ᠮᠣᠩᠭᠣᠯ ᠦᠨᠳᠦᠰᠦᠲᠡᠨ ᠦ ᠰᠢᠯᠭᠠᠷᠠᠭᠰᠠᠨ ᠠᠷᠠᠳᠴᠢᠯᠠᠭᠰᠠᠨ ᠬᠤᠪᠢᠰᠬᠠᠯᠴᠢ ᠰᠢᠨᠡᠯᠠᠮ᠎ᠠ - ᠲᠠᠪᠤᠳᠤᠭᠠᠷ ᠪᠦᠯᠦᠭ᠂ᠳᠤᠭᠤᠶ᠋ᠢᠯᠠᠩ ᠤᠨ ᠬᠥᠳᠡᠯᠭᠡᠭᠡᠨ ᠪᠠ ᠰᠢᠨᠡᠯᠠᠮ᠎ᠠ ᠶᠢᠨ ᠳᠤᠬᠠᠢ2 Шинэлам – 5-р бүлэг᠂Дугуйлангийн хөдөлгөөн ба Шинэлмаагийн тухай 2
ᠬᠣᠶᠠᠷ᠂ ᠡᠯ᠎ᠡ ᠱᠠᠲᠤᠨ ᠤ᠋ ᠵᠠᠷᠢᠮ ᠠᠯᠪᠠᠨ ᠪᠢᠴᠢᠭ ᠪᠠ ᠮᠡᠳᠡᠭᠦᠯᠦᠯᠲᠡ
ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠵᠠᠰᠠᠭ ᠤ᠋ᠨ ᠣᠷᠳᠣᠨ ᠤ᠋ ᠠᠯᠪᠠᠨ ᠪᠢᠴᠢᠭ
(64) ᠮᠣᠩᠭᠣᠯ ᠦᠰᠦᠭ ᠦ᠋ᠨ430 ᠳ᠋ᠤᠭᠠᠷ ᠪᠢᠴᠢᠭ ᠮᠠᠲ᠋ᠧᠷᠢᠶᠠᠯ
ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠠᠷᠠᠳ ᠤ᠋ᠨ ᠵᠠᠰᠠᠭ ᠤ᠋ᠨ ᠣᠷᠳᠣᠨ(ᠨᠢᠭᠡᠳᠦᠭᠡᠷ ᠤᠳᠠᠭᠠᠨ) ᠤ᠋ ᠭᠣᠣᠯᠳᠠᠯᠭ᠎ᠠ ᠲᠠᠢ ᠰᠣᠶᠣᠯ ᠲᠡᠦᠬᠡ ᠶ᠋ᠢᠨ ᠬᠠᠮᠠᠭᠠᠯᠠᠯᠲᠠ ᠶ᠋ᠢᠨ ᠨᠢᠭᠡᠴᠢ ᠳ᠋ᠦ᠍ ᠳᠠᠬᠢᠨ ᠨᠥᠬᠥᠪᠥᠷᠢᠯᠡᠨ ᠮᠡᠳᠡᠭᠳᠡᠬᠦ ᠨᠢ ᠁ ᠲᠥᠷᠥ ᠶ᠋ᠢᠨ ᠶᠠᠪᠤᠳᠠᠯ ᠤ᠋ᠨ ᠬᠣᠷᠢᠶᠠᠨ ᠤ᠋1961 ᠣᠨ ᠤ᠋3 ᠰᠠᠷ᠎ᠠ ᠶ᠋ᠢᠨ14 ᠦ᠌ ᠡᠳᠦᠷ ᠦ᠋ᠨ ᠠᠯᠪᠠᠨ ᠵᠠᠷ ᠢ᠋ ᠦᠨᠳᠦᠰᠦᠯᠡᠵᠦ᠁ ᠥᠪᠡᠷᠲᠡᠭᠡᠨ ᠵᠠᠰᠠᠬᠤ ᠣᠷᠣᠨ ᠤ᠋(56) ᠮᠣᠩᠭᠣᠯ᠁ ᠦᠰᠦᠭ ᠦ᠋ᠨ143 ᠳ᠋ᠤᠭᠠᠷ ᠵᠠᠷ ᠮᠡᠳᠡᠭᠳᠡᠯ ᠦ᠋ᠨ ᠰᠣᠶᠣᠯ ᠲᠡᠦᠬᠡ ᠶ᠋ᠢᠨ ᠭᠣᠣᠯᠳᠠᠯᠭ᠎ᠠ ᠲᠠᠢ ᠬᠠᠮᠠᠭᠠᠯᠠᠯᠲᠠ ᠶ᠋ᠢᠨ ᠭᠠᠵᠠᠷ ᠲᠤ᠌ ᠣᠷᠣᠭᠰᠠᠨ ᠦᠭᠡᠢ ᠶ᠋ᠢ ᠡᠨᠡ ᠤᠳᠠᠭ᠎ᠠ ᠨᠡᠮᠡᠵᠦ》 ᠦᠦᠰᠢᠨ ᠬᠤᠰᠢᠭᠤᠨ ᠤ᠋ ᠭᠠᠯᠠᠭᠤᠲᠤ ᠰᠦᠮ᠎ᠡ ᠶ᠋ᠢ1919 ᠣᠨ ᠳ᠋ᠤ᠌ ᠰᠢᠨᠡᠯᠡᠮ᠎ᠡ ᠶ᠋ᠢᠨ ᠬᠤᠪᠢᠰᠬᠠᠯᠲᠤ ᠬᠥᠳᠡᠯᠭᠡᠭᠡᠨ》 ᠦ᠌ ᠨᠢᠭᠡᠳᠦᠭᠡᠷ ᠳᠡᠰ ᠦ᠋ᠨ ᠰᠣᠶᠣᠯ ᠤ᠋ᠨ ᠲᠡᠦᠬᠡ ᠶ᠋ᠢᠨ ᠬᠠᠮᠠᠭᠠᠯᠠᠯᠲᠠ ᠶ᠋ᠢᠨ ᠭᠠᠵᠠᠷ ᠢ᠋ᠶ᠋ᠠᠷ ᠲᠣᠭᠲᠠᠭᠠᠭᠰᠠᠨ ᠢ᠋ ᠵᠠᠷᠯᠠᠪᠠ᠃
ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠵᠠᠰᠠᠭ ᠤ᠋ᠨ
ᠣᠷᠳᠣᠨ1964 ᠣᠨ ᠤ᠋12 ᠰᠠᠷ᠎ᠠ ᠶ᠋ᠢᠨ20 ᠤ᠋ ᠡᠳᠦᠷ
ᠬᠠᠭᠤᠯᠤᠨ ᠬᠦᠷᠭᠡᠬᠦ ᠨᠢ᠄
ᠲᠥᠪ ᠦ᠋ᠨ ᠰᠣᠶᠣᠯ ᠤ᠋ᠨ ᠶᠠᠮᠤᠨ᠂ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠨᠠᠮ ᠤ᠋ᠨ ᠬᠣᠷᠢᠶ᠎ᠠ ᠶ᠋ᠢᠨ ᠤᠬᠠᠭᠤᠯᠬᠤ ᠬᠡᠯᠲᠡᠰ᠂ ᠥᠪᠡᠷᠲᠡᠭᠡᠨ ᠵᠠᠰᠠᠬᠤ ᠣᠷᠣᠨ ᠤ᠋ ᠡᠯ᠎ᠡ ᠰᠢᠭᠤᠳ ᠬᠠᠷᠢᠶ᠎ᠠ ᠪᠠᠢᠭᠤᠯᠭ᠎ᠠ᠂ ᠥᠪᠥᠷ ᠮᠣᠩᠭᠣᠯ ᠤ᠋ᠨ ᠴᠡᠷᠢᠭ ᠦ᠋ᠨ ᠲᠣᠭᠣᠷᠢᠭ ᠲᠤ᠌ ᠨᠥᠬᠥᠷ ᠰᠢᠨᠡᠯᠡᠮ᠎ᠡ ᠤᠯᠤᠰ ᠤ᠋ᠨ ᠳᠣᠲᠣᠭᠠᠳᠤ ᠶ᠋ᠢᠨ ᠬᠣᠶᠠᠳᠤᠭᠠᠷ ᠤᠳᠠᠭᠠᠨ ᠤ᠋ ᠬᠤᠪᠢᠰᠬᠠᠯᠲᠤ ᠲᠡᠢᠨ ᠦ᠌ ᠳᠤᠮᠳᠠ ᠡᠷᠡᠯᠬᠡᠭ ᠢ᠋ᠶ᠋ᠡᠷ ᠪᠡᠶ᠎ᠡ ᠦᠷᠡᠭᠳᠡᠭᠰᠡᠨ ᠳ᠋ᠦ᠍᠄ ᠬᠤᠪᠢᠰᠬᠠᠯᠲᠤ ᠦᠷᠡᠭᠳᠡᠭᠰᠡᠨ ᠪᠠᠭᠠᠲᠤᠷ ᠢ᠋ᠶ᠋ᠠᠷ ᠵᠥᠪᠰᠢᠶᠡᠷᠡᠪᠡ᠃
ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠤ᠋ᠨ
ᠠᠷᠠᠳ ᠤ᠋ᠨ ᠶᠠᠪᠤᠳᠠᠯ ᠤ᠋ᠨ ᠶᠠᠮᠤᠨ ᠠ᠋ᠴᠠ
1983 ᠣᠨ ᠤ᠋9 ᠰᠠᠷ᠎ᠠ ᠶ᠋ᠢᠨ30 ᠤ᠋ ᠡᠳᠦᠷ
ᠰᠢᠨᠡᠯᠡᠮ᠎ᠡ ᠶ᠋ᠢᠨ ᠬᠠᠭᠤᠴᠢᠨ ᠰᠠᠭᠤᠴᠠ ᠶ᠋ᠢ ᠰᠢᠨᠡᠳᠬᠡᠨ ᠵᠠᠰᠠᠬᠤ ᠮᠡᠳᠡᠭᠦᠯᠦᠯᠲᠡ
ᠠᠢᠮᠠᠭ ᠤ᠋ᠨ ᠤᠯᠤᠰ ᠲᠥᠷᠥ ᠶ᠋ᠢᠨ ᠵᠥᠪᠯᠡᠯᠭᠡᠨ᠂ ᠳᠥᠴᠢᠨ ᠵᠢᠯ ᠦ᠋ᠨ ᠣᠢ ᠶ᠋ᠢ ᠳᠤᠷᠠᠰᠬᠠᠬᠤ ᠠᠯᠪᠠᠨ ᠭᠡᠷ᠂ ᠠᠢᠮᠠᠭ ᠤ᠋ᠨ ᠲᠡᠦᠬᠡ ᠶ᠋ᠢᠨ ᠳᠤᠷᠠᠰᠬᠠᠯᠲᠤ ᠵᠦᠢᠯᠡᠰ ᠢ᠋ ᠬᠠᠮᠠᠭᠠᠯᠠᠬᠤ ᠠᠵᠢᠯᠯᠠᠬᠤ ᠥᠷᠲᠡᠭᠡ᠂ ᠬᠣᠰᠢᠭᠤ ᠤᠯᠤᠰ ᠲᠥᠷᠥ ᠶ᠋ᠢᠨ ᠵᠥᠪᠯᠡᠯᠭᠡᠨ ᠳ᠋ᠦ᠍᠄
ᠮᠠᠨ ᠤ᠋ ᠰᠤᠮᠤ ᠪᠣᠯ ᠦᠨᠳᠦᠰᠦᠲᠡᠨ ᠦ᠌ ᠬᠤᠪᠢᠰᠬᠠᠯᠲᠤ ᠪᠠᠭᠠᠲᠤᠷ ᠰᠢᠨᠡᠯᠡᠮ᠎ᠡ ᠶ᠋ᠢᠨ ᠥᠯᠥᠭᠡᠢ ᠨᠤᠲᠤᠭ ᠨᠢ ᠪᠣᠯᠬᠣᠷ᠂ ᠪᠢᠳᠡ ᠡᠨᠡ ᠬᠦ᠌ ᠦᠷᠡᠭᠳᠡᠭᠰᠡᠨ ᠪᠠᠭᠠᠲᠤᠷ ᠤ᠋ᠨ ᠰᠠᠭᠤᠵᠤ ᠪᠠᠢᠭᠰᠠᠨ ᠪᠠ ᠬᠤᠪᠢᠰᠬᠠᠯᠲᠤ ᠬᠥᠳᠡᠯᠭᠡᠭᠡᠨ ᠬᠢᠵᠦ ᠪᠠᠢᠭᠰᠠᠨ ᠣᠷᠣᠨ ᠭᠡᠷ ᠢ᠋ ᠡᠨᠡ ᠵᠢᠯ ᠦ᠋ᠨ9 ᠰᠠᠷ᠎ᠠ ᠶ᠋ᠢᠨ10 ᠠ᠋ᠴᠠ ᠡᠮᠦᠨ᠎ᠡ ᠨᠢᠭᠡ ᠪᠦᠯᠦᠭ ᠢ᠋ ᠨᠢ ᠰᠡᠯᠪᠢᠨ ᠵᠠᠰᠠᠵᠤ᠂ ᠥᠪᠡᠷᠲᠡᠭᠡᠨ ᠵᠠᠰᠠᠬᠤ ᠣᠷᠣᠨ ᠪᠠᠢᠭᠤᠯᠤᠭᠳᠠᠭᠰᠠᠨ40 ᠵᠢᠯ ᠦ᠋ᠨ ᠣᠢ ᠶ᠋ᠢ ᠳᠤᠷᠠᠰᠬᠠᠬᠤ ᠦᠶᠡᠰ ᠰᠢᠨᠡᠯᠡᠮ᠎ᠡ ᠶ᠋ᠢᠨ ᠬᠤᠪᠢᠰᠬᠠᠯᠲᠤ ᠬᠥᠳᠡᠯᠭᠡᠭᠡᠨ ᠦ᠌ ᠳᠤᠷᠠᠰᠬᠠᠯᠲᠤ ᠵᠦᠢᠯᠡᠰ ᠦ᠋ᠨ ᠳᠡᠯᠭᠡᠨ ᠦᠵᠡᠭᠦᠯᠬᠦ ᠦᠵᠡᠰᠬᠦᠯᠡᠩ ᠭᠠᠷᠭᠠᠬᠤ ᠪᠠᠷᠢᠮᠵᠢᠶ᠎ᠠ ᠳ᠋ᠤ᠌ ᠬᠦᠷᠭᠡᠬᠦ ᠪᠡᠷ ᠲᠥᠰᠥᠪ ᠲᠥᠯᠥᠪᠯᠡᠭᠡ ᠶ᠋ᠢ ᠭᠠᠷᠭᠠᠵᠤ᠂ ᠪᠠᠷᠢᠯᠭ᠎ᠠ ᠶ᠋ᠢᠨ ᠠᠵᠢᠯᠲᠠᠨ ᠲᠠᠢ ᠭᠡᠷ᠎ᠡ ᠲᠣᠭᠲᠠᠵᠤ ᠪᠠᠷᠢᠯᠭ᠎ᠠ ᠳ᠋ᠤ᠌ ᠬᠡᠷᠡᠭᠯᠡᠬᠦ ᠡᠯ᠎ᠡ ᠵᠦᠢᠯ ᠦ᠋ᠨ ᠮᠠᠲ᠋ᠧᠷᠢᠶᠠᠯ ᠢ᠋ ᠡᠬᠢᠯᠡᠨ ᠭᠠᠷᠳᠠᠵᠤ ᠬᠢᠪᠡ᠃
ᠰᠢᠨᠠᠯᠠᠮ᠎ᠠ ᠶ᠋ᠢᠨ ᠰᠠᠭᠤᠵᠤ ᠪᠠᠢᠭᠰᠠᠨ ᠬᠠᠭᠤᠴᠢᠨ ᠰᠠᠭᠤᠴᠠ7 ᠲᠠᠰᠤᠯᠭ᠎ᠠ ᠭᠡᠷ ᠣᠷᠣᠨ72 ᠮᠧᠲ᠋ᠷ ᠦ᠋ᠨ ᠤᠷᠲᠤ ᠳᠥᠷᠪᠡᠯᠵᠢᠨ ᠬᠦᠷᠢᠶ᠎ᠡ ᠶ᠋ᠢ ᠤᠭ ᠤ᠋ᠨ ᠬᠡᠯᠪᠡᠷᠢ ᠶ᠋ᠢ ᠨᠢ ᠥᠭᠡᠷᠡᠲᠦᠭᠦᠯᠬᠦ ᠦᠭᠡᠢ ᠪᠠᠢᠳᠠᠯ ᠳᠣᠣᠷ᠎ᠠ ᠪᠦᠬᠦᠨ ᠢ᠋ ᠰᠢᠨᠡᠳᠬᠡᠨ ᠵᠠᠰᠠᠬᠤ ᠴᠢᠬᠤᠯᠠᠲᠠᠢ ᠪᠣᠯᠤᠭᠰᠠᠨ ᠲᠤᠯᠠ ᠬᠡᠮᠵᠢᠶ᠎ᠡ ᠪᠦᠬᠦᠢ ᠬᠡᠷᠡᠭᠯᠡᠬᠦ ᠮᠠᠲ᠋ᠧᠷᠢᠶᠠᠯ ᠪᠠ ᠦᠨ᠎ᠡ ᠬᠠᠩᠰᠢ᠂ ᠠᠵᠢᠯᠴᠢᠨ ᠤ᠋ ᠴᠠᠯᠢᠩ ᠬᠥᠯᠥᠰᠥ ᠶ᠋ᠢ ᠲᠥᠰᠥᠪᠯᠡᠨ ᠭᠠᠷᠭᠠᠵᠤ ᠳᠡᠭᠡᠳᠦ ᠱᠠᠲᠤᠨ ᠳ᠋ᠤ᠌ ᠮᠡᠳᠡᠭᠦᠯᠪᠡ᠃ ᠬᠦᠷᠬᠦᠯ᠎ᠡ ᠬᠢᠨᠠᠨ ᠦᠵᠡᠵᠦ ᠰᠢᠨᠡᠯᠡᠮ᠎ᠡ ᠶ᠋ᠢᠨ ᠬᠠᠭᠤᠴᠢᠨ ᠰᠠᠭᠤᠴᠠ ᠶ᠋ᠢ ᠰᠢᠨᠡᠳᠬᠡᠨ ᠵᠠᠰᠠᠬᠤ ᠮᠠᠨ ᠤ᠋ ᠠᠵᠢᠯ ᠢ᠋ ᠵᠢᠭᠠᠨ ᠵᠢᠯᠣᠭᠣᠳᠴᠤ᠂ ᠳᠡᠮᠵᠢᠯᠭᠡ ᠪᠠ ᠬᠠᠪᠰᠤᠷᠤᠯᠭ᠎ᠠ ᠦᠵᠡᠭᠦᠯᠬᠦ ᠪᠣᠯᠪᠠᠤ! (ᠮᠠᠲ᠋ᠧᠷᠢᠶᠠᠯ ᠤ᠋ᠨ ᠲᠥᠷᠥᠯ ᠵᠦᠢᠯ ᠵᠢᠴᠢ ᠦᠨ᠎ᠡ ᠬᠠᠩᠰᠢ ᠶ᠋ᠢᠨ ᠬᠦᠰᠦᠨᠦᠭ ᠢ᠋ ᠳᠠᠭᠠᠯᠳᠤᠭᠤᠯᠪᠠ)
ᠡᠭᠦᠨ᠎ᠡ᠄ ᠭᠠᠯᠠᠭᠤᠲᠤ ᠰᠤᠮᠤᠨ ᠤ᠋ ᠨᠠᠮ ᠤ᠋ᠨ ᠬᠣᠷᠢᠶ᠎ᠠ
ᠠᠷᠠᠳ ᠤ᠋ᠨ ᠵᠠᠰᠠᠭ ᠤ᠋ᠨ ᠣᠷᠳᠣᠨ ᠠ᠋ᠴᠠ
1984 ᠣᠨ ᠤ᠋4 ᠰᠠᠷ᠎ᠠ ᠶ᠋ᠢᠨ23 ᠤ᠋ ᠡᠳᠦᠷ
ᠦᠦᠰᠢᠨ ᠬᠤᠰᠢᠭᠤᠨ ᠤ᠋ ᠠᠷᠠᠳ ᠤ᠋ᠨ ᠵᠠᠰᠠᠭ ᠤ᠋ᠨ ᠣᠷᠳᠣᠨ ᠤ᠋ ᠪᠢᠴᠢᠭ ᠮᠠᠲ᠋ᠧᠷᠢᠶᠠᠯ ᠳ᠋ᠤ᠌
ᠦᠦᠰᠢᠨ ᠵᠠᠰᠠᠭ(84)189 ᠨᠣᠮᠧᠷᠲᠦ ᠭᠠᠯᠠᠭᠤᠲᠤ ᠲᠠᠷᠬᠠᠬᠤ(84)93 ᠳ᠋ᠤᠭᠠᠷ ᠭᠠ ᠰᠢ ᠲᠠᠷᠬᠠᠬᠤ(84)5 ᠳ᠋ᠤᠭᠠᠷ6 ᠳ᠋ᠤᠭᠠᠷ ᠮᠡᠳᠡᠭᠦᠯᠦᠯᠲᠡ ᠪᠣᠯᠤᠨ ᠲᠥᠰᠥᠪ ᠲᠥᠯᠥᠪᠯᠡᠭᠡ ᠶ᠋ᠢ ᠵᠥᠪᠰᠢᠶᠡᠷᠡᠭᠰᠡᠨ ᠪᠢᠴᠢᠭ᠄
ᠭᠠᠯᠠᠭᠤᠲᠤ ᠰᠤᠮᠤᠨ ᠤ᠋ ᠵᠠᠰᠠᠭ ᠤ᠋ᠨ ᠣᠷᠳᠣᠨ᠂ ᠰᠢᠨᠠᠯᠠᠮ᠎ᠠ ᠶ᠋ᠢᠨ ᠬᠠᠭᠤᠴᠢᠨ ᠰᠠᠭᠤᠴᠠ ᠶ᠋ᠢ ᠰᠡᠯᠪᠢᠨ ᠵᠠᠰᠠᠬᠤ ᠤᠳᠤᠷᠢᠳᠬᠤ ᠳᠤᠭᠤᠢᠯᠠᠩ ᠳ᠋ᠤ᠌᠄
《ᠰᠢᠨᠡᠯᠡᠮ᠎ᠡ ᠶ᠋ᠢᠨ ᠬᠠᠭᠤᠴᠢᠨ ᠰᠠᠭᠤᠴᠠ ᠶ᠋ᠢ ᠰᠡᠯᠪᠢᠨ ᠵᠠᠰᠠᠬᠤ ᠤᠳᠤᠷᠢᠳᠬᠤ ᠳᠤᠭᠤᠢᠯᠠᠩ ᠤ᠋ᠨ ᠮᠡᠳᠡᠭᠦᠯᠦᠯᠲᠡ》᠂《ᠰᠢᠨᠡᠯᠡᠮ᠎ᠡ ᠶ᠋ᠢᠨ ᠬᠤᠪᠢᠰᠬᠠᠯᠲᠤ ᠬᠥᠳᠡᠯᠭᠡᠭᠡᠨ ᠦ᠌ ᠬᠠᠭᠤᠴᠢᠨ ᠰᠠᠭᠤᠴᠠ ᠶ᠋ᠢ ᠰᠡᠯᠪᠢᠨ ᠵᠠᠰᠠᠬᠤ ᠲᠥᠰᠥᠪ ᠲᠥᠯᠥᠪᠯᠡᠯᠭᠡ ᠶ᠋ᠢᠨ ᠮᠡᠳᠡᠭᠦᠯᠦᠯᠲᠡ》 ᠪᠣᠯᠤᠨ《1985 ᠣᠨ ᠳ᠋ᠤ᠌ ᠰᠢᠨᠡᠯᠡᠮ᠎ᠡ ᠶ᠋ᠢᠨ ᠬᠠᠭᠤᠴᠢᠨ ᠰᠠᠭᠤᠴᠠ ᠶ᠋ᠢ ᠰᠡᠯᠪᠢᠨ ᠵᠠᠰᠠᠬᠤ ᠲᠥᠯᠥᠪᠯᠡᠯᠭᠡ》 ᠵᠡᠷᠭᠡ ᠶ᠋ᠢᠨ ᠮᠡᠳᠡᠭᠦᠯᠦᠯᠲᠡ ᠶ᠋ᠢ ᠶᠠᠷᠢᠯᠴᠠᠨ ᠰᠤᠳᠤᠯᠤᠭᠰᠠᠨ ᠶᠣᠰᠣᠭᠠᠷ ᠵᠥᠪᠰᠢᠶᠡᠷᠡᠬᠦ ᠶ᠋ᠢᠨ ᠳᠠᠭᠠᠤ ᠲᠤᠬᠠᠢ ᠶ᠋ᠢᠨ ᠭᠠᠵᠠᠷ ᠤ᠋ᠨ ᠵᠠᠰᠠᠭ ᠤ᠋ᠨ ᠣᠷᠳᠣᠨ ᠤ᠋ ᠵᠢᠯᠣᠭᠣᠳᠤᠯᠭ᠎ᠠ ᠪᠠ ᠬᠠᠮᠢᠶ᠎ᠠ ᠪᠦᠬᠦᠢ ᠪᠠᠢᠭᠤᠯᠤᠯᠭ᠎ᠠ ᠶ᠋ᠢᠨ ᠡᠳ᠋ ᠪᠣᠳᠠᠰ ᠪᠡᠯᠡ ᠮᠥᠩᠭᠥᠨ ᠦ᠌ ᠳᠡᠮᠵᠢᠯᠭᠡ ᠶ᠋ᠢᠨ ᠰᠠᠭᠤᠷᠢᠨ ᠳᠡᠭᠡᠷ᠎ᠡ ᠡᠷᠲᠡᠬᠡᠨ ᠪᠠᠷᠢᠯᠭ᠎ᠠ ᠶ᠋ᠢᠨ ᠠᠵᠢᠯ ᠢ᠋ ᠡᠬᠢᠯᠡᠭᠦᠯᠵᠦ᠂ ᠴᠢᠨᠠᠷᠲᠠᠢ ᠪᠠᠷ ᠲᠡᠭᠦᠰᠬᠡᠬᠦ ᠬᠡᠷᠡᠭᠲᠡᠢ᠃ ᠢᠩᠭᠢᠭᠡᠳ ᠳᠡᠯᠭᠡᠨ ᠦᠵᠡᠭᠦᠯᠦᠯᠭᠡ ᠶ᠋ᠢ ᠠᠷᠠᠳ ᠲᠦᠮᠡᠨ ᠳ᠋ᠦ᠍ ᠡᠷᠲᠡ ᠨᠢᠭᠡᠨ ᠡᠳᠦᠷ ᠨᠢᠭᠤᠷ ᠤᠴᠠᠷᠠᠭᠤᠯᠬᠤ ᠶ᠋ᠢ ᠬᠦᠰᠡᠨ᠎ᠡ!
ᠦᠦᠰᠢᠨ ᠬᠤᠰᠢᠭᠤᠨ ᠤ᠋ ᠠᠷᠠᠳ ᠤ᠋ᠨ ᠵᠠᠰᠠᠭ ᠤ᠋ᠨ ᠣᠷᠳᠣᠨ
1984 ᠣᠨ ᠤ᠋12 ᠰᠠᠷ᠎ᠠ ᠶ᠋ᠢᠨ14 ᠦ᠌ ᠡᠳᠦᠷ
ᠬᠠᠭᠤᠯᠤᠨ ᠮᠡᠳᠡᠭᠦᠯᠬᠦ ᠨᠢ᠄ ᠥᠪᠡᠷᠲᠡᠭᠡᠨ ᠵᠠᠰᠠᠬᠤ ᠣᠷᠣᠨ ᠤ᠋ ᠰᠣᠶᠣᠯ ᠤ᠋ᠨ ᠲᠢᠩᠬᠢᠮ ᠠᠢᠮᠠᠭ ᠤ᠋ᠨ ᠤᠯᠤᠰ ᠲᠥᠷᠥ ᠶ᠋ᠢᠨ ᠵᠥᠪᠯᠡᠯᠭᠡᠨ ᠳ᠋ᠦ᠍
ᠬᠠᠭᠤᠯᠤᠨ ᠬᠦᠷᠭᠡᠬᠦ ᠨᠢ᠄ ᠠᠢᠮᠠᠭ ᠤ᠋ᠨ ᠰᠣᠶᠣᠯ ᠤ᠋ᠨ ᠭᠠᠵᠠᠷ ᠦᠨᠳᠦᠰᠦᠲᠡᠨ ᠦ᠌ ᠵᠥᠪᠯᠡᠯ᠂ ᠠᠷᠠᠳ ᠤ᠋ᠨ ᠶᠠᠪᠤᠳᠠᠯ ᠤ᠋ᠨ ᠭᠠᠵᠠᠷ᠂ ᠰᠣᠶᠣᠯ ᠲᠡᠦᠬᠡ ᠶ᠋ᠢᠨ ᠥᠷᠲᠡᠭᠡ ᠳ᠋ᠦ᠍
ᠦᠰᠦᠭ ᠠᠮᠢᠯᠠᠭᠤᠯᠤᠭᠴᠢ᠄ ᠪᠠᠯ᠂ ᠣᠶᠤᠨᠪᠠᠲᠤ᠂ ᠰᠠᠷᠠᠨᠲᠤᠶᠠᠭ᠎ᠠ
ᠬᠢᠨᠠᠭᠴᠢ᠄ ᠣᠳᠬᠣᠨᠴᠡᠴᠡᠭ᠂ ᠪᠠᠯ᠂ ᠠᠯᠲᠠᠨᠱᠠ
