ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠬᠠᠤᠯᠢ ᠨᠢ ᠭᠠᠤᠯᠢ ᠪᠣᠯᠵᠠᠢ Гураван настай гунаган улаан баатар - Хууль нь гууль болжээ ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠬᠠᠤᠯᠢ ᠨᠢ ᠭᠠᠤᠯᠢ ᠪᠣᠯᠵᠠᠢ Гураван настай гунаган улаан баатар - Хууль нь гууль болжээ

ᠭᠤᠷᠪᠠᠨ ᠨᠠᠰᠤᠲᠠᠢ ᠭᠤᠨᠠᠭᠠᠨ ᠤᠯᠠᠭᠠᠨ ᠪᠠᠭᠠᠲᠤᠷ - ᠬᠠᠤᠯᠢ ᠨᠢ ᠭᠠᠤᠯᠢ ᠪᠣᠯᠵᠠᠢ Гураван настай гунаган улаан баатар - Хууль нь гууль болжээ

ᠠᠩᠭᠢᠯᠠᠯ:ᠳᠣᠮᠣᠭ ᠦᠯᠢᠭᠡᠷ
2025-11-23

131

ᠬᠠᠤᠯᠢ ᠨᠢ ᠭᠠᠤᠯᠢ ᠪᠣᠯᠵᠠᠢ

  
       ᠤᠷᠢᠳᠤ ᠨᠢᠭᠡᠨ ᠴᠠᠭ  ᠲᠤ᠌᠂ ᠠᠭᠤᠵᠢᠮ ᠮᠣᠩᠭᠣᠯ ᠤ᠋ᠨ ᠣᠷᠣᠨ ᠳᠡᠭᠡᠷᠡᠬᠢ ᠲᠡᠷᠡ ᠨᠢᠭᠡᠨ ᠭᠠᠵᠠᠷ  ᠲᠤ᠌᠂ ᠨᠢᠭᠡᠨ ᠰᠣᠬᠣᠷ ᠬᠤᠭᠤᠷᠴᠢ ᠪᠠᠢᠭᠰᠠᠨ ᠭᠡᠨ᠎ᠡ᠃ ᠲᠡᠷᠡ ᠬᠤᠭᠤᠷᠴᠢ ᠪᠣᠯ᠂ ᠨᠢᠭᠡᠨ ᠵᠢᠯ ᠦ᠋ᠨ ᠭᠤᠷᠪᠠᠨ ᠵᠠᠭᠤ ᠵᠢᠷᠠᠨ ᠬᠣᠨᠣᠭ ᠲᠤ᠌ ᠬᠤᠭᠤᠷ ᠢ᠋ᠶ᠋ᠠᠨ ᠬᠤᠭᠤᠷᠳᠠᠵᠤ᠂ ᠬᠣᠲᠠ ᠵᠡᠭᠡᠯᠢ ᠶ᠋ᠢ ᠬᠡᠰᠦᠵᠦ᠂ ᠠᠢᠯ ᠬᠥᠳᠡᠭᠡ ᠶ᠋ᠢ ᠲᠣᠭᠣᠷᠢᠵᠤ ᠦᠯᠢᠭᠡᠷ ᠬᠡᠯᠡᠵᠦ ᠳᠠᠭᠤᠤ ᠳᠠᠭᠤᠯᠠᠵᠤ ᠶᠠᠪᠤᠳᠠᠭ ᠭᠡᠨ᠎ᠡ᠃  
       ᠡᠨᠡ ᠮᠡᠲᠦ ᠪᠡᠷ ᠬᠡᠴᠢᠨᠡᠨ ᠵᠢᠯ ᠪᠣᠯᠤᠭᠠᠳ ᠤᠳᠠᠭᠠᠨ ᠡᠳᠦᠷ᠂ ᠵᠤᠵᠠᠭᠠᠨ ᠬᠣᠨᠣᠭ ᠢ᠋ ᠥᠩᠭᠡᠷᠡᠭᠡᠭᠰᠡᠭᠡᠷ ᠦᠯᠢᠭᠡᠷ ᠬᠡᠯᠡᠨ ᠳᠠᠭᠤᠤ ᠳᠠᠭᠤᠯᠠᠨ ᠶᠠᠪᠤᠵᠤ᠂ ᠢᠳᠡᠬᠦ ᠡᠮᠦᠰᠬᠦ ᠪᠡᠨ ᠭᠠᠮᠨᠠᠨ ᠠᠷᠪᠢᠯᠠᠵᠤ᠂ ᠨᠡᠯᠢᠶᠡᠳ ᠲᠣᠭᠠᠨ ᠤ᠋ ᠮᠥᠩᠭᠥ ᠴᠤᠭᠯᠠᠭᠤᠯᠵᠤ᠂ ᠠᠭᠰᠢᠷᠠᠨ ᠵᠦᠳᠡᠷᠡᠬᠦ ᠦᠶᠡᠰ ᠲᠡᠭᠡᠨ ᠠᠮᠢᠨ ᠤ᠋ ᠲᠡᠵᠢᠭᠡᠯ ᠪᠣᠯᠭᠠᠶ᠎ᠠ ᠭᠡᠵᠦ ᠬᠠᠳᠠᠭᠠᠯᠠᠨ᠂ ᠲᠡᠭᠦᠨ ᠢ᠋ ᠪᠡᠨ ᠡᠮᠦᠰᠦᠭᠰᠡᠨ ᠳᠡᠪᠡᠯ ᠦ᠋ᠨ ᠡᠪᠦᠷ ᠲᠡᠭᠡᠨ ᠨᠢᠭᠡᠨ ᠪᠠᠭ᠎ᠠ ᠤᠭᠤᠲᠠᠨ ᠳ᠋ᠤ᠌ ᠬᠢᠵᠦ ᠡᠭᠡᠨᠡᠭᠲᠡ ᠡᠪᠦᠷᠯᠡᠨ ᠶᠠᠪᠤᠳᠠᠭ ᠪᠠᠢᠵᠠᠢ᠃ 
       ᠨᠢᠭᠡᠨ ᠡᠳᠦᠷ ᠪᠠᠰᠠ ᠤᠭ ᠬᠡᠪ ᠢ᠋ᠶ᠋ᠡᠷ ᠣᠯᠠᠨ ᠤ᠋ ᠴᠤᠭᠯᠠᠬᠤ ᠨᠢᠭᠡ ᠭᠠᠵᠠᠷ ᠰᠠᠭᠤᠵᠤ ᠬᠤᠭᠤᠷ ᠢ᠋ᠶ᠋ᠠᠨ ᠬᠤᠭᠤᠷᠳᠠᠵᠤ᠂ ᠳᠠᠭᠤᠤ ᠳᠠᠭᠤᠯᠠᠨ ᠪᠠᠢᠭᠰᠠᠨ ᠳ᠋ᠤ᠌᠂ ᠭᠣᠶᠣ ᠲᠣᠷᠭᠠᠨ ᠳᠡᠪᠡᠯ ᠲᠡᠢ᠂ ᠪᠤᠯᠢᠭᠠᠷᠢ ᠠᠷᠠᠰᠤᠨ ᠭᠤᠲᠤᠯ ᠲᠠᠢ᠂ ᠬᠥᠬᠡ ᠬᠢᠯᠢᠩ ᠤᠭᠤᠵᠢ ᠲᠠᠢ ᠨᠢᠭᠡ ᠬᠥᠮᠦᠨ᠂ ᠬᠠᠷ᠎ᠠ ᠲᠣᠷᠭᠠᠨ ᠮᠠᠯᠠᠭᠠᠢ ᠪᠠᠨ ᠬᠠᠵᠠᠭᠤ ᠳᠡᠭᠡᠷ᠎ᠡ ᠪᠡᠨ ᠲᠠᠯᠪᠢᠵᠤ᠂ ᠬᠠᠴᠠᠷ ᠵᠢᠰᠦ ᠨᠢ ᠬᠤᠵᠢᠢᠵᠤ ᠬᠠᠢᠪᠠᠯᠵᠠᠨ ᠳᠠᠢᠪᠠᠯᠵᠠᠨ ᠠᠯᠬᠤᠯᠠᠨ᠂ ᠬᠣᠷᠭᠣᠯ ᠤ᠋ᠨ ᠴᠢᠨᠡᠭᠡᠨ ᠨᠢᠳᠦ ᠪᠡᠷ ᠢ᠋ᠶ᠋ᠡᠨ ᠬᠤᠭᠤᠷᠴᠢ ᠶ᠋ᠢ ᠦᠵᠡᠭᠡᠳ᠂ ᠠᠯᠬᠤᠮ ᠢ᠋ᠶ᠋ᠠᠨ ᠵᠣᠭᠰᠣᠵᠤ ᠠᠯᠭᠤᠷ ᠢ᠋ᠶ᠋ᠠᠷ ᠰᠢᠬᠠᠯᠳᠤᠭᠰᠠᠭᠠᠷ ᠣᠯᠠᠨ ᠤ᠋ ᠳᠤᠮᠳᠠ ᠣᠷᠣᠵᠤ ᠢᠷᠡᠭᠡᠳ᠂ ᠴᠥᠮᠴᠥᠢᠨ ᠰᠠᠭᠤᠵᠤ᠂ ᠳᠠᠭᠤᠤ ᠰᠣᠨᠣᠰᠬᠤ ᠰᠢᠭ᠋ ᠴᠢᠬᠢ ᠲᠠᠯᠪᠢᠬᠤ ᠪᠥᠭᠡᠳ ᠰᠢᠯᠵᠢᠯ ᠦᠭᠡᠢ ᠬᠤᠭᠤᠷᠴᠢ ᠶ᠋ᠢᠨ ᠡᠪᠦᠷ ᠢ᠋ ᠬᠠᠷᠠᠵᠤ᠂ ᠰᠢᠯᠦᠰᠦ ᠪᠡᠨ ᠵᠠᠯᠭᠢᠨ ᠰᠢᠷᠲᠡᠨ᠎ᠡ ᠭᠡᠨ᠎ᠡ᠃ 
       ᠴᠢᠩᠭᠢᠭᠡᠳ ᠬᠤᠭᠤᠷᠴᠢ ᠶ᠋ᠢᠨ ᠳᠠᠭᠤᠤ ᠲᠡᠭᠦᠰᠴᠦ ᠣᠯᠠᠨ ᠬᠥᠮᠦᠨ ᠳᠠᠷᠬᠠᠨ ᠶᠠᠪᠤᠭᠰᠠᠨ ᠤ᠋ ᠬᠣᠢᠨ᠎ᠠ ᠡᠨᠡ ᠭᠣᠶᠣ ᠬᠤᠪᠴᠠᠰᠤ ᠡᠮᠦᠰᠦᠭᠰᠡᠨ ᠬᠥᠮᠦᠨ᠂ ᠥᠭᠡᠳᠡ ᠤᠷᠤᠭᠤ ᠬᠠᠷᠠᠵᠤ ᠣᠯᠠᠨ ᠬᠥᠮᠦᠰ ᠬᠣᠯᠠ ᠶᠠᠪᠤᠭᠰᠠᠨ ᠬᠣᠢᠨ᠎ᠠ᠂ ᠭᠡᠨᠡᠳᠲᠡ ᠳᠠᠪ ᠬᠢᠵᠦ ᠬᠤᠭᠤᠷᠴᠢ ᠶ᠋ᠢᠨ ᠡᠪᠦᠷ ᠲᠦ᠍ ᠭᠠᠷ ᠢ᠋ᠶ᠋ᠠᠨ ᠣᠷᠣᠭᠤᠯᠵᠤ ᠤᠭᠤᠲᠠ ᠲᠠᠢ ᠮᠥᠩᠭᠥ ᠶ᠋ᠢ ᠨᠢ ᠪᠤᠯᠢᠶᠠᠬᠤ ᠳ᠋ᠤ᠌᠂ ᠰᠣᠬᠣᠷ ᠬᠤᠭᠤᠷᠴᠢ ᠶᠡᠬᠡᠯ᠎ᠡ ᠮᠡᠩᠳᠡᠭᠦᠷᠡᠨ ᠰᠣᠴᠢᠵᠤ᠂ ᠡᠨᠡ ᠪᠠᠶᠠᠨ ᠬᠥᠮᠦᠨ ᠦ᠌ ᠬᠦᠦ ᠶ᠋ᠢᠨ ᠬᠠᠨᠴᠤ ᠠ᠋ᠴᠠ ᠨᠢ ᠠᠳᠬᠤᠨ ᠠᠪᠴᠤ ᠦᠬᠦᠨ ᠵᠢᠭᠤᠷᠠᠨ ᠲᠠᠯᠪᠢᠬᠤ ᠦᠭᠡᠢ ᠪᠥᠭᠡᠳ ᠶᠡᠬᠡ ᠳᠠᠭᠤᠨ ᠢ᠋ᠶ᠋ᠠᠷ ᠬᠠᠰᠬᠢᠷᠤᠨ ᠪᠠᠷᠬᠢᠷᠠᠵᠤ᠄《ᠭᠡᠭᠡᠨ ᠴᠠᠭᠠᠨ ᠡᠳᠦᠷ ᠦ᠋ᠨ ᠨᠠᠷᠠᠨ ᠳ᠋ᠤ᠌ ᠬᠥᠮᠦᠨ ᠢ᠋ ᠪᠤᠯᠢᠶᠠᠨ ᠳᠡᠭᠡᠷᠡᠮᠳᠡᠵᠦ ᠪᠠᠢᠨ᠎ᠠ》 ᠭᠡᠰᠡᠨ ᠳ᠋ᠦ᠍᠂ ᠣᠯᠠᠨ ᠬᠥᠮᠦᠨ ᠭᠦᠶᠦᠯᠳᠦᠨ ᠢᠷᠡᠵᠦ᠂ ᠬᠤᠭᠤᠷᠴᠢ ᠶ᠋ᠢᠨ ᠡᠪᠦᠷ ᠡᠴᠡ ᠭᠠᠷ ᠢ᠋ᠶ᠋ᠠᠨ ᠪᠠᠰᠠ ᠠᠪᠤᠨ ᠭᠠᠷᠭᠠᠵᠤ ᠵᠠᠪᠳᠤᠭᠠᠳᠤᠢ ᠬᠤᠯᠠᠭᠠᠢᠴᠢ ᠶ᠋ᠢ ᠪᠠᠷᠢᠨ ᠠᠪᠴᠤ ᠣᠯᠠᠨ ᠢ᠋ᠶ᠋ᠠᠷ ᠶᠡᠬᠡ ᠠᠭᠤᠷᠯᠠᠵᠤ᠂ ᠬᠤᠯᠠᠭᠠᠢᠴᠢ ᠶ᠋ᠢ ᠵᠢᠮᠡᠯᠡᠭᠰᠡᠨ ᠨᠢ᠄《ᠴᠢ ᠬᠠᠷᠢᠨ ᠡᠢᠮᠦ ᠰᠠᠢᠨ ᠬᠤᠪᠴᠠᠰᠤ ᠲᠠᠢ ᠪᠥᠭᠡᠳ᠂ ᠡᠨᠡ ᠬᠥᠭᠡᠷᠦᠬᠦᠢ ᠶᠠᠳᠠᠭᠤ ᠵᠦᠳᠡᠭᠦᠦ ᠰᠣᠬᠣᠷ ᠢ᠋ ᠳᠠᠷᠤᠯᠠᠵᠤ᠂ ᠭᠡᠭᠡᠨ ᠴᠠᠭᠠᠨ ᠡᠳᠦᠷ ᠭᠡᠷᠡᠯᠲᠦ ᠨᠠᠷᠠᠨ ᠤ᠋ ᠳᠣᠣᠷ᠎ᠠ ᠬᠥᠮᠦᠨ ᠢ᠋ ᠪᠤᠯᠢᠶᠠᠨ ᠳᠡᠭᠡᠷᠡᠮᠳᠡᠬᠦ ᠴᠢᠨᠢ ᠶᠠᠮᠠᠷ ᠵᠢᠭᠰᠢᠭᠦᠷᠢᠲᠡᠢ᠂ ᠴᠢᠰᠤ ᠪᠠᠨ ᠵᠠᠯᠭᠢᠭᠰᠠᠨ ᠠᠮᠢᠲᠠᠨ ᠪᠣᠢ?》 ᠭᠡᠵᠦ ᠬᠤᠯᠠᠭᠠᠢᠴᠢ ᠶ᠋ᠢ ᠪᠠᠷᠢᠵᠤ᠂ ᠨᠣᠶᠠᠨ ᠳ᠋ᠤ᠌ ᠬᠦᠷᠭᠡᠬᠦ ᠳ᠋ᠦ᠍ ᠬᠤᠯᠠᠭᠠᠢᠴᠢ ᠭᠠᠷ ᠲᠠᠭᠠᠨ ᠬᠤᠭᠤᠷᠴᠢ ᠶ᠋ᠢᠨ ᠤᠭᠤᠲᠠ ᠲᠠᠢ ᠮᠥᠩᠭᠥ ᠶ᠋ᠢ ᠪᠠᠷᠢᠵᠤ ᠲᠠᠯᠪᠢᠬᠤ ᠦᠭᠡᠢ ᠪᠥᠭᠡᠳ ᠶᠡᠬᠡ ᠳᠠᠭᠤᠨ ᠢ᠋ᠶ᠋ᠠᠷ ᠬᠡᠯᠡᠬᠦ ᠨᠢ᠄《ᠡᠨᠡ ᠮᠠᠭᠤ ᠬᠤᠭᠤᠷᠴᠢ ᠬᠠᠮᠢᠭ᠎ᠠ ᠠ᠋ᠴᠠ ᠡᠳᠦᠢ ᠣᠯᠠᠨ ᠮᠥᠩᠭᠥ ᠣᠯᠬᠤ ᠪᠣᠢ᠃ ᠲᠠ ᠨᠠᠷ ᠪᠣᠳᠣᠵᠤ ᠦᠵᠡ! ᠡᠨᠡ ᠮᠠᠭᠤ ᠰᠣᠬᠣᠷ ᠠᠮᠢᠲᠠᠨ ᠬᠠᠷᠢᠨ ᠨᠠᠮᠠᠶ᠋ᠢ ᠯᠤᠢᠪᠠᠷᠳᠠᠵᠤ ᠪᠠᠢᠨ᠎ᠠ》 ᠬᠡᠮᠡᠵᠦ ᠬᠡᠯᠡᠭᠡᠳ ᠬᠤᠭᠤᠷᠴᠢ ᠶ᠋ᠢᠨ ᠤᠭᠤᠲᠠ ᠲᠠᠢ ᠮᠥᠩᠭᠥ ᠶ᠋ᠢ ᠮᠥᠨ ᠪᠤᠴᠠᠭᠠᠵᠤ ᠥᠭᠬᠦ ᠦᠭᠡᠢ ᠳ᠋ᠦ᠍᠂ ᠣᠯᠠᠨ ᠬᠥᠮᠦᠨ ᠮᠠᠰᠢ ᠠᠭᠤᠷᠯᠠᠵᠤ᠄《ᠡᠨᠡ ᠮᠠᠭᠤ ᠶᠠᠭᠤᠮ᠎ᠠ᠂ ᠬᠠᠷᠢᠨ ᠪᠠᠰᠠ ᠬᠤᠭᠤᠷᠴᠢ  ᠶ᠋ᠢ ᠯᠤᠢᠪᠠᠷᠳᠠᠵᠤ ᠪᠠᠢᠨ᠎ᠠ》 ᠭᠡᠳ ᠲᠠᠲᠠᠭᠰᠠᠭᠠᠷ ᠴᠢᠩᠭᠠᠭᠠᠭᠰᠠᠭᠠᠷ ᠨᠣᠶᠠᠨ ᠤ᠋ ᠳᠡᠷᠭᠡᠳᠡ ᠠᠪᠴᠤ ᠣᠴᠢᠵᠠᠢ᠃ 
       ᠨᠣᠶᠠᠨ ᠡᠨᠡ ᠶᠠᠪᠤᠳᠠᠯ ᠢ᠋ ᠰᠣᠨᠣᠰᠴᠤ᠃ ᠬᠤᠭᠤᠷᠴᠢ ᠶ᠋ᠢ ᠰᠠᠭᠤᠯᠭᠠᠨ᠂ ᠬᠤᠯᠠᠭᠠᠢᠴᠢ ᠶ᠋ᠢ ᠶᠡᠬᠡ ᠵᠠᠩᠳᠤᠷᠤᠨ᠄《ᠥᠨᠳᠥᠷ ᠰᠥᠭᠥᠳ! ᠥᠴᠢᠭ ᠢ᠋ᠶ᠋ᠡᠨ ᠮᠡᠳᠡᠭᠦᠯ! ᠭᠡᠷᠡᠯᠲᠦ ᠨᠠᠷᠠᠨ ᠤ᠋ ᠳᠣᠣᠷ᠎ᠠ ᠭᠡᠭᠡᠨ ᠴᠠᠭᠠᠨ ᠡᠳᠦᠷ ᠴᠢ ᠬᠠᠷᠢᠨ ᠡᠨᠡ ᠮᠠᠭᠤ ᠶᠠᠳᠠᠷᠠᠭᠰᠠᠨ ᠵᠦᠳᠡᠷᠡᠭᠰᠡᠨ ᠬᠤᠭᠤᠷᠴᠢ ᠶ᠋ᠢ ᠳᠠᠷᠤᠯᠠᠨ ᠳᠣᠷᠣᠮᠵᠢᠯᠠᠵᠤ ᠶᠠᠪᠤᠬᠤ ᠴᠢᠨᠢ ᠶᠠᠭᠠᠬᠢᠭᠰᠠᠨ ᠰᠠᠮᠠᠭᠤᠷᠠᠭᠰᠠᠨ ᠬᠤᠯᠠᠭᠠᠢᠴᠢ ᠪᠣᠢ ᠴᠢ᠃ ᠥᠷᠥᠰᠢᠶᠡᠯᠲᠦ ᠬᠠᠭᠠᠨ ᠦᠨᠡᠨ ᠡᠵᠡᠨ ᠦ᠌ ᠤᠯᠤᠰ ᠲᠤ᠌ ᠠᠮᠢᠳᠤᠷᠠᠵᠤ ᠪᠠᠢᠭᠠᠳ ᠡᠢᠮᠦ ᠳᠣᠣᠷᠠᠲᠤ  ᠪᠡᠷ ᠶᠠᠪᠤᠬᠤ ᠴᠢᠨᠢ ᠶᠠᠭᠤ ᠪᠣᠢ?》ᠭᠡᠵᠦ ᠦᠵᠦᠭᠦᠷ ᠦᠭᠡᠢ ᠵᠠᠩᠨᠠᠬᠤ ᠳ᠋ᠤ᠌ ᠬᠤᠯᠠᠭᠠᠢᠴᠢ ᠬᠡᠯᠡᠭᠰᠡᠨ ᠨᠢ:《ᠨᠣᠶᠠᠨ ᠠᠪᠤ ᠮᠢᠨᠢ! ᠪᠢ ᠰᠠᠢᠨ ᠤ᠋ ᠪᠠᠨ ᠪᠤᠶᠠᠨ ᠳ᠋ᠤ᠌ ᠨᠡᠷ᠎ᠡ ᠲᠥᠷᠥ ᠲᠡᠢ ᠬᠥᠮᠦᠨ ᠪᠢᠯᠡ᠃ ᠶᠠᠭᠠᠬᠢᠯ᠎ᠠ ᠭᠡᠵᠦ ᠡᠢᠮᠦ ᠮᠠᠭᠤ ᠬᠡᠷᠡᠭ ᠭᠠᠷᠭᠠᠬᠤ ᠪᠣᠢ᠃ ᠠᠪᠤ ᠶ᠋ᠢᠨ ᠢ᠋ᠶ᠋ᠡᠨ ᠪᠤᠶᠠᠨ ᠳ᠋ᠤ᠌ ᠠᠯᠳᠠᠷ ᠴᠣᠯᠠ ᠲᠠᠢ ᠬᠥᠮᠦᠨ ᠪᠢᠯᠡ᠃ ᠠᠳᠠᠭ ᠳᠣᠯᠣᠭᠠᠨ ᠠᠷᠭ᠎ᠠ ᠪᠠᠨ ᠪᠠᠷᠠᠯ᠎ᠠ ᠭᠡᠵᠦ ᠡᠨᠡ ᠮᠠᠭᠤ ᠭᠤᠢᠯᠢᠨᠴᠢ ᠶ᠋ᠢ ᠳᠡᠭᠡᠷᠡᠮᠳᠡᠬᠦ ᠤᠤ ᠪᠢ?》ᠭᠡᠰᠡᠨ ᠳ᠋ᠦ᠍᠂ ᠨᠣᠶᠠᠨ《ᠤᠳᠤᠮ ᠮᠠᠭᠤ ᠳᠡᠭᠡᠳᠦ ᠲᠡᠢ᠂ ᠦᠬᠦᠭᠰᠡᠨ ᠢ᠋ᠶ᠋ᠡᠨ ᠲᠦᠷᠦᠭᠦᠦ ᠬᠤᠯᠠᠭᠠᠢᠴᠢ ᠴᠢ ᠬᠠᠷᠢᠨ ᠠᠪᠤ ᠳᠡᠭᠡᠳᠦᠰ ᠦ᠋ᠨ ᠢ᠋ᠶ᠋ᠡᠨ ᠪᠤᠶᠠᠨ ᠳ᠋ᠤ᠌ ᠨᠡᠷ᠎ᠡ ᠲᠥᠷᠥ ᠲᠡᠢ ᠬᠥᠮᠦᠨ ᠭᠡᠨ᠎ᠡ? ᠴᠢᠩᠭᠢᠵᠦ ᠪᠠᠢᠭᠠᠳ ᠶᠠᠭᠤᠨ ᠳ᠋ᠤ᠌ ᠳᠣᠷᠣᠢ ᠪᠠᠭᠤᠷᠠᠢ ᠬᠥᠮᠦᠨ ᠢ᠋ ᠳᠠᠷᠤᠯᠠᠬᠤ ᠪᠣᠢ ᠴᠢ᠂ ᠪᠠᠰᠠ ᠨᠢᠭᠤᠷ ᠦᠭᠡᠢ ᠰᠠᠢᠨ ᠤ᠋ ᠪᠠᠨ ᠪᠤᠶᠠᠨ ᠳ᠋ᠤ᠌ ᠭᠡᠵᠦ ᠴᠠᠯᠴᠢᠬᠤ ᠴᠢᠨᠢ ᠶᠠᠭᠤ ᠪᠣᠢ? ᠲᠡᠷᠡ ᠤᠳᠤᠮ ᠢ᠋ᠶ᠋ᠠᠷ ᠮᠠᠭᠤ ᠡᠴᠢᠭᠡ ᠴᠢᠨᠢ ᠶᠠᠭᠠᠬᠢᠵᠤ ᠪᠠᠢᠭᠠᠳ ᠪᠠᠰᠠ ᠴᠢᠮ᠎ᠠ ᠰᠢᠭ᠋ ᠡᠢᠮᠦ ᠠᠮᠢᠲᠠᠨ ᠢ᠋ ᠲᠥᠷᠥᠭᠰᠡᠨ ᠪᠣᠢ?》 ᠭᠡᠬᠦ ᠳ᠋ᠦ᠍᠄《ᠨᠣᠶᠠᠨ ᠠᠪᠤ! ᠮᠢᠨᠦ ᠡᠴᠢᠭᠡ ᠤᠳᠤᠮ ᠢ᠋ᠶ᠋ᠠᠷ ᠮᠠᠭᠤ ᠬᠥᠮᠦᠨ ᠪᠢᠰᠢ᠃ ᠦᠨᠡᠨ ᠳ᠋ᠡᠭᠡᠨ ᠠᠯᠳᠠᠷ ᠴᠣᠯᠠ ᠲᠠᠢ ᠪᠥᠭᠡᠳ ᠳᠥᠷᠪᠡᠨ ᠳᠠᠯᠠᠢ ᠶ᠋ᠢᠨ ᠳᠣᠲᠣᠷ᠎ᠠ ᠲᠠᠨᠢᠬᠤ ᠦᠭᠡᠢ ᠬᠥᠮᠦᠨ ᠦᠭᠡᠢ᠃ ᠥᠷᠥᠰᠢᠶᠡᠯᠲᠦ ᠬᠠᠭᠠᠨ ᠠ᠋ᠴᠠ ᠲᠡᠷᠢᠭᠦᠯᠡᠨ ᠥᠩᠭᠡ ᠲᠡᠢ ᠭᠡᠷᠡᠯ ᠲᠡᠢ ᠶᠠᠪᠤᠬᠤ ᠨᠣᠶᠠᠨ ᠲᠦᠰᠢᠮᠡᠳ ᠪᠠ ᠡᠷᠦᠬᠡ ᠭᠡᠷ ᠨᠢ ᠤᠳᠤᠮ ᠲᠠᠢ ᠤᠯᠤᠰ ᠪᠦᠷ ᠲᠠᠨᠢᠨ᠎ᠠ 》ᠭᠡᠰᠡᠨ ᠳ᠋ᠦ᠍ ᠨᠣᠶᠠᠨ ᠶᠡᠬᠡ ᠠᠭᠤᠷᠯᠠᠵᠤ: 《ᠬᠡᠨ ᠴᠢᠨᠦ ᠲᠡᠷᠡ ᠬᠥᠪᠡᠭᠦᠨ ᠢ᠋ᠶ᠋ᠡᠨ ᠴᠦ᠍ ᠰᠤᠷᠭᠠᠵᠤ ᠴᠢᠳᠠᠭᠰᠠᠨ ᠦᠭᠡᠢ ᠮᠤᠩᠬᠠᠭ ᠡᠴᠢᠭᠡ ᠶ᠋ᠢ ᠴᠢᠨᠢ ᠲᠠᠨᠢᠬᠤ ᠪᠣᠢ?》ᠭᠡᠰᠡᠨ ᠳ᠋ᠦ᠍᠂ ᠬᠤᠯᠠᠭᠠᠢᠴᠢ᠄《ᠨᠣᠶᠠᠨ ᠠᠪᠤ! ᠪᠢ ᠬᠡᠷᠪᠡ ᠠᠪᠤ ᠶ᠋ᠢᠨ ᠨᠡᠷ᠎ᠡ ᠪᠡᠨ ᠬᠡᠯᠡᠪᠡᠯ ᠡᠷᠬᠢᠮ ᠲᠠ ᠪᠠᠰᠠ ᠯᠠᠪ ᠲᠠᠨᠢᠨ᠎ᠠ 》ᠭᠡᠰᠡᠨ ᠳ᠋ᠦ᠍᠂ ᠨᠣᠶᠠᠨ᠄《ᠴᠢᠨᠦ ᠲᠡᠷᠡ ᠴᠢᠰᠤ ᠪᠠᠨ ᠵᠠᠯᠭᠢᠭᠰᠠᠨ ᠪᠣᠬᠢᠷ ᠡᠴᠢᠭᠡ ᠶ᠋ᠢ ᠴᠢᠨᠢ ᠪᠠᠰᠠ ᠶᠠᠯᠠᠯᠠᠵᠤ ᠪᠣᠯᠤᠨ᠎ᠠ᠃ ᠬᠡᠨ ᠭᠡᠰᠡᠨ ᠨᠡᠷ᠎ᠡ ᠲᠡᠢ ᠠᠮᠢᠲᠠᠨ ᠪᠣᠢ?》 ᠭᠡᠰᠡᠨ ᠳ᠋ᠦ᠍᠂ ᠬᠤᠯᠠᠭᠠᠢᠴᠢ ᠨᠣᠶᠠᠨ ᠤ᠋ ᠵᠦᠭ ᠨᠢᠳᠦ ᠪᠡᠨ ᠢᠷᠮᠡᠨ ᠴᠠᠪᠴᠢᠵᠤ ᠬᠡᠯᠡᠭᠰᠡᠨ ᠨᠢ᠄《ᠮᠢᠨᠦ ᠠᠪᠤ ᠪᠣᠯ ᠨᠢᠭᠤᠷ ᠨᠢ ᠴᠣᠬᠣᠷ᠂ ᠨᠢᠷᠤᠭᠤ ᠨᠢ ᠪᠥᠭᠲᠦᠭᠡᠷ᠂ ᠨᠡᠷ᠎ᠡ ᠲᠠᠪᠢ ᠲᠠᠢ ᠡᠪᠦᠭᠡᠨ ᠭᠡᠵᠦ ᠬᠡᠯᠡᠳᠡᠭ ᠶᠦ᠍ᠮ》ᠭᠡᠰᠡᠨ ᠳ᠋ᠦ᠍ ᠨᠣᠶᠠᠨ ᠬᠡᠷᠡᠭ ᠰᠢᠭᠦᠬᠦ ᠪᠡᠨ ᠪᠠᠢᠵᠤ ᠨᠡᠯᠢᠶᠡᠳ ᠤᠳᠠᠲᠠᠯ᠎ᠠ ᠪᠣᠳᠣᠭᠠᠳ᠂ ᠪᠠᠬᠠᠨ ᠢᠨᠢᠶᠡᠮᠰᠦᠭᠯᠡᠵᠦ《ᠵᠠ! ᠲᠠᠨ ᠤ᠋ ᠡᠨᠡ ᠶᠠᠷᠰᠢᠭ ᠲᠠᠢ ᠤᠷᠰᠢᠭ ᠲᠠᠢ ᠬᠡᠷᠡᠭ ᠢ᠋ ᠴᠢᠨᠢ ᠮᠠᠷᠭᠠᠰᠢ ᠰᠢᠢᠳᠬᠡᠶ᠎ᠡ》 ᠭᠡᠵᠦ ᠬᠤᠭᠤᠷᠴᠢ ᠪᠠ ᠬᠤᠯᠠᠭᠠᠢᠴᠢ ᠬᠣᠶᠠᠭᠤᠯᠠ ᠶ᠋ᠢ ᠬᠣᠶᠠᠷ ᠳᠠᠰᠢ ᠰᠠᠯᠭᠠᠵᠤ ᠬᠣᠨᠣᠭᠰᠠᠨ ᠳ᠋ᠤ᠌᠂ ᠣᠷᠣᠢ ᠨᠢ ᠬᠤᠯᠠᠭᠠᠢᠴᠢ ᠨᠣᠶᠠᠨ ᠳ᠋ᠤ᠌᠂ ᠲᠠᠪᠢᠨ ᠯᠠᠩ ᠤ᠋ᠨ ᠨᠢᠭᠤᠷ ᠨᠢ ᠴᠣᠬᠣᠷ᠂ ᠨᠢᠷᠤᠭᠤ ᠨᠢ ᠪᠥᠭᠲᠦᠭᠡᠷ ᠮᠥᠩᠭᠥᠨ ᠶᠤᠸᠠᠮᠪᠤᠤ ᠭᠠᠷᠭᠠᠵᠤ ᠬᠠᠬᠤᠤᠯᠢ ᠲᠦᠯᠬᠢᠪᠡ ᠭᠡᠨ᠎ᠡ᠃ 
       ᠮᠠᠷᠭᠠᠰᠢ ᠨᠢ ᠨᠣᠶᠠᠨ ᠡᠳᠡᠨ ᠬᠣᠶᠠᠷ ᠢ᠋ ᠠᠪᠴᠢᠷᠠᠨ ᠬᠡᠷᠡᠭ ᠤᠴᠢᠷ ᠢ᠋ ᠨᠢ ᠰᠢᠢᠳᠬᠡᠬᠦ  ᠳ᠋ᠦ᠍ ᠬᠠᠷᠢᠨ ᠥᠴᠥᠭᠡᠳᠦᠷ ᠦ᠋ᠨ ᠠᠳᠠᠯᠢ ᠬᠤᠯᠠᠭᠠᠢᠴᠢ ᠶ᠋ᠢ ᠰᠢᠭᠦᠨ ᠵᠠᠩᠳᠤᠷᠬᠤ ᠦᠭᠡᠢ ᠪᠥᠭᠡᠳ ᠰᠣᠬᠣᠷ ᠬᠤᠭᠤᠷᠴᠢ ᠳ᠋ᠤ᠌ ᠶᠡᠬᠡ ᠠᠭᠤᠷᠯᠠᠨ᠄《ᠴᠢ ᠮᠠᠭᠤ ᠬᠠᠷ᠎ᠠ ᠰᠣᠬᠣᠷ ᠭᠤᠢᠯᠢᠨᠴᠢ᠂ ᠠᠮᠤᠷ ᠠᠮᠢᠳᠤᠷᠠᠨ᠂ ᠬᠡᠪ ᠢ᠋ᠶ᠋ᠡᠨ ᠰᠠᠬᠢᠵᠤ ᠬᠢᠷᠢ ᠪᠡᠨ ᠮᠡᠳᠡᠬᠦ ᠦᠭᠡᠢ᠂ ᠬᠠᠷᠢᠨ ᠠᠯᠳᠠᠷᠲᠤ ᠬᠥᠮᠦᠰ ᠲᠡᠢ ᠠᠲᠠᠭᠠᠷᠬᠠᠵᠤ᠂ ᠡᠷᠬᠢᠮ ᠬᠥᠮᠦᠰ ᠲᠡᠢ ᠮᠥᠴᠡᠭᠡᠷᠬᠡᠵᠦ᠂ ᠠᠮᠠᠨ ᠤ᠋ ᠳᠤᠷ᠎ᠠ ᠪᠠᠷ ᠢ᠋ᠶ᠋ᠠᠨ ᠬᠥᠮᠦᠨ ᠢ᠋ ᠭᠤᠲᠤᠭᠠᠨ ᠮᠠᠭᠤᠰᠢᠶᠠᠵᠤ᠂ ᠭᠡᠭᠡᠨ ᠬᠠᠭᠠᠨ ᠤ᠋ ᠲᠥᠷᠥ᠂ ᠭᠡᠷᠡᠯᠲᠦ ᠨᠠᠷᠠᠨ ᠤ᠋ ᠳᠣᠣᠷ᠎ᠠ ᠰᠠᠢᠨ ᠬᠥᠮᠦᠨ ᠢ᠋ ᠯᠤᠢᠪᠠᠷᠳᠠᠨ ᠶᠠᠪᠤᠬᠤ ᠴᠢᠨᠢ ᠶᠠᠮᠠᠷ ᠪᠣᠳᠣᠯᠭ᠎ᠠ ᠲᠠᠢ ᠪᠣᠢ?》 ᠭᠡᠵᠦ ᠠᠭᠤᠷᠯᠠᠬᠤ ᠳ᠋ᠤ᠌ ᠥᠨᠥ ᠰᠣᠬᠣᠷ ᠬᠤᠭᠤᠷᠴᠢ ᠶᠠᠭᠤ ᠴᠤ᠌ ᠳᠤᠤᠭᠠᠷᠬᠤ ᠦᠭᠡᠢ ᠲᠣᠪ ᠳᠤᠭᠤᠢ ᠰᠠᠭᠤᠭᠰᠠᠨ ᠣᠷᠣᠨ ᠳ᠋ᠠᠭᠠᠨ ᠬᠣᠶᠠᠷ ᠭᠠᠷ ᠢ᠋ᠶ᠋ᠠᠷ ᠢ᠋ᠶ᠋ᠠᠨ ᠭᠠᠵᠠᠷ ᠢ᠋ ᠮᠠᠭᠠᠵᠢᠨ ᠮᠠᠯᠲᠠᠵᠤ ᠪᠠᠢᠨ ᠪᠠᠢᠨ ᠴᠢᠬᠢ ᠪᠡᠨ ᠭᠠᠵᠠᠷ ᠲᠤ᠌ ᠨᠠᠭᠠᠯᠳᠤᠭᠤᠯᠤᠨ ᠶᠠᠭᠤᠮ᠎ᠠ ᠣᠯᠵᠤ ᠰᠣᠨᠣᠰᠤᠭᠰᠠᠨ ᠰᠢᠭ᠋ ᠴᠢᠩᠨᠠᠨ ᠴᠢᠩᠨᠠᠨ ᠤᠬᠤᠵᠤ ᠮᠠᠯᠲᠠᠨ ᠪᠠᠢᠬᠤ ᠶ᠋ᠢ ᠨᠣᠶᠠᠨ ᠦᠵᠡᠭᠡᠳ᠂ ᠡᠨᠡ ᠮᠠᠭᠤ ᠬᠠᠷ᠎ᠠ ᠰᠣᠬᠣᠷ ᠴᠢᠨᠢ ᠶᠠᠭᠤ ᠬᠢᠵᠦ ᠪᠠᠢᠬᠤ ᠶᠤᠮ ᠪᠣᠢ ᠭᠡᠵᠦ ᠪᠣᠳᠣᠭᠠᠳ᠄ 《ᠬᠦᠢ! ᠴᠢ ᠮᠠᠭᠤ ᠴᠢᠰᠤ ᠪᠠᠷ ᠵᠠᠯᠭᠢᠭᠰᠠᠨ ᠬᠠᠷ᠎ᠠ ᠭᠤᠢᠯᠢᠨᠴᠢ ᠶᠠᠭᠤ ᠬᠢᠵᠦ ᠪᠠᠢᠬᠤ ᠶᠤᠮ?》 ᠭᠡᠰᠡᠨ ᠳ᠋ᠦ᠍ ᠰᠣᠬᠣᠷ ᠬᠤᠭᠤᠷᠴᠢ ᠬᠠᠷᠢᠭᠤᠯᠤᠭᠰᠠᠨ ᠨᠢ᠄《ᠨᠣᠶᠠᠨ ᠮᠢᠨᠢ! ᠥᠴᠥᠭᠡᠳᠦᠷ ᠪᠣᠯ ᠡᠨᠳᠡ ᠬᠠᠤᠯᠢ ᠳᠤᠤᠭᠠᠷᠴᠤ ᠪᠠᠢᠭᠰᠠᠨ ᠶᠤᠮᠰᠠᠨ᠃ ᠭᠡᠪᠡᠴᠦ ᠡᠨᠡ ᠡᠳᠦᠷ ᠡᠨᠳᠡ ᠭᠠᠤᠯᠢ ᠳᠤᠤᠭᠠᠷᠴᠤ ᠪᠠᠢᠨ᠎ᠠ᠃ ᠬᠠᠷᠢᠨ ᠮᠥᠩᠭᠥ ᠪᠠᠢᠬᠤ ᠴᠤ᠌ ᠮᠠᠭᠠᠳ ᠦᠭᠡᠢ ᠮᠠᠯᠲᠠᠨ ᠭᠠᠷᠭᠠᠵᠤ ᠨᠣᠶᠠᠨ ᠳ᠋ᠤ᠌ ᠠᠪᠴᠤ ᠪᠠᠷᠢᠶ᠎ᠠ ᠭᠡᠰᠡᠨ ᠶᠦᠮ》 ᠭᠡᠰᠡᠨ ᠳ᠋ᠦ᠍ ᠨᠣᠶᠠᠨ ᠮᠠᠰᠢ ᠮᠡᠩᠳᠡᠵᠦ ᠴᠢᠷᠠᠢ ᠨᠢ ᠬᠤᠪᠢᠷᠠᠵᠤ ᠳᠠᠷᠤᠢ ᠰᠣᠬᠣᠷ ᠬᠤᠭᠤᠷᠴᠢ ᠶ᠋ᠢ ᠬᠥᠭᠡᠭᠡᠨ ᠭᠠᠷᠭᠠᠪᠠ ᠭᠡᠨ᠎ᠡ᠃     

        ※ ᠦᠰᠦᠭ ᠠᠮᠢᠯᠠᠭᠤᠯᠤᠭᠴᠢ᠄  ᠬᠡᠯᠡᠰᠣᠶᠣᠯ( ᠪᠤᠤ ᠸᠧᠨ ᠬᠤᠸᠠ)᠂ ᠤᠷᠠᠨᠴᠢᠮᠡᠭ᠂ ᠪᠠᠶᠠᠨᠴᠡᠴᠡᠭ᠂ 
                                               ᠨᠠᠷᠠᠨᠲᠤᠶᠠᠭ᠎ᠠ᠂ ᠡᠭᠦᠯᠡᠩᠬᠤᠸᠠᠷ᠂ ᠠᠯᠲᠠᠨᠴᠢᠮᠡᠭ᠂ ᠣᠶᠤᠨᠴᠢᠮᠡᠭ᠂ 
                                               ᠪᠠᠢ· ᠰᠠᠷᠠᠨ᠎ᠠ᠂ ᠬᠡᠷᠡᠢᠳ· ᠮᠥᠩᠬᠡᠨᠠᠰᠤᠨ᠂ ᠮᠥᠩᠭᠥᠨ 
          ※ ᠬᠢᠨᠠᠭᠴᠢ᠄ ᠣᠳᠬᠠᠨᠰᠣ᠎ᠠ᠂  ᠪᠠᠯ᠂ ᠡᠭᠦᠯᠡᠩᠬᠤᠸᠠᠷ᠂  ᠤᠷᠠᠨᠴᠢᠮᠡᠭ᠂ ᠭᠠᠷᠮ᠎ᠠ᠂ ᠰᠡᠬᠡᠭᠡᠷᠡᠯ᠂ 
                                                   ᠨᠠᠷᠠᠨ᠂ ᠪᠠᠯᠤᠰᠦᠭ᠂ ᠬᠡᠯᠡᠰᠣᠶᠣᠯ