ᠮᠠᠲᠠᠷ ᠤ᠋ᠨ ᠬᠢᠮᠤᠰᠤMatryn khumsМатрын хумс ᠠᠮᠢᠲᠠᠨ ᠤ᠋ ᠶᠢᠷᠲᠢᠨᠴᠦ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠲᠠᠷ ᠤ᠋ᠨ ᠬᠢᠮᠤᠰᠤMatryn khumsМатрын хумс

ᠮᠠᠲᠠᠷ ᠤ᠋ᠨ ᠬᠢᠮᠤᠰᠤMatryn khumsМатрын хумс

2025-11-27

201

ᠮᠠᠲᠠᠷ ᠤ᠋ᠨ ᠬᠢᠮᠤᠰᠤ

   ᠲᠤᠰ ᠡᠮ ᠪᠣᠯ ᠨᠠᠬᠢ ᠶ᠋ᠢᠨ ᠢᠵᠠᠭᠤᠷ ᠤ᠋ᠨ ᠠᠮᠢᠲᠠᠨ ᠪᠣᠯᠬᠤ ᠨᠠᠬᠢ ᠶ᠋ᠢᠨ ᠬᠠᠲᠠᠭᠠᠭᠰᠠᠨ ᠬᠠᠪᠲᠠᠰᠤ ᠮᠥᠨ᠃ ᠪᠠᠰᠠ ᠴᠦᠰᠡᠷᠢᠨᠳᠧᠷᠮᠦ ᠭᠡᠳᠡᠭ᠃
   [ ᠤᠤᠯ ᠠᠮᠢᠲᠠᠨ] ᠪᠡᠶ᠎ᠡ ᠨᠢ 48.5cm ᠣᠷᠴᠢᠮ ᠤᠷᠲᠤ᠂ ᠰᠡᠭᠦᠯ ᠨᠢ 33cm ᠣᠷᠴᠢᠮ ᠤᠷᠲᠤ᠃ ᠪᠡᠶ᠎ᠡ ᠨᠢ ᠤᠷᠲᠤᠯᠵᠢᠨ᠂ ᠲᠣᠯᠣᠭᠠᠢ ᠨᠢ ᠵᠢᠵᠢᠭ᠂ ᠱᠣᠪᠬᠣ ᠬᠣᠩᠰᠢᠶᠠᠷ ᠲᠠᠢ᠂ ᠰᠢᠲᠦ ᠦᠭᠡᠢ᠂ ᠨᠠᠷᠢᠨ ᠤᠷᠲᠤ ᠬᠡᠯᠡ ᠲᠡᠢ ᠂ ᠨᠢᠳᠦ ᠴᠢᠬᠢ ᠨᠢ ᠪᠦᠷ ᠵᠢᠵᠢᠭ᠃ ᠲᠣᠯᠣᠭᠠᠢ᠂ ᠶᠡᠬᠡ ᠪᠡᠶ᠎ᠡ ᠶ᠋ᠢᠨ ᠠᠷᠤ᠂ ᠰᠡᠭᠦᠯ ᠬᠢᠭᠡᠳ ᠳᠥᠷᠪᠡᠨ ᠮᠥᠴᠢ ᠶ᠋ᠢᠨ ᠭᠠᠳᠠᠷ ᠬᠠᠵᠠᠭᠤ ᠨᠢ ᠪᠦᠷ ᠬᠦᠷᠡᠪᠲᠦᠷ ᠲᠣᠮᠣ ᠬᠠᠢᠷᠰᠤ ᠲᠠᠢ᠃ ᠲᠡᠭᠦᠨ ᠡᠴᠡ ᠪᠤᠰᠤᠳ ᠬᠡᠰᠡᠭ ᠨᠢ ᠴᠠᠢᠪᠤᠷ ᠬᠦᠷᠡᠩ ᠪᠦᠳᠦᠭᠦᠯᠢᠭ ᠦᠰᠦ ᠲᠡᠢ᠃ ᠳᠥᠷᠪᠡᠨ ᠮᠥᠴᠢ ᠨᠢ ᠣᠬᠣᠷ᠂ ᠲᠠᠪᠤᠨ ᠬᠤᠷᠤᠭᠤ ᠲᠠᠢ᠂ ᠬᠢᠮᠤᠰᠤ ᠨᠢ ᠮᠠᠬᠢᠷ ᠤᠷᠲᠤ ᠪᠠᠢᠳᠠᠭ᠃
   [ ᠠᠮᠢᠳᠤᠷᠠᠬᠤ ᠣᠷᠴᠢᠨ ᠬᠢᠭᠡᠳ ᠲᠠᠷᠬᠠᠴᠠ] ᠳᠤᠯᠠᠭᠠᠨ ᠣᠷᠣᠨ ᠤ᠋ ᠴᠢᠭᠢᠭᠯᠢᠭ ᠳᠣᠣᠷ᠎ᠠ ᠭᠠᠵᠠᠷ ᠪᠤᠶᠤ ᠣᠢ ᠳᠣᠲᠣᠷᠠᠬᠢ ᠨᠦᠬᠡᠨ ᠳ᠋ᠦ᠍ ᠠᠮᠢᠳᠤᠷᠠᠳᠠᠭ᠃ ᠮᠠᠨ ᠤ᠋ ᠤᠯᠤᠰ ᠤ᠋ᠨ ᠬᠥᠬᠡᠮᠥ᠋ᠷᠡᠨ ᠡᠴᠡ ᠡᠮᠦᠨᠡᠰᠢᠬᠢ ᠭᠠᠵᠠᠷ  ᠲᠤ ᠨᠡᠢᠳᠡᠮ ᠲᠠᠷᠬᠠᠴᠠ ᠲᠠᠢ
   [ ᠡᠳ᠋ᠰᠢᠭᠦᠯᠦᠨ ᠪᠣᠯᠪᠠᠰᠤᠷᠠᠭᠤᠯᠬᠤ] ᠪᠤᠴᠠᠯᠤᠮ᠎ᠠ ᠤᠰᠤ ᠪᠠᠷ ᠲᠡᠩᠨᠡᠵᠦ ᠬᠠᠪᠲᠠᠰᠤ ᠶ᠋ᠢ ᠨᠢ ᠮᠤᠯᠲᠤᠯᠤᠨ ᠠᠪᠤᠭᠠᠳ ᠤᠬᠢᠶᠠᠨ ᠴᠡᠪᠡᠷᠯᠡᠵᠦ ᠬᠠᠲᠠᠭᠠᠨ᠎ᠠ᠃
   [ ᠠᠮᠲᠠ᠂ ᠴᠢᠨᠠᠷ᠂ ᠡᠷᠳᠡᠮ] ᠳᠠᠪᠤᠰᠤᠯᠢᠭ ᠠᠮᠲᠠ ᠲᠠᠢ; ᠬᠦᠢᠲᠡᠨ ᠴᠢᠨᠠᠷ ᠲᠠᠢ᠃
   [ ᠴᠢᠳᠠᠯ ᠪᠠ ᠭᠣᠣᠯᠳᠠᠭᠤ ᠵᠠᠰᠠᠬᠤ] ᠬᠠᠯᠠᠭᠤᠨ ᠢ᠋ ᠠᠷᠢᠯᠭᠠᠬᠤ᠂ ᠬᠣᠣᠷ ᠢ᠋ ᠲᠠᠢᠯᠬᠤ᠂ ᠬᠠᠪᠤᠳᠠᠷ ᠢ᠋ ᠬᠠᠷᠢᠭᠤᠯᠬᠤ᠂ ᠴᠢᠰᠤᠨ ᠭᠦᠶᠦᠳᠡᠯ ᠢ᠋ ᠰᠠᠢᠵᠢᠷᠠᠭᠤᠯᠬᠤ ᠴᠢᠳᠠᠯ ᠲᠠᠢ᠃ ᠭᠣᠣᠯᠳᠠᠭᠤ ᠶᠠᠰᠤᠨ ᠬᠠᠯᠠᠭᠤᠨ᠂ ᠶᠠᠰᠤ ᠪᠡᠷᠲᠡᠭᠰᠡᠨ᠂ ᠨᠢᠷᠠᠢ ᠬᠠᠯᠠᠭᠤᠨ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄穿山甲
   ᠠᠩᠭ᠌ᠯᠢ ᠨᠡᠷ᠎ᠡ᠄Manis penradactyla Linnaeus

   ᠦᠰᠦᠭ ᠠᠮᠢᠯᠠᠭᠤᠯᠤᠭᠴᠢ᠄ ᠡᠷᠳᠡᠨᠢᠭᠣᠸ᠎ᠠ
   ᠬᠢᠨᠠᠭᠴᠢ᠄ ᠲᠤᠶᠠᠭ᠎ᠠ