ᠮᠣᠩᠭᠣᠯ ᠨᠤᠮᠤ ᠰᠤᠮᠤᠨ ᠤ᠋ ᠪᠡᠯᠭᠡᠳᠡᠯMongol num sumny bilegdelМонгол нум сумны билэгдэл
ᠮᠣᠩᠭᠣᠯ ᠨᠤᠮᠤ ᠰᠤᠮᠤᠨ ᠤ᠋ ᠪᠡᠯᠭᠡᠳᠡᠯ
ᠮᠣᠩᠭᠣᠯᠴᠤᠳ ᠤ᠋ᠨ ᠨᠤᠮᠤ ᠰᠤᠮᠤ ᠰᠢᠲᠦᠬᠦ᠂ ᠬᠦᠨᠳᠦᠯᠡᠬᠦ᠂ ᠳᠡᠭᠡᠳᠦᠯᠡᠬᠦ ᠶᠣᠰᠣ᠂ ᠠᠭᠤᠤ ᠪᠠᠶᠠᠯᠢᠭ ᠪᠥᠭᠡᠳ ᠠᠵᠤ ᠠᠮᠢᠳᠤᠷᠠᠯ᠂ ᠠᠬᠤᠢ ᠲᠠᠢ ᠪᠦᠷᠢᠨ ᠬᠣᠯᠪᠣᠭᠳᠠᠭᠰᠠᠨ ᠪᠠᠢᠳᠠᠭ᠃ ᠡᠷᠲᠡ ᠳᠡᠭᠡᠷ᠎ᠡ ᠦᠶ᠎ᠡ ᠡᠴᠡ ᠮᠣᠩᠭᠣᠯ ᠠᠢᠯ ᠡᠷᠦᠬᠡ ᠪᠦᠷ ᠭᠡᠷ ᠦ᠋ᠨ ᠢ᠋ᠶ᠋ᠡᠨ ᠬᠣᠢᠮᠣᠷ ᠲᠤ᠌ ᠨᠤᠮᠤ ᠰᠤᠮᠤ ᠪᠠᠨ ᠳᠡᠭᠡᠳᠦᠯᠡᠨ ᠵᠠᠯᠠᠵᠤ᠂ ᠳᠠᠯᠳᠠ ᠶ᠋ᠢᠨ ᠠᠳᠠ ᠴᠢᠳᠬᠥᠷ ᠦ᠋ᠨ ᠨᠥᠯᠦᠭᠡᠨ ᠡᠴᠡ ᠠᠮᠢ ᠨᠠᠰᠤ ᠂ ᠮᠠᠯ ᠰᠦᠷᠦᠭ ᠢ᠋ᠶ᠋ᠡᠨ ᠬᠠᠮᠠᠭᠠᠯᠠᠬᠤ ᠵᠡᠪᠰᠡᠭ ᠨᠢ ᠬᠦᠴᠦᠲᠦ ᠨᠤᠮᠤ ᠰᠤᠮᠤ ᠶᠤᠮ ᠭᠡᠮᠡᠨ ᠪᠡᠯᠭᠡᠰᠢᠶᠡᠨ ᠰᠢᠲᠦᠵᠦ ᠪᠠᠢᠭᠰᠠᠨ ᠨᠢ ᠣᠳᠣ ᠬᠦᠷᠲᠡᠯ᠎ᠡ ᠥᠪ ᠤᠯᠠᠮᠵᠢᠯᠠᠨ ᠢᠷᠡᠭᠰᠡᠨ ᠪᠠᠢᠳᠠᠭ᠃ ᠡᠭᠦᠨ ᠳ᠋ᠦ᠍ ᠠᠯᠲᠠᠢ ᠶ᠋ᠢᠨ ᠤᠷᠢᠶᠠᠩᠬᠠᠢ ᠶ᠋ᠢᠨ ᠨᠤᠮᠤ ᠰᠢᠲᠦᠬᠦ ᠶᠣᠰᠣ ᠣᠷᠣᠨ᠎ᠠ᠃ ᠮᠥᠨ ᠲᠡᠭᠦᠨᠴᠢᠯᠡᠨ ᠡᠷᠡᠭᠲᠡᠢ ᠬᠡᠦᠬᠡᠳ ᠲᠥᠷᠥᠬᠦ ᠳ᠋ᠦ᠍ ᠨᠤᠮᠤ ᠰᠤᠮᠤ᠂ ᠲᠩᠷᠢ ᠶ᠋ᠢᠨ ᠰᠤᠮᠤ ᠭᠡᠭᠳᠡᠬᠦ ᠬᠦᠷᠡᠯ ᠰᠤᠮᠤᠨ ᠤ᠋ ᠵᠢᠪᠡ ᠂ ᠦᠵᠦᠭᠦᠷᠲᠦ ᠵᠡᠪᠰᠡᠭ ᠢ᠋ ᠳᠦᠷᠰᠦᠯᠡᠭᠰᠡᠨ ᠵᠦᠢᠯᠡᠰ᠂ ᠠᠷᠰᠯᠠᠨ᠂ ᠱᠣᠩᠬᠣᠷ ᠰᠢᠪᠠᠭᠤ᠂ ᠨᠠᠷᠠ ᠰᠠᠷ᠎ᠠ ᠣᠳᠣ ᠵᠡᠷᠭᠡ ᠶ᠋ᠢ ᠢᠰᠡᠭᠡᠢ ᠦᠨᠡᠭᠡ ᠶ᠋ᠢ ᠬᠠᠮᠲᠤ ᠬᠠᠢᠴᠢᠯᠠᠨ ᠤᠶᠠᠭᠠᠨ ᠳ᠋ᠤ᠌ ᠲᠣᠭᠲᠠᠭᠠᠵᠤ᠂ 50——60 ᠰᠡᠨᠲ᠋ᠢᠮᠧᠲᠷ ᠥᠨᠳᠥᠷ ᠲᠦ᠍ ᠡᠯᠭᠦᠳᠡᠭ ᠪᠠᠢᠵᠠᠢ᠃ ᠡᠨᠡ ᠪᠦᠬᠦᠨ ᠨᠢ ᠬᠡᠦᠬᠡᠳ ᠦ᠋ᠨ ᠡᠷᠡᠭᠦᠯ ᠴᠢᠭᠢᠷᠠᠭ᠂ ᠡᠯᠳᠡᠪ ᠮᠠᠭᠤ ᠵᠦᠢᠯ ᠡᠴᠡ ᠠᠩᠭᠢᠳᠠ ᠪᠠᠲᠤ ᠪᠥᠬᠡ ᠬᠥᠮᠦᠨ ᠪᠣᠯᠬᠤ ᠶ᠋ᠢ ᠪᠡᠯᠭᠡᠳᠡᠬᠦ ᠤᠳᠬ᠎ᠠ ᠤᠴᠢᠷ ᠲᠠᠢ ᠶᠤᠮ᠃ ᠬᠡᠦᠬᠡᠳ ᠦ᠋ᠨ ᠪᠣᠷᠪᠢᠴᠢᠨ ᠤ᠋ ᠠᠷᠤ ᠳ᠋ᠤ᠌ ᠨᠤᠮᠤ ᠰᠤᠮᠤᠨ ᠤ᠋ ᠳᠦᠷᠰᠦ ᠬᠠᠢᠴᠢᠯᠠᠨ ᠣᠶᠣᠵᠤ᠂ ᠬᠥᠯ ᠳ᠋ᠦ᠍ ᠬᠤᠷᠳᠤᠨ ᠣᠷᠣᠵᠤ᠂ ᠬᠥᠯ ᠨᠢ ᠪᠠᠲᠤ ᠪᠡᠬᠢ ᠪᠣᠯᠤᠭ ᠬᠡᠮᠡᠭᠡᠳ ᠡᠷᠡᠭᠦᠯ ᠡᠩᠬᠡ ᠬᠥᠮᠦᠨ ᠪᠣᠯᠤᠨ ᠥᠰᠬᠦ ᠳ᠋ᠦ᠍ ᠤᠴᠠᠷᠠᠵᠤ ᠪᠣᠯᠣᠰᠢ ᠦᠭᠡᠢ ᠭᠠᠳᠠᠨ᠎ᠠ ᠶ᠋ᠢᠨ ᠠᠶᠤᠯ ᠢ᠋ ᠨᠤᠮᠤ ᠰᠤᠮᠤ ᠪᠠᠷ ᠬᠥᠭᠡᠭᠡᠨ ᠵᠠᠢᠯᠠᠭᠤᠯᠬᠤ ᠪᠠᠷ ᠪᠡᠯᠭᠡᠰᠢᠶᠡᠳᠡᠭ ᠪᠠᠢᠪᠠ᠃
ᠨᠤᠮᠤ ᠪᠣᠯ ᠬᠦᠴᠦᠷᠬᠡᠭ ᠪᠠᠲᠤ ᠪᠡᠬᠢ ᠵᠡᠪᠰᠡᠭ ᠭᠡᠮᠡᠨ ᠡᠷᠬᠢᠮᠯᠡᠨ ᠪᠡᠯᠭᠡᠰᠢᠶᠡᠵᠦ᠂ ᠠᠳᠤᠭᠤᠨ ᠰᠦᠷᠦᠭ ᠢ᠋ᠶ᠋ᠡᠨ ᠨᠣᠮᠣᠨ ᠲᠠᠮᠠᠭ᠎ᠠ ᠪᠠᠷ ᠲᠠᠮᠠᠭᠠᠯᠠᠭᠰᠠᠨ ᠪᠠᠢᠳᠠᠭ᠃ ᠰᠤᠮᠤ ᠲᠠᠢ ᠨᠣᠮᠣᠨ ᠲᠠᠮᠠᠭ᠎ᠠ ᠬᠡᠷᠡᠭᠯᠡᠳᠡᠭ ᠠᠢᠯ᠂ ᠰᠤᠮᠤ ᠶ᠋ᠢ ᠨᠢ ᠮᠠᠯ ᠤ᠋ᠨ ᠲᠣᠯᠣᠭᠠᠢ ᠲᠠᠯ᠎ᠠ ᠤᠷᠤᠭᠤ ᠬᠠᠷᠠᠭᠤᠯᠵᠤ ᠳᠠᠷᠤᠬᠤ ᠲᠣᠬᠢᠶᠠᠯᠳᠤᠯ ᠪᠣᠢ ᠂ ᠡᠨᠡ ᠨᠢ ᠭᠣᠣᠯᠳᠠᠭᠤ ᠤᠳᠤᠮ ᠳᠠᠮᠵᠢᠭᠰᠠᠨ ᠬᠤᠷᠳᠤᠨ ᠮᠣᠷᠢ ᠲᠠᠢ ᠠᠢᠯ ᠬᠡᠷᠡᠭᠯᠡᠳᠡᠭ ᠪᠠᠢᠷᠢᠯᠠᠯ ᠶᠤᠮ᠃ ᠡᠢᠨᠬᠦ ᠰᠤᠮᠤ ᠶ᠋ᠢ ᠤᠷᠤᠭᠰᠢ ᠬᠠᠷᠠᠭᠤᠯᠵᠤ ᠳᠠᠷᠤᠳᠠᠭ ᠨᠢ ᠰᠤᠮᠤ ᠮᠡᠲᠦ ᠤᠷᠤᠭᠰᠢ ᠲᠡᠮᠡᠦᠯᠵᠦ ᠬᠤᠷᠳᠤᠨ ᠪᠠᠢᠬᠤ ᠶ᠋ᠢ ᠪᠡᠯᠭᠡᠳᠡᠭᠰᠡᠨ ᠵᠠᠩ ᠦᠢᠯᠡ ᠶᠦᠮ᠃ ᠡᠨᠳᠡ ᠪᠢᠳᠡ ᠡᠷᠲᠡ ᠡᠴᠡ ᠪᠡᠯᠭᠡᠰᠢᠶᠡᠨ ᠬᠦᠨᠳᠦᠳᠬᠡᠨ ᠰᠢᠲᠦᠵᠦ ᠢᠷᠡᠭᠰᠡᠨ ᠨᠤᠮᠤ ᠰᠤᠮᠤ ᠪᠠᠨ ᠦᠷ᠎ᠡ ᠬᠣᠢᠴᠢᠰ ᠲᠤ᠌ ᠪᠠᠨ ᠥᠪᠯᠡᠭᠦᠯᠦᠨ ᠦᠯᠡᠳᠡᠭᠡᠬᠦ ᠬᠡᠷᠡᠭᠲᠡᠢ ᠪᠢᠯᠡ᠃
ᠮᠣᠩᠭᠣᠯ ᠤᠯᠤᠰ ᠤ᠋ᠨ ᠲ᠂ ᠪᠠᠲᠤᠮᠥ᠋ᠩᠬᠡ
ᠦᠰᠦᠭ ᠬᠠᠳᠠᠭᠴᠢ᠄ ᠡᠩᠬᠡᠨᠠᠰᠤᠨ
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠳᠠᠯᠠᠨᠲᠠᠢ
