ᠲᠠᠮᠠᠭ᠎ᠠ- ᠮᠦ᠊᠂ ᠬᠠᠰᠰᠣᠳᠤ Damga-möö, khassodДамга-мөө, хассод ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠠᠮᠠᠭ᠎ᠠ- ᠮᠦ᠊᠂ ᠬᠠᠰᠰᠣᠳᠤ Damga-möö, khassodДамга-мөө, хассод

ᠲᠠᠮᠠᠭ᠎ᠠ- ᠮᠦ᠊᠂ ᠬᠠᠰᠰᠣᠳᠤ Damga-möö, khassodДамга-мөө, хассод

2025-11-24

1785

ᠲᠠᠮᠠᠭ᠎ᠠ


  ᠦᠭᠡ᠄ ᠮᠦ᠊᠂ ᠬᠠᠰᠰᠣᠳᠤ 
  ᠣᠷᠴᠢᠯ᠂ ᠭᠠᠪᠢᠷ᠎ᠠ ᠤᠶᠠᠩᠭᠠᠯᠠᠪᠠ 

ᠠᠭᠢᠲᠤ ᠲᠣᠯᠣᠭᠠᠢ ᠪᠠᠷ ᠪᠡᠯᠴᠢᠳᠡᠭ 
ᠠᠷᠠᠨᠵᠠᠯ ᠵᠡᠭᠡᠷᠳᠡ ᠶ᠋ᠢᠨ ᠰᠦᠷᠦᠭ 
ᠠᠯᠤᠬ᠎ᠠ ᠰᠦᠬᠡᠨ ᠲᠠᠮᠠᠭ᠎ᠠ ᠲᠠᠢ 
ᠠᠳᠢᠶ᠎ᠠ ᠪᠠᠶᠠᠨ ᠤ᠋ ᠠᠳᠤᠭᠤ 

ᠨᠠᠯᠠᠭᠠᠷ ᠰᠢᠯᠢ ᠶ᠋ᠢ ᠪᠦᠷᠬᠦᠳᠡᠭ 
ᠨᠠᠢ᠍ᠮᠠᠨ ᠰᠢᠷᠭ᠎ᠠ ᠶ᠋ᠢᠨ ᠰᠦᠷᠦᠭ 
ᠨᠠᠷᠠ ᠰᠠᠷᠠᠨ ᠲᠠᠮᠠᠭ᠎ᠠ ᠲᠠᠢ 
ᠨᠠᠮᠵᠢᠯ ᠮᠡᠢᠷᠡᠨ ᠦ᠌ ᠠᠳᠤᠭᠤ 

ᠲᠤᠩᠭᠠᠯᠠᠭ ᠭᠣᠣᠯ ᠢ᠋ᠶ᠋ᠠᠷ ᠤᠮᠳᠠᠭᠠᠯᠠᠳᠠᠭ 
ᠲᠣᠯᠪᠣᠲᠤ ᠪᠣᠷᠣ ᠶ᠋ᠢᠨ ᠰᠦᠷᠦᠭ
ᠲᠤᠤᠬᠠᠢ ᠪᠣᠰᠤᠭ᠎ᠠ ᠲᠠᠮᠠᠭ᠎ᠠ ᠲᠠᠢ
ᠲᠤᠶᠠᠭ᠎ᠠ ᠠᠪᠠᠬᠠᠢ ᠶ᠋ᠢᠨ ᠠᠳᠤᠭᠤ

ᠬᠠᠩᠭᠠᠢ ᠳᠥᠭᠥᠮ ᠢ᠋ᠶ᠋ᠡᠷ ᠳᠦᠭᠦᠷᠡᠩ
ᠬᠠᠷ᠎ᠠ ᠠᠵᠠᠷᠭᠠᠲᠤ ᠶ᠋ᠢᠨ ᠰᠦᠷᠦᠭ
ᠬᠠᠢᠴᠢᠨ ᠤᠷᠠᠨ ᠲᠠᠮᠠᠭ᠎ᠠ ᠲᠠᠢ
ᠬᠠᠢᠷᠤᠪ ᠳᠡᠮᠴᠢ ᠶ᠋ᠢᠨ ᠠᠳᠤᠭᠤ

ᠴᠢᠨᠣ᠎ᠠ ᠶ᠋ᠢᠨ ᠡᠷᠢᠶᠡᠨ ᠳ᠋ᠦ᠍ ᠤᠨᠠᠭᠠᠯᠠᠳᠠᠭ
ᠴᠣᠬᠣᠷ ᠠᠵᠠᠷᠭᠠᠲᠠᠨ ᠤ᠋ ᠰᠦᠷᠦᠭ
ᠴᠣᠢᠨᠵᠢᠨ ᠭᠤᠷᠪᠠᠯᠵᠢᠨ ᠲᠠᠮᠠᠭ᠎ᠠ ᠲᠠᠢ
ᠴᠣᠯᠮᠣᠨ ᠬᠣᠨᠵᠢᠨ ᠤ᠋ ᠠᠳᠤᠭᠤ

ᠲᠠᠩᠰᠤᠭ ᠮᠣᠩᠭᠣᠯ ᠨᠤᠲᠤᠭ ᠮᠢᠨᠢ
ᠲᠠᠯ᠎ᠠ ᠪᠠᠷ ᠳᠦᠭᠦᠷᠡᠩ ᠠᠳᠤᠭᠤ ᠲᠠᠢ
ᠲᠠᠨ ᠤ᠋ ᠮᠠᠨ ᠤ᠋ ᠡᠨᠳᠡᠭᠦᠷᠡᠬᠦ ᠦᠭᠡᠢ
ᠲᠠᠮᠠᠭ᠎ᠠ ᠲᠡᠮᠳᠡᠭ ᠦ᠋ᠨ ᠢᠯᠭᠠᠭ᠎ᠠ ᠲᠠᠢ

ᠮᠣᠷᠢ ᠡᠷᠳᠡᠨᠢ ᠶ᠋ᠢᠨ ᠬᠦᠯᠦᠭ
ᠮᠥᠩᠬᠡ ᠲᠩᠷᠢ ᠶ᠋ᠢᠨ ᠤᠨᠠᠭ᠎ᠠ
ᠮᠣᠯᠣᠷ ᠬᠠᠰ ᠤ᠋ᠨ ᠲᠡᠮᠳᠡᠭ
ᠮᠣᠩᠭᠣᠯ ᠬᠥᠮᠦᠨ ᠦ᠌ ᠲᠠᠮᠠᠭ᠎ᠠ

  ᠦᠰᠦᠭ ᠬᠠᠳᠠᠭᠴᠢ᠄ ᠠᠯᠲᠠᠨᠴᠢᠮᠡᠭ
  ᠦᠰᠦᠭ ᠠᠮᠢᠯᠠᠭᠤᠯᠤᠭᠴᠢ᠄ ᠠᠯᠲᠠᠨᠴᠢᠮᠡᠭ