ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠲᠠᠪᠤᠳᠤᠭᠠᠷ ᠪᠦᠯᠦᠭ᠂ᠳᠤᠭᠤᠶ᠋ᠢᠯᠠᠩ ‍ᠤᠨ ᠬᠥᠳᠡᠯᠭᠡᠭᠡᠨ ᠪᠠ ᠰᠢᠨᠡᠯᠠᠮ᠎ᠠ ᠶᠢᠨ ᠳᠤᠬᠠᠢ3 Шинэлам – 5-р бүлэг᠂Дугуйлангийн хөдөлгөөн ба Шинэлмаагийн тухай 3 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠲᠠᠪᠤᠳᠤᠭᠠᠷ ᠪᠦᠯᠦᠭ᠂ᠳᠤᠭᠤᠶ᠋ᠢᠯᠠᠩ ‍ᠤᠨ ᠬᠥᠳᠡᠯᠭᠡᠭᠡᠨ ᠪᠠ ᠰᠢᠨᠡᠯᠠᠮ᠎ᠠ ᠶᠢᠨ ᠳᠤᠬᠠᠢ3 Шинэлам – 5-р бүлэг᠂Дугуйлангийн хөдөлгөөн ба Шинэлмаагийн тухай 3

ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠲᠠᠪᠤᠳᠤᠭᠠᠷ ᠪᠦᠯᠦᠭ᠂ᠳᠤᠭᠤᠶ᠋ᠢᠯᠠᠩ ‍ᠤᠨ ᠬᠥᠳᠡᠯᠭᠡᠭᠡᠨ ᠪᠠ ᠰᠢᠨᠡᠯᠠᠮ᠎ᠠ ᠶᠢᠨ ᠳᠤᠬᠠᠢ3 Шинэлам – 5-р бүлэг᠂Дугуйлангийн хөдөлгөөн ба Шинэлмаагийн тухай 3

ᠠᠩᠭᠢᠯᠠᠯ:ᠲᠡᠦᠬᠡ ᠰᠣᠶᠣᠯ
2025-11-24

143

ᠭᠤᠷᠪᠠ᠂ ᠶᠠᠷᠢᠯᠴᠠᠭᠠᠨ ᠤ᠋ ᠬᠤᠷᠠᠯ ᠪᠠ ᠳᠤᠷᠠᠰᠬᠠᠯᠲᠤ ᠠᠵᠢᠯᠯᠠᠭ᠎ᠠ ᠨᠤᠭᠤᠳ


       1958 ᠣᠨ ᠳ᠋ᠤ᠌ ᠭᠠᠯᠠᠭᠤᠲᠤ ᠠᠷᠠᠳ ᠤ᠋ᠨ ᠨᠢᠭᠡᠳᠦᠯ ᠦ᠋ᠨ ᠨᠠᠮ ᠤ᠋ᠨ ᠬᠣᠷᠢᠶᠠᠨ ᠤ᠋ ᠱᠦᠵᠢ  ᠳᠠᠷᠵᠠᠢ ᠨᠥᠬᠥᠷ ᠦ᠋ᠨ ᠡᠷᠭᠢᠯᠡᠭᠡ ᠪᠡᠷ ᠰᠢᠨᠡᠯᠡᠮ᠎ᠡ ᠶ᠋ᠢᠨ ᠲᠤᠬᠠᠢ ᠰᠤᠳᠤᠯᠤᠨ ᠶᠠᠷᠢᠯᠴᠠᠬᠤ ᠬᠤᠷᠠᠯ ᠢ᠋ ᠭᠠᠯᠠᠭᠤᠲᠤ ᠨᠢᠭᠡᠳᠦᠯ ᠳᠡᠭᠡᠷ᠎ᠡ ᠬᠤᠷᠠᠯᠳᠤᠭᠰᠠᠨ ᠪᠠᠢᠨ᠎ᠠ᠃ 
       ᠲᠤᠰ ᠬᠤᠷᠠᠯ ᠳ᠋ᠤ᠌ ᠶᠡᠬᠡ ᠵᠣᠣ ᠠᠢᠮᠠᠭ ᠤ᠋ᠨ ᠳᠠᠷᠤᠭ᠎ᠠ ᠠᠷᠪᠢᠨᠪᠠᠶᠠᠷ᠂ ᠦᠦᠰᠢᠨ ᠬᠤᠰᠢᠭᠤᠨ ᠤ᠋ ᠵᠠᠰᠠᠭ ᠤ᠋ᠨ ᠣᠷᠳᠣᠨ ᠤ᠋ ᠵᠢᠩ ᠳ᠋ᠢᠩ ᠪᠠᠩ᠂ ᠯᠢᠦ ᠹᠧᠩ ᠹᠧᠩ᠂ ᠮᠠᠨᠳᠤᠬᠤ᠂ ᠳᠣᠪᠵᠠᠢ᠂ ᠣᠷᠣᠨ ᠠᠢᠮᠠᠭ ᠤ᠋ᠨ ᠬᠠᠭᠤᠴᠢ ᠰᠤᠳᠤᠯᠭᠠᠲᠠᠨ ᠲᠡᠦᠬᠡ ᠰᠤᠳᠤᠯᠤᠭᠴᠢ ᠵᠢᠴᠢ ᠪᠤᠵᠠᠢ ᠬᠥᠬᠡᠨᠠᠭᠤᠷ ᠶᠡᠬᠡ ᠪᠠᠷᠢᠭᠠᠳᠠ ᠶ᠋ᠢᠨ ᠨᠠᠮ ᠤ᠋ᠨ ᠡᠭᠦᠷ ᠦ᠋ᠨ ᠱᠦᠵᠢ ᠬᠦᠨᠴᠣᠭ᠂ ᠫᠢᠷᠠᠩᠯᠠᠢ ᠪᠣᠯᠤᠨ ᠭᠠᠯᠠᠭᠤᠲᠤ ᠨᠢᠭᠡᠳᠦᠯ ᠦ᠋ᠨ ᠳᠠᠷᠤᠭ᠎ᠠ ᠨᠠᠷ ᠣᠷᠣᠯᠴᠠᠪᠠ᠃ 
       ᠬᠤᠷᠠᠯ ᠳᠡᠭᠡᠷ᠎ᠡ ᠰᠢᠨᠠᠯᠠᠮ᠎ᠠ ᠶ᠋ᠢᠨ ᠬᠤᠪᠢᠰᠬᠠᠯᠲᠤ ᠬᠥᠳᠡᠯᠭᠡᠭᠡᠨ ᠦ᠌ ᠲᠡᠦᠬᠡ ᠶ᠋ᠢᠨ ᠤᠴᠢᠷ ᠢ᠋ ᠡᠮᠬᠢᠳᠬᠡᠬᠦ ᠲᠡᠦᠬᠡ ᠶ᠋ᠢᠨ ᠳᠤᠷᠠᠰᠬᠠᠯᠲᠤ ᠵᠦᠢᠯᠡᠰ ᠢ᠋ ᠴᠤᠭᠯᠠᠭᠤᠯᠵᠤ᠂ ᠳᠡᠭᠡᠳᠦ ᠱᠠᠲᠤᠨ ᠳ᠋ᠤ᠌ ᠥᠭᠬᠦ ᠵᠡᠷᠭᠡ ᠠᠵᠢᠯ ᠤ᠋ᠳ ᠢ᠋ ᠰᠠᠢᠨ ᠬᠢᠬᠦ ᠶ᠋ᠢᠨ ᠳᠠᠭᠠᠤ ᠬᠠᠮᠢᠶ᠎ᠠ ᠪᠦᠬᠦᠢ ᠤᠴᠢᠷ ᠤ᠋ᠳ ᠢ᠋ ᠶᠠᠷᠢᠯᠴᠠᠨ ᠰᠤᠳᠤᠯᠤᠭᠰᠠᠨ ᠪᠠᠢᠨ᠎ᠠ᠃  
       1984 ᠣᠨ ᠤ᠋9 ᠰᠠᠷ᠎ᠠ ᠳ᠋ᠤ᠌ ᠭᠠᠯᠠᠭᠤᠲᠤ ᠰᠤᠮᠤᠨ ᠤ᠋ ᠨᠠᠮ ᠤ᠋ᠨ ᠬᠣᠷᠢᠶᠠᠨ ᠤ᠋ ᠱᠦᠵᠢ ᠳᠠᠨᠢᠰ ᠨᠥᠬᠥᠷ ᠦ᠋ᠨ ᠡᠷᠬᠢᠯᠡᠭᠡ ᠲᠡᠢ《ᠰᠢᠨᠠᠯᠠᠮ᠎ᠠ ᠶ᠋ᠢᠨ ᠳᠤᠷᠠᠰᠬᠠᠯ ᠤ᠋ᠨ ᠮᠣᠳᠣ ᠶ᠋ᠢ ᠬᠠᠮᠠᠭᠠᠯᠠᠬᠤ ᠬᠦᠷᠢᠶᠡᠯᠡᠩ ᠪᠠᠢᠭᠤᠯᠤᠭᠰᠠᠨ ᠶᠣᠰᠣᠯᠠᠯ ᠤ᠋ᠨ ᠬᠤᠷᠠᠯ》 ᠢ᠋ ᠬᠢᠵᠦ᠂ ᠬᠤᠷᠠᠯ ᠳ᠋ᠤ᠌ ᠠᠢᠮᠠᠭ ᠤ᠋ᠨ ᠲᠡᠦᠬᠡ ᠶ᠋ᠢᠨ ᠳᠤᠷᠠᠰᠬᠠᠯᠲᠤ ᠵᠦᠢᠯᠡᠰ ᠢ᠋ ᠬᠠᠮᠠᠭᠠᠯᠠᠬᠤ ᠥᠷᠲᠡᠭᠡ ᠶ᠋ᠢᠨ ᠴᠠᠭᠠᠨᠳᠤᠩ᠂ ᠬᠣᠰᠢᠭᠤ ᠰᠣᠶᠣᠯ ᠤ᠋ᠨ ᠲᠣᠪᠴᠢᠶ᠎ᠠ ᠶ᠋ᠢᠨ ᠳᠠᠷᠤᠭ᠎ᠠ ᠬᠠᠨ ᠬᠤᠢ ᠳᠧ᠂ ᠰᠤᠮᠤᠨ ᠤ᠋ ᠤᠳᠤᠷᠢᠳᠤᠯᠭ᠎ᠠ ᠪᠣᠯᠤᠨ ᠰᠢᠨᠠᠯᠠᠮ᠎ᠠ ᠶ᠋ᠢᠨ ᠴᠡᠷᠢᠭ ᠦ᠋ᠨ ᠪᠠᠢᠯᠳᠤᠭᠴᠢ ᠸᠠᠩ ᠰᠡᠷᠡᠩᠨᠣᠷᠪᠤ᠂ ᠭᠠᠯᠠᠭᠤᠲᠤ ᠶ᠋ᠢᠨ ᠨᠠᠭᠠᠳᠤᠮ ᠤ᠋ᠨ ᠶᠡᠬᠡ ᠬᠤᠷᠠᠯ ᠳ᠋ᠤ᠌ ᠣᠷᠣᠯᠴᠠᠵᠤ ᠪᠠᠢᠭ᠎ᠠ ᠪᠦᠬᠦ ᠮᠠᠯᠴᠢᠳ ᠮᠢᠩᠭ᠎ᠠ ᠰᠢᠬᠠᠮ ᠬᠥᠮᠦᠰ ᠣᠷᠣᠯᠴᠠᠪᠠ᠃  
       1986 ᠣᠨ ᠳ᠋ᠤ᠌ ᠭᠠᠯᠠᠭᠤᠲᠤ ᠰᠤᠮᠤᠨ ᠤ᠋ ᠰᠣᠶᠣᠯ ᠤ᠋ᠨ ᠥᠷᠲᠡᠭᠡᠨ ᠳᠠᠷᠤᠭ᠎ᠠ ᠷᠢᠸᠠᠳᠢ ᠨᠥᠬᠥᠷ ᠦ᠋ᠨ ᠡᠷᠭᠢᠯᠡᠭᠡ ᠪᠡᠷ ᠭᠠᠯᠠᠭᠤᠲᠤ ᠰᠤᠮᠤᠨ ᠳᠡᠭᠡᠷ᠎ᠡ《ᠰᠢᠨᠡᠯᠡᠮ᠎ᠡ ᠶ᠋ᠢᠨ ᠮᠡᠨᠳᠦᠯᠡᠭᠰᠡᠨ120 ᠵᠢᠯ ᠦ᠋ᠨ ᠣᠢ ᠶ᠋ᠢ ᠳᠤᠷᠠᠰᠬᠠᠬᠤ ᠰᠤᠳᠤᠯᠤᠨ ᠶᠠᠷᠢᠯᠴᠠᠬᠤ ᠬᠤᠷᠠᠯ》 ᠢ᠋ ᠬᠢᠵᠡᠢ᠃  
       ᠡᠨᠡ ᠤᠳᠠᠭ᠎ᠠ ᠶ᠋ᠢᠨ ᠬᠤᠷᠠᠯ ᠳ᠋ᠤ᠌ ᠥᠪᠥᠷ ᠮᠣᠩᠭᠣᠯ ᠤ᠋ᠨ ᠨᠠᠮ ᠤ᠋ᠨ ᠬᠣᠷᠢᠶᠠᠨ ᠤ᠋ ᠨᠠᠷᠢᠨ ᠪᠢᠴᠢᠭ ᠦ᠋ᠨ ᠭᠠᠵᠠᠷ ᠤ᠋ᠨ ᠳᠠᠷᠤᠭ᠎ᠠ ᠬᠥᠭᠵᠢᠯᠲᠦ(ᠪᠠᠷᠢᠨᠲᠠᠭ)᠂ ᠶᠡᠬᠡ ᠵᠣᠣ ᠠᠢᠮᠠᠭ ᠤ᠋ᠨ ᠤᠯᠤᠰ ᠲᠥᠷᠥ ᠶ᠋ᠢᠨ ᠵᠥᠪᠯᠡᠯᠭᠡᠨ ᠦ᠌ ᠰᠣᠶᠣᠯ ᠲᠡᠦᠬᠡ ᠶ᠋ᠢᠨ ᠠᠯᠪᠠᠨ ᠭᠡᠷ ᠦ᠋ᠨ ᠡᠷᠬᠢᠯᠡᠭᠴᠢ᠂ ᠤᠯᠤᠰ ᠤ᠋ᠨ ᠨᠢᠭᠡᠳᠦᠭᠡᠷ ᠳᠡᠰ ᠦ᠋ᠨ ᠵᠣᠬᠢᠶᠠᠯᠴᠢ ᠹᠧᠩ ᠢ ᠱᠠᠨ( ᠹᠧᠩ ᠹᠧᠩ)᠂ ᠦᠦᠰᠢᠨ ᠬᠤᠰᠢᠭᠤᠨ ᠤ᠋ ᠳᠡᠳ᠋ ᠬᠣᠰᠢᠭᠤ ᠳᠠᠷᠤᠭ᠎ᠠ ᠲᠣᠳᠣᠰᠡᠴᠡᠨ ᠪᠣᠯᠤᠨ ᠭᠠᠯᠠᠭᠤᠲᠤ ᠰᠤᠮᠤᠨ ᠤ᠋ ᠬᠠᠷᠢᠭᠤᠴᠠᠯᠭᠠᠲᠠᠨ ᠺᠠᠳ᠋ᠷ᠂ ᠰᠢᠨᠠᠯᠠᠮ᠎ᠠ ᠶ᠋ᠢᠨ ᠬᠦᠦ ᠪᠡᠷᠢ ᠬᠠᠯᠵᠠᠨ᠂ ᠲᠡᠭᠦᠨ ᠦ᠌ ᠬᠥᠪᠡᠭᠦᠨ ᠴᠠᠭᠠᠨᠳᠤᠩ᠂ ᠠᠯᠲᠠᠨᠳᠠᠯᠠᠢ᠂ ᠬᠡᠦᠬᠡᠨ ᠣᠶᠤᠨᠳᠠᠯᠠᠢ ᠨᠠᠷ ᠨᠡᠢᠲᠡ ᠳᠥᠴᠢ ᠭᠠᠷᠤᠢ ᠬᠥᠮᠦᠰ ᠣᠷᠣᠯᠴᠠᠪᠠ᠃  
       1996 ᠣᠨ ᠳ᠋ᠤ᠌ ᠭᠠᠯᠠᠭᠤᠲᠤ ᠰᠤᠮᠤᠨ ᠤ᠋ ᠠᠷᠠᠳ ᠤ᠋ᠨ ᠲᠥᠯᠥᠭᠡᠯᠡᠭᠴᠢᠳ ᠦ᠋ᠨ ᠬᠤᠷᠠᠯ ᠤ᠋ᠨ ᠡᠷᠬᠢᠯᠡᠭᠴᠢ ᠡᠷᠳᠡᠨᠢ ᠶ᠋ᠢᠨ ᠡᠷᠬᠢᠯᠡᠭᠡ ᠪᠡᠷ ᠭᠠᠯᠠᠭᠤᠲᠤ ᠪᠠᠭ᠎ᠠ ᠰᠤᠷᠭᠠᠭᠤᠯᠢ ᠳᠡᠭᠡᠷ᠎ᠡ《ᠰᠢᠨᠠᠯᠠᠮ᠎ᠠ ᠶ᠋ᠢᠨ ᠮᠡᠨᠳᠦᠯᠡᠭᠰᠡᠨ130 ᠵᠢᠯ ᠦ᠋ᠨ ᠣᠢ ᠶ᠋ᠢ ᠳᠤᠷᠠᠰᠬᠠᠨ ᠪᠡᠯᠭᠡᠯᠡᠬᠦ ᠰᠠᠭᠤᠳᠠᠯ ᠤ᠋ᠨ ᠬᠤᠷᠠᠯ》 ᠢ᠋ ᠬᠤᠷᠠᠯᠳᠤᠭᠤᠯᠵᠠᠢ᠃ 
       ᠬᠤᠷᠠᠯ ᠳ᠋ᠤ᠌ ᠥᠪᠥᠷ ᠮᠣᠩᠭᠣᠯ ᠤ᠋ᠨ ᠮᠠᠯ ᠠᠵᠤ ᠠᠬᠤᠢ ᠰᠡᠳᠬᠦᠯ ᠦ᠋ᠨ ᠶᠡᠷᠦᠩᠬᠡᠢ ᠨᠠᠢᠷᠠᠭᠤᠯᠤᠭᠴᠢ ᠪᠠᠪᠤᠯᠠᠢ ᠹᠷᠣᠹᠧᠰᠰᠣᠷ᠂ ᠶᠡᠬᠡ ᠵᠣᠣ ᠠᠢᠮᠠᠭ ᠤ᠋ᠨ ᠰᠤᠷᠭᠠᠨ ᠬᠥᠮᠦᠵᠢᠯ ᠦ᠋ᠨ ᠭᠠᠵᠠᠷ ᠤ᠋ᠨ ᠳᠠᠷᠤᠭ᠎ᠠ ᠪᠠᠢᠭᠰᠠᠨ ᠨᠠᠰᠤᠨ(ᠷᠠᠰᠢᠨᠢᠮ᠎ᠠ)᠂ ᠶᠡᠬᠡ ᠵᠣᠣ ᠠᠢᠮᠠᠭ ᠤ᠋ᠨ ᠦᠨᠳᠦᠰᠦᠲᠡᠨ ᠦ᠌ ᠳᠤᠮᠳᠠᠳᠤ ᠰᠤᠷᠭᠠᠭᠤᠯᠢ ᠶ᠋ᠢᠨ ᠵᠠᠬᠢᠷᠤᠯ ᠫᠠ᠊᠂ ᠲᠡᠮᠦᠷ ᠪᠣᠯᠤᠨ ᠪᠤᠰᠤᠳ ᠬᠠᠮᠢᠶ᠎ᠠ ᠪᠦᠬᠦᠢ ᠨᠥᠬᠥᠳ ᠨᠡᠢᠲᠡ ᠬᠣᠷᠢ ᠭᠠᠷᠤᠢ ᠬᠥᠮᠦᠨ ᠣᠷᠣᠯᠴᠠᠪᠠ᠃ 
       2005 ᠣᠨ ᠤ᠋8 ᠰᠠᠷ᠎ᠠ ᠶ᠋ᠢᠨ3 ᠤ᠋ ᠡᠳᠦᠷ ᠭᠠᠯᠠᠭᠤᠲᠤ ᠰᠤᠮᠤᠨ ᠤ᠋ ᠨᠠᠮ ᠤ᠋ᠨ ᠬᠣᠷᠢᠶ᠎ᠠ ᠶ᠋ᠢᠨ ᠱᠦᠵᠢ ᠰᠣᠶᠣᠯᠵᠢᠷᠭᠠᠯ᠂ ᠰᠤᠮᠤᠨ ᠳᠠᠷᠤᠭ᠎ᠠ ᠰᠦᠮᠪᠦᠷ ᠨᠠᠷ ᠤ᠋ᠨ ᠡᠷᠬᠢᠯᠡᠭᠡ ᠪᠡᠷ《ᠰᠢᠨᠡᠯᠡᠮ᠎ᠡ ᠶ᠋ᠢᠨ ᠮᠡᠨᠳᠦᠯᠡᠭᠰᠡᠨ139 ᠵᠢᠯ ᠦ᠋ᠨ ᠣᠢ ᠶ᠋ᠢ ᠳᠤᠷᠠᠰᠬᠠᠨ ᠪᠡᠯᠭᠡᠯᠡᠬᠦ ᠰᠠᠭᠤᠳᠠᠯ ᠤ᠋ᠨ ᠬᠤᠷᠠᠯ》 ᠢ᠋ ᠭᠠᠯᠠᠭᠤᠲᠤ ᠰᠤᠮᠤᠨ ᠳᠡᠭᠡᠷ᠎ᠡ ᠬᠢᠵᠡᠢ᠃   
       ᠬᠤᠷᠠᠯ ᠳ᠋ᠤ᠌ ᠣᠷᠣᠯᠴᠠᠭᠰᠠᠳ ᠰᠢᠨᠡᠯᠡᠮ᠎ᠡ ᠶ᠋ᠢᠨ ᠳᠤᠭᠤᠢᠯᠠᠩ ᠤ᠋ᠨ ᠬᠥᠳᠡᠯᠭᠡᠭᠡᠨ ᠢ᠋ ᠤᠳᠤᠷᠢᠳᠤᠭᠰᠠᠨ ᠦᠢᠯᠡ ᠠᠵᠢᠯᠯᠠᠭ᠎ᠠ ᠶ᠋ᠢ ᠥᠨᠳᠥᠷ ᠢ᠋ᠶ᠋ᠡᠷ ᠦᠨᠡᠯᠡᠵᠦ ᠶᠠᠷᠢᠯᠴᠠᠯ᠎ᠠ᠃ ᠲᠡᠭᠦᠨ ᠡᠴᠡ ᠵᠠᠷᠢᠮ ᠢ᠋ ᠨᠢ ᠰᠡᠢᠷᠡᠭᠦᠯᠪᠡᠯ᠄ 
       ᠰᠢᠨᠠᠯᠠᠮ᠎ᠠ ᠶ᠋ᠢᠨ ᠤᠯᠤᠰ ᠤ᠋ᠨ ᠳᠣᠲᠣᠭᠠᠳᠤ ᠭᠠᠳᠠᠭᠠᠳᠤ ᠳ᠋ᠠᠬᠢ ᠨᠥᠯᠥᠭᠡ ᠶ᠋ᠢᠨ ᠲᠠᠯ᠎ᠠ ᠪᠠᠷ ᠭᠠᠳᠠ ᠮᠡᠢᠷᠡᠨ ᠳ᠋ᠦ᠍ ᠬᠦᠷᠳᠡᠭ ᠦᠭᠡᠢ ᠪᠢᠯᠡ᠃ ᠡᠨᠡ ᠨᠢ ᠶᠠᠭᠤᠨ ᠠ᠋ᠴᠠ ᠪᠣᠯᠤᠭᠰᠠᠨ ᠢ᠋ ᠰᠤᠳᠤᠯᠬᠤ ᠴᠢᠬᠤᠯᠠᠲᠠᠢ᠃ 
       ᠭᠠᠳᠠ ᠮᠡᠢᠷᠡᠨ(1892~1933) ᠣᠨ ᠤ᠋ ᠬᠣᠭᠣᠷᠣᠨᠳᠣ ᠠᠮᠢᠳᠤᠷᠠᠵᠤ᠂1929~1931 ᠣᠨ ᠬᠦᠷᠲᠡᠯ᠎ᠡ ᠭᠤᠷᠪᠠᠨ ᠵᠢᠯ ᠵᠢᠷᠢᠮ ᠠᠢᠮᠠᠭ ᠤ᠋ᠨ ᠬᠣᠷᠴᠢᠨ ᠵᠡᠭᠦᠨ ᠭᠠᠷ ᠤ᠋ᠨ ᠳᠤᠮᠳᠠᠳᠤ ᠬᠤᠰᠢᠭᠤᠨ ᠳ᠋ᠤ᠌ ᠪᠣᠯᠤᠭᠰᠠᠨ ᠨᠤᠲᠤᠭ ᠪᠡᠯᠴᠢᠭᠡᠷ ᠢ᠋ᠶ᠋ᠡᠨ ᠬᠠᠮᠠᠭᠠᠯᠠᠵᠤ ᠠᠲᠠᠷ ᠬᠠᠭᠠᠯᠪᠤᠷᠢᠯᠠᠬᠤ ᠶ᠋ᠢ ᠡᠰᠡᠷᠭᠦᠴᠡᠨ ᠵᠡᠪᠰᠡᠭᠲᠦ ᠲᠡᠮᠡᠴᠡᠯ ᠥᠷᠨᠢᠭᠦᠯᠦᠭᠰᠡᠨ ᠪᠣᠰᠤᠯᠭ᠎ᠠ ᠶ᠋ᠢᠨ ᠤᠳᠤᠷᠢᠳᠤᠭᠴᠢ ᠶᠤᠮ᠃ ᠲᠡᠭᠦᠨ ᠦ᠌ ᠠᠯᠳᠠᠷ ᠨᠡᠷ᠎ᠡ ᠶ᠋ᠢ ᠤᠯᠤᠰ ᠤ᠋ᠨ ᠳᠣᠲᠣᠭᠠᠳᠤ ᠭᠠᠳᠠᠭᠠᠳᠤ ᠳ᠋ᠤ᠌ ᠠᠯᠳᠠᠷᠰᠢᠭᠤᠯᠤᠭᠰᠠᠨ ᠭᠣᠣᠯ ᠰᠢᠯᠲᠠᠭᠠᠨ ᠪᠣᠯ《 ᠭᠠᠳᠠ ᠮᠡᠢᠷᠡᠨ ᠦ᠌ ᠳᠠᠭᠤᠤ》《 ᠭᠠᠳᠠ ᠮᠡᠢᠷᠡᠨ》 ᠭᠡᠬᠦ ᠺᠢᠨᠣ᠋ ᠪᠣᠯᠤᠨ᠎ᠠ᠃  
       ᠰᠢᠨᠠᠯᠠᠮ᠎ᠠ(1866~1929) ᠣᠨ ᠤ᠋ ᠬᠣᠭᠣᠷᠣᠨᠳᠣ ᠠᠮᠢᠳᠤᠷᠠᠵᠤ᠂1905~1929 ᠣᠨ ᠬᠦᠷᠲᠡᠯ᠎ᠡ25 ᠵᠢᠯ ᠬᠤᠪᠢᠰᠬᠠᠯ ᠬᠢᠭᠰᠡᠨ ᠬᠥᠮᠦᠨ ᠶᠦᠮ᠃ ᠡᠭᠦᠨ ᠦ᠌ ᠳᠣᠲᠣᠷ᠎ᠠ 1905~1920 ᠣᠨ ᠪᠣᠯᠲᠠᠯᠠᠬᠢ16 ᠵᠢᠯ ᠪᠣᠯ ᠳᠤᠭᠤᠢᠯᠠᠩ ᠤ᠋ᠨ ᠬᠥᠳᠡᠯᠭᠡᠭᠡᠨ ᠳ᠋ᠦ᠍ ᠣᠷᠣᠯᠴᠠᠵᠤ᠂ ᠠᠷᠪᠠᠨ ᠨᠢᠭᠡᠨ ᠳᠤᠭᠤᠢᠯᠠᠩ ᠢ᠋ ᠪᠠᠢᠭᠤᠯᠵᠤ ᠤᠳᠤᠷᠢᠳᠤᠨ ᠦᠦᠰᠢᠨ ᠬᠤᠰᠢᠭᠤᠨ ᠤ᠋ ᠠᠷᠠᠳ ᠲᠦᠮᠡᠨ ᠢ᠋ ᠤᠳᠤᠷᠢᠳᠤᠨ ᠦᠨᠡᠨ ᠬᠦ᠌ ᠡᠷᠬᠡ ᠴᠢᠯᠥᠭᠡᠨ ᠦ᠌ ᠦᠢᠯᠡᠰ ᠦ᠋ᠨ ᠲᠥᠯᠥᠭᠡ ᠲᠡᠮᠡᠴᠡᠵᠦ ᠤᠯᠠᠭᠠᠨ ᠵᠠᠰᠠᠭ ᠢ᠋ ᠪᠠᠢᠭᠤᠯᠵᠤ᠂ ᠬᠣᠰᠢᠭᠤ ᠨᠣᠶᠠᠨ ᠴᠠᠭᠳᠤᠷᠰᠡᠷᠡᠩ ᠦ᠋ᠨ ᠲᠤᠰᠢᠶᠠᠯ ᠢ᠋ ᠤᠭᠴᠠᠷᠠᠭᠤᠯᠤᠨ ᠦᠨᠡᠨ ᠬᠦ᠌ ᠠᠷᠠᠳ ᠲᠦᠮᠡᠨ ᠦ᠌ ᠡᠷᠬᠡ ᠴᠢᠯᠥᠭᠡᠯᠡᠯᠲᠡ ᠶ᠋ᠢᠨ ᠦᠢᠯᠡᠰ ᠦ᠋ᠨ ᠲᠥᠯᠥᠭᠡ ᠲᠡᠮᠡᠴᠡᠪᠡ᠃  
       1921~1929 ᠣᠨ ᠪᠣᠯ ᠰᠢᠨᠡᠯᠡᠮ᠎ᠡ ᠶ᠋ᠢᠨ ᠭᠡᠷᠡᠯ ᠰᠠᠴᠤᠷᠠᠩᠭᠤᠢ ᠠᠭᠤᠤ ᠶᠡᠬᠡ ᠦᠢᠯᠡᠰ ᠪᠤᠰᠬᠠᠭᠰᠠᠨ ᠴᠠᠭ ᠦᠶ᠎ᠡ ᠪᠣᠯᠤᠨ᠎ᠠ᠃   
       ᠰᠢᠨᠠᠯᠠᠮ᠎ᠠ ᠶ᠋ᠢᠨ ᠤᠳᠤᠷᠢᠳᠤᠭᠰᠠᠨ ᠸᠠᠩ ᠬᠦᠩ ᠹᠧᠣᠳᠠᠯ ᠪᠠ ᠡᠵᠡᠷᠬᠡᠭ ᠲᠦᠷᠢᠮᠡᠬᠡᠢᠲᠡᠨ ᠢ᠋ ᠡᠰᠡᠷᠭᠦᠴᠡᠭᠰᠡᠨ ᠦᠨᠳᠦᠰᠦᠲᠡᠨ ᠦ᠌ ᠠᠷᠠᠳᠴᠢᠯᠠᠭᠰᠠᠨ ᠬᠤᠪᠢᠰᠬᠠᠯᠲᠤ ᠵᠡᠪᠰᠡᠭᠲᠦ ᠬᠥᠳᠡᠯᠭᠡᠭᠡᠨ ᠪᠣᠯ ᠳᠤᠮᠳᠠᠳᠤ ᠤᠯᠤᠰ ᠤ᠋ᠨ ᠰᠢᠨ᠎ᠡ ᠠᠷᠠᠳᠴᠢᠯᠠᠭᠰᠠᠨ ᠬᠤᠪᠢᠰᠬᠠᠯ ᠤ᠋ᠨ ᠴᠢᠬᠤᠯᠠ ᠨᠢᠭᠡ ᠪᠦᠷᠢᠯᠳᠦᠬᠦᠨ ᠬᠡᠰᠡᠭ ᠪᠣᠯᠬᠤ  ᠪᠠᠷ ᠪᠠᠷᠠᠬᠤ ᠦᠭᠡᠢ ᠶᠡᠬᠡ ᠵᠣᠣ ᠠᠢᠮᠠᠭ ᠤ᠋ᠨ ᠴᠢᠨᠠᠭᠰᠢᠯᠠᠪᠠᠯ ᠪᠦᠬᠦ ᠮᠣᠩᠭᠣᠯ ᠦᠨᠳᠦᠰᠦᠲᠡᠨ ᠦ᠌ ᠢᠷᠠᠭᠤ ᠠᠯᠳᠠᠷ ᠪᠣᠯᠤᠨ᠎ᠠ ᠭᠡᠵᠦ ᠦᠵᠡᠪᠡ᠃  
       ᠡᠭᠦᠨ ᠦ᠌ ᠲᠤᠬᠠᠢ《ᠦᠦᠰᠢᠨ ᠬᠤᠰᠢᠭᠤᠨ ᠤ᠋ ᠰᠢᠨᠠᠯᠠᠮ᠎ᠠ ᠶ᠋ᠢᠨ ᠤᠳᠤᠷᠢᠳᠤᠭᠰᠠᠨ ᠲᠡᠮᠡᠴᠡᠯ ᠪᠣᠯ ᠬᠠᠮᠤᠭ ᠤ᠋ᠨ ᠠᠯᠳᠠᠷ ᠲᠠᠢ᠂ ᠲᠡᠳᠡ ᠬᠣᠰᠢᠭᠤ ᠸᠠᠩ ᠨᠣᠶᠠᠨ ᠢ᠋ ᠬᠥᠭᠡᠭᠡᠨ ᠶᠠᠪᠤᠭᠤᠯᠵᠤ ᠢᠯᠵᠠᠷᠠᠮᠠᠯ ᠨᠣᠶᠠᠳ ᠬᠣᠪᠳᠣᠭ ᠵᠠᠯᠢᠬᠠᠢᠴᠤᠳ ᠢ᠋ ᠠᠯᠠᠵᠤ  ᠪᠦᠬᠦ ᠬᠤᠰᠢᠭᠤᠨ ᠤ᠋ ᠶᠡᠬᠡ ᠡᠷᠬᠡ ᠶ᠋ᠢ ᠡᠵᠡᠮᠰᠢᠵᠦ ᠨᠠᠢ᠍ᠮᠠᠨ ᠵᠢᠯ ᠢᠯᠡᠭᠦᠦ ᠦᠷᠭᠦᠯᠵᠢᠯᠡᠭᠰᠡᠨ ᠲᠡᠮᠡᠴᠡᠯ ᠥᠷᠨᠢᠭᠦᠯᠦᠭᠰᠡᠨ ᠲᠡᠦᠬᠡ ᠲᠡᠢ》 ᠭᠡᠵᠦ ᠲᠡᠮᠳᠡᠭᠯᠡᠵᠦ ᠪᠣᠢ᠃ 
       ᠮᠠᠰᠢ ᠠᠷᠪᠢᠨ ᠨᠣᠮ ᠰᠤᠳᠤᠷ ᠲᠤ᠌《ᠰᠢᠨᠠᠯᠠᠮ᠎ᠠ ᠪᠣᠯ ᠳᠤᠭᠤᠢᠯᠠᠩ ᠤ᠋ᠨ ᠬᠥᠳᠡᠯᠭᠡᠭᠡᠨ ᠦ᠌ ᠰᠢᠯᠭᠠᠷᠠᠭᠰᠠᠨ ᠤᠳᠤᠷᠢᠳᠤᠭᠴᠢ》 ᠭᠡᠵᠦ ᠲᠡᠮᠳᠡᠭᠯᠡᠵᠦ ᠪᠣᠢ᠃ 
       ᠡᠢᠮᠦ ᠡᠴᠡ ᠰᠢᠨᠡᠯᠡᠮ᠎ᠡ ᠶ᠋ᠢᠨ ᠤᠳᠤᠷᠢᠳᠤᠭᠰᠠᠨ ᠳᠤᠭᠤᠢᠯᠠᠩ ᠤ᠋ᠨ ᠬᠥᠳᠡᠯᠭᠡᠭᠡᠨ ᠢ᠋ ᠠᠷᠠᠳᠴᠢᠯᠠᠭᠰᠠᠨ ᠬᠤᠪᠢᠰᠬᠠᠯᠲᠤ ᠬᠥᠳᠡᠯᠭᠡᠭᠡᠨ ᠭᠡᠳᠡᠭ ᠢ᠋ ᠵᠥᠪᠰᠢᠶᠡᠷᠡᠳᠡᠭ ᠯᠡ ᠶᠦᠮ ᠪᠣᠯ ᠰᠢᠨᠡᠯᠡᠮ᠎ᠡ ᠶ᠋ᠢᠨ ᠬᠤᠪᠢᠰᠬᠠᠯ ᠳ᠋ᠤ᠌ ᠣᠷᠣᠯᠴᠠᠭᠰᠠᠨ ᠴᠠᠭ ᠬᠤᠭᠤᠴᠠᠭ᠎ᠠ ᠶ᠋ᠢ1905 ᠣᠨ ᠭᠡᠵᠦ ᠲᠡᠮᠳᠡᠭᠯᠡᠨ ᠦᠨᠡᠯᠡᠪᠡᠯ ᠵᠣᠬᠢᠨ᠎ᠠ᠃①      

— — — — 
 ① ᠦᠦᠰᠢᠨ ᠬᠤᠰᠢᠭᠤᠨ ᠤ᠋ ᠳᠠᠩᠰᠠ ᠡᠪᠬᠡᠮᠡᠯ ᠦ᠋ᠨ ᠰᠠᠩ ᠤ᠋ᠨ ᠳᠠᠷᠤᠭ᠎ᠠ᠂ ᠵᠠᠩ ᠦᠢᠯᠡ ᠶ᠋ᠢᠨ ᠰᠤᠳᠤᠯᠤᠭᠴᠢ ᠨᠠᠰᠤᠨᠪᠠᠲᠤ ᠶ᠋ᠢᠨ ᠵᠣᠬᠢᠶᠠᠯ ᠠ᠋ᠴᠠ᠃   

          ᠦᠰᠦᠭ ᠠᠮᠢᠯᠠᠭᠤᠯᠤᠭᠴᠢ᠄ ᠪᠠᠯ᠂ ᠣᠶᠤᠨᠪᠠᠲᠤ  
             ᠬᠢᠨᠠᠭᠴᠢ᠄ ᠣᠳᠬᠣᠨᠴᠡᠴᠡᠭ᠂ ᠠᠯᠲᠠᠨᠱᠠ᠂ ᠪᠠᠯ