ᠨᠠᠷᠠ ᠰᠠᠯᠬᠢ ᠬᠣᠶᠠᠷNar salii khoyorНар салий хоёр ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠷᠠ ᠰᠠᠯᠬᠢ ᠬᠣᠶᠠᠷNar salii khoyorНар салий хоёр

ᠨᠠᠷᠠ ᠰᠠᠯᠬᠢ ᠬᠣᠶᠠᠷNar salii khoyorНар салий хоёр

2025-11-24

463

ᠨᠠᠷᠠ ᠰᠠᠯᠬᠢ ᠬᠣᠶᠠᠷ


ᠨᠠᠷᠠ ᠰᠠᠯᠬᠢ ᠬᠣᠶᠠᠷ ᠠᠯᠢ ᠨᠢ ᠢᠯᠡᠭᠦᠦ ᠬᠦᠴᠦᠲᠡᠢ ᠪᠣᠢ ᠭᠡᠵᠦ ᠮᠠᠷᠭᠤᠯᠳᠤᠵᠤ ᠭᠡᠨ᠎ᠡ᠃ 
ᠲᠡᠭᠡᠲᠡᠯ᠎ᠡ ᠰᠠᠯᠬᠢ ᠪᠢ ᠥᠪᠡᠷ ᠢ᠋ ᠪᠡᠨ ᠴᠢᠮ᠎ᠠ ᠠ᠋ᠴᠠ ᠢᠯᠡᠭᠦᠦ ᠬᠦᠴᠦᠲᠡᠢ ᠶ᠋ᠢ ᠪᠠᠲᠤᠯᠠᠵᠤ ᠬᠠᠷᠠᠭᠤᠯᠤᠨ᠎ᠠ ᠳᠠ ᠭᠡᠪᠡ᠃
ᠲᠡᠭᠡᠭᠡᠳ ᠦᠷᠭᠦᠯᠵᠢᠯᠡᠭᠦᠯᠦᠨ ᠲᠡᠨᠳᠡ ᠪᠠᠢᠭ᠎ᠠ ᠡᠪᠦᠭᠡᠨ ᠢ᠋ ᠬᠠᠷᠠᠵᠤ ᠪᠠᠢᠨ᠎ᠠ ᠤᠤ? ᠭᠠᠳᠠᠭᠤᠷ ᠬᠦᠷᠮ᠎ᠡ ᠡᠮᠦᠰᠦᠭᠰᠡᠨ ᠡᠪᠦᠭᠡᠨ ᠢ᠋᠂ ᠪᠢ ᠡᠪᠦᠭᠡᠨ ᠦ᠌ ᠬᠦᠷᠮ᠎ᠡ ᠶ᠋ᠢ ᠴᠢᠮ᠎ᠠ ᠠ᠋ᠴᠠ ᠬᠤᠷᠳᠤᠨ ᠳᠠᠢᠯᠠᠭᠤᠯᠵᠤ ᠴᠢᠳᠠᠨ᠎ᠠ ᠭᠡᠵᠦ
ᠮᠥᠷᠥᠢᠴᠡᠮᠡᠷ ᠪᠠᠢᠨ᠎ᠠ ᠭᠡᠯ᠎ᠡ᠃
ᠨᠠᠷᠠ ᠡᠨᠡ ᠰᠠᠨᠠᠭᠠᠴᠢᠯᠠᠭ᠎ᠠ ᠶ᠋ᠢ ᠨᠢ ᠬᠦᠯᠢᠶᠡᠨ ᠵᠥᠪᠰᠢᠶᠡᠷᠡᠭᠡᠳ ᠡᠭᠦᠯᠡᠨ ᠦ᠌ ᠴᠠᠭᠠᠭᠤᠷ ᠣᠷᠣᠨ ᠨᠢᠭᠤᠭᠳᠠᠵᠠᠢ᠃
ᠰᠠᠯᠬᠢ ᠬᠦᠴᠦᠲᠡᠢ ᠰᠠᠯᠬᠢᠯᠠᠭᠰᠠᠨ ᠢ᠋ᠶ᠋ᠠᠨ ᠰᠢᠭᠤᠷᠭ᠎ᠠ ᠪᠣᠯᠤᠨ ᠬᠤᠪᠢᠷᠠᠪᠠ᠃ ᠰᠠᠯᠬᠢ ᠰᠢᠷᠦᠭᠦᠰᠬᠦ ᠲᠣᠰᠤᠮ ᠡᠪᠦᠭᠡᠨ ᠬᠦᠷᠮ᠎ᠡ ᠡᠴᠡ ᠪᠡᠨ ᠲᠠᠰᠤ ᠵᠢᠭᠤᠷᠠᠵᠤ ᠪᠠᠢᠯ᠎ᠠ ᠡᠴᠦᠰ ᠲᠦ᠍ ᠪᠡᠨ ᠰᠠᠯᠬᠢ ᠪᠠᠭᠤᠵᠤ ᠥᠭᠭᠦᠨ ᠨᠠᠮᠳᠠᠬᠤ ᠳ᠋ᠤ᠌ ᠨᠠᠷᠠ ᠡᠭᠦᠯᠡᠨ ᠦ᠌ ᠴᠠᠭᠠᠨ᠎ᠠ ᠠ᠋ᠴᠠ ᠭᠠᠷᠴᠤ ᠢᠷᠡᠭᠡᠳ ᠡᠪᠦᠭᠡᠨ ᠤᠷᠤᠭᠤ ᠬᠠᠯᠠᠭᠤᠨ ᠢᠯᠴᠢ ᠪᠡᠷ ᠢ᠋ᠶ᠋ᠡᠨ ᠡᠭᠡᠭᠡᠨ ᠳᠣᠲᠣᠨᠣ ᠪᠠᠷ ᠢᠨᠢᠶᠡᠮᠰᠦᠭᠯᠡᠵᠡᠢ᠃
ᠡᠭᠦᠨ ᠢ᠋ ᠬᠠᠷᠠᠭᠰᠠᠨ ᠡᠪᠦᠭᠡᠨ ᠦ᠌ ᠴᠢᠷᠠᠢ ᠳ᠋ᠤ᠌ ᠮᠦᠰᠢᠶᠡᠯ ᠲᠣᠳᠣᠷᠠᠨ ᠬᠦᠷᠮ᠎ᠡ ᠪᠡᠨ ᠲᠠᠢᠯᠤᠭᠰᠠᠨ ᠠᠵᠠᠢ᠃ ᠮᠥᠷᠥᠢ ᠳ᠋ᠦ᠍ ᠢᠯᠠᠭᠰᠠᠨ ᠨᠠᠷᠠ ᠰᠠᠯᠬᠢᠨ ᠳ᠋ᠤ᠌ ᠬᠠᠨᠳᠤᠵᠤ ᠡᠢᠨ ᠬᠡᠯᠡᠪᠡ᠃
ᠡᠶᠡᠯᠳᠡᠭ ᠳᠠᠷᠤᠤ ᠡᠯᠢᠭᠡᠰᠡᠭ ᠵᠠᠩ ᠴᠢᠨᠠᠷ ᠳᠡᠭᠡᠷᠡᠯᠬᠡᠬᠦ ᠠᠪᠤᠷᠢ ᠶ᠋ᠢ ᠦᠷᠭᠦᠯᠵᠢ ᠢᠯᠠᠨ ᠳᠡᠢᠯᠳᠡᠭ ᠶᠦᠮ ᠭᠡᠵᠡᠢ ᠃

   ᠦᠰᠦᠭ ᠠᠮᠢᠯᠠᠭᠤᠯᠤᠭᠰᠠᠨ ᠨᠢ ᠄  ᠴᠢ᠊ · ᠤᠷᠠᠨᠴᠡᠴᠡᠭ