ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠠᠬ᠎ᠠ ᠳᠡᠭᠦᠦ ᠭᠤᠷᠪᠠ Гураван настай гунаган улаан баатар - Ах дүү гурв ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠠᠬ᠎ᠠ ᠳᠡᠭᠦᠦ ᠭᠤᠷᠪᠠ Гураван настай гунаган улаан баатар - Ах дүү гурв

ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠠᠬ᠎ᠠ ᠳᠡᠭᠦᠦ ᠭᠤᠷᠪᠠ Гураван настай гунаган улаан баатар - Ах дүү гурв

ᠠᠩᠭᠢᠯᠠᠯ:ᠳᠣᠮᠣᠭ ᠦᠯᠢᠭᠡᠷ
2025-11-25

203

ᠠᠬ᠎ᠠ ᠳᠡᠭᠦᠦ ᠭᠤᠷᠪᠠ


       ᠡᠷᠲᠡ ᠤᠷᠢᠳᠤ ᠦᠶ᠎ᠡ ᠳ᠋ᠦ᠍᠂ ᠠᠬ᠎ᠠ ᠳᠡᠭᠦᠦ ᠭᠤᠷᠪᠠ ᠪᠠᠢᠭᠰᠠᠨ ᠭᠡᠨ᠎ᠡ᠃ ᠡᠨᠡ ᠠᠬ᠎ᠠ ᠳᠡᠭᠦᠦ ᠭᠤᠷᠪᠠ ᠶ᠋ᠢᠨ ᠶᠡᠬᠡ ᠠᠬ᠎ᠠ ᠨᠢ᠂ ᠠᠵᠢᠯ ᠬᠢᠪᠡᠯ ᠳᠤᠤᠭᠠᠷᠬᠤ ᠦᠭᠡᠢ ᠵᠠᠩ ᠲᠠᠢ ᠭᠡᠨ᠎ᠡ᠃ ᠬᠣᠶᠠᠳᠤᠭᠠᠷ ᠨᠢ᠂ ᠠᠷᠠᠯᠵᠢᠭ᠎ᠠ ᠮᠠᠢᠮᠠᠢ ᠬᠢᠬᠦ ᠳ᠋ᠦ᠍᠂ ᠶᠡᠷᠦ ᠳ᠋ᠡᠭᠡᠨ ᠬᠣᠨᠵᠢᠭᠳᠠᠬᠤ ᠦᠭᠡᠢ ᠴᠢᠳᠠᠯ ᠲᠠᠢ ᠭᠡᠨ᠎ᠡ᠃ ᠭᠤᠷᠪᠠᠳᠤᠭᠠᠷ ᠨᠢ᠂ ᠠᠵᠢᠯ ᠬᠢᠬᠦ ᠳ᠋ᠡᠭᠡᠨ ᠬᠣᠶᠠᠷ ᠦᠵᠦᠭᠦᠷ ᠦ᠋ᠨ ᠨᠠᠷᠠ ᠶ᠋ᠢ ᠦᠵᠡᠬᠦ ᠦᠭᠡᠢ ᠰᠢᠳᠤᠷᠭᠤ ᠠᠵᠢᠯᠯᠠᠳᠠᠭ ᠭᠡᠨ᠎ᠡ᠃  
       ᠴᠢᠩᠭᠢᠭᠡᠳ ᠨᠢᠭᠡᠨ ᠡᠳᠦᠷ᠂ ᠠᠬ᠎ᠠ ᠳᠡᠭᠦᠦ ᠭᠤᠷᠪᠠᠭᠤᠯᠠ ᠪᠠᠨ ᠠᠵᠢᠯ ᠡᠷᠢᠬᠦ ᠪᠡᠷ ᠶᠠᠪᠤᠵᠤ᠂ ᠨᠢᠭᠡ ᠶᠡᠬᠡ ᠠᠢᠯ ᠤ᠋ᠨ ᠳᠤᠮᠳᠠ ᠣᠷᠣᠵᠤ ᠢᠷᠡᠭᠡᠳ᠂ ᠦᠳᠡᠯᠡᠵᠦ ᠭᠠᠷᠤᠶ᠎ᠠ ᠭᠡᠵᠦ᠂ ᠨᠢᠭᠡᠨ ᠶᠡᠬᠡ ᠬᠦᠷᠢᠶᠡᠨ ᠦ᠌ ᠭᠠᠳᠠᠨ᠎ᠠ ᠰᠠᠭᠤᠵᠤ ᠲᠠᠮᠠᠬᠢ ᠲᠠᠲᠠᠳᠠᠭ ᠨᠢ ᠲᠠᠮᠠᠬᠢ ᠪᠠᠨ ᠲᠠᠲᠠᠵᠤ᠂ ᠲᠠᠲᠠᠳᠠᠭ ᠦᠭᠡᠢ ᠨᠢ ᠬᠤᠷᠤᠳ ᠢ᠋ᠶ᠋ᠠᠨ ᠬᠡᠮᠡᠯᠢᠵᠦ ᠪᠠᠢᠭᠰᠠᠨ ᠳ᠋ᠤ᠌᠂ ᠥᠨᠥ ᠶᠡᠬᠡ ᠬᠦᠷᠢᠶᠡᠨ ᠦ᠌ ᠡᠵᠡᠨ᠂ ᠨᠢᠭᠡᠨ ᠲᠠᠭᠳᠠᠭᠠᠷ ᠪᠡᠶ᠎ᠡ ᠲᠡᠢ ᠲᠠᠷᠭᠤᠨ ᠬᠥᠮᠦᠨ᠂ ᠬᠣᠶᠠᠷ ᠣᠬᠣᠷ ᠬᠥᠯ ᠢ᠋ᠶ᠋ᠡᠨ ᠨᠡᠭᠦᠯᠭᠡᠭᠰᠡᠭᠡᠷ ᠡᠳᠡ ᠠᠬ᠎ᠠ ᠳᠡᠭᠦᠦ ᠭᠤᠷᠪᠠ ᠶ᠋ᠢᠨ ᠳᠡᠷᠭᠡᠳᠡ ᠢᠷᠡᠭᠡᠳ᠄《ᠲᠠ ᠭᠤᠷᠪᠠᠭᠤᠯᠠ ᠶᠠᠭᠤᠨ ᠳ᠋ᠤ᠌ ᠠᠵᠢᠯ ᠬᠢᠬᠦ ᠦᠭᠡᠢ ᠵᠦᠭᠡᠷ ᠠᠢᠯ ᠬᠡᠰᠦᠵᠦ ᠶᠠᠪᠤᠵᠤ ᠪᠠᠢᠨ᠎ᠠ ᠪᠣᠢ?》 ᠭᠡᠰᠡᠨ ᠳ᠋ᠦ᠍᠂ ᠠᠬ᠎ᠠ ᠨᠢ᠄《 ᠪᠢᠳᠡ ᠪᠣᠯ ᠰᠢᠳᠤᠷᠭᠤ ᠨᠡᠷ᠎ᠡ ᠲᠡᠢ ᠡᠪᠦᠭᠡᠨ ᠦ᠌ ᠬᠡᠦᠬᠡᠳ ᠪᠢᠯᠡ᠃ ᠡᠴᠢᠭᠡ ᠮᠢᠨᠢ ᠨᠢᠭᠡ ᠨᠠᠰᠤᠨ ᠳ᠋ᠠᠭᠠᠨ᠂ ᠠᠷᠪᠠᠢ ᠨᠡᠷ᠎ᠡ ᠲᠡᠢ ᠪᠠᠶᠠᠨ ᠳ᠋ᠤ᠌ ᠠᠵᠢᠯᠯᠠᠵᠤ ᠥᠭᠭᠦᠭᠡᠳ᠂ ᠶᠠᠭᠤ ᠴᠤ᠌ ᠣᠯᠤᠭᠰᠠᠨ ᠦᠭᠡᠢ᠂ ᠨᠢᠷᠤᠭᠤ ᠪᠠᠨ ᠪᠥᠭᠲᠥᠷ ᠪᠣᠯᠲᠠᠯ᠎ᠠ᠂ ᠨᠢᠭᠤᠷ ᠢ᠋ᠶ᠋ᠠᠨ ᠳᠣᠷᠣᠰᠬ᠎ᠠ ᠪᠣᠯᠲᠠᠯ᠎ᠠ ᠶᠠᠪᠤᠵᠤ᠂ ᠡᠴᠦᠰ ᠲᠡᠭᠡᠨ ᠬᠥᠪᠡᠭᠦᠳ ᠲᠡᠭᠡᠨ ᠶᠠᠭᠤ ᠴᠤ᠌ ᠦᠯᠡᠳᠡᠭᠡᠵᠦ ᠥᠭᠭᠦᠭᠰᠡᠨ ᠦᠭᠡᠢ ᠨᠠᠰᠤ ᠨᠥᠭᠴᠢᠪᠡ》 ᠭᠡᠰᠡᠨ ᠳ᠋ᠦ᠍᠂ ᠫᠠᠭᠳᠠᠭᠠᠷ ᠪᠠᠶᠠᠨ ᠰᠣᠨᠣᠰᠤᠭᠠᠳ᠂ ᠶᠡᠬᠡᠯ᠎ᠡ ᠢᠨᠢᠶᠡᠵᠦ᠄《ᠶᠠᠭᠤᠨ ᠳ᠋ᠤ᠌ ᠶᠠᠭᠤ ᠴᠤ᠌ ᠦᠯᠡᠳᠡᠭᠡᠵᠦ ᠥᠭᠭᠦᠭᠰᠡᠨ ᠦᠭᠡᠢ ᠭᠡᠵᠦ ᠬᠡᠯᠡᠨ᠎ᠡ ᠪᠣᠢ᠃ ᠲᠠ ᠭᠤᠷᠪᠠ ᠰᠢᠭ᠋ ᠡᠢᠮᠦ ᠴᠠᠬᠢᠷᠠᠭ ᠵᠠᠯᠠᠭᠤ ᠶ᠋ᠢ ᠣᠷᠴᠢᠯᠠᠩ ᠳ᠋ᠤ᠌ ᠦᠯᠡᠳᠡᠭᠡᠭᠰᠡᠨ ᠴᠢᠨᠢ᠂ ᠮᠠᠨ ᠤ᠋ ᠠᠳᠠᠯᠢ ᠡᠳ᠋ ᠢ᠋ᠶ᠋ᠡᠷ ᠣᠯᠠᠨ᠂ ᠬᠦᠴᠦ ᠪᠡᠷ ᠳᠤᠲᠠᠭᠤ ᠬᠥᠮᠦᠨ ᠳ᠋ᠦ᠍ ᠶᠡᠬᠡ ᠲᠤᠰᠠ ᠬᠢᠭᠰᠡᠨ ᠪᠢᠰᠢᠦ! ᠲᠠ ᠨᠠᠷ ᠣᠳᠣ ᠬᠠᠮᠢᠭᠠᠰᠢ ᠪᠠᠨ ᠶᠠᠪᠤᠨ᠎ᠠ ᠪᠣᠢ?》 ᠭᠡᠰᠡᠨ ᠳ᠋ᠦ᠍᠄《 ᠬᠠᠮᠢᠭ᠎ᠠ ᠠᠵᠢᠯ ᠲᠠᠢ ᠪᠣᠯ ᠳᠠᠷᠤᠢ ᠲᠡᠨᠳᠡ ᠣᠴᠢᠨ᠎ᠠ》 ᠭᠡᠵᠡᠢ᠃   
       ᠫᠠᠭᠳᠠᠭᠠᠷ ᠪᠠᠶᠠᠨ᠄《ᠡᠨᠡ ᠭᠤᠷᠪᠠᠨ ᠬᠥᠮᠦᠨ᠂ ᠭᠡᠷ ᠡᠷᠦᠬᠡ ᠦᠭᠡᠢ᠃ ᠠᠵᠢᠯ ᠡᠷᠢᠵᠦ ᠪᠠᠢᠨ᠎ᠠ᠃ ᠬᠡᠷᠪᠡ ᠡᠳᠡᠨ ᠢ᠋ ᠦᠯᠡᠳᠡᠭᠡᠵᠦ ᠠᠪᠤᠪᠠᠯ ᠬᠦᠴᠦ ᠶ᠋ᠢ ᠨᠢ ᠶᠡᠬᠡ ᠭᠠᠷᠭᠠᠭᠤᠯᠵᠤ᠂ ᠬᠥᠯᠥᠰᠥ ᠮᠥᠩᠭᠥ ᠶ᠋ᠢ ᠨᠢ ᠪᠠᠭ᠎ᠠ ᠥᠭᠴᠦ ᠵᠠᠷᠤᠵᠤ ᠪᠣᠯᠤᠨ᠎ᠠ᠃ ᠢᠩᠭᠢᠪᠡᠯ ᠨᠠᠳᠠ ᠲᠤᠰᠠ ᠲᠠᠢ》 ᠭᠡᠵᠦ ᠪᠣᠳᠣᠭᠠᠳ᠄《ᠵᠠ᠂ ᠲᠠ ᠭᠤᠷᠪᠠ ᠶ᠋ᠢ ᠪᠢ ᠠᠵᠢᠯ ᠤ᠋ᠨ ᠬᠥᠮᠦᠨ ᠢ᠋ᠶ᠋ᠡᠷ ᠠᠪᠤᠶ᠎ᠠ᠃ ᠲᠠ ᠭᠤᠷᠪᠠᠭᠤᠯᠠ ᠴᠥᠮ ᠶᠠᠮᠠᠷ ᠶᠠᠮᠠᠷ ᠠᠵᠢᠯ ᠬᠢᠵᠦ ᠴᠢᠳᠠᠳᠠᠭ ᠪᠣᠢ?》 ᠭᠡᠰᠡᠨ ᠳ᠋ᠦ᠍᠄《ᠪᠢᠳᠡ ᠭᠤᠷᠪᠠ ᠶᠠᠮᠠᠷ ᠴᠤ᠌ ᠠᠵᠢᠯ ᠴᠥᠮ ᠬᠢᠵᠦ ᠴᠢᠳᠠᠨ᠎ᠠ᠃ ᠬᠡᠷᠪᠡ ᠴᠢ ᠮᠠᠨ ᠤ᠋ ᠠᠬ᠎ᠠ ᠳᠡᠭᠦᠦ ᠭᠤᠷᠪᠠᠭᠤᠯᠠ ᠶ᠋ᠢ ᠬᠥᠯᠥᠰᠥᠯᠡᠪᠡᠯ᠂ ᠪᠢᠳᠡ ᠭᠤᠷᠪᠠᠭᠤᠯᠠ ᠳ᠋ᠤ᠌ ᠬᠥᠮᠦᠨ ᠪᠦᠷᠢ ᠳ᠋ᠦ᠍ ᠨᠢᠭᠡ ᠨᠢᠭᠡ ᠵᠠᠩᠰᠢᠯ ᠲᠠᠢ᠃ ᠴᠢ ᠬᠡᠷᠪᠡ ᠪᠢᠳᠡᠨ ᠦ᠌ ᠵᠠᠩᠰᠢᠯ ᠳ᠋ᠤ᠌ ᠳᠤᠷᠠᠲᠠᠢ ᠪᠣᠯ ᠪᠢᠳᠡ ᠴᠢᠮᠠᠲᠤ ᠠᠵᠢᠯᠯᠠᠵᠤ ᠥᠭᠭᠦᠨ᠎ᠡ᠃ ᠪᠠᠰᠠ ᠪᠢᠳᠡ ᠨᠠᠷ ᠵᠠᠩᠰᠢᠯ ᠢ᠋ᠶ᠋ᠠᠷ ᠢ᠋ᠶ᠋ᠠᠨ ᠠᠵᠢᠯ ᠬᠢᠵᠦ ᠪᠠᠢᠬᠤ ᠳ᠋ᠤ᠌ ᠲᠠ ᠬᠣᠷᠢᠭᠯᠠᠵᠤ ᠪᠣᠯᠬᠤ ᠦᠭᠡᠢ》 ᠭᠡᠰᠡᠨ ᠳ᠋ᠦ᠍ ᠫᠠᠭᠳᠠᠭᠠᠷ ᠪᠠᠶᠠᠨ᠄《ᠲᠠ ᠴᠥᠮ ᠶᠠᠮᠠᠷ ᠵᠠᠩᠰᠢᠯ ᠲᠠᠢ ᠪᠣᠢ? ᠪᠢ ᠰᠣᠨᠣᠰᠴᠤ ᠦᠵᠡᠶ᠎ᠡ᠃》 ᠭᠡᠰᠡᠨ ᠳ᠋ᠦ᠍᠂ ᠶᠡᠬᠡ ᠠᠬ᠎ᠠ ᠨᠢ᠄《ᠪᠢ ᠪᠣᠯ ᠠᠵᠢᠯ ᠬᠢᠬᠦ ᠳ᠋ᠦ᠍᠂ ᠨᠢᠭᠡ ᠴᠦ᠍ ᠦᠭᠡ ᠬᠡᠯᠡᠬᠦ ᠦᠭᠡᠢ ᠵᠠᠩᠰᠢᠯ ᠲᠠᠢ ᠪᠥᠭᠡᠳ ᠠᠮᠢᠨ ᠬᠡᠷᠡᠭ ᠭᠠᠷᠴᠤ ᠪᠠᠢᠪᠠᠴᠤ ᠬᠠᠢᠬᠤᠷᠬᠤ ᠦᠭᠡᠢ ᠠᠵᠢᠯᠯᠠᠳᠠᠭ᠃ ᠠᠵᠢᠯᠯᠠᠬᠤ ᠬᠣᠭᠣᠷᠣᠨᠳᠣ ᠶᠠᠭᠤ ᠠᠰᠠᠭᠤᠪᠠᠴᠤ ᠬᠠᠷᠢᠭᠤᠯᠬᠤ ᠦᠭᠡᠢ ᠳᠤᠭᠤᠢ ᠠᠵᠢᠯᠯᠠᠳᠠᠭ ᠵᠠᠩᠰᠢᠯ ᠲᠠᠢ ᠪᠢᠯᠡ》 ᠭᠡᠰᠡᠨ ᠳ᠋ᠦ᠍᠂ ᠫᠠᠭᠳᠠᠭᠠᠷ ᠪᠠᠶᠠᠨ ᠰᠣᠨᠣᠰᠤᠭᠠᠳ ᠳᠣᠲᠣᠷ᠎ᠠ ᠪᠠᠨ ᠪᠠᠶᠠᠷᠯᠠᠭᠰᠠᠨ ᠨᠢ᠄《ᠡᠢᠮᠦ ᠬᠥᠮᠦᠨ ᠢ᠋ᠶ᠋ᠡᠷ ᠠᠵᠢᠯ ᠬᠢᠯᠭᠡᠪᠡᠯ᠂ ᠶᠠᠭᠤ ᠴᠤ᠌ ᠳᠤᠤᠭᠠᠷᠬᠤ ᠦᠭᠡᠢ᠂ ᠮᠢᠨᠦ ᠲᠥᠯᠥᠭᠡ ᠠᠵᠢᠯᠯᠠᠵᠤ ᠥᠭᠬᠦ ᠨᠢ ᠰᠠᠢᠨ᠃ ᠥᠭᠡᠷ᠎ᠡ ᠬᠡᠨ ᠪᠠᠰᠠ ᠮᠢᠨᠦ ᠲᠥᠯᠥᠭᠡ ᠳᠤᠤᠭᠠᠷᠬᠤ ᠦᠭᠡᠢ ᠪᠡᠷ ᠠᠵᠢᠯᠯᠠᠵᠤ ᠥᠭᠬᠦ ᠪᠣᠢ!》 ᠭᠡᠵᠦ ᠪᠣᠳᠣᠭᠠᠳ᠄《ᠵᠠ! ᠡᠨᠡ ᠵᠠᠩᠰᠢᠯ ᠢ᠋ ᠴᠢᠨᠢ ᠪᠢ ᠵᠥᠪᠰᠢᠶᠡᠷᠡᠨ᠎ᠡ》 ᠭᠡᠳ ᠬᠣᠶᠠᠳᠤᠭᠠᠷ ᠢ᠋ ᠨᠢ ᠵᠢᠭᠠᠵᠤ᠄《ᠴᠢ ᠶᠠᠮᠠᠷ ᠵᠠᠩᠰᠢᠯ ᠲᠠᠢ ᠪᠣᠢ?》 ᠭᠡᠰᠡᠨ ᠳ᠋ᠦ᠍᠄《ᠪᠢ ᠪᠣᠯ ᠠᠷᠠᠯᠵᠢᠶ᠎ᠠ ᠮᠠᠢᠮᠠᠢ ᠬᠢᠬᠦ ᠳ᠋ᠦ᠍ ᠬᠡᠵᠢᠶ᠎ᠡ ᠴᠦ᠍ ᠬᠥᠮᠦᠨ ᠳ᠋ᠦ᠍ ᠬᠣᠨᠵᠢᠭᠳᠠᠬᠤ ᠦᠭᠡᠢ》 ᠭᠡᠰᠡᠨ ᠳ᠋ᠦ᠍ ᠫᠠᠭᠳᠠᠭᠠᠷ ᠪᠠᠶᠠᠨ ᠳᠣᠲᠣᠷ᠎ᠠ ᠪᠠᠨ᠄《ᠡᠨᠡ ᠬᠥᠮᠦᠨ ᠢ᠋ᠶ᠋ᠡᠷ ᠪᠢ ᠭᠠᠳᠠᠭᠰᠢ ᠳᠣᠲᠣᠭᠰᠢ ᠬᠣᠲᠠ ᠵᠡᠭᠡᠯᠢ ᠳ᠋ᠦ᠍ ᠶᠠᠪᠤᠭᠤᠯᠵᠤ ᠮᠠᠢᠮᠠᠢ ᠬᠢᠯᠭᠡᠪᠡᠯ ᠠᠰᠢᠭ ᠲᠠᠢ》 ᠭᠡᠵᠦ ᠪᠣᠳᠣᠭᠠᠳ᠄《ᠰᠠᠢᠨ᠃ ᠪᠢ ᠴᠢᠨᠦ ᠵᠠᠩᠰᠢᠯ ᠢ᠋ ᠵᠥᠪᠰᠢᠶᠡᠷᠡᠪᠡ》 ᠭᠡᠵᠦ ᠬᠠᠷᠢᠭᠤᠯᠤᠭᠠᠳ ᠭᠤᠷᠪᠠᠳᠤᠭᠠᠷ ᠠ᠋ᠴᠠ ᠨᠢ᠄《ᠴᠢ ᠶᠠᠮᠠᠷ ᠵᠠᠩᠰᠢᠯ ᠲᠠᠢ ᠪᠣᠢ?》 ᠭᠡᠰᠡᠨ ᠳ᠋ᠦ᠍᠄《ᠪᠢ ᠪᠣᠯ ᠠᠵᠢᠯᠯᠠᠬᠤ ᠦᠶ᠎ᠡ ᠳ᠋ᠦ᠍ ᠡᠳᠦᠷ ᠦ᠋ᠨ ᠬᠣᠶᠠᠷ ᠦᠵᠦᠭᠦᠷ ᠦ᠋ᠨ ᠨᠠᠷᠠ ᠶ᠋ᠢ ᠦᠵᠡᠬᠦ ᠦᠭᠡᠢ ᠠᠵᠢᠯᠯᠠᠳᠠᠭ ᠵᠠᠩᠰᠢᠯ ᠲᠠᠢ》 ᠭᠡᠰᠡᠨ ᠳ᠋ᠦ᠍ ᠫᠠᠭᠳᠠᠭᠠᠷ ᠪᠠᠶᠠᠨ ᠶᠡᠬᠡ ᠪᠠᠶᠠᠷᠯᠠᠵᠤ᠂ ᠠᠬ᠎ᠠ ᠳᠡᠭᠦᠦ ᠭᠤᠷᠪᠠᠭᠤᠯᠠ ᠶ᠋ᠢ ᠴᠥᠮ ᠠᠵᠢᠯᠯᠠᠭᠤᠯᠬᠤ ᠪᠠᠷ ᠠᠪᠴᠤ ᠰᠠᠭᠤᠭᠰᠠᠨ ᠭᠡᠨ᠎ᠡ᠃ ᠴᠢᠩᠭᠢᠭᠡᠳ ᠦᠨᠡᠬᠡᠷ ᠡᠨᠡ ᠭᠤᠷᠪᠠᠭᠤᠯᠠ ᠵᠠᠩᠰᠢᠯ ᠵᠠᠩᠰᠢᠯ ᠢ᠋ᠶ᠋ᠠᠷ ᠢ᠋ᠶ᠋ᠠᠨ ᠠᠵᠢᠯᠯᠠᠵᠤ ᠶᠠᠪᠤᠬᠤ ᠶ᠋ᠢ ᠦᠵᠡᠵᠦ ᠫᠠᠭᠳᠠᠭᠠᠷ ᠪᠠᠶᠠᠨ ᠮᠠᠰᠢ ᠪᠠᠶᠠᠷᠯᠠᠵᠤ᠂ ᠡᠢᠮᠦ ᠰᠢᠳᠤᠷᠭᠤ ᠪᠠᠷ ᠮᠢᠨᠦ ᠲᠥᠯᠥᠭᠡ ᠠᠵᠢᠯᠯᠠᠵᠤ ᠥᠭᠬᠦ ᠬᠥᠮᠦᠨ ᠴᠢᠨᠢ ᠦᠨᠡᠬᠡᠷ ᠰᠠᠢᠨ ᠪᠠᠢᠨ᠎ᠠ᠃ ᠭᠡᠪᠡᠴᠦ᠂ ᠳᠣᠲᠣᠷ᠎ᠠ ᠪᠠᠨ᠄《ᠡᠨᠡ ᠭᠤᠷᠪᠠᠨ ᠲᠡᠨᠡᠭ ᠡᠷ᠎ᠡ》 ᠭᠡᠵᠦ ᠳᠣᠮᠣᠭᠯᠠᠨ ᠮᠠᠭᠤᠯᠠᠳᠠᠭ ᠪᠠᠢᠵᠠᠢ᠃ ᠴᠢᠩᠭᠢᠭᠡᠳ ᠡᠨᠡ ᠮᠡᠲᠦ ᠪᠡᠷ ᠠᠬ᠎ᠠ ᠳᠡᠭᠦᠦ ᠭᠤᠷᠪᠠᠭᠤᠯᠠ ᠫᠠᠭᠳᠠᠭᠠᠷ ᠪᠠᠶᠠᠨ ᠤ᠋ ᠭᠡᠷ ᠲᠦ᠍ ᠠᠵᠢᠯᠯᠠᠭᠰᠠᠭᠠᠷ ᠨᠢᠭᠡᠨ ᠡᠳᠦᠷ ᠠᠬ᠎ᠠ ᠨᠢ ᠬᠤᠳᠳᠤᠭ ᠠ᠋ᠴᠠ ᠣᠢᠷᠠᠬᠠᠨ ᠠᠵᠢᠯᠯᠠᠵᠤ ᠪᠠᠢᠭᠰᠠᠨ ᠳ᠋ᠤ᠌ ᠫᠠᠭᠳᠠᠭᠠᠷ ᠪᠠᠶᠠᠨ ᠤ᠋ ᠪᠢᠴᠢᠬᠠᠨ ᠬᠦᠦ ᠨᠢ ᠭᠦᠶᠦᠨ ᠢᠷᠡᠵᠦ ᠬᠤᠳᠳᠤᠭ ᠲᠤ᠌ ᠪᠦᠳᠦᠷᠢᠨ ᠤᠨᠠᠪᠠ ᠭᠡᠨ᠎ᠡ᠃ ᠶᠡᠬᠡ ᠠᠬ᠎ᠠ ᠨᠢ ᠡᠨᠡ ᠬᠦᠦ ᠶ᠋ᠢᠨ ᠬᠤᠳᠳᠤᠭ ᠤ᠋ᠨ ᠵᠦᠭ ᠭᠦᠶᠦᠵᠦ ᠢᠷᠡᠨ ᠤᠨᠠᠬᠤ ᠶ᠋ᠢᠨ ᠡᠮᠦᠨ᠎ᠡ ᠨᠢ ᠣᠯᠵᠤ ᠦᠵᠡᠭᠰᠡᠨ ᠪᠣᠯᠪᠠᠴᠤ᠂ ᠬᠤᠳᠳᠤᠭ ᠪᠠᠢᠨ᠎ᠠ ᠭᠡᠵᠦ ᠬᠡᠯᠡᠵᠦ ᠥᠭᠭᠦᠭᠰᠡᠨ ᠦᠭᠡᠢ ᠪᠥᠭᠡᠳ ᠬᠤᠳᠳᠤᠭ ᠲᠤ᠌ ᠤᠨᠠᠭᠰᠠᠨ ᠬᠣᠵᠢᠮ ᠨᠢ ᠪᠠᠰᠠ ᠴᠤ᠌ ᠥᠪᠡᠷ ᠦ᠋ᠨ ᠵᠠᠩᠰᠢᠯ ᠢ᠋ᠶ᠋ᠠᠷ ᠢ᠋ᠶ᠋ᠠᠨ ᠠᠵᠢᠯ ᠢ᠋ᠶ᠋ᠠᠨ ᠬᠢᠵᠦ ᠪᠠᠢᠬᠤ ᠳᠤᠮᠳᠠ ᠶᠠᠭᠤ ᠴᠤ᠌ ᠳᠤᠤᠭᠠᠷᠤᠭᠰᠠᠨ ᠦᠭᠡᠢ᠂ ᠠᠵᠢᠯ ᠪᠠᠷᠠᠭᠠᠳ ᠬᠡᠯᠡᠵᠦ ᠥᠭᠭᠦᠶ᠎ᠡ ᠭᠡᠵᠦ ᠪᠣᠳᠣᠭᠠᠳ ᠲᠣᠯᠣᠭᠠᠢ ᠳᠠᠷᠤᠵᠤ ᠠᠵᠢᠯᠯᠠᠪᠠ ᠭᠡᠨ᠎ᠡ᠃ ᠤᠳᠠᠭᠰᠠᠨ ᠦᠭᠡᠢ ᠫᠠᠭᠳᠠᠭᠠᠷ ᠪᠠᠶᠠᠨ ᠬᠦᠦ ᠪᠡᠨ ᠡᠷᠢᠵᠦ ᠡᠨᠳᠡ ᠲᠡᠨᠳᠡ ᠭᠦᠶᠦᠵᠦ ᠶᠡᠬᠡ ᠠᠬ᠎ᠠ ᠶ᠋ᠢᠨ ᠬᠢᠨᠢ ᠳᠡᠷᠭᠡᠳᠡ ᠢᠷᠡᠵᠦ᠄《ᠬᠦᠢ! ᠴᠢ ᠮᠢᠨᠦ ᠬᠦᠦ  ᠶ᠋ᠢ ᠣᠯᠵᠤ ᠦᠵᠡᠪᠡᠦ?》 ᠭᠡᠰᠡᠨ ᠳ᠋ᠦ᠍ ᠶᠡᠬᠡ ᠠᠬ᠎ᠠ ᠨᠢ ᠮᠠᠭᠤ ᠨᠢᠳᠦ ᠪᠡᠷ ᠫᠠᠭᠳᠠᠭᠠᠷ ᠪᠠᠶᠠᠨ ᠢ᠋ ᠬᠠᠷᠠᠵᠤ ᠦᠵᠡᠭᠡᠳ ᠶᠠᠭᠤ ᠴᠤ᠌ ᠳᠤᠤᠭᠠᠷᠤᠭᠰᠠᠨ ᠦᠭᠡᠢ᠃ ᠠᠵᠢᠯ ᠢ᠋ᠶ᠋ᠠᠨ ᠬᠢᠬᠦ ᠳ᠋ᠦ᠍ ᠫᠠᠭᠳᠠᠭᠠᠷ ᠪᠠᠶᠠᠨ ᠠᠷᠭ᠎ᠠ ᠦᠭᠡᠢ᠂ ᠡᠨᠡ ᠬᠥᠮᠦᠨ ᠦ᠌ ᠵᠠᠩᠰᠢᠯ ᠡᠢᠮᠦ ᠪᠠᠢᠨ᠎ᠠ ᠭᠡᠵᠦ ᠴᠢᠨᠠᠭᠰᠢ ᠭᠦᠶᠦᠵᠦ ᠶᠠᠪᠤᠪᠠ᠃ ᠣᠷᠣᠢ ᠨᠢ ᠶᠡᠬᠡ ᠠᠬ᠎ᠠ ᠨᠢ ᠠᠵᠢᠯ ᠢ᠋ᠶ᠋ᠠᠨ ᠬᠢᠵᠦ ᠪᠠᠷᠠᠭᠠᠳ᠂ ᠬᠠᠷᠢᠵᠤ ᠢᠷᠡᠭᠡᠳ ᠫᠠᠭᠳᠠᠭᠠᠷ ᠪᠠᠶᠠᠨ ᠳ᠋ᠤ᠌ ᠬᠡᠯᠡᠭᠰᠡᠨ ᠨᠢ᠄《ᠡᠨᠡ ᠡᠳᠦᠷ ᠦᠳᠡ ᠶ᠋ᠢᠨ ᠬᠢᠷᠢ ᠳ᠋ᠦ᠍ ᠬᠦᠦ ᠴᠢᠨᠢ ᠲᠡᠷᠡ ᠪᠠᠭᠠᠬᠠᠨ ᠤᠰᠤ ᠲᠠᠢ ᠬᠤᠳᠳᠤᠭ ᠲᠤ᠌ ᠤᠨᠠᠪᠠ》 ᠭᠡᠰᠡᠨ ᠳ᠋ᠦ᠍ ᠫᠠᠭᠳᠠᠭᠠᠷ ᠪᠠᠶᠠᠨ ᠶᠡᠬᠡ ᠠᠭᠤᠷᠯᠠᠵᠤ᠂ ᠳᠡᠭᠡᠷ᠎ᠡ ᠦᠰᠦᠷᠦᠨ ᠵᠠᠩᠨᠠᠵᠤ᠄《 ᠪᠢ ᠴᠢᠮ᠎ᠠ ᠠ᠋ᠴᠠ ᠬᠦᠦ ᠶ᠋ᠢ ᠮᠢᠨᠢ ᠦᠵᠡᠪᠡᠦ ᠭᠡᠰᠡᠨ ᠳ᠋ᠦ᠍ ᠴᠢ ᠶᠠᠭᠤᠨ ᠳ᠋ᠤ᠌ ᠬᠡᠯᠡᠬᠦ ᠦᠭᠡᠢ ᠪᠣᠢ?》 ᠭᠡᠰᠡᠨ ᠳ᠋ᠦ᠍᠂ ᠶᠡᠬᠡ ᠠᠬ᠎ᠠ ᠶ᠋ᠢᠨ ᠬᠢᠨᠢ ᠬᠡᠯᠡᠭᠰᠡᠨ ᠨᠢ᠄《 ᠮᠢᠨᠦ ᠵᠠᠩᠰᠢᠯ ᠪᠣᠯ ᠠᠵᠢᠯ ᠬᠢᠵᠦ ᠪᠠᠢᠬᠤ ᠬᠣᠭᠣᠷᠣᠨᠳᠣ ᠦᠭᠡ ᠬᠡᠯᠡᠬᠦ ᠦᠭᠡᠢ ᠪᠥᠭᠡᠳ ᠥᠭᠡᠷ᠎ᠡ ᠶᠠᠪᠤᠳᠠᠯ ᠢ᠋ ᠬᠠᠮᠢᠶᠠᠷᠬᠤ ᠦᠭᠡᠢ ᠭᠡᠰᠡᠨ ᠢ᠋ ᠴᠢ ᠬᠡᠵᠢᠶᠡᠨᠡᠢ ᠵᠥᠪᠰᠢᠶᠡᠷᠡᠭᠰᠡᠨ ᠪᠥᠭᠡᠳ ᠪᠠᠰᠠ ᠶᠠᠭᠤᠨ ᠳ᠋ᠤ᠌ ᠠᠭᠤᠷᠯᠠᠵᠤ ᠪᠠᠢᠨ᠎ᠠ ᠪᠣᠢ?》 ᠭᠡᠰᠡᠨ ᠳ᠋ᠦ᠍ ᠫᠠᠭᠳᠠᠭᠠᠷ ᠪᠠᠶᠠᠨ ᠳᠤᠤᠭᠠᠷᠴᠤ ᠴᠢᠳᠠᠭᠰᠠᠨ ᠦᠭᠡᠢ᠂ ᠣᠴᠢᠵᠤ ᠬᠦᠦ ᠪᠡᠨ ᠭᠠᠷᠭᠠᠵᠤ ᠠᠪᠴᠢᠷᠠᠭᠰᠠᠨ ᠳ᠋ᠤ᠌᠂ ᠬᠦᠦ ᠨᠢ ᠬᠤᠳᠳᠤᠭ ᠲᠤ᠌ ᠤᠨᠠᠭᠠᠳ ᠮᠠᠨᠠᠷᠠᠵᠤ ᠳᠥᠩᠭᠡᠵᠢ ᠰᠡᠷᠭᠦᠪᠡ ᠭᠡᠨ᠎ᠡ᠃  
       ᠴᠢᠩᠭᠢᠭᠡᠳ ᠬᠣᠶᠠᠳᠤᠭᠠᠷ ᠠᠬ᠎ᠠ ᠶ᠋ᠢ ᠨᠢ ᠶᠠᠪᠤᠭᠤᠯᠵᠤ᠄《 ᠴᠢ ᠶᠠᠪᠤᠵᠤ ᠡᠮ ᠬᠤᠳᠠᠯᠳᠤᠨ ᠠᠪᠴᠤ ᠢᠷ᠎ᠡ》 ᠭᠡᠰᠡᠨ ᠳ᠋ᠦ᠍ ᠬᠣᠶᠠᠳᠤᠭᠠᠷ ᠠᠬ᠎ᠠ ᠨᠢ᠄《ᠵᠠ! ᠪᠣᠯᠤᠨ᠎ᠠ 》ᠭᠡᠳ ᠬᠣᠲᠠᠨ ᠳ᠋ᠤ᠌ ᠣᠴᠢᠭᠠᠳ ᠬᠡᠳᠦᠨ ᠠᠷᠪᠠᠨ ᠲᠡᠷᠭᠡ ᠡᠮ ᠠᠪᠤᠭᠠᠳ ᠬᠠᠷᠢᠵᠤ ᠢᠷᠡᠵᠡᠢ᠃   
       ᠫᠠᠭᠳᠠᠭᠠᠷ ᠪᠠᠶᠠᠨ ᠦᠵᠡᠭᠡᠳ ᠮᠠᠰᠢ ᠠᠭᠤᠷᠯᠠᠵᠤ᠄《 ᠴᠢ ᠬᠠᠷᠢᠨ ᠡᠳᠦᠢ ᠠᠷᠪᠢᠨ ᠡᠮ ᠠᠪᠤᠭᠠᠳ ᠶᠠᠭᠠᠬᠢᠶ᠎ᠠ ᠭᠡᠵᠦ ᠪᠣᠳᠣᠭᠰᠠᠨ ᠶᠤᠮ ᠪᠣᠢ?》 ᠭᠡᠰᠡᠨ ᠳ᠋ᠦ᠍ ᠬᠣᠶᠠᠳᠤᠭᠠᠷ ᠠᠬ᠎ᠠ ᠨᠢ᠄《ᠪᠢ ᠬᠠᠷᠢᠨ ᠪᠠᠭ᠎ᠠ ᠠᠪᠤᠶ᠎ᠠ ᠭᠡᠰᠡᠨ ᠳ᠋ᠦ᠍᠂ ᠯᠠᠩ ᠨᠢ ᠠᠷᠪᠠᠨ ᠵᠣᠭᠣᠰ ᠣᠷᠣᠨ᠎ᠠ᠂ ᠬᠡᠷᠪᠡ ᠶᠡᠬᠡ ᠪᠡᠷ ᠠᠪᠤᠪᠠᠯ ᠯᠠᠩ ᠨᠢ ᠨᠠᠢ᠍ᠮᠠᠨ ᠵᠣᠭᠣᠰ ᠲᠤᠯᠠ ᠪᠣᠳᠣᠪᠠᠯ ᠶᠡᠬᠡ ᠠᠪᠤᠭᠰᠠᠨ ᠨᠢ ᠬᠣᠨᠵᠢᠭᠳᠠᠬᠤ ᠦᠭᠡᠢ ᠪᠥᠭᠡᠳ ᠦᠨ᠎ᠡ ᠨᠢ ᠬᠢᠮᠳᠠ ᠤᠴᠢᠷ ᠠ᠋ᠴᠠ ᠶᠡᠬᠡ ᠪᠡᠷ ᠠᠪᠤᠪᠠ᠃ ᠡᠨᠡ ᠪᠣᠯ ᠮᠢᠨᠦ ᠠᠷᠠᠯᠵᠢᠭ᠎ᠠ ᠬᠢᠬᠦ ᠳ᠋ᠦ᠍ ᠬᠣᠨᠵᠢᠭᠳᠠᠬᠤ ᠦᠭᠡᠢ ᠵᠠᠩᠰᠢᠯ ᠮᠢᠨᠢ ᠡᠢᠮᠦ ᠪᠢᠯᠡ》 ᠭᠡᠰᠡᠨ ᠳ᠋ᠦ᠍ ᠫᠠᠭᠳᠠᠭᠠᠷ ᠪᠠᠶᠠᠨ ᠭᠠᠷ ᠢ᠋ᠶ᠋ᠠᠨ ᠨᠤᠬᠤᠯᠠᠵᠤ ᠶᠠᠭᠤ ᠴᠤ᠌ ᠬᠡᠯᠡᠵᠦ ᠴᠢᠳᠠᠭᠰᠠᠨ ᠦᠭᠡᠢ ᠭᠡᠨ᠎ᠡ᠃ ᠬᠡᠳᠦᠨ ᠡᠳᠦᠷ ᠪᠣᠯᠵᠤ᠂ ᠡᠪᠡᠳᠴᠢᠨᠲᠡᠢ ᠬᠦᠦ ᠨᠢ ᠰᠠᠢᠨ ᠪᠣᠯᠤᠭᠰᠠᠨ ᠳ᠋ᠤ᠌᠂ ᠣᠳᠣ ᠬᠣᠨᠢ ᠠᠯᠠᠵᠤ ᠢᠳᠡᠭᠦᠯᠦᠶ᠎ᠡ ᠭᠡᠵᠦ᠂ ᠭᠤᠷᠪᠠᠳᠤᠭᠠᠷ ᠳᠡᠭᠦᠦ ᠶ᠋ᠢ ᠨᠢ ᠳᠠᠭᠤᠳᠠᠵᠤ᠄《ᠵᠠ᠂ ᠴᠢ ᠶᠠᠪᠤᠵᠤ ᠬᠣᠨᠢ ᠠᠯᠠᠵᠤ ᠢᠷ᠎ᠡ》 ᠭᠡᠰᠡᠨ ᠳ᠋ᠦ᠍ ᠭᠤᠷᠪᠠᠳᠤᠭᠠᠷ ᠨᠢ ᠡᠷᠲᠡ ᠶᠠᠪᠤᠵᠤ ᠣᠷᠣᠢ ᠪᠣᠯᠲᠠᠯ᠎ᠠ ᠢᠷᠡᠬᠦ ᠦᠭᠡᠢ ᠳ᠋ᠦ᠍᠂ ᠫᠠᠭᠳᠠᠭᠠᠷ ᠪᠠᠶᠠᠨ ᠡᠨᠡ ᠶᠠᠭᠠᠬᠢᠭᠠᠳ ᠪᠣᠢ? ᠭᠡᠵᠦ ᠬᠣᠨᠢᠨ ᠰᠦᠷᠦᠭ ᠲᠡᠭᠡᠨ ᠢᠷᠡᠵᠦ ᠦᠵᠡᠭᠰᠡᠨ ᠳ᠋ᠦ᠍ ᠡᠷᠲᠡ ᠡᠴᠡ ᠣᠷᠣᠢ ᠪᠣᠯᠲᠠᠯ᠎ᠠ ᠬᠡᠴᠢᠨᠡᠨ ᠠᠷᠪᠢᠨ ᠬᠣᠨᠢ ᠶ᠋ᠢ ᠨᠢ ᠠᠯᠠᠵᠤ ᠯᠠ ᠪᠠᠢᠵᠤ ᠭᠡᠨ᠎ᠡ᠃ ᠫᠠᠭᠳᠠᠭᠠᠷ ᠪᠠᠶᠠᠨ ᠦᠵᠡᠮᠡᠭᠴᠡ ᠶᠡᠬᠡ ᠠᠭᠤᠷᠯᠠᠵᠤ ᠄《ᠴᠢ ᠮᠢᠨᠦ ᠬᠣᠨᠢ ᠶ᠋ᠢ ᠪᠦᠷ ᠠᠯᠠᠭᠠᠳ ᠳᠠᠭᠤᠰᠬᠠᠪᠠ》 ᠭᠡᠵᠦ ᠦᠰᠦᠷᠦᠭᠰᠡᠭᠡᠷ ᠢᠷᠡᠬᠦ ᠳ᠋ᠦ᠍᠂ ᠭᠤᠷᠪᠠᠳᠤᠭᠠᠷ ᠨᠢ᠄《ᠴᠢ ᠮᠢᠨᠦ ᠠᠵᠢᠯᠯᠠᠪᠠᠯ ᠬᠣᠶᠠᠷ ᠦᠵᠦᠭᠦᠷ ᠦ᠋ᠨ ᠨᠠᠷᠠ ᠶ᠋ᠢ ᠦᠵᠡᠬᠦ ᠦᠭᠡᠢ ᠠᠵᠢᠯᠯᠠᠳᠠᠭ ᠵᠠᠩᠰᠢᠯ ᠢ᠋ ᠶᠠᠮᠠᠷ ᠮᠡᠳᠡᠬᠦ ᠦᠭᠡᠢ ᠪᠢᠰᠢ ᠳᠡ! ᠶᠠᠭᠤᠨ ᠳ᠋ᠤ᠌ ᠪᠠᠭᠢᠷᠠᠨ᠎ᠠ ᠪᠣᠢ?》 ᠭᠡᠰᠡᠨ ᠳ᠋ᠦ᠍ ᠫᠠᠭᠳᠠᠭᠠᠷ ᠪᠠᠶᠠᠨ ᠯᠠᠭ ᠬᠢᠲᠡᠯ᠎ᠡ ᠬᠥᠰᠡᠷ ᠰᠠᠭᠤᠵᠤ᠂ ᠮᠠᠩᠨᠠᠢ ᠪᠠᠨ ᠴᠣᠬᠢᠵᠤ᠂ ᠪᠢ ᠣᠳᠣ《ᠬᠥᠮᠦᠨ ᠢ᠋ ᠤᠨᠠᠭᠠᠶ᠎ᠠ ᠭᠡᠵᠦ ᠨᠦᠬᠡ ᠪᠤᠤ ᠮᠠᠯᠲᠠ! ᠥᠪᠡᠰᠦᠪᠡᠨ ᠤᠨᠠᠬᠤ ᠪᠠᠨ ᠮᠡᠳᠡ》 ᠭᠡᠰᠡᠨ ᠦᠭᠡ ᠶ᠋ᠢ ᠰᠠᠶᠢ ᠣᠯᠵᠤ ᠮᠡᠳᠡᠪᠡ᠃ ᠪᠢ ᠬᠠᠷᠢᠨ ᠥᠭᠡᠷ᠎ᠡ ᠬᠥᠮᠦᠨ ᠢ᠋ ᠵᠠᠪᠰᠢᠶ᠎ᠠ ᠭᠡᠵᠦ ᠪᠠᠢᠭᠠᠳ᠂ ᠥᠪᠡᠰᠦᠪᠡᠨ ᠬᠡᠲᠦᠷᠬᠡᠢ ᠬᠣᠬᠢᠷᠠᠪᠠ ᠭᠡᠵᠦ ᠭᠡᠷ ᠲᠡᠭᠡᠨ ᠬᠠᠷᠢᠵᠤ ᠠᠬ᠎ᠠ ᠳᠡᠭᠦᠦ ᠭᠤᠷᠪᠠᠭᠤᠯᠠ ᠶ᠋ᠢᠨ ᠬᠦᠴᠦᠨ ᠦ᠌ ᠮᠥᠩᠭᠥ ᠶ᠋ᠢ ᠴᠥᠮ ᠥᠭᠴᠦ ᠶᠠᠪᠤᠭᠤᠯᠪᠠ ᠭᠡᠨ᠎ᠡ᠃ ᠴᠢᠩᠭᠢᠭᠡᠳ ᠭᠤᠷᠪᠠᠭᠤᠯᠠ ᠪᠠᠨ ᠬᠦᠴᠦᠨ ᠦ᠌ ᠮᠥᠩᠭᠥ ᠪᠡᠷ ᠢ᠋ᠶ᠋ᠡᠨ ᠭᠡᠷ ᠭᠣᠯᠣᠮᠲᠠ ᠪᠤᠰᠬᠠᠵᠤ ᠬᠣᠨᠢ ᠮᠠᠯ ᠠᠪᠴᠤ ᠮᠠᠰᠢ ᠵᠢᠷᠭᠠᠯ ᠲᠠᠢ ᠠᠮᠢᠳᠤᠷᠠᠪᠠ ᠭᠡᠨ᠎ᠡ᠃   

        ※ ᠦᠰᠦᠭ ᠠᠮᠢᠯᠠᠭᠤᠯᠤᠭᠴᠢ᠄  ᠬᠡᠯᠡᠰᠣᠶᠣᠯ( ᠪᠤᠤ ᠸᠧᠨ ᠬᠤᠸᠠ)᠂ ᠤᠷᠠᠨᠴᠢᠮᠡᠭ᠂ ᠪᠠᠶᠠᠨᠴᠡᠴᠡᠭ᠂ 
                                           ᠨᠠᠷᠠᠨᠲᠤᠶᠠᠭ᠎ᠠ᠂ ᠡᠭᠦᠯᠡᠩᠬᠤᠸᠠᠷ᠂ ᠠᠯᠲᠠᠨᠴᠢᠮᠡᠭ᠂ ᠣᠶᠤᠨᠴᠢᠮᠡᠭ᠂ 
                                           ᠪᠠᠢ·ᠰᠠᠷᠠᠨ᠎ᠠ᠂ ᠬᠡᠷᠡᠢᠳ·ᠮᠥᠩᠬᠡᠨᠠᠰᠤᠨ᠂ ᠮᠥᠩᠭᠥᠨ
          ※ ᠬᠢᠨᠠᠭᠴᠢ᠄ ᠣᠳᠬᠠᠨᠰᠣ᠎ᠠ᠂  ᠪᠠᠯ᠂ ᠡᠭᠦᠯᠡᠩᠬᠤᠸᠠᠷ᠂  ᠤᠷᠠᠨᠴᠢᠮᠡᠭ᠂ ᠭᠠᠷᠮ᠎ᠠ᠂ ᠰᠡᠬᠡᠭᠡᠷᠡᠯ᠂ 
                                           ᠨᠠᠷᠠᠨ᠂ ᠪᠠᠯᠤᠰᠦᠭ᠂ ᠬᠡᠯᠡᠰᠣᠶᠣᠯ