ᠤ᠋ᠨ ᠡᠳᠦᠷ ᠦ᠋ᠨ ᠮᠡᠨᠳᠦᠴᠢᠯᠡᠯ ᠳᠡᠪᠰᠢᠭᠦᠯᠵᠦ ᠪᠠᠢᠨ᠎ᠠ᠃
29. ᠠᠯᠲᠠᠨᠴᠢᠮᠡᠭ 
ᠭᠤᠷᠪᠠᠨ ᠮᠡᠳᠡᠬᠦ ᠦᠭᠡᠢ
ᠲᠠᠮᠤᠯᠠᠭᠳᠠᠬᠤ ᠦᠭᠡᠢ ᠪᠣᠯ ᠵᠢᠷᠭᠠᠯ ᠢ᠋ ᠮᠡᠳᠡᠬᠦ ᠦᠭᠡᠢ
ᠳᠣᠯᠢᠶᠠᠬᠤ ᠦᠭᠡᠢ ᠪᠣᠯ ᠭᠠᠰᠢᠭᠤᠨ ᠢ᠋ ᠮᠡᠳᠡᠬᠦ ᠦᠭᠡᠢ
ᠲᠤᠯᠤᠭᠳᠠᠬᠤ ᠦᠭᠡᠢ ᠪᠣᠯ ᠭᠠᠴᠢᠭᠳᠠᠬᠤ ᠶ᠋ᠢ ᠮᠡᠳᠡᠬᠦ ᠦᠭᠡᠢ᠃
30. ᠭᠠᠹᠠᠯᠮ᠎ᠠ
ᠬᠡᠨᠲᠡᠢ ᠂ ᠬᠠᠩᠭᠠᠢ᠂ ᠰᠣᠶᠣᠨ ᠤ᠋ ᠥᠨᠳᠥᠷ ᠰᠠᠢᠬᠠᠨ ᠨᠢᠷᠤᠭᠤ ᠨᠤᠭᠤᠳ
ᠬᠣᠢᠲᠤ ᠵᠦᠭ ᠦ᠋ᠨ ᠴᠢᠮᠡᠭ ᠪᠣᠯᠤᠭᠰᠠᠨ ᠣᠢ ᠬᠥᠪᠴᠢ ᠠᠭᠤᠯᠠ ᠨᠤᠭᠤᠳ 
ᠮᠠᠨᠠᠨ᠂ ᠰᠢᠷᠭ᠎ᠠ᠂ ᠨᠣᠮᠢᠨ ᠤ᠋ ᠥᠷᠭᠡᠨ ᠶᠡᠬᠡ ᠭᠣᠪᠢ ᠨᠤᠭᠤᠳ 
ᠡᠮᠦᠨ᠎ᠡ ᠵᠦᠭ ᠦ᠋ᠨ ᠮᠠᠩᠯᠠᠢ ᠪᠣᠯᠤᠬᠰᠨ ᠡᠯᠡᠰᠦᠨ ᠮᠠᠩᠬᠠᠨ ᠳᠠᠯᠠᠢ ᠨᠤᠭᠤᠳ᠃ 
ᠡᠨᠡ ᠪᠣᠯ ᠮᠢᠨᠦ ᠲᠥᠷᠥᠭᠰᠡᠨ ᠨᠤᠲᠤᠭ ᠮᠣᠩᠭᠣᠯ ᠤ᠋ᠨ ᠰᠠᠢᠬᠠᠨ ᠣᠷᠣᠨ᠃
ᠬᠡᠷᠦᠯᠦᠨ᠂ ᠤᠨᠤᠨ᠂ ᠲᠤᠤᠯᠠ ᠶ᠋ᠢᠨ ᠲᠤᠩᠭᠠᠯᠠᠭ ᠠᠷᠢᠭᠤᠨ ᠮᠥᠷᠡᠨ ᠨᠦ᠍ᠭᠦᠳ 
ᠬᠣᠲᠠᠯᠠ ᠣᠯᠠᠨ ᠤ᠋ ᠡᠮ ᠪᠣᠯᠤᠭᠰᠠᠨ ᠭᠣᠷᠣᠬ᠎ᠠ ᠪᠤᠯᠠᠭ ᠷᠠᠰᠢᠶᠠᠨ ᠨᠤᠭᠤᠳ᠂
ᠬᠥᠪᠰᠥᠭᠥᠯ᠂ ᠣᠪᠰᠣ᠂ ᠪᠤᠢᠷ ᠤ᠋ᠨ ᠭᠦᠨ ᠴᠡᠩᠬᠡᠷ ᠨᠠᠭᠤᠷ ᠤ᠋ᠳ 
ᠬᠥᠮᠦᠨ ᠮᠠᠯ ᠤ᠋ᠨ ᠤᠮᠳᠠᠭ᠎ᠠ ᠪᠣᠯᠤᠭᠰᠠᠨ ᠲᠣᠭᠣᠷᠢᠮ ᠪᠦᠷᠢᠳᠦ ᠤᠰᠤ ᠨᠤᠭᠤᠳ᠃
ᠡᠨᠡ ᠪᠣᠯ ᠮᠢᠨᠦ ᠲᠥᠷᠥᠭᠰᠡᠨ ᠨᠤᠲᠤᠭ ᠮᠣᠩᠭᠣᠯ ᠤ᠋ᠨ ᠰᠠᠢᠬᠠᠨ ᠣᠷᠣᠨ᠃
ᠣᠷᠬᠣᠨ᠂ ᠰᠡᠯᠡᠩᠭᠡ᠂ ᠬᠦᠬᠦᠷ ᠦ᠋ᠨ ᠣᠨᠴᠠ ᠰᠠᠢᠬᠠᠨ ᠭᠣᠣᠯ ᠤ᠋ᠳ
ᠠᠭᠤᠷᠬᠠᠢ ᠪᠠᠶᠠᠯᠢᠭ ᠤ᠋ᠨ ᠣᠬᠢ ᠣᠯᠠᠨ ᠠᠭᠤᠯᠠ ᠳᠠᠪᠠᠭ᠎ᠠ ᠨᠤᠭᠤᠳ 
ᠬᠠᠭᠤᠴᠢᠨ ᠬᠦᠰᠡᠶ᠎ᠡ ᠳᠤᠷᠠᠰᠬᠠᠯ ᠬᠣᠲᠠ ᠪᠠᠯᠭᠠᠳ ᠤ᠋ᠨ ᠰᠠᠭᠤᠷᠢ ᠨᠤᠭᠤᠳ
ᠬᠣᠯᠠ ᠭᠠᠵᠠᠷ ᠣᠳᠤᠭᠰᠠᠨ ᠬᠠᠭᠤᠷᠠᠢ ᠳᠠᠷᠳᠠᠩ ᠵᠠᠮ ᠤ᠋ᠳ᠃
ᠡᠨᠡ ᠪᠣᠯ ᠮᠢᠨᠦ ᠲᠥᠷᠥᠭᠰᠡᠨ ᠨᠤᠲᠤᠭ ᠮᠣᠩᠭᠣᠯ ᠤ᠋ᠨ ᠰᠠᠢᠬᠠᠨ ᠣᠷᠣᠨ᠃
ᠬᠣᠯᠠᠬᠢ ᠭᠠᠵᠠᠷ ᠠ᠋ᠴᠠ ᠭᠢᠯᠠᠯᠵᠠᠭᠰᠠᠨ ᠴᠠᠰᠤᠲᠤ ᠥᠨᠳᠥᠷ ᠬᠠᠢᠷᠬᠠᠨ ᠨᠤᠭᠤᠳ
ᠬᠥᠬᠡ ᠲᠩᠷᠢ ᠴᠡᠯᠮᠡᠭᠰᠡᠨ ᠬᠥᠳᠡᠭᠡ ᠬᠡᠭᠡᠷ᠎ᠡ ᠴᠠᠢᠳᠠᠮ ᠤ᠋ᠳ 
ᠬᠣᠯᠠ ᠶ᠋ᠢᠨ ᠪᠠᠷ᠎ᠠ ᠬᠠᠷᠠᠭᠳᠠᠬᠤ ᠨᠣᠶᠠᠨ ᠱᠣᠪᠬᠣ ᠰᠠᠷᠲᠠᠭ ᠤ᠋ᠳ
ᠬᠥᠮᠦᠨ ᠦ᠌ ᠰᠡᠳᠬᠢᠯ ᠲᠡᠨᠢᠢᠭᠰᠡᠨ ᠠᠭᠤᠳᠠᠮ ᠠᠮᠢᠰᠬᠤᠯᠲᠤ ᠲᠠᠯ᠎ᠠ ᠨᠤᠭᠤᠳ᠃
ᠡᠨᠡ ᠪᠣᠯ ᠮᠢᠨᠦ ᠲᠥᠷᠥᠭᠰᠡᠨ ᠨᠤᠲᠤᠭ ᠮᠣᠩᠭᠣᠯ ᠤ᠋ᠨ ᠰᠠᠢᠬᠠᠨ ᠣᠷᠣᠨ᠃
31. ᠬᠣᠪᠢᠰᠬᠠᠯᠮ᠎ᠠ
ᠭᠠᠭᠴᠠᠬᠦ ᠬᠥᠮᠦᠨ ᠲᠥᠷᠥᠯᠬᠢᠲᠡᠨ ᠦ᠌ ᠡᠭᠦᠳᠦᠨ ᠪᠦᠲᠦᠭᠡᠭᠰᠡᠨ ᠪᠦᠬᠦ ᠮᠡᠳᠡᠯᠭᠡ ᠶ᠋ᠢᠨ ᠰᠠᠩ ᠢ᠋ᠶ᠋ᠠᠷ ᠥᠪᠡᠷ ᠢ᠋ ᠪᠡᠨ ᠪᠠᠶᠠᠯᠢᠭᠵᠢᠭᠤᠯᠤᠮᠠᠨᠵᠢᠨ ᠰᠠᠢ ᠡᠪ ᠬᠠᠮᠲᠤᠴᠤᠳ ᠪᠣᠯᠵᠤ ᠴᠢᠳᠠᠨ᠎ᠠ᠃     — ᠯᠧᠨᠢᠨ
32. ᠨᠤᠮᠤᠴᠢᠨ ᠪᠢᠯᠢᠭ
ᠲᠠᠨᠠᠷ ᠴᠢᠩᠭ᠎ᠠ ᠨᠢᠮᠪᠠᠢ ᠪᠥᠭᠡᠳ ᠬᠦᠯᠢᠴᠡᠩᠭᠦᠢ ᠳᠠᠳᠬᠠᠯ ᠲᠠᠢ ᠪᠣᠯᠤᠭᠠᠷᠠᠢ᠃ ᠲᠠᠨᠠᠷ ᠰᠢᠨᠵᠢᠯᠡᠬᠦ ᠤᠬᠠᠭᠠᠨ ᠤ᠋ ᠳᠣᠲᠣᠷᠠᠬᠢ ᠪᠣᠷᠣ ᠪᠦᠳᠦᠭᠦᠯᠢᠭ ᠠᠵᠢᠯ ᠢ᠋ ᠬᠢᠵᠦ ᠰᠤᠷᠤᠭᠠᠷᠠᠢ᠃ ᠪᠣᠳᠠᠲᠤ ᠪᠠᠢᠳᠠᠯ ᠢ᠋ ᠰᠤᠳᠤᠯᠤᠨ ᠪᠣᠳᠠᠲᠠᠢ ᠶ᠋ᠢ ᠬᠠᠷᠢᠴᠠᠭᠤᠯᠤᠨ ᠪᠣᠳᠠᠲᠠᠢ ᠶ᠋ᠢ ᠬᠤᠷᠠᠮᠳᠤᠭᠤᠯᠤᠭᠠᠷᠠᠢ᠃    — ᠪᠠᠪᠠᠯᠤᠸ
33. ᠴᠢ · ᠤᠷᠠᠨᠴᠡᠴᠡᠭ 
ᠣᠯᠠᠨ ᠬᠥᠮᠦᠨ ᠡᠶ᠎ᠡ ᠦᠭᠡᠢ ᠪᠣᠯᠪᠠᠰᠤ ᠭᠠᠭᠴᠠ ᠬᠥᠮᠦᠨ ᠦ᠌ ᠢᠳᠡᠰᠢ ᠪᠣᠯᠤᠶᠤ᠃  —  ᠪᠣᠭᠳᠠ ᠴᠢᠩᠭᠢᠰ ᠬᠠᠭᠠᠨ
ᠮᠣᠩᠭᠣᠯ ᠪᠠᠬᠠᠷᠬᠠᠯ ᠤ᠋ᠨ ᠡᠳᠦᠷ ᠦ᠋ᠨ ᠮᠡᠨᠳᠦᠴᠢᠯᠡᠯ ᠳᠡᠪᠰᠢᠭᠦᠯᠵᠦ ᠪᠠᠢᠨ᠎ᠠ᠃
34. ᠬᠠᠰᠠᠠᠭᠣᠯᠠ 
ᠡᠷᠴᠢ ᠬᠦᠴᠦ ᠪᠡᠶ᠎ᠡ ᠶ᠋ᠢᠨ ᠴᠢᠳᠠᠯ᠂ ᠢᠲᠡᠭᠡᠯ ᠵᠣᠷᠢᠭ ᠰᠡᠳᠬᠢᠯ ᠦ᠋ᠨ ᠲᠡᠩᠬᠡᠭᠡ᠃
ᠮᠣᠩᠭᠣᠯ ᠪᠠᠬᠠᠷᠬᠠᠯ ᠤ᠋ᠨ ᠡᠳᠦᠷ ᠦ᠋ᠨ ᠮᠡᠨᠳᠦᠴᠢᠯᠡᠯ ᠳᠡᠪᠰᠢᠭᠦᠯᠵᠦ ᠪᠠᠢᠨ᠎ᠠ᠃
35.  ᠳᠠᠯᠠᠨᠲᠠᠢ
ᠬᠥᠮᠦᠨ ᠢ᠋ ᠣᠢᠯᠠᠭᠠᠵᠤ ᠴᠢᠳᠠᠪᠠᠯ ᠤᠬᠠᠭᠠᠨ ᠪᠣᠯᠳᠠᠭ 
ᠬᠥᠮᠦᠨ ᠢ᠋ ᠰᠠᠨᠠᠵᠤ ᠴᠢᠳᠠᠪᠠᠯ ᠬᠠᠢᠷ᠎ᠠ ᠪᠣᠯᠳᠠᠭ 
ᠬᠥᠮᠦᠨ ᠢ᠋ ᠠᠭᠤᠴᠢᠯᠠᠵᠤ ᠴᠢᠳᠠᠪᠠᠯ ᠠᠭᠤᠤ ᠪᠣᠯᠳᠠᠭ 
ᠬᠥᠮᠦᠨ ᠢ᠋ ᠳᠠᠢᠴᠢᠯᠠᠵᠤ ᠴᠢᠳᠠᠪᠠᠯ ᠠᠷᠤᠤᠬᠠᠨ ᠪᠣᠯᠳᠠᠭ᠃
36. ᠡᠷᠳᠡᠨᠢᠪᠢᠯᠢᠭ 
ᠶᠢᠷᠲᠢᠨᠴᠦ ᠶ᠋ᠢᠨ ᠭᠤᠷᠪᠠᠨ ᠰᠠᠢᠬᠠᠨ
ᠠᠷᠪᠠᠨ ᠲᠠᠪᠤᠨ ᠤ᠋ ᠰᠠᠷᠠ ᠨᠢᠭᠡ ᠰᠠᠢᠬᠠᠨ
ᠠᠲᠠᠷ ᠭᠠᠵᠠᠷ ᠤ᠋ᠨ ᠴᠡᠴᠡᠭ ᠨᠢᠭᠡ ᠰᠠᠢᠬᠠᠨ
ᠠᠪᠤ ᠡᠵᠢ ᠶ᠋ᠢᠨ ᠰᠤᠷᠭᠠᠯ ᠨᠢᠭᠡ ᠰᠠᠢᠬᠠ᠃
37. ᠴᠢ · ᠤᠷᠠᠨᠴᠡᠴᠡᠭ 
ᠠᠰᠤᠷᠤ ᠶᠡᠬᠡ ᠪᠤᠶᠠᠨ ᠢ᠋ ᠪᠤᠰᠤᠳ ᠠ᠋ᠴᠠ ᠣᠯᠳᠠᠭ ᠪᠣᠯᠬᠣᠷ ᠂
ᠠᠭᠤᠤ ᠶᠡᠬᠡ ᠬᠠᠢᠷ᠎ᠠ ᠶ᠋ᠢ ᠪᠤᠰᠤᠳ ᠲᠤ᠌ ᠲᠦᠭᠡᠭᠡᠵᠦ ᠪᠠᠢᠭᠠᠷᠠᠢ!
38. ᠮᠣᠩᠭᠣᠯ ᠰᠦᠨᠡᠰᠦ ᠄ 
ᠬᠡᠯᠡ᠂ ᠬᠥᠯ ᠳ᠋ᠦ᠍ ᠣᠷᠣᠬᠤ ᠭᠡᠵᠦ ᠬᠣᠶᠠᠷ ᠵᠢᠯ ᠴᠢᠷᠮᠠᠢᠵᠤ ᠶᠠᠪᠤᠭᠰᠠᠨ᠂ ᠬᠡᠯᠡ ᠪᠡᠨ ᠬᠥᠯ ᠢ᠋ᠶ᠋ᠡᠨ ᠬᠢᠴᠢᠶᠡᠵᠦ ᠨᠢᠭᠡ ᠨᠠᠰᠤᠨ ᠳ᠋ᠤ᠌ ᠪᠠᠨ ᠨᠣᠮ ᠰᠤᠷᠤᠭᠰᠠᠨ ᠦᠭᠡᠢ ᠴᠤ᠌ ᠨᠣᠮᠣᠬᠠᠨ ᠢ᠋ ᠰᠤᠷᠬᠤ ᠪᠠᠷ ᠬᠢᠴᠢᠶᠡᠭᠰᠡᠨ ᠠ᠋᠃
 39. ᠭᠠᠸᠠ
ᠳᠣᠮᠣᠭ ᠪᠣᠯ ᠦᠨᠡᠨ ᠦ᠌ ᠪᠦᠴᠡ᠂ ᠦᠨᠡᠨ ᠪᠣᠯ ᠬᠠᠭᠤᠴᠢᠨ ᠤ᠋ ᠭᠡᠷᠡᠴᠢ᠃
ᠶᠠᠭᠠᠷᠠᠬᠤ ᠳ᠋ᠤ᠌ ᠪᠠᠷᠠᠭᠳᠠᠳᠠᠭ ᠦᠭᠡᠢ ᠃
ᠬᠦᠯᠢᠶᠡᠬᠦ  ᠳ᠋ᠦ᠍ ᠬᠣᠷᠣᠭᠳᠠᠳᠠᠭ ᠦᠭᠡᠢ ᠶ᠋ᠢ ᠰᠡᠳᠬᠢᠯ ᠦ᠋ᠨ ᠴᠠᠭ ᠬᠤᠭᠤᠴᠠᠭ᠎ᠠ ᠬᠡᠮᠡᠵᠦᠬᠦᠢ᠃
40. ᠦᠵᠢᠶᠡᠳ ᠡᠷᠳᠡᠨᠢᠴᠡᠴᠡᠭ
ᠪᠤᠷᠬᠠᠨ ᠬᠠᠯᠳᠤᠨ ᠤ᠋ ᠰᠠᠯᠬᠢ
ᠥᠭᠡᠳᠡ ᠡᠴᠡ ᠰᠡᠪᠰᠢᠬᠦ ᠪᠤᠷᠬᠠᠨ ᠬᠠᠯᠳᠤᠨ ᠤ᠋ ᠰᠠᠯᠬᠢ ᠠ᠋ᠴᠠ 
ᠥᠭᠡᠯᠦᠨ ᠡᠬᠡ ᠶ᠋ᠢᠨ ᠠᠷᠭᠠᠯ ᠤ᠋ᠨ ᠤᠲᠤᠭ᠎ᠠ ᠦᠨᠦᠷᠲᠦᠨ᠎ᠡ᠃
ᠦᠳᠡᠰᠢ ᠨᠢ ᠲᠡᠮᠦᠵᠢᠨ ᠨᠠᠷ ᠲᠤ᠌ ᠵᠠᠩᠨᠠᠭᠰᠠᠨ ᠦᠭᠡ ᠶ᠋ᠢᠨ ᠤᠲᠤᠭ᠎ᠠ ᠦᠨᠦᠷᠲᠦᠨ᠎ᠡ᠃
ᠬᠠᠲᠠᠷᠢᠶ᠎ᠠ ᠰᠠᠯᠬᠢ ᠬᠠᠶᠠ ᠬᠠᠶᠠ ᠠᠭᠤᠯᠠ ᠶ᠋ᠢᠨ ᠠᠮᠠ ᠶ᠋ᠢ ᠥᠭᠰᠥᠨ᠎ᠡ᠃
ᠬᠠᠰᠠᠷ ᠪᠡᠯᠭᠦᠳᠡᠢ ᠬᠣᠶᠠᠷ ᠬᠠᠷ᠎ᠠ ᠲᠦᠩ ᠡᠴᠡ ᠬᠠᠭᠠᠨ ᠠᠬ᠎ᠠ ᠪᠠᠨ ᠡᠷᠢᠭᠡ ᠤᠤ?
ᠪᠤᠷᠬᠠᠨ ᠬᠠᠯᠳᠤᠨ ᠤ᠋ ᠰᠥᠨᠢ
ᠨᠢᠭᠡ
ᠪᠤᠷᠬᠠᠨ ᠬᠠᠯᠳᠤᠨ ᠤ᠋ ᠰᠥᠨᠢ ᠨᠠᠮ  ᠵᠢᠮ
ᠪᠣᠷᠵᠢᠭᠢᠨ ᠠᠢᠯ ᠤ᠋ᠨ ᠭᠠᠳᠠᠭ᠎ᠠ ᠣᠳᠣᠳ ᠬᠡᠪᠲᠡᠵᠦ  
ᠪᠣᠷᠣᠭᠠᠨ ᠤ᠋ ᠡᠭᠦᠯᠡ ᠶ᠋ᠢ ᠬᠡᠪᠢᠨ᠎ᠡ᠃
ᠰᠡᠩᠭᠦᠷ ᠭᠣᠷᠣᠬ᠎ᠠ ᠶ᠋ᠢᠨ ᠤᠰᠤ ᠰᠠᠮ ᠤᠷᠤᠰᠤᠨ᠎ᠠ᠃ 
ᠰᠡᠷᠢᠭᠦᠦ ᠲᠠᠲᠠᠭᠰᠠᠨ ᠬᠥᠪᠡᠭᠡᠨ ᠳ᠋ᠦ᠍ᠨᠢ ᠨᠠᠢ᠍ᠮᠠᠨ ᠰᠢᠷᠭ᠎ᠠ ᠂
ᠰᠢᠭᠦᠳᠡᠷᠢ ᠵᠠᠭᠤᠭᠰᠠᠨ ᠡᠪᠡᠰᠦ ᠴᠢᠮᠬᠢᠯᠡᠵᠦ ᠬᠣᠨᠣᠨ᠎ᠠ᠃
ᠬᠣᠶᠠᠷ
ᠣᠳᠣᠳ ᠣᠷᠣᠢ ᠣᠷᠣᠢ ᠤᠨᠤᠨ ᠤ᠋ ᠤᠰᠤᠨ ᠳ᠋ᠤ᠌ ᠱᠠᠭᠢᠯᠳᠤᠨ᠎ᠠ᠃
ᠣᠯᠠᠨ ᠰᠠᠢᠬᠠᠨ ᠦᠯᠢᠭᠡᠷ ᠲᠡᠢ ᠲᠡᠮᠦᠵᠢᠨ ᠵᠠᠮᠤᠬ᠎ᠠ ᠬᠣᠶᠠᠷ ᠤ᠋ᠨ
ᠣᠷᠬᠢᠭᠠᠳ ᠶᠠᠪᠤᠭᠰᠠᠨ ᠭᠤᠷ᠎ᠠ ᠶ᠋ᠢᠨ ᠱᠠᠭ᠎ᠠ ᠶ᠋ᠢ ᠣᠯᠤᠶᠤ ᠭᠡᠮᠡᠨ
ᠣᠳᠣᠳ ᠣᠷᠣᠢ ᠣᠷᠣᠢ ᠤᠨᠤᠨ ᠤ᠋ ᠤᠰᠤᠨ ᠳ᠋ᠤ᠌ ᠬᠣᠨᠣᠨ᠎ᠠ᠃
ᠤᠷᠬᠠᠨ ᠬᠠᠯᠳᠤᠨ ᠤ᠋ ᠪᠣᠷᠣᠭᠠᠨ
ᠪᠣᠷᠣᠭᠠᠨ ᠰᠢᠪᠡᠷᠡᠬᠦ ᠨᠢ ᠪᠤᠷᠬᠠᠳ ᠨᠣᠮ ᠤᠩᠰᠢᠬᠤ ᠠᠳᠠᠯᠢ᠃
ᠪᠣᠳᠣᠵᠤ ᠪᠣᠳᠣᠵᠤ ᠲᠩᠷᠢ ᠳᠤᠤᠭᠠᠷᠬᠤ ᠨᠢ 
ᠪᠣᠷᠵᠢᠭᠢᠨ ᠤ᠋ ᠬᠢᠨ ᠠᠳᠤᠭᠤ ᠪᠠᠨ ᠬᠤᠷᠢᠶᠠᠬᠤ ᠠᠳᠠᠯᠢ᠃
41. ᠮᠥᠩᠭᠥᠨ
          ᠷ᠂ ᠴᠣᠢᠨᠣᠮ
ᠵᠠᠷᠢᠮ ᠵᠠᠷᠢᠮᠳᠤᠭ ᠤ᠋ᠳ ᠲᠤ᠌ ᠵᠣᠷᠢᠭᠤᠯᠤᠭᠰᠠᠨ ᠰᠢᠯᠦᠭ
ᠵᠠᠭᠠᠲᠤᠨᠠᠭ᠎ᠠ ᠦᠭᠡᠢ ᠴᠦ᠍ ᠭᠡᠯ᠎ᠡ ᠮᠢᠨᠦ ᠭᠠᠷ
ᠵᠠᠷᠢᠮ ᠤ᠋ᠳ ᠲᠤ᠌ ᠵᠣᠷᠢᠭᠤᠯᠵᠤ ᠭᠠᠭᠴᠠ ᠰᠢᠯᠦᠭ ᠪᠢᠴᠢᠯ ᠦᠭᠡᠢ ᠭᠣᠷᠢ ᠦᠭᠡᠢ ᠨᠢ᠃
ᠵᠠᠮᠪᠠᠷᠠᠭ᠎ᠠ ᠦᠭᠡᠢ ᠳ᠋ᠡᠭᠡᠨ ᠪᠢᠰᠢ ᠴᠦ᠍᠂ ᠡᠨᠡ ᠬᠣᠷᠸ᠎ᠠ 
ᠵᠠᠷᠢᠮ ᠨᠢᠭᠡᠨ ᠶᠠᠭᠤᠮᠠᠰ ᠢ᠋ᠶ᠋ᠠᠷ ᠠᠤᠭ᠎ᠠ ᠶᠡᠬᠡ ᠪᠡᠶ᠎ᠡ ᠪᠡᠨ ᠭᠤᠲᠤᠭᠠᠵᠠᠢ᠃
42. ᠠᠯᠲᠠᠨᠨᠠᠪᠴᠢ 
2025 ᠣᠨ ᠤ᠋ ᠠᠷᠭ᠎ᠠ ᠶ᠋ᠢᠨ ᠤᠯᠠᠷᠢᠯ ᠤ᠋ᠨ11 ᠰᠠᠷ᠎ᠠ ᠶ᠋ᠢᠨ21 ᠂ ᠪᠢᠯᠢᠭ ᠦ᠋ᠨ ᠤᠯᠠᠷᠢᠯ ᠤ᠋ᠨ ᠠᠷᠪᠠᠨ ᠰᠠᠷ᠎ᠠ ᠶ᠋ᠢᠨ ᠰᠢᠨ᠎ᠡ ᠶ᠋ᠢᠨ ᠨᠢᠭᠡᠨ᠂ ᠤᠯᠠᠭᠴᠢᠨ ᠲᠠᠬᠢᠶ᠎ᠠ ᠡᠳᠦᠷ᠃ᠭᠠᠷᠠᠭ ᠤ᠋ᠨ ᠲᠠᠪᠤᠨ᠃ ᠡᠪᠦᠯ ᠦ᠋ᠨ ᠡᠬᠢᠨ ᠦ᠌ ᠴᠠᠰᠤ ᠣᠷᠣᠪᠠ᠃ ᠠᠭᠠᠷ ᠴᠡᠪᠡᠷᠯᠡᠵᠦ ᠪᠠᠢᠨ᠎ᠠ᠃ᠨᠠᠮ ᠨᠠᠮᠵᠢᠭᠤᠬᠠᠨ ᠬᠠᠶᠠᠯᠠᠵᠤ ᠪᠠᠢᠨ᠎ᠠ᠃(ᠤᠯᠠᠭᠠᠨᠬᠠᠳᠠ ᠬᠣᠲᠠ)
43. ᠠᠢ ᠵᠢᠶᠦ᠋ᠨ
ᠮᠣᠩᠭᠣᠯᠴᠤᠳ ᠮᠢᠨᠢ ᠬᠡᠨ ᠴᠦ᠍ ᠪᠢᠳᠡᠨ ᠢ᠋ ᠮᠣᠩᠭᠣᠯ ᠪᠢᠴᠢᠭ ᠢ᠋ᠶ᠋ᠡᠨ ᠪᠦᠦ ᠪᠢᠴᠢ ᠭᠡᠵᠦ ᠱᠠᠭᠠᠷᠳᠠᠭᠰᠠᠨ ᠦᠭᠡᠢ᠂ ᠬᠠᠷᠢᠨ ᠪᠢᠳᠡ ᠥᠪᠡᠷ ᠢ᠋ᠶ᠋ᠡᠨ ᠮᠣᠩᠭᠣᠯ ᠪᠢᠴᠢᠭ ᠢ᠋ᠶ᠋ᠡᠨ ᠪᠢᠴᠢᠵᠦ ᠪᠣᠯᠪᠠᠰᠤᠷᠠᠬᠤ ᠲᠠᠪᠴᠠᠩ ᠦᠨ᠎ᠡ ᠲᠥᠯᠥᠪᠦᠷᠢ ᠦᠭᠡᠢ ᠬᠠᠩᠭᠠᠵᠤ ᠪᠠᠢᠬᠤ ᠳ᠋ᠤ᠌ ᠣᠯᠠᠩᠬᠢ ᠮᠣᠩᠭᠣᠯᠴᠤᠳ ᠦᠯᠦ ᠮᠡᠳᠡᠭ ᠪᠠᠢᠭ᠎ᠠ ᠪᠢᠰᠢ ᠤᠤ⁈ ᠪᠢᠴᠢᠭ ᠦᠰᠦᠭ ᠢ᠋ᠶ᠋ᠡᠨ ᠰᠦᠯᠵᠢᠶ᠎ᠡ ᠣᠷᠴᠢᠨ ᠳ᠋ᠤ᠌ ᠪᠢᠴᠢᠵᠦ ᠬᠡᠷᠡᠭᠯᠡᠬᠦ ᠪᠣᠯ ᠲᠠ ᠪᠢᠳᠡᠨ ᠦ᠌ ᠬᠢᠵᠦ ᠴᠢᠳᠠᠬᠤ ᠵᠦᠢᠯ ᠰᠢᠦ᠃
ᠮᠣᠩᠭᠣᠯ ᠪᠠᠬᠠᠷᠬᠠᠯ ᠤ᠋ᠨ ᠡᠳᠦᠷ ᠦ᠋ᠨ ᠮᠡᠨᠳᠦᠴᠢᠯᠡᠯ ᠳᠡᠪᠰᠢᠭᠦᠯᠵᠦ ᠪᠠᠢᠨ᠎ᠠ᠃

ᠰᠦᠨ ᠰᠠᠴᠤᠯᠢ ᠠ ᠬᠣᠯᠪᠣᠭᠠᠨ ᠤ᠋ ᠨᠠᠢᠵᠠ ᠨᠠᠷ ᠠ᠋ᠴᠠ   ᠤᠤᠭᠠᠨᠵᠢᠳ ᠬᠢᠨᠠᠪᠠ