ᠮᠠᠩᠭᠢᠰᠤᠨ ᠲᠣᠰᠣMangisan dusМангисан дус

ᠮᠠᠩᠭᠢᠰᠤᠨ ᠲᠣᠰᠣ
ᠲᠤᠰ ᠡᠮ ᠪᠣᠯ ᠰᠣᠯᠣᠩᠭ᠎ᠠ ᠶ᠋ᠢᠨ ᠢᠵᠠᠭᠤᠷ ᠤ᠋ᠨ ᠠᠮᠢᠲᠠᠨ ᠪᠣᠯᠬᠤ ᠳᠣᠷᠣᠭᠣ ᠶ᠋ᠢᠨ ᠥᠭᠡᠬᠦᠨ ᠲᠣᠰᠣ ᠮᠥᠨ᠃ ᠪᠠᠰᠠ ᠷᠦᠮᠼᠢᠯ ᠭᠡᠳᠡᠭ᠃
[ᠤᠤᠯ ᠠᠮᠢᠲᠠᠨ] ᠪᠡᠶ᠎ᠡ ᠨᠢ0.5m ᠤᠷᠲᠤ᠂0.3m ᠥᠨᠳᠥᠷ᠂0.3m ᠥᠨᠳᠥᠷ᠂ ᠰᠡᠭᠦᠯ ᠨᠢ0.14m ᠣᠷᠴᠢᠮ ᠤᠷᠲᠤ᠃ ᠲᠣᠯᠣᠭᠠᠢ᠂ ᠬᠣᠩᠰᠢᠶᠠᠷ ᠨᠢ ᠲᠡᠭᠰᠢ ᠱᠣᠪᠬᠣ᠂ ᠬᠠᠮᠠᠷ ᠨᠢ ᠱᠣᠪᠬᠣ ᠨᠢᠴᠦᠭᠦᠨ᠂ ᠠᠮᠠ ᠨᠢ ᠶᠡᠬᠡ᠂ ᠰᠠᠬᠠᠯ ᠨᠢ ᠤᠷᠲᠤ᠃ ᠨᠢᠳᠦ ᠨᠢ ᠵᠢᠵᠢᠭ᠂ ᠴᠢᠬᠢ ᠨᠢ ᠬᠤᠯᠤᠭᠠᠷ᠃ ᠬᠦᠵᠦᠭᠦᠦ ᠪᠡᠶ᠎ᠡ ᠨᠢ ᠪᠦᠳᠦᠭᠦᠪᠲᠦᠷ᠂ ᠰᠡᠭᠦᠯ ᠨᠢ ᠣᠬᠣᠷ᠂ ᠳᠥᠷᠪᠡᠨ ᠮᠥᠴᠢ ᠨᠢ ᠣᠬᠣᠷ ᠪᠥᠭᠡᠳ ᠬᠢᠮᠤᠰᠤ ᠨᠢ ᠤᠷᠲᠤ᠃ ᠪᠦᠬᠦ ᠪᠡᠶ᠎ᠡ ᠨᠢ ᠰᠢᠷᠠᠪᠲᠤᠷ ᠪᠣᠷᠣ᠂ ᠣᠯᠠᠨ ᠠᠯᠠᠭ ᠰᠤᠷ ᠲᠠᠢ᠂ ᠥᠪᠥᠷ ᠪᠣᠯᠤᠨ ᠳᠥᠷᠪᠡᠨ ᠮᠥᠴᠢ ᠨᠢ ᠬᠠᠷᠠᠪᠲᠤᠷ᠂ ᠬᠣᠩᠰᠢᠶᠠᠷ ᠤ᠋ᠨ ᠬᠣᠶᠠᠷ ᠬᠠᠵᠠᠭᠤ ᠨᠢ ᠬᠠᠷ᠎ᠠ᠂ ᠭᠣᠣᠯ ᠪᠠ ᠬᠠᠴᠠᠷ ᠨᠢ ᠴᠠᠭᠠᠨ᠃
[ ᠠᠮᠢᠳᠤᠷᠠᠬᠤ ᠣᠷᠴᠢᠨ ᠬᠢᠭᠡᠳ ᠲᠠᠷᠬᠠᠴᠠ] ᠭᠣᠣᠯ᠂ ᠨᠠᠭᠤᠷ ᠤ᠋ᠨ ᠬᠥᠪᠡᠭᠡ᠂ ᠲᠠᠯ᠎ᠠ ᠪᠣᠯᠤᠨ ᠠᠭᠤᠯᠠᠨ ᠵᠢᠯᠠᠭ᠎ᠠ ᠳ᠋ᠤ᠌ ᠭᠦᠨ ᠨᠦᠬᠡ ᠮᠠᠯᠲᠠᠨ ᠠᠮᠢᠳᠤᠷᠠᠳᠠᠭ᠃ ᠨᠠᠮᠤᠷ ᠲᠠᠷᠭᠤᠯᠠᠵᠤ ᠡᠪᠦᠯ ᠢᠴᠡᠭᠡᠯᠡᠳᠡᠭ᠃ ᠪᠦᠬᠦ ᠤᠯᠤᠰ ᠤ᠋ᠨ ᠣᠯᠠᠩᠬᠢ ᠭᠠᠵᠠᠷ ᠣᠷᠣᠨ ᠳ᠋ᠤ᠌ ᠲᠠᠷᠬᠠᠴᠠ ᠲᠠᠢ᠃
[ ᠡᠳ᠋ᠰᠢᠭᠦᠯᠦᠨ ᠪᠣᠯᠪᠠᠰᠤᠷᠠᠭᠤᠯᠬᠤ] ᠮᠠᠩᠭᠢᠰᠤ ᠶ᠋ᠢ ᠠᠩᠨᠠᠵᠤ ᠠᠯᠠᠭᠰᠠᠨ ᠤ᠋ ᠰᠡᠭᠦᠯᠡᠷ ᠥᠭᠡᠬᠦ ᠶ᠋ᠢ ᠨᠢ ᠠᠪᠴᠤ᠂ ᠰᠢᠷᠭᠠᠭᠠᠵᠤ ᠲᠣᠰᠣ ᠶ᠋ᠢ ᠨᠢ ᠠᠪᠤᠨ᠎ᠠ᠃
[ ᠠᠮᠲᠠ᠂ ᠴᠢᠨᠠᠷ᠂ ᠡᠷᠳᠡᠮ] ᠠᠮᠲᠠᠯᠢᠭ᠂ ᠢᠰᠬᠦᠯᠡᠩ᠂ ᠳᠠᠪᠤᠰᠤᠯᠢᠭ ᠠᠮᠲᠠ ᠲᠠᠢ᠂ ᠲᠡᠭᠰᠢ ᠴᠢᠨᠠᠷ ᠲᠠᠢ᠃
[ ᠴᠢᠳᠠᠯ ᠪᠠ ᠭᠣᠣᠯᠳᠠᠭᠤ ᠵᠠᠰᠠᠬᠤ] ᠰᠢᠷᠬ᠎ᠠ ᠶ᠋ᠢ ᠠᠨᠠᠭᠠᠬᠤ᠂ ᠬᠠᠪᠤᠳᠠᠷ ᠢ᠋ ᠬᠠᠷᠢᠭᠤᠯᠬᠤ᠂ ᠡᠪᠡᠳᠬᠦ ᠶ᠋ᠢ ᠵᠣᠭᠰᠣᠭᠠᠬᠤ ᠴᠢᠳᠠᠯ ᠲᠠᠢ᠃ ᠭᠣᠣᠯᠳᠠᠭᠤ ᠬᠠᠯᠢᠭᠰᠠᠨ ᠰᠢᠷᠬ᠎ᠠ ᠪᠠ ᠬᠥᠯᠳᠡᠭᠰᠡᠨ ᠰᠢᠷᠬ᠎ᠠ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄獾油(狗獾)
ᠠᠩᠭ᠌ᠯᠢ ᠨᠡᠷ᠎ᠡ᠄Meles meles Linnaeus
ᠦᠰᠦᠭ ᠠᠮᠢᠯᠠᠭᠤᠯᠤᠭᠴᠢ᠄ ᠤᠷᠠᠨᠴᠢᠮᠡᠭ
ᠬᠢᠨᠠᠭᠴᠢ᠄ ᠲᠤᠶᠠᠭ᠎ᠠ
