ᠤᠰᠬᠠᠯ ᠬᠠᠭᠠᠨ ᠲᠡᠭᠦᠰᠲᠡᠮᠦᠷ Usgal khaan tögstömörУсгал хаан төгстөмөр
ᠤᠰᠬᠠᠯ ᠬᠠᠭᠠᠨ ᠲᠡᠭᠦᠰᠲᠡᠮᠦᠷ
ᠨᠠᠢᠷᠠᠭᠤᠯᠤᠭᠰᠠᠨ ᠨᠢ ᠄ ᠱ · ᠴᠸᠶᠢᠨ — ᠣᠢᠳᠤᠪ
ᠬᠢᠶᠠᠳ ᠪᠣᠷᠵᠢᠭᠢᠨ ᠣᠪᠣᠭᠲᠤ ᠲᠡᠭᠦᠰᠲᠡᠮᠦᠷ ᠦ᠋ᠨ ᠳᠡᠭᠡᠳᠦ ᠡᠪᠦᠭᠡ ᠲᠠᠷᠮᠠᠪᠠᠯᠠ ᠥᠪᠡᠷ ᠦ᠋ᠨ ᠡᠪᠦᠭᠡ ᠬᠦᠰᠡᠯ᠎ᠡ᠂ ᠡᠴᠢᠭᠡ ᠨᠢ ᠲᠣᠭᠣᠨᠲᠡᠮᠦᠷ ᠬᠠᠭᠠᠨ ᠶᠤᠮ᠃ ᠲᠡᠭᠦᠰᠲᠡᠮᠦᠷ ᠪᠣᠯ ᠪᠢᠯᠢᠭᠲᠦ ᠬᠠᠭᠠᠨ ᠠᠶᠤᠰᠢᠷᠢᠳᠢᠷᠠ ᠶ᠋ᠢᠨ ᠲᠥᠷᠥᠭᠰᠡᠨ ᠳᠡᠭᠦᠦ ᠨᠢ ᠶᠦᠮ᠃
ᠲᠡᠭᠦᠰᠲᠡᠮᠦᠷ1342 ᠣᠨ ᠤ᠋ ᠬᠠᠷ᠎ᠠ ᠮᠣᠷᠢᠨ ᠵᠢᠯ ᠲᠥᠷᠥᠵᠡᠢ᠃1378 ᠣᠨ ᠳ᠋ᠤ᠌ ᠠᠬ᠎ᠠ ᠠᠶᠤᠰᠢᠷᠢᠳᠢᠷᠠ ᠬᠠᠭᠠᠨ ᠤ᠋ ᠵᠠᠷᠯᠢᠭ ᠶᠣᠰᠣᠭᠠᠷ ᠬᠠᠭᠠᠨ ᠤ᠋ ᠣᠷᠣ ᠶ᠋ᠢ ᠵᠠᠯᠭᠠᠮᠵᠢᠯᠠᠨ ᠰᠠᠭᠤᠵᠤ᠂ ᠬᠠᠭᠠᠨ ᠤ᠋ ᠴᠣᠯᠠ ᠪᠠᠨ《ᠤᠰᠬᠠᠯ》 ᠭᠡᠵᠦ ᠤᠰᠬᠠᠯ ᠬᠠᠭᠠᠨ ᠲᠡᠭᠦᠰᠲᠡᠮᠦᠷ ᠭᠡᠮᠡᠨ ᠨᠡᠷᠡᠯᠡᠭᠡᠳ ᠬᠠᠭᠠᠨᠲᠤ ᠮᠣᠩᠭᠣᠯ ᠤᠯᠤᠰ ᠤ᠋ᠨ17 ᠳ᠋ᠠᠬᠢ ᠬᠠᠭᠠᠨ ᠢ᠋ᠶ᠋ᠠᠷ ᠡᠷᠭᠦᠮᠵᠢᠯᠡᠭᠳᠡᠭᠰᠡᠨ ᠪᠠᠢᠨ᠎ᠠ᠃
1380 ᠣᠨ ᠳ᠋ᠤ᠌ ᠮᠢᠩ ᠤᠯᠤᠰ ᠮᠣᠩᠭᠣᠯ ᠤᠷᠤᠭᠤ ᠳᠣᠪᠲᠣᠯᠵᠤ ᠭᠠᠯᠳᠠᠨ ᠰᠢᠲᠠᠭᠠᠵᠤ᠂ ᠵᠠᠷᠢᠮ ᠨᠢ ᠠᠯᠠᠭᠳᠠᠵᠤ᠂ ᠵᠠᠷᠢᠮ ᠨᠢ ᠪᠠᠭᠤᠵᠤ ᠥᠭᠴᠦ ᠪᠠᠢᠪᠠ᠃
1381 ᠣᠨ ᠳ᠋ᠤ᠌ ᠤᠮᠠᠷᠠᠲᠤ ᠶᠤᠸᠠᠨ ᠤ᠋ ᠤᠯᠤᠰ ᠤ᠋ᠨ ᠴᠡᠷᠢᠭ ᠢ᠋ ᠵᠠᠬᠢᠷᠴᠤ ᠶᠠᠪᠤᠭᠰᠠᠨ ᠸᠠᠩ ᠪᠠᠽᠠᠷᠪᠠᠷᠮᠢᠳ ᠭᠡᠭᠴᠢ ᠮᠢᠩ ᠦ᠋ᠨ ᠴᠡᠷᠢᠭ ᠲᠦ᠍ ᠪᠦᠰᠡᠯᠡᠭᠳᠡᠵᠦ ᠪᠡᠶ᠎ᠡ ᠪᠡᠨ ᠬᠣᠣᠷᠯᠠᠪᠠ᠃
1387 ᠣᠨ ᠳ᠋ᠤ᠌ ᠯᠢᠶᠣᠤᠳ᠋ᠦ᠋ᠩ ᠭᠠᠵᠠᠷ ᠤ᠋ᠨ ᠣᠷᠴᠢᠮ ᠪᠠᠢᠭᠰᠠᠨ ᠨᠠᠭᠠᠴᠤ ᠵᠠᠩᠵᠤᠨ20 ᠲᠦᠮᠡᠨ ᠴᠡᠷᠢᠭ ᠲᠡᠢ ᠪᠡᠨ ᠮᠢᠩ ᠤᠯᠤᠰ ᠲᠤ᠌ ᠪᠠᠭᠤᠵᠤ ᠥᠭᠭᠦᠭᠰᠡᠨ ᠡᠴᠡ ᠤᠰᠬᠠᠯ ᠬᠠᠭᠠᠨ ᠲᠡᠭᠦᠰᠲᠡᠮᠦᠷ ᠦ᠋ᠨ ᠬᠦᠴᠦᠨ ᠶᠡᠬᠡ ᠪᠡᠷ ᠪᠠᠭᠤᠷᠠᠵᠠᠢ᠃
1388 ᠣᠨ ᠤ᠋ ᠬᠠᠪᠤᠷ ᠮᠢᠩ ᠦ᠋ᠨ ᠴᠡᠷᠢᠭ ᠮᠣᠩᠭᠣᠯ ᠤ᠋ᠨ ᠴᠡᠷᠢᠭ ᠲᠡᠢ ᠣᠳᠣ ᠶ᠋ᠢᠨ ᠬᠠᠯᠬ᠎ᠠ ᠭᠣᠣᠯ᠂ ᠪᠤᠢᠷ ᠨᠠᠭᠤᠷ ᠤ᠋ᠨ ᠣᠷᠴᠢᠮ ᠰᠢᠷᠦᠭᠦᠨ ᠪᠠᠢᠯᠳᠤᠵᠤ᠂ ᠤᠰᠬᠠᠯ ᠬᠠᠭᠠᠨ ᠲᠡᠭᠦᠰᠲᠡᠮᠦᠷ ᠦ᠋ᠨ ᠲᠠᠯ᠎ᠠ ᠢᠯᠠᠭᠳᠠᠵᠤ ᠪᠠᠢᠯᠳᠤᠭᠠᠨ ᠤ᠋ ᠲᠠᠯᠠᠪᠤᠷ ᠠ᠋ᠴᠠ ᠵᠢᠭᠤᠲᠠᠵᠤ᠂ ᠥᠪᠡᠷ ᠦ᠋ᠨ ᠬᠣᠶᠠᠳᠤᠭᠠᠷ ᠬᠦᠦ ᠲᠡᠷᠢᠭᠦᠲᠡᠢ7 ᠲᠦᠮᠡᠨ ᠬᠥᠮᠦᠨ᠂10 ᠲᠦᠮᠡ ᠭᠠᠷᠤᠢ ᠪᠤᠲᠠ ᠪᠤᠭ ᠮᠠᠯ ᠢ᠋ᠶ᠋ᠠᠨ ᠣᠯᠵᠠᠯᠠᠭᠤᠯᠤᠭᠰᠠᠨ ᠶᠤᠮ᠃ ᠬᠠᠭᠠᠨ ᠲᠡᠢᠨ ᠦ᠌ ᠲᠠᠯᠠᠪᠤᠷ ᠠ᠋ᠴᠠ ᠤᠬᠤᠷᠢᠭᠰᠠᠭᠠᠷ ᠲᠤᠤᠯᠢ ᠭᠣᠣᠯ ᠤ᠋ᠨ ᠬᠥᠪᠡᠭᠡᠨ ᠳ᠋ᠦ᠍ ᠡᠰᠦᠲᠡᠷ ᠭᠡᠭᠴᠢ ᠬᠥᠮᠦᠨ ᠳ᠋ᠦ᠍ ᠠᠯᠠᠭᠳᠠᠵᠠᠢ᠂ ᠬᠠᠭᠠᠨ ᠤ᠋ ᠬᠦᠦ ᠴᠤ᠌ ᠲᠡᠳᠡᠨ ᠳ᠋ᠦ᠍ ᠠᠯᠠᠭᠳᠠᠪᠠ᠃
1379-1388 ᠣᠨ ᠢ᠋ ᠬᠦᠷᠲᠡᠯ᠎ᠡ8 ᠵᠢᠯ ᠬᠠᠭᠠᠨ ᠰᠢᠷᠡᠭᠡᠨ ᠳ᠋ᠦ᠍ ᠰᠠᠭᠤᠭᠠᠳ ᠳᠥᠩᠭᠡᠵᠦ47 ᠨᠠᠰᠤᠲᠠᠢ ᠨᠠᠰᠤ ᠨᠥᠭᠴᠢᠪᠡ᠃ ᠤᠮᠠᠷᠠᠲᠤ ᠶᠤᠸᠠᠨ ᠤᠯᠤᠰ ᠤ᠋ᠨ ᠤᠰᠬᠠᠯ ᠬᠠᠭᠠᠨ ᠲᠡᠭᠦᠰᠲᠡᠮᠦᠷ ᠥᠪᠡᠷ ᠦ᠋ᠨ ᠠᠢᠮᠠᠭ ᠤ᠋ᠨ ᠨᠢᠭᠡᠨ ᠲᠦᠰᠢᠮᠡᠯ ᠳ᠋ᠦ᠍ ᠠᠯᠠᠭᠳᠠᠭᠰᠠᠨ ᠠ᠋ᠴᠠ ᠬᠣᠢᠰᠢ ᠬᠠᠭᠠᠨ ᠤ᠋ ᠡᠷᠬᠡ ᠳᠠᠷᠬ᠎ᠠ ᠰᠦᠷ ᠬᠦᠴᠦᠨ ᠢᠯᠡᠷᠬᠡᠢ ᠪᠠᠭᠤᠷᠠᠵᠠᠢ᠃ ᠡᠨᠡ ᠦᠶ᠎ᠡ ᠡᠴᠡ ᠡᠷᠬᠡ ᠮᠡᠳᠡᠯᠲᠦ ᠲᠦᠰᠢᠮᠡᠯ ᠦ᠋ᠳ ᠵᠠᠰᠠᠭ ᠬᠠᠤᠯᠢ ᠶ᠋ᠢ ᠪᠠᠷᠢᠵᠤ ᠬᠠᠭᠠᠨ ᠢ᠋ ᠮᠠᠨᠤᠤᠬᠠᠢ ᠪᠣᠯᠭᠠᠨ ᠠᠯᠠᠵᠤ ᠬᠣᠣᠷᠯᠠᠬᠤ ᠶᠠᠪᠤᠳᠠᠯ ᠴᠤ᠌ ᠦᠷᠭᠦᠯᠵᠢ ᠭᠠᠷᠬᠤ ᠪᠣᠯᠵᠠᠢ᠃
ᠢᠷᠡᠯᠲᠡ᠄
《ᠮᠣᠩᠭᠣᠯ ᠤ᠋ᠨ ᠭᠤᠴᠢᠨ ᠵᠢᠷᠭᠤᠭᠠᠨ ᠬᠠᠭᠠᠳ ᠤ᠋ᠨ ᠲᠣᠪᠴᠢ ᠨᠠᠮᠲᠠᠷ》 ᠨᠣᠮ ᠠ᠋ᠴᠠ ᠨᠠᠢᠷᠠᠭᠤᠯᠤᠨ ᠰᠣᠩᠭᠣᠵᠤ ᠰᠡᠢᠷᠡᠭᠦᠯᠪᠡ᠃
ᠦᠰᠦᠭ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ
