ᠢᠳᠡᠭᠡᠨ ᠤᠮᠳᠠᠭᠠᠨ ᠤ ᠵᠢᠩᠬᠢᠨᠢ ᠳᠣᠪᠴᠢ– ᠬᠦᠰᠡᠬᠦᠢ ᠨᠠᠷ ᠨᠠᠢᠷᠠᠭᠤᠯᠵᠤ ᠬᠥᠬᠡᠯᠤᠤ ᠮᠣᠩᠭᠣᠯᠴᠢᠯᠠᠪᠠ –ᠨᠢᠭᠡᠳᠦᠭᠡᠷ ᠪᠣᠲᠢ-5 Идээ ундааны жинхэнэ товч– Хүсэхүй нар найруулж Хөхлуу монголчлов – Нэгдүгээр боть-5
ᠠᠷᠢᠬᠢ ᠤᠤᠭᠤᠬᠤ ᠶ᠋ᠢᠨ ᠠᠩᠬᠠᠷᠤᠯ ᠴᠡᠭᠡᠷᠯᠡᠯ
ᠵᠢᠷᠤᠭ ᠳᠣᠯᠣᠭ᠎ᠠ᠂ ᠠᠷᠢᠬᠢ ᠰᠠᠷᠬᠤᠳ ᠤᠤᠭᠤᠬᠤ ᠴᠡᠭᠡᠷᠯᠡᠯ

ᠠᠷᠢᠬᠢ ᠪᠣᠯᠪᠠᠰᠤ ᠭᠠᠰᠢᠭᠤᠨ᠂ ᠠᠮᠲᠠᠯᠢᠭ᠂ ᠭᠤᠱᠤᠭᠤᠨ ᠠᠮᠲᠠ ᠲᠠᠢ᠂ ᠶᠡᠬᠡ ᠬᠠᠯᠠᠭᠤᠨ᠂ ᠬᠣᠣᠷᠲᠠᠢ᠃ ᠡᠨᠡ ᠪᠣᠯᠪᠠᠰᠤ ᠭᠣᠣᠯᠳᠠᠭᠤ ᠡᠮ ᠦ᠋ᠨ ᠬᠦᠴᠦᠨ ᠴᠢᠳᠠᠯ ᠢ᠋ ᠭᠦᠶᠦᠯᠭᠡᠵᠦ᠂ ᠡᠲᠡᠭᠡᠳ ᠬᠣᠣᠷ ᠪᠦᠬᠦᠨ ᠢ᠋ ᠨᠢᠳᠤᠯᠤᠨ ᠮᠠᠭᠤ ᠠᠭᠤᠷ ᠢ᠋ ᠠᠷᠢᠯᠭᠠᠨ᠂ ᠴᠢᠰᠤᠨ ᠰᠤᠳᠠᠰᠤ ᠶ᠋ᠢ ᠨᠡᠪᠲᠡᠷᠡᠭᠦᠯᠦᠨ᠂ᠭᠡᠳᠡᠰᠦ ᠬᠣᠳᠣᠭᠣᠳᠣ ᠶ᠋ᠢ ᠰᠠᠢᠵᠢᠷᠠᠭᠤᠯᠤᠨ ᠠᠷᠠᠰᠤ ᠮᠢᠬ᠎ᠠ ᠶ᠋ᠢ ᠰᠢᠮᠡᠵᠢᠭᠤᠯᠵᠤ᠂ ᠤᠢᠳᠬᠠᠷ ᠵᠣᠪᠠᠭᠤᠷᠢ ᠶ᠋ᠢ ᠠᠷᠢᠯᠭᠠᠮᠤᠢ᠃ ᠡᠭᠦᠨ ᠢ᠋ ᠪᠠᠭ᠎ᠠ ᠤᠤᠭᠤᠪᠠᠰᠤ ᠪᠡᠶ᠎ᠡ ᠳ᠋ᠦ᠍ᠷ ᠰᠠᠢᠨ᠂ ᠪᠠᠯᠭᠤᠵᠤ ᠦᠯᠡᠮᠵᠢ ᠤᠤᠭᠤᠪᠠᠰᠤ ᠲᠠᠮᠢᠷ ᠢ᠋ ᠭᠡᠮᠲᠦᠭᠡᠵᠦ᠂ ᠠᠮᠢ ᠨᠠᠰᠤᠨ ᠳ᠋ᠤ᠌ ᠬᠣᠬᠢᠷᠠᠯ ᠤᠴᠠᠷᠠᠭᠤᠯᠤᠨ᠂ ᠬᠥᠮᠦᠨ ᠦ᠌ ᠮᠥᠨ ᠴᠢᠨᠠᠷ ᠢ᠋ ᠥᠭᠡᠷᠡᠴᠢᠯᠡᠬᠦ ᠲᠤᠯᠠ ᠲᠡᠭᠦᠨ ᠦ᠌ ᠬᠣᠣᠷ ᠭᠡᠮ ᠬᠡᠴᠡᠭᠦᠦ ᠰᠦᠷᠡᠬᠡᠢ ᠪᠣᠯᠠᠢ᠃ ᠠᠷᠢᠬᠢ ᠶ᠋ᠢ ᠬᠡᠲᠦᠷᠬᠡᠢ ᠰᠣᠭᠲᠣᠲᠠᠯ᠎ᠠ ᠤᠤᠭᠤᠵᠤ ᠬᠡᠮᠵᠢᠶ᠎ᠡ ᠡᠴᠡ ᠳᠠᠪᠠᠪᠠᠰᠤ ᠳᠠᠷᠤᠢ ᠠᠮᠢ ᠨᠠᠰᠤ ᠪᠠᠨ ᠦᠷᠡᠭᠳᠡᠭᠦᠯᠬᠦ ᠶ᠋ᠢᠨ ᠨᠢᠭᠡᠨ ᠰᠢᠯᠲᠠᠭᠠᠨ ᠪᠣᠯᠬᠤ ᠠᠨᠤ ᠮᠠᠭᠠᠳ ᠪᠥᠯᠥᠭᠡ ᠃ ᠠᠷᠢᠬᠢ ᠳᠠᠷᠠᠰᠤ ᠶ᠋ᠢ ᠬᠡᠲᠦᠷᠡᠲᠡᠯ᠎ᠡ ᠢᠯᠡᠭᠦᠦ ᠤᠤᠭᠤᠵᠤ ᠦᠯᠦ ᠪᠣᠯᠤᠮᠤᠢ᠃ ᠬᠡᠷᠪᠡ ᠬᠡᠲᠦᠷᠡᠭᠦᠯᠦᠭᠰᠡᠨ ᠢ᠋ᠶ᠋ᠡᠨ ᠮᠡᠳᠡᠪᠡᠰᠦ ᠠᠷᠭᠠᠴᠢᠯᠠᠨ ᠰᠢᠮᠳᠠᠨ ᠲᠦᠷᠭᠡᠨ ᠪᠥᠭᠡᠯᠵᠢᠪᠡᠰᠦ ᠰᠠᠢᠨ᠃ ᠡᠰᠡ ᠲᠡᠢᠮᠦ ᠪᠣᠯᠪᠠᠰᠤ ᠪᠠᠳᠬᠠᠨ ᠡᠪᠡᠳᠴᠢᠨ ᠣᠯᠤᠮᠤᠢ᠃
ᠠᠷᠢᠬᠢ ᠤᠤᠭᠤᠭᠠᠳ ᠮᠡᠳᠡᠭᠡ ᠰᠡᠭᠡ ᠦᠭᠡᠢ ᠱᠠᠯ ᠫᠠᠯ ᠪᠣᠯᠲᠠᠯ᠎ᠠ ᠶᠡᠬᠡ ᠰᠣᠭᠲᠣᠵᠤ ᠦᠯᠦ ᠪᠣᠯᠤᠮᠤᠢ᠃ ᠡᠰᠡ ᠲᠡᠢᠮᠦ ᠪᠣᠯᠪᠠᠰᠤ ᠨᠠᠰᠤᠨ ᠲᠤᠷᠰᠢ ᠡᠪᠡᠳᠴᠢᠨ ᠪᠦᠬᠦᠨ ᠢᠨᠦ ᠠᠷᠢᠯᠬᠤ ᠦᠭᠡᠢ ᠪᠣᠯᠤᠮᠤᠢ᠃
ᠠᠷᠢᠬᠢ ᠳᠠᠷᠠᠰᠤ ᠶ᠋ᠢ ᠤᠳᠠᠭᠠᠨ ᠡᠳᠦᠷ ᠲᠠᠰᠤᠷᠠᠰᠢ ᠦᠭᠡᠢ ᠤᠤᠭᠤᠵᠤ ᠦᠯᠦ ᠪᠣᠯᠤᠮᠤᠢ᠃ ᠡᠨᠡ ᠢᠨᠦ ᠬᠣᠳᠣᠭᠣᠳᠣ ᠭᠡᠳᠡᠰᠦ ᠶ᠋ᠢ ᠢᠯᠵᠠᠷᠠᠭᠤᠯᠤᠨ᠂ ᠴᠢᠮᠥᠭᠡ ᠶ᠋ᠢ ᠳᠡᠪᠲᠦᠭᠡᠵᠦ ᠰᠢᠷᠪᠥᠰᠥ ᠶ᠋ᠢ ᠬᠠᠯᠠᠭᠤᠷᠠᠭᠤᠯᠬᠤ ᠠ᠋ᠴᠠ ᠰᠡᠷᠭᠡᠢᠯᠡᠭᠰᠡᠨ ᠬᠡᠷᠡᠭ ᠪᠥᠯᠥᠭᠡ᠃
ᠰᠣᠭᠲᠣᠪᠠᠰᠤ ᠵᠢᠪᠠᠷ ᠰᠠᠯᠬᠢᠨ ᠳᠡᠭᠡᠷ᠎ᠡ ᠪᠤᠤ ᠬᠡᠪᠲᠡᠭᠲᠦᠨ᠂ ᠡᠰᠡ ᠲᠡᠢᠮᠦ ᠪᠣᠯᠪᠠᠰᠤ ᠰᠠᠯᠬᠢ ᠡᠪᠡᠳᠴᠢᠨ ᠣᠯᠤᠮᠤᠢ᠃
ᠰᠣᠭᠲᠣᠪᠠᠰᠤ ᠨᠠᠷᠠᠨ ᠭᠡᠷᠡᠯ ᠥᠭᠡᠳᠡ ᠪᠤᠤ ᠬᠡᠪᠲᠡᠲᠦᠭᠡᠢ᠃ ᠡᠰᠡ ᠲᠡᠢᠮᠦ ᠪᠣᠯᠪᠠᠰᠤ ᠬᠥᠮᠦᠨ ᠢ᠋ ᠰᠣᠯᠢᠶᠠᠷᠠᠭᠤᠯᠤᠮᠤᠢ᠃
ᠰᠣᠭᠲᠣᠪᠠᠰᠤ ᠪᠤᠰᠤᠳ ᠢ᠋ᠶ᠋ᠠᠷ ᠳᠡᠪᠢᠭᠦᠷᠳᠡᠭᠦᠯᠦᠨ ᠰᠡᠷᠢᠭᠦᠴᠡᠵᠦ ᠦᠯᠦ ᠪᠣᠯᠤᠮᠤᠢ᠃ ᠡᠨᠡ ᠪᠣᠯᠪᠠᠰᠤ ᠲᠠᠯ᠎ᠠ ᠪᠡᠶ᠎ᠡ ᠶ᠋ᠢᠨ ᠰᠠ ᠲᠤᠰᠬᠤ ᠠ᠋ᠴᠠ ᠰᠡᠷᠭᠡᠢᠯᠡᠭᠰᠡᠨ ᠪᠣᠯᠠᠢ᠃
ᠰᠣᠭᠲᠣᠪᠠᠰᠤ ᠰᠢᠭᠦᠳᠡᠷᠢ ᠲᠡᠢ ᠭᠠᠵᠠᠷ᠎ᠠ ᠬᠡᠪᠲᠡᠵᠦ ᠦᠯᠦ ᠪᠣᠯᠤᠮᠤᠢ᠃ ᠡᠨᠡ ᠪᠣᠯᠪᠠᠰᠤ ᠬᠦᠢᠲᠡᠨ ᠨᠣᠢᠲᠠᠨ ᠠ᠋ᠴᠠ ᠪᠣᠯᠵᠤ ᠳᠤᠯᠠᠢ ᠡᠪᠡᠳᠴᠢᠨ ᠳ᠋ᠦ᠍ ᠨᠡᠷᠪᠡᠭᠳᠡᠬᠦ ᠡᠴᠡ ᠰᠡᠷᠭᠡᠢᠯᠡᠭᠰᠡᠨ ᠪᠣᠯᠠᠢ᠃
ᠰᠣᠭᠲᠣᠭᠰᠠᠨ ᠪᠥᠭᠡᠳ ᠬᠥᠯᠥᠷᠡᠵᠦ ᠪᠠᠢᠭᠠᠳ ᠵᠢᠪᠠᠷ ᠰᠠᠯᠬᠢᠨ ᠳᠡᠭᠡᠷ᠎ᠡ ᠪᠠᠢᠪᠠᠰᠤ ᠪᠡᠶ᠎ᠡ ᠳ᠋ᠦ᠍ᠷ ᠰᠠᠯᠬᠢ ᠰᠢᠷᠭᠤᠮᠤᠢ᠃
ᠰᠣᠭᠲᠣᠪᠠᠰᠤ ᠰᠢᠯᠦᠬᠡᠢ ᠠᠮᠤ ᠶ᠋ᠢᠨ ᠰᠦᠷᠡᠯ ᠳ᠋ᠦ᠍ᠷ ᠬᠡᠪᠲᠡᠵᠦ ᠦᠯᠦ ᠪᠣᠯᠤᠮᠤᠢ᠃ ᠡᠨᠡ ᠪᠣᠯᠪᠠᠰᠤ ᠬᠠᠮᠠᠭᠤ ᠭᠠᠷᠤᠭᠤᠵᠠᠢ ᠭᠡᠮᠡᠨ ᠰᠡᠷᠭᠡᠢᠯᠡᠭᠰᠡᠨ ᠪᠣᠯᠠᠢ᠃
ᠰᠣᠭᠲᠣᠪᠠᠰᠤ ᠬᠠᠲᠠᠭᠤᠵᠢᠨ ᠢᠳᠡᠵᠦ ᠤᠤᠭᠤᠬᠤ ᠪᠤᠶᠤ ᠠᠭᠤᠷᠯᠠᠨ ᠬᠢᠯᠢᠩᠯᠡᠵᠦ ᠦᠯᠦ ᠪᠣᠯᠤᠮᠤᠢ᠃ ᠡᠨᠡ ᠢᠨᠦ ᠪᠣᠭᠣᠮ᠎ᠠ ᠬᠠᠪᠤᠳᠠᠷ ᠲᠤ᠌ ᠨᠡᠷᠪᠡᠭᠳᠡᠬᠦ ᠡᠴᠡ ᠰᠡᠷᠭᠡᠢᠯᠡᠭᠰᠡᠨ ᠬᠡᠷᠡᠭ ᠶᠦ᠍ᠮ᠃
ᠰᠣᠭᠲᠣᠪᠠᠰᠤ ᠮᠣᠷᠢ ᠤᠨᠤᠬᠤ ᠳᠠᠪᠬᠢᠬᠤ ᠪᠤᠶᠤ ᠦᠰᠦᠷᠴᠦ ᠬᠠᠷᠠᠢᠵᠤ ᠦᠯᠦ ᠪᠣᠯᠤᠮᠤᠢ ᠡᠨᠡ ᠢᠨᠦ ᠶᠠᠰᠤ ᠰᠢᠷᠪᠥᠰᠥ ᠪᠡᠨ ᠪᠡᠷᠲᠡᠭᠡᠨ ᠰᠢᠷᠬᠠᠲᠤᠭᠤᠯᠬᠤ ᠠ᠋ᠴᠠ ᠰᠡᠷᠭᠡᠢᠯᠡᠬᠦ ᠶ᠋ᠢᠨ ᠲᠥᠯᠥᠭᠡ ᠪᠣᠯᠠᠢ᠃
ᠰᠣᠭᠲᠣᠪᠠᠰᠤ ᠬᠤᠷᠢᠴᠠᠯ ᠦᠢᠯᠡᠳᠴᠦ ᠦᠯᠦ ᠪᠣᠯᠤᠮᠤᠢ᠃ ᠡᠰᠡ ᠲᠡᠢᠮᠦ ᠪᠣᠯᠬᠤᠯ᠎ᠠ ᠠᠳᠠᠭ ᠲᠠᠭᠠᠨ ᠨᠢᠭᠤᠷ ᠴᠢᠷᠠᠢ ᠠᠨᠤ ᠬᠠᠷᠠᠯᠠᠵᠤ ᠬᠠᠨᠢᠶᠠᠨ᠂ ᠠᠭᠳᠠᠪᠠᠰᠤ ᠴᠤᠯᠤ ᠰᠠᠪᠠ ᠶ᠋ᠢ ᠭᠡᠮᠳᠦᠭᠦᠯᠦᠨ ᠶᠣᠯᠬᠣᠳᠠᠰᠤ ᠪᠠ ᠬᠣᠰᠬᠢᠨᠠᠭ ᠤ᠋ᠨ ᠭᠦᠪᠳᠦᠷᠦᠦ ᠵᠡᠷᠭᠡ ᠡᠪᠡᠳᠴᠢᠨ ᠳ᠋ᠦ᠍ ᠨᠡᠷᠪᠡᠭᠳᠡᠭᠦᠯᠦᠮᠦᠢ᠃
ᠰᠣᠭᠲᠣᠪᠠᠰᠤ ᠬᠦᠢᠲᠡᠨ ᠤᠰᠤ ᠪᠠᠷ ᠨᠢᠭᠤᠷ ᠢ᠋ᠶ᠋ᠠᠨ ᠤᠬᠢᠶᠠᠵᠤ ᠦᠯᠦ ᠪᠣᠯᠤᠮᠤᠢ᠃ ᠡᠨᠡ ᠢᠨᠦ ᠨᠢᠭᠤᠷ ᠴᠢᠷᠠᠢ ᠶ᠋ᠢᠨ ᠳᠡᠭᠡᠷ᠎ᠡ ᠶᠠᠷ᠎ᠠ ᠰᠢᠷᠬ᠎ᠠ ᠭᠠᠷᠤᠭᠤᠵᠠᠢ ᠭᠡᠮᠡᠨ ᠰᠡᠷᠭᠡᠢᠯᠡᠭᠰᠡᠨ ᠬᠡᠷᠡᠭ ᠶᠦ᠍ᠮ᠃
ᠰᠣᠭᠲᠣᠭᠠᠳ ᠠᠷᠢᠬᠢ ᠰᠡᠷᠢᠭᠰᠡᠨ ᠦ᠌ ᠰᠡᠭᠦᠯᠡᠷ ᠳᠠᠪᠲᠠᠨ ᠤᠤᠭᠤᠵᠤ ᠦᠯᠦ ᠪᠣᠯᠤᠮᠤᠢ᠃ ᠡᠨᠡ ᠢᠨᠦ ᠭᠡᠮᠲᠦᠯ ᠳᠡᠭᠡᠷ᠎ᠡ ᠭᠡᠮᠲᠦᠯ ᠳᠠᠪᠬᠤᠴᠠᠬᠤ ᠠ᠋ᠴᠠ ᠬᠡᠷᠰᠡᠦᠯᠡᠭᠰᠡᠨ ᠪᠥᠯᠥᠭᠡ᠃
ᠰᠣᠭᠲᠣᠪᠠᠰᠤ ᠲᠡᠩᠬᠡ ᠮᠡᠳᠡᠨ ᠬᠠᠰᠬᠢᠷᠤᠨ ᠪᠠᠷᠬᠢᠷᠠᠬᠤ ᠪᠤᠶᠤ ᠰᠦᠷᠡᠬᠡᠢ ᠬᠢᠯᠢᠩᠯᠡᠨ ᠤᠨᠲᠤᠭᠤᠴᠠᠵᠤ ᠦᠯᠦ ᠪᠣᠯᠤᠮᠤᠢ᠃ ᠡᠨᠡ ᠢᠨᠦ ᠬᠡᠢ ᠡᠪᠡᠳᠴᠢᠨ ᠳ᠋ᠦ᠍ ᠨᠡᠷᠪᠡᠭᠳᠡᠬᠦ ᠡᠴᠡ ᠪᠣᠯᠭᠣᠮᠵᠢᠯᠠᠭᠰᠠᠨ ᠪᠣᠯᠠᠢ᠃
ᠪᠢᠲᠡᠭᠦᠨ ᠦ᠌ ᠡᠳᠦᠷ ᠪᠢᠲᠡᠭᠡᠢ ᠶᠡᠬᠡ ᠰᠣᠭᠲᠣᠭᠲᠤᠨ᠂ ᠡᠨᠡ ᠢᠨᠦ ᠰᠠᠷ᠎ᠠ ᠶ᠋ᠢᠨ ᠬᠣᠭᠣᠰᠣᠷᠠᠯ ᠠ᠋ᠴᠠ ᠴᠡᠭᠡᠷᠯᠡᠭᠰᠡᠨ ᠪᠣᠯᠠᠢ᠃
ᠰᠣᠭᠲᠣᠪᠠᠰᠤ ᠡᠭᠡᠳᠡᠩ ᠤᠮᠳᠠ ᠶ᠋ᠢ ᠪᠢᠲᠡᠭᠡᠢ ᠤᠤᠭᠤ᠂ ᠡᠨᠡ ᠢᠨᠦ ᠬᠠᠬᠠᠵᠤ ᠵᠠᠩᠭᠢᠷᠠᠭ᠎ᠠ ᠡᠪᠡᠳᠴᠢᠨ ᠡᠴᠡ ᠰᠡᠷᠭᠡᠢᠯᠡᠭᠰᠡᠨ ᠪᠣᠯᠠᠢ᠃
ᠰᠣᠭᠲᠣᠭᠰᠠᠨ ᠳᠠᠷᠤᠢ ᠬᠡᠪᠲᠡᠵᠦ ᠦᠯᠦ ᠪᠣᠯᠤᠮᠤᠢ᠂ ᠡᠨᠡ ᠢᠨᠦ ᠴᠢᠷᠠᠢ ᠶ᠋ᠢᠨ ᠳᠡᠭᠡᠷ᠎ᠡ ᠨᠢ ᠶᠠᠷ᠎ᠠ ᠰᠢᠷᠬ᠎ᠠ ᠬᠠᠲᠠᠭᠢ ᠭᠠᠷᠬᠤ ᠬᠢᠭᠡᠳ ᠳᠣᠲᠣᠷ ᠳᠦᠭᠦᠷᠴᠦ ᠴᠤᠭᠯᠠᠷᠠᠬᠤ ᠠ᠋ᠴᠠ ᠪᠣᠯᠭᠣᠮᠵᠢᠯᠠᠭᠰᠠᠨ ᠤᠬᠠᠭᠠᠨ ᠶᠤᠮ᠃
ᠶᠡᠬᠡᠯ᠎ᠡ ᠰᠣᠭᠲᠣᠪᠠᠰᠤ ᠪᠢᠲᠡᠭᠡᠢ ᠳ᠋ᠧᠩ ᠵᠤᠯᠠ ᠠᠰᠠᠭᠠᠵᠤ ᠪᠠᠢᠭᠠᠳ ᠣᠷᠢᠯᠠᠨ ᠬᠠᠰᠬᠢᠷᠤᠭᠲᠤᠨ᠃ ᠡᠨᠡ ᠢᠨᠦ ᠲᠠᠮᠢᠷ ᠰᠦᠯᠳᠡ ᠪᠡᠨ ᠪᠠᠲᠤᠳᠬᠠᠨ ᠰᠠᠬᠢᠵᠤ ᠴᠢᠳᠠᠬᠤ ᠦᠭᠡᠢ ᠪᠤᠰᠠᠨᠢᠭᠤᠯᠵᠤ ᠪᠣᠯᠭᠤᠵᠠᠢ ᠭᠡᠮᠡᠨ ᠪᠣᠯᠭᠣᠮᠵᠢᠯᠠᠭᠰᠠᠨ ᠤᠳᠬ᠎ᠠ ᠪᠣᠯᠠᠢ᠃
ᠰᠣᠭᠲᠣᠪᠠᠰᠤ ᠬᠦᠢᠲᠡᠨ ᠰᠢᠭᠦᠰᠦᠯᠢᠭ ᠡᠭᠡᠳᠡᠩ ᠤᠮᠳᠠ ᠶ᠋ᠢ ᠪᠤᠤ ᠤᠤᠭᠤ᠃ ᠡᠨᠡ ᠢᠨᠦ ᠳᠠᠭᠤᠨ ᠬᠠᠭᠠᠭᠳᠠᠬᠤ ᠪᠠ ᠵᠠᠩᠭᠢᠷᠠᠭ᠎ᠠ ᠠᠷᠬᠠᠭ ᠲᠤ᠌ ᠨᠡᠷᠪᠡᠭᠳᠡᠬᠦ ᠡᠴᠡ ᠰᠡᠷᠭᠡᠢᠯᠡᠭᠰᠡᠨ ᠪᠣᠯᠠᠢ᠃
ᠠᠷᠢᠬᠢ ᠤᠤᠭᠤᠬᠤ ᠦᠶ᠎ᠡ ᠳ᠋ᠦ᠍ᠷ ᠠᠷᠢᠬᠢᠨ ᠳ᠋ᠤᠷ ᠬᠥᠮᠦᠨ ᠦ᠌ ᠰᠡᠭᠦᠳᠡᠷ ᠦᠯᠦ ᠬᠠᠷᠠᠭᠳᠠᠪᠠᠰᠤ ᠪᠢᠲᠡᠭᠡᠢ ᠤᠤᠭᠤᠲᠤᠭᠠᠢ᠃
ᠰᠣᠭᠲᠣᠪᠠᠰᠤ ᠰᠢᠩᠭᠡᠨ ᠮᠥᠷ ᠦᠵᠡᠬᠦ ᠶ᠋ᠢ ᠪᠢᠲᠡᠭᠡᠢ ᠬᠦᠴᠦᠯᠡᠨ ᠪᠣᠭᠣᠲᠤᠭᠠᠢ᠂ ᠡᠨᠡ ᠢᠨᠦ ᠰᠢᠭᠡᠰᠦ ᠴᠢᠪᠳᠠᠭᠰᠢᠬᠤ ᠡᠪᠦᠳᠦᠭ ᠦ᠋ᠨ ᠬᠦᠢᠲᠡᠨ ᠰᠢᠷ᠎ᠠ ᠤᠰᠤᠨ ᠡᠪᠡᠳᠴᠢᠨ ᠣᠯᠬᠤ ᠠ᠋ᠴᠠ ᠰᠡᠷᠭᠡᠢᠯᠡᠭᠰᠡᠨ ᠬᠡᠷᠡᠭ ᠶᠦ᠍ᠮ᠃
ᠥᠯᠥᠨ ᠭᠡᠳᠡᠰᠦ ᠪᠡᠷ ᠠᠷᠢᠬᠢ ᠤᠤᠭᠤᠵᠤ ᠰᠣᠭᠲᠣᠬᠤᠯᠠ ᠰᠠᠭᠠᠷ ᠦᠭᠡᠢ ᠪᠥᠭᠡᠯᠵᠢᠮᠦᠢ᠃
ᠰᠣᠭᠲᠣᠪᠠᠰᠤ ᠥᠳᠬᠡᠨ ᠮᠥᠷ ᠦᠵᠡᠬᠦ ᠶ᠋ᠢ ᠪᠢᠲᠡᠭᠡᠢ ᠬᠠᠷ᠎ᠠ ᠠᠯᠪᠠ ᠪᠠᠷ ᠲᠡᠰᠪᠦᠷᠢᠯᠡᠨ ᠬᠠᠭᠠᠭᠠᠵᠦ ᠪᠠᠢᠭᠲᠤᠨ ᠡᠨᠡ ᠢᠨᠦ ᠶᠣᠯᠬᠣᠳᠠᠰᠤᠯᠠᠬᠤ ᠪᠣᠯᠤᠨ ᠱᠠᠩᠹᠤᠷᠤᠮ ᠳ᠋ᠤ᠌ ᠨᠡᠷᠪᠡᠭᠳᠡᠬᠦ ᠡᠴᠡ ᠰᠡᠷᠡᠮᠵᠢᠯᠡᠭᠰᠡᠨ ᠪᠣᠯᠠᠢ᠃ ᠠᠷᠢᠬᠢ ᠳ᠋ᠤᠷ ᠠᠮᠲᠠᠯᠢᠭ ᠵᠦᠢᠯ ᠦ᠋ᠳ ᠢ᠋ ᠴᠡᠭᠡᠷᠯᠡᠮᠦᠢ᠃
ᠰᠣᠭᠲᠣᠪᠠᠰᠤ ᠭᠠᠬᠠᠢ ᠶ᠋ᠢᠨ ᠮᠢᠬ᠎ᠠ ᠢᠳᠡᠬᠦ ᠦᠭᠡᠢ ᠪᠣᠯ ᠳᠡᠭᠡᠷ᠎ᠡ᠃ ᠡᠨᠡ ᠢᠨᠦ ᠬᠡᠢ ᠲᠥᠷᠥᠬᠦ ᠡᠴᠡ ᠰᠡᠷᠡᠮᠵᠢᠯᠡᠭᠰᠡᠨ ᠪᠣᠯᠠᠢ᠃
ᠰᠣᠭᠲᠣᠪᠠᠰᠤ ᠬᠠᠲᠠᠭᠤᠵᠢᠨ ᠬᠦᠴᠦᠯᠡᠵᠦ᠂ ᠶᠠᠭᠤᠮ᠎ᠠ ᠬᠡᠦᠮ᠎ᠡ ᠡᠷᠭᠦᠵᠦ ᠦᠯᠦ ᠪᠣᠯᠤᠮᠤᠢ᠂ ᠡᠨᠡ ᠪᠣᠯᠪᠠᠰᠤ ᠬᠦᠴᠦᠨ ᠲᠠᠮᠢᠷ ᠢ᠋ ᠬᠣᠷᠣᠭᠳᠠᠭᠤᠯᠤᠨ ᠰᠢᠷᠪᠥᠰᠥ ᠰᠢᠨᠳᠠᠰᠤ ᠪᠠᠨ ᠭᠡᠮᠲᠦᠭᠡᠭᠦᠵᠡᠢ ᠬᠡᠮᠡᠭᠰᠡᠨ ᠪᠣᠯᠠᠢ᠃
ᠠᠷᠢᠬᠢ ᠳᠠᠷᠠᠰᠤ ᠤᠤᠭᠤᠬᠤ ᠳ᠋ᠠᠭᠠᠨ ᠭᠠᠬᠠᠢ ᠬᠣᠨᠢ ᠢᠮᠠᠭᠠᠨ ᠤ᠋ ᠲᠠᠷᠢᠬᠢ ᠶ᠋ᠢ ᠪᠢᠲᠡᠭᠡᠢ ᠢᠳᠡ᠂ ᠡᠨᠡ ᠪᠣᠯᠪᠠᠰᠤ ᠬᠥᠮᠦᠨ ᠢ᠋ ᠶᠡᠬᠡ ᠭᠡᠮᠲᠦᠭᠡᠳᠡᠭ᠃ ᠢᠯᠠᠩᠭᠤᠶ᠎ᠠ ᠪᠡᠶ᠎ᠡ ᠶ᠋ᠢᠨ ᠪᠢᠰᠢᠯᠭᠠᠯ ᠪᠠ ᠠᠷᠠᠴᠢᠯᠠᠯ ᠬᠢᠵᠦ ᠪᠦᠬᠦᠢ ᠮᠡᠷᠭᠡᠳ ᠴᠡᠭᠡᠷᠯᠡᠪᠡᠰᠦ ᠵᠣᠬᠢᠮᠤᠢ᠃
ᠰᠣᠭᠲᠣᠪᠠᠰᠤ ᠵᠢᠪᠠᠷ ᠰᠠᠯᠬᠢᠨ ᠳᠡᠭᠡᠷ᠎ᠡ ᠰᠡᠷᠢᠭᠦᠴᠡᠵᠦ ᠬᠥᠯ ᠢ᠋ᠶ᠋ᠡᠨ ᠨᠢᠴᠦᠭᠦᠯᠡᠵᠦ ᠦᠯᠦ ᠪᠣᠯᠤᠮᠤᠢ᠃ ᠡᠨᠡ ᠮᠢᠨᠦ ᠬᠥᠯ ᠦ᠋ᠨ ᠪᠢᠯᠴᠠᠤ ᠪᠣᠯᠤᠭᠤᠵᠠᠢ ᠬᠡᠮᠡᠭᠰᠡᠨ ᠪᠣᠯᠠᠢ᠃
ᠰᠣᠭᠲᠣᠪᠠᠰᠤ ᠬᠦᠢᠲᠡᠨ ᠨᠣᠢᠲᠠᠨ ᠭᠠᠵᠠᠷ ᠪᠢᠲᠡᠭᠡᠢ ᠬᠡᠪᠲᠡᠲᠦᠭᠡᠢ᠃ ᠡᠨᠡ ᠢᠨᠦ ᠶᠠᠰᠤ ᠰᠢᠷᠪᠥᠰᠥ ᠪᠡᠨ ᠭᠡᠮᠲᠦᠭᠡᠵᠦ᠂ ᠬᠦᠢᠲᠡᠨ ᠰᠢᠷ᠎ᠠ ᠤᠰᠤᠨ ᠤ᠋ ᠡᠪᠡᠷᠰᠢᠶᠡᠯ ᠪᠣᠯᠤᠭᠤᠵᠠᠢ ᠬᠡᠮᠡᠭᠰᠡᠨ ᠪᠣᠯᠠᠢ᠃
ᠰᠣᠭᠲᠣᠪᠠᠰᠤ ᠤᠰᠤᠨ ᠳ᠋ᠤᠷ ᠣᠷᠣᠵᠤ ᠤᠬᠢᠶᠠᠯᠭ᠎ᠠ ᠬᠢᠬᠦ ᠦᠭᠡᠢ ᠪᠣᠯ ᠰᠠᠢᠨ᠃ ᠡᠨᠡ ᠪᠣᠯᠪᠠᠰᠤ ᠨᠢᠳᠦᠨ ᠡᠪᠡᠳᠴᠢᠨ ᠳ᠋ᠦ᠍ᠷ ᠨᠡᠷᠪᠡᠭᠳᠡᠬᠦ ᠡᠴᠡ ᠪᠣᠯᠭᠣᠮᠵᠢᠯᠠᠭᠰᠠᠨ ᠪᠣᠯᠠᠢ᠃ ᠬᠡᠷᠪᠡ ᠨᠢᠳᠦᠨ ᠡᠪᠡᠳᠴᠢᠨ ᠳ᠋ᠦ᠍ᠷ ᠨᠡᠷᠪᠩᠳᠡᠪᠡᠰᠣ ᠠᠷᠢᠬᠢᠨ ᠳ᠋ᠤ᠌ ᠰᠣᠭᠲᠣᠭᠠᠳ ᠰᠠᠷᠢᠮᠰᠠᠭ ᠢᠳᠡᠬᠦ ᠶ᠋ᠢ ᠮᠠᠭᠠᠳ ᠴᠡᠭᠡᠷᠯᠡᠬᠦ ᠬᠡᠷᠡᠭᠲᠡᠢ᠃
ᠦᠰᠦᠭ ᠠᠮᠢᠯᠠᠭᠤᠯᠤᠭᠰᠠᠨ ᠨᠢ ᠄ ᠭᠠᠸᠠ
ᠬᠢᠨᠠᠭᠴᠢ ᠄ ᠲᠤᠭᠴᠢ ᠰᠠᠷᠠᠨ᠎ᠠ
