ᠨᠠᠬᠢᠶ᠎ᠠ ᠰᠠᠢᠬᠠᠨ-ᠭᠣ᠊᠂ ᡀᠮᠤᠵᠠᠪ Nakhia saikhan-Gu,LkhmjavНахиа сайхан-Гу,Лхмжав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠬᠢᠶ᠎ᠠ ᠰᠠᠢᠬᠠᠨ-ᠭᠣ᠊᠂ ᡀᠮᠤᠵᠠᠪ Nakhia saikhan-Gu,LkhmjavНахиа сайхан-Гу,Лхмжав

ᠨᠠᠬᠢᠶ᠎ᠠ ᠰᠠᠢᠬᠠᠨ-ᠭᠣ᠊᠂ ᡀᠮᠤᠵᠠᠪ Nakhia saikhan-Gu,LkhmjavНахиа сайхан-Гу,Лхмжав

2025-11-26

1838

ᠨᠠᠬᠢᠶ᠎ᠠ ᠰᠠᠢᠬᠠᠨ

   ᠵᠣᠬᠢᠶᠠᠭᠴᠢ᠄ ᠭᠣ᠊᠂ ᡀᠮᠤᠵᠠᠪ 
   ᠤᠶᠠᠩᠭᠠᠯᠠᠭᠴᠢ᠄ ᠠᠷᠢᠭᠤᠨ᠎ᠠ 

ᠬᠠᠢᠷ᠎ᠠ ᠶ᠋ᠢᠨ ᠨᠠᠬᠢᠶ᠎ᠠ 
ᠬᠠᠯᠠᠮᠵᠢ ᠶ᠋ᠢᠨ ᠵᠠᠬᠢᠶ᠎ᠠ 
ᠬᠦᠰᠡᠯ ᠦ᠋ᠨ ᠳᠣᠬᠢᠶ᠎ᠠ 
ᠬᠥᠮᠦᠵᠢᠯ ᠦ᠋ᠨ ᠰᠣᠶᠣᠭ᠎ᠠ 
ᠨᠠᠬᠢᠶ᠎ᠠ ᠰᠠᠢᠬᠠᠨ 
ᠨᠠᠢᠵᠠᠯᠠᠬᠤ ᠳ᠋ᠤ᠌ ᠭᠣᠶᠣᠬᠠᠨ ᠠ᠋ 

ᠪᠣᠳᠣᠯ ᠤ᠋ᠨ ᠵᠢᠭᠦᠷ 
ᠴᠢᠳᠠᠯ ᠤ᠋ᠨ ᠬᠦᠴᠦ 
ᠴᠡᠴᠡᠭ ᠦ᠋ᠨ ᠦᠨᠦᠷ 
ᠴᠡᠬᠡ ᠶ᠋ᠢᠨ ᠰᠢᠮ᠎ᠡ 
ᠨᠠᠬᠢᠶ᠎ᠠ ᠰᠠᠢᠬᠠᠨ 
ᠨᠠᠢᠵᠠᠯᠠᠬᠤ ᠳ᠋ᠤ᠌ ᠭᠣᠶᠣᠬᠠᠨ ᠠ᠋ 

ᠲᠠᠨᠢᠯ ᠤ᠋ᠨ ᠰᠣᠳᠣ
ᠰᠠᠷᠠᠯ ᠤ᠋ᠨ ᠣᠳᠣ
ᠰᠢᠨᠤᠯ ᠤ᠋ᠨ ᠠᠮᠲᠠ
ᠳᠡᠭᠡᠳᠦᠰ ᠦ᠋ᠨ ᠤᠮᠳᠠ
ᠨᠠᠬᠢᠶ᠎ᠠ ᠰᠠᠢᠬᠠᠨ
ᠨᠠᠢᠵᠠᠯᠠᠬᠤ ᠳ᠋ᠤ᠌ ᠭᠣᠶᠣᠬᠠᠨ ᠠ᠋

ᠰᠤᠷᠤᠯᠭ᠎ᠠ ᠬᠢᠴᠢᠶᠡᠯ ᠳ᠋ᠦ᠍
ᠰᠢᠮᠳᠠᠭᠤᠯᠳᠠᠭ ᠰᠢᠳᠢ
ᠰᠤᠷᠲᠠᠯ ᠮᠣᠷᠠᠯ ᠢ᠋
ᠰᠠᠢᠵᠢᠷᠠᠭᠤᠯᠳᠠᠭ ᠷᠢᠳᠢ
ᠨᠠᠬᠢᠶ᠎ᠠ ᠰᠠᠢᠬᠠᠨ
ᠨᠠᠢᠵᠠᠯᠠᠬᠤ ᠳ᠋ᠤ᠌ ᠭᠣᠶᠣᠬᠠᠨ

ᠨᠣᠢᠷ ᠬᠣᠭᠣᠯᠠ ᠶ᠋ᠢ
ᠮᠠᠷᠲᠠᠭᠤᠯᠳᠠᠭ ᠡᠮ
ᠨᠢᠭᠤᠴᠠ ᠤᠪᠠᠳᠢᠰ ᠢ᠋
ᠢᠪᠡᠭᠡᠳᠡᠭ ᠲᠣᠮ
ᠨᠠᠬᠢᠶ᠎ᠠ ᠰᠠᠢᠬᠠᠨ
ᠨᠠᠢᠵᠠᠯᠠᠬᠤ ᠳ᠋ᠤ᠌ ᠭᠣᠶᠣᠬᠠᠨ ᠠ᠋!

  ᠦᠰᠦᠭ ᠠᠮᠢᠯᠠᠭᠤᠯᠤᠭᠴᠢ᠄ ᠠᠯᠲᠠᠨᠴᠢᠮᠡᠭ
  ᠦᠰᠦᠭ ᠬᠠᠲᠠᠭᠴᠢ᠄ ᠠᠯᠲᠠᠨᠴᠢᠮᠡᠭ