ᠭᠢᠸᠠᠩGivaanГиваан ᠠᠮᠢᠲᠠᠨ ᠤ᠋ ᠶᠢᠷᠲᠢᠨᠴᠦ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠢᠸᠠᠩGivaanГиваан

ᠭᠢᠸᠠᠩGivaanГиваан

2025-11-25

134

ᠭᠢᠸᠠᠩ

   ᠲᠤᠰ ᠡᠮ ᠪᠣᠯ ᠦᠬᠡᠷ ᠦ᠋ᠨ ᠢᠵᠠᠭᠤᠷ ᠤ᠋ᠨ ᠠᠮᠢᠲᠠᠨ ᠪᠣᠯᠬᠤ ᠦᠬᠡᠷ ᠦ᠋ᠨ ᠰᠥᠰᠥᠨ ᠴᠢᠯᠠᠭᠤᠵᠢᠮᠠᠯ ᠮᠥᠨ᠃ ᠪᠠᠰᠠ ᠦᠬᠡᠷ ᠦ᠋ᠨ ᠭᠢᠸᠠᠩ ᠭᠡᠳᠡᠭ᠃
   [ ᠤᠤᠯ ᠠᠮᠢᠲᠠᠨ] ᠲᠣᠮᠣ ᠬᠡᠯᠪᠡᠷᠢ ᠶ᠋ᠢᠨ ᠭᠡᠷ ᠦ᠋ᠨ ᠲᠡᠵᠢᠭᠡᠪᠦᠷᠢ᠂ ᠪᠡᠶᠡᠯᠢᠭ ᠪᠦᠳᠦᠭᠦᠨ᠂ ᠲᠣᠯᠣᠭᠠᠢ ᠨᠢ ᠥᠷᠭᠡᠨ ᠠᠭᠤᠵᠢᠮ᠂ ᠨᠢᠳᠦ ᠨᠢ ᠲᠣᠮᠣ᠂ ᠬᠠᠮᠠᠷ ᠤ᠋ᠨ ᠨᠦᠬᠡ ᠨᠢ ᠪᠦᠳᠦᠭᠦᠨ᠂ ᠠᠮᠠ ᠨᠢ ᠶᠡᠬᠡ᠃ ᠲᠣᠯᠣᠭᠠᠢ ᠶ᠋ᠢᠨ ᠣᠷᠣᠢ ᠳ᠋ᠤᠨᠢ1 ᠬᠣᠣᠰ ᠡᠪᠡᠷ ᠲᠡᠢ᠃ ᠡᠪᠡᠷ ᠦ᠋ᠨ ᠤᠷᠲᠤ ᠪᠣᠭᠣᠨᠢ᠂ ᠶᠡᠬᠡ ᠪᠠᠭ᠎ᠠ ᠨᠢ ᠦᠬᠡᠷ ᠦ᠋ᠨ ᠲᠥᠷᠥᠯ ᠵᠦᠢᠯ ᠦ᠋ᠨ ᠠᠳᠠᠯᠢ ᠦᠭᠡᠢ ᠡᠴᠡ ᠪᠣᠯᠵᠤ᠂ ᠵᠥᠷᠢᠶ᠎ᠡ ᠲᠡᠢ ᠪᠠᠢᠳᠠᠭ᠃ ᠳᠥᠷᠪᠡᠨ ᠮᠥᠴᠢ ᠨᠢ ᠢᠳᠡᠷᠡᠭᠦᠨ ᠬᠦᠴᠦᠯᠢᠭ᠂ ᠲᠤᠭᠤᠷᠠᠢ ᠨᠢ ᠪᠡᠬᠢ ᠬᠠᠲᠠᠭᠤ᠂ ᠰᠡᠭᠦᠯ ᠨᠢ ᠨᠡᠯᠢᠶᠡᠳ ᠤᠷᠲᠤ᠃ ᠦᠬᠡᠷ ᠦ᠋ᠨ ᠵᠢᠰᠦᠮ ᠨᠢ ᠣᠯᠠᠩᠬᠢ ᠨᠢ ᠰᠢᠷ᠎ᠠ᠂ ᠭᠡᠪᠡᠴᠦ ᠲᠥᠷᠥᠯ ᠵᠦᠢᠯ ᠦ᠋ᠨ ᠠᠳᠠᠯᠢ ᠦᠭᠡᠢ ᠡᠴᠡ ᠪᠣᠯᠵᠤ ᠶᠡᠬᠡᠬᠡᠨ ᠵᠥᠷᠢᠶ᠎ᠡ ᠲᠡᠢ ᠪᠠᠢᠳᠠᠭ᠃
   [ ᠠᠮᠢᠳᠤᠷᠠᠬᠤ ᠣᠷᠴᠢᠨ ᠬᠢᠭᠡᠳ ᠲᠠᠷᠬᠠᠴᠠ] ᠮᠠᠨ  ᠤ᠋ ᠤᠯᠤᠰ ᠤ᠋ᠨ ᠡᠯ᠎ᠡ ᠭᠠᠵᠠᠷ ᠲᠤ ᠠᠷᠠᠴᠢᠯᠠᠨ ᠲᠡᠵᠢᠭᠡᠵᠦ ᠪᠠᠢᠨ᠎ᠠ᠃
   [ ᠡᠳ᠋ᠰᠢᠭᠦᠯᠦᠨ ᠪᠣᠯᠪᠠᠰᠤᠷᠠᠭᠤᠯᠬᠤ] ᠪᠦᠬᠦ ᠵᠢᠯ ᠳ᠋ᠡᠭᠡᠨ ᠪᠦᠷ ᠠᠪᠴᠤ ᠪᠣᠯᠤᠨ᠎ᠠ᠃ ᠦᠬᠡᠷ ᠠᠯᠠᠬᠤ ᠦᠶ᠎ᠡ ᠳ᠋ᠦ᠍ ᠰᠥᠰᠥᠨ ᠤᠭᠤᠲᠠ᠂ ᠰᠥᠰᠥᠨ ᠭᠤᠤᠷᠰᠤ ᠬᠢᠭᠡᠳ ᠡᠯᠢᠭᠡᠨ ᠭᠤᠤᠷᠰᠤ ᠶ᠋ᠢ ᠨᠢ ᠪᠠᠢᠴᠠᠭᠠᠵᠤ ᠴᠢᠯᠠᠭᠤᠰᠢᠷᠠᠯ ᠪᠠᠢᠬᠤ ᠡᠰᠡᠬᠦ ᠶ᠋ᠢ ᠠᠩᠬᠠᠷᠤᠨ᠎ᠠ᠃ ᠬᠡᠷᠪᠡ ᠪᠠᠢᠪᠠᠯ ᠳᠠᠷᠤᠢ ᠳ᠋ᠤᠨᠢ ᠭᠠᠷᠭᠠᠨ ᠠᠪᠴᠤ᠂ ᠳᠠᠭᠠᠯᠲᠠ ᠨᠢᠮᠭᠡᠨ ᠬᠠᠯᠢᠰᠤ ᠶ᠋ᠢ ᠨᠢ ᠠᠷᠢᠯᠭᠠᠵᠤ ᠬᠠᠶᠠᠭᠠᠳ᠂ ᠭᠢᠸᠠᠩ ᠢ᠋ ᠨᠢ ᠳ᠋ᠧᠩ ᠦ᠋ᠨ ᠭᠣᠣᠯ ᠡᠪᠡᠰᠦ ᠪᠡᠷ ᠪᠠᠭᠯᠠᠵᠤ᠂ ᠭᠠᠳᠠᠭᠤᠷ ᠨᠢ ᠠᠷᠵᠠᠭᠠᠷ ᠴᠠᠭᠠᠰᠤ ᠪᠠᠷ ᠳᠠᠪᠬᠤᠷᠯᠠᠨ ᠪᠠᠭᠯᠠᠵᠤ᠂ ᠰᠡᠷᠢᠭᠦᠨ ᠰᠡᠭᠦᠳᠡᠷ ᠭᠠᠵᠠᠷ ᠲᠤ ᠬᠠᠲᠠᠭᠠᠨ᠎ᠠ᠃ ᠰᠠᠯᠬᠢ ᠦᠯᠢᠶᠡᠯᠭᠡᠬᠦ᠂ ᠨᠠᠷᠠᠨ ᠳ᠋ᠤ᠌ ᠰᠢᠷᠠᠬᠤ᠂ ᠭᠠᠯ ᠳ᠋ᠤ᠌ ᠡᠭᠡᠭᠡᠬᠦ ᠶ᠋ᠢ ᠴᠡᠭᠡᠷᠯᠡᠨ᠎ᠡ᠃
   [ ᠠᠮᠲᠠ᠂ ᠴᠢᠨᠠᠷ᠂ ᠡᠷᠳᠡᠮ] ᠭᠠᠰᠢᠭᠤᠨ᠂ ᠠᠮᠲᠠᠯᠢᠭ ᠠᠮᠲᠠ ᠲᠠᠢ᠂ ᠰᠡᠷᠢᠭᠦᠨ ᠴᠢᠨᠠᠷ ᠲᠠᠢ᠂ ᠬᠦᠨᠳᠦ᠂ ᠮᠣᠬᠣᠳᠠᠭ᠂ ᠵᠥᠭᠡᠯᠡᠨ᠂ ᠡᠶᠡᠯᠳᠡᠭ ᠡᠷᠳᠡᠮ ᠲᠡᠢ᠃
   [ ᠴᠢᠳᠠᠯ ᠪᠠ ᠭᠣᠣᠯᠳᠠᠭᠤ ᠵᠠᠰᠠᠬᠤ] ᠬᠠᠯᠠᠭᠤᠨ ᠢ᠋ ᠠᠷᠢᠯᠭᠠᠬᠤ᠂ ᠬᠣᠣᠷ ᠢ᠋ ᠲᠠᠢᠯᠬᠤ᠂ ᠲᠠᠢᠳᠬᠤᠷᠠᠭᠤᠯᠬᠤ ᠴᠢᠳᠠᠯ ᠲᠠᠢ᠃ ᠭᠣᠣᠯᠳᠠᠭᠤ ᠬᠢᠵᠢᠭ᠂ ᠬᠣᠣᠷ ᠤ᠋ᠨ ᠬᠠᠯᠠᠭᠤᠨ᠂ ᠡᠯᠢᠭᠡ ᠰᠥᠰᠥᠨ ᠦ᠌ ᠬᠠᠯᠠᠭᠤᠨ᠂ ᠥᠨᠳᠥᠷ ᠬᠠᠯᠠᠭᠤᠷᠠᠯ ᠠ᠋ᠴᠠ ᠪᠣᠯᠵᠤ ᠲᠠᠲᠠᠪᠠᠯᠵᠠᠬᠤ᠂ ᠦᠬᠦᠳᠬᠢᠬᠦ᠂ ᠮᠡᠳᠡᠷᠡᠯ ᠠᠯᠳᠠᠵᠤ ᠰᠣᠯᠢᠶᠠᠷᠠᠬᠤ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃

   ᠬᠢᠲᠠᠳ ᠨᠡᠷ᠎ᠡ᠄牛黄
   ᠠᠩᠭ᠌ᠯᠢ ᠨᠡᠷ᠎ᠡ᠄Bos taurus domesticus Gmelin

   ᠦᠰᠦᠭ ᠠᠮᠢᠯᠠᠭᠤᠯᠤᠭᠴᠢ᠄ ᠣᠶᠤᠨᠴᠢᠮᠡᠭ
   ᠬᠢᠨᠠᠭᠴᠢ᠄ ᠲᠤᠶᠠᠭ᠎ᠠ