ᠤᠰᠤᠨ ᠦᠬᠡᠷ ᠦ᠋ᠨ ᠡᠪᠡᠷUsan ükhriin everУсан үхрийн эвэр

ᠤᠰᠤᠨ ᠦᠬᠡᠷ ᠦ᠋ᠨ ᠡᠪᠡᠷ
ᠲᠤᠰ ᠡᠮ ᠪᠣᠯ ᠦᠬᠡᠷ ᠦ᠋ᠨ ᠢᠵᠠᠭᠤᠷ ᠤ᠋ᠨ ᠠᠮᠢᠲᠠᠨ ᠪᠣᠯᠬᠤ ᠤᠰᠤᠨ ᠦᠬᠡᠷ ᠦ᠋ᠨ ᠡᠪᠡᠷ ᠮᠥᠨ᠃
[ ᠤᠤᠯ ᠠᠮᠢᠲᠠᠨ] ᠲᠣᠮᠣ ᠬᠡᠯᠪᠡᠷᠢ ᠶ᠋ᠢᠨ ᠭᠡᠷ ᠦ᠋ᠨ ᠲᠡᠵᠢᠭᠡᠪᠦᠷᠢ᠃ ᠪᠡᠶ᠎ᠡ ᠨᠢ ᠪᠦᠳᠦᠭᠦᠨ ᠬᠦᠴᠦᠯᠢᠭ᠂ ᠮᠠᠩᠨᠠᠢ ᠨᠢ ᠳᠥᠷᠪᠡᠯᠵᠢᠨ᠂ ᠬᠠᠮᠠᠷ ᠨᠢ ᠥᠷᠭᠡᠨ᠂ ᠤᠷᠤᠭᠤᠯ ᠨᠢ ᠡᠮᠦᠨᠡᠰᠢ ᠰᠤᠨᠤᠭᠰᠠᠨ ᠪᠠᠢᠳᠠᠭ᠃ ᠡᠷ᠎ᠡ ᠡᠮ᠎ᠡ ᠤᠰᠤᠨ ᠦᠬᠡᠷ ᠪᠦᠷ1 ᠬᠣᠣᠰ ᠡᠪᠡᠷ ᠲᠡᠢ᠂ ᠡᠪᠡᠷ ᠨᠢ ᠨᠤᠮᠤ ᠬᠡᠯᠪᠡᠷᠢ ᠲᠡᠢ᠂ ᠡᠪᠡᠷ ᠨᠢ ᠣᠯᠠᠩᠬᠢ ᠳ᠋ᠠᠭᠠᠨ ᠠᠷᠲᠠᠢ᠃ ᠭᠣᠣᠯ ᠨᠢ ᠬᠥᠨᠳᠡᠢ᠃ ᠲᠣᠯᠣᠭᠠᠢ ᠨᠢ ᠤᠷᠲᠤ᠂ ᠬᠦᠵᠦᠭᠦᠦ ᠨᠢ ᠣᠬᠣᠷ᠃ ᠡᠭᠦᠳᠡᠨ ᠰᠢᠳᠦ ᠬᠢᠭᠡᠳ ᠰᠣᠶᠣᠭ᠎ᠠ ᠦᠭᠡᠢ᠂ ᠠᠷᠠᠭ᠎ᠠ ᠨᠢ ᠬᠦᠴᠦᠷᠬᠡᠭ᠃ ᠳᠥᠷᠪᠡᠨ ᠮᠥᠴᠢ ᠨᠢ ᠳᠣᠷᠪᠢᠯᠢᠭ᠂ ᠳᠥᠷᠪᠡᠨ ᠲᠤᠭᠤᠷᠠᠢ ᠲᠠᠢ᠃ ᠦᠰᠦ ᠨᠢ ᠰᠢᠷᠦᠭᠦᠨ᠂ ᠰᠡᠢᠷᠡᠭ᠂ ᠬᠠᠷᠠᠪᠲᠤᠷ ᠥᠩᠭᠡ ᠲᠡᠢ᠃ ᠴᠠᠭᠠᠨ ᠪᠠᠰᠠ ᠪᠣᠢ᠃
[ ᠠᠮᠢᠳᠤᠷᠠᠬᠤ ᠣᠷᠴᠢᠨ ᠬᠢᠭᠡᠳ ᠲᠠᠷᠬᠠᠴᠠ] ᠮᠠᠨ ᠤ᠋ ᠤᠯᠤᠰ ᠤ᠋ᠨ ᠬᠤᠸᠠᠢᠾᠧ ᠭᠣᠣᠯ ᠠ᠋ᠴᠠ ᠡᠮᠦᠨᠡᠰᠢ ᠡᠯ᠎ᠡ ᠭᠠᠵᠠᠷ ᠲᠤ᠌ ᠠᠷᠠᠴᠢᠯᠠᠨ ᠲᠡᠵᠢᠭᠡᠵᠦ ᠪᠠᠢᠨ᠎ᠠ᠃
[ ᠡᠳ᠋ᠰᠢᠭᠦᠯᠦᠨ ᠪᠣᠯᠪᠠᠰᠤᠷᠠᠭᠤᠯᠬᠤ] ᠪᠦᠬᠦ ᠵᠢᠯ ᠳ᠋ᠡᠭᠡᠨ ᠪᠦᠷ ᠠᠪᠴᠤ ᠪᠣᠯᠤᠨ᠎ᠠ᠃ ᠦᠬᠡᠷ ᠢ᠋ ᠠᠯᠠᠬᠤ ᠳ᠋ᠤ᠌ ᠡᠪᠡᠷ ᠢ᠋ ᠨᠢ ᠠᠪᠤᠭᠠᠳ᠂ ᠬᠠᠷᠤᠭᠤᠯᠳᠠᠬᠤ ᠪᠤᠶᠤ ᠦᠷᠦᠪᠳᠡᠰᠦ ᠪᠣᠯᠭᠠᠭᠠᠳ ᠰᠢᠷᠠᠯᠠᠲᠠᠯ᠎ᠠ ᠬᠠᠭᠤᠷᠴᠤ ᠬᠡᠷᠡᠭᠯᠡᠨ᠎ᠡ᠃
[ ᠠᠮᠲᠠ᠂ ᠴᠢᠨᠠᠷ᠂ ᠡᠷᠳᠡᠮ] ᠡᠬᠡᠭᠦᠨ᠂ ᠳᠠᠪᠤᠰᠤᠯᠢᠭ ᠠᠮᠲᠠ ᠲᠠᠢ;ᠪᠦᠯᠢᠶᠡᠨ ᠴᠢᠨᠠᠷ ᠲᠠᠢ᠃
[ ᠴᠢᠳᠠᠯ ᠪᠠ ᠭᠣᠣᠯᠳᠠᠭᠤ ᠵᠠᠰᠠᠬᠤ] ᠮᠠᠭᠤ ᠴᠢᠰᠤ᠂ ᠥᠭᠡᠷᠢ ᠰᠢᠷ᠎ᠠ ᠤᠰᠤ ᠶ᠋ᠢ ᠬᠠᠲᠠᠭᠠᠬᠤ ᠴᠢᠳᠠᠯ ᠲᠠᠢ᠃ ᠭᠣᠣᠯᠳᠠᠭᠤ ᠠᠭᠤᠰᠬᠢᠨ ᠤ᠋ ᠦᠭᠡᠷᠢ᠂ ᠤᠰᠤᠨ ᠬᠠᠪᠤᠩ᠂ ᠤᠶᠠᠮᠠᠨ ᠡᠪᠡᠳᠴᠢᠨ᠂ ᠡᠯᠢᠭᠡᠨ ᠡᠪᠡᠳᠴᠢᠨ ᠢ᠋ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄ 水牛角 (水牛)
ᠠᠩᠭ᠌ᠯᠢ ᠨᠡᠷ᠎ᠡ᠄ Bubalus bubalis Linnaeus
ᠦᠰᠦᠭ ᠠᠮᠢᠯᠠᠭᠤᠯᠤᠭᠴᠢ᠄ ᠤᠷᠠᠨᠴᠢᠮᠡᠭ
ᠬᠢᠨᠠᠭᠴᠢ᠄ ᠴᠡᠪᠡᠷᠴᠡᠴᠡᠭ
