ᠥᠭᠡᠳᠡᠯᠡᠨ ᠳᠡᠭᠵᠢᠬᠦ ᠲᠠᠪᠢᠯᠠᠩ- ᠴᠢ᠊ · ᠤᠷᠠᠨᠴᠡᠴᠡᠭ Өөдлөн дэгжих тавилан-Чи ·Урнцэцэг
ᠥᠭᠡᠳᠡᠯᠡᠨ ᠳᠡᠭᠵᠢᠬᠦ ᠲᠠᠪᠢᠯᠠᠩ
ᠦᠭᠡ᠄ ᠴᠢ᠊ · ᠤᠷᠠᠨᠴᠡᠴᠡᠭ
ᠵᠠ ᠠ᠋᠁
ᠮᠣᠩᠭᠣᠯ ᠦᠭᠡ ᠪᠡᠨ ᠬᠠᠮᠲᠤ ᠪᠠᠷ ᠬᠡᠯᠡᠶ᠎ᠡ
ᠮᠣᠩᠭᠣᠯ ᠦᠰᠦᠭ ᠢ᠋ᠶ᠋ᠡᠨ ᠬᠠᠮᠲᠤ ᠪᠠᠷ ᠪᠢᠴᠢᠶ᠎ᠡ
ᠮᠣᠩᠭᠣᠯ ᠬᠥᠮᠦᠨ ᠪᠦᠬᠦᠨ ᠬᠠᠮᠲᠤ ᠪᠠᠷ ᠬᠢᠶ᠎ᠡ
ᠲᠠᠪᠤᠨ ᠬᠣᠰᠢᠭᠤ ᠮᠠᠯ ᠤ᠋ᠨ ᠬᠡᠢᠮᠣᠷᠢ ᠡᠵᠡᠨ ᠲᠡᠢ ᠪᠡᠨ ᠵᠠᠯᠠᠷᠠᠭᠰᠠᠨ
ᠲᠩᠷᠢᠯᠢᠭ ᠪᠣᠰᠤᠭ᠎ᠠ ᠦᠰᠦᠭ ᠦ᠋ᠨ ᠬᠡᠢᠮᠣᠷᠢ ᠦᠷᠡᠰ ᠢ᠋ᠶ᠋ᠡᠨ ᠳᠠᠯᠠᠯᠠᠭᠰᠠᠨ
ᠵᠢᠪᠬᠤᠯᠠᠩ ᠤ᠋ᠨ ᠰᠣᠶᠣᠯ ᠤᠷᠠᠯᠢᠭ ᠠ᠋ᠴᠠ ᠵᠣᠭᠰᠣᠭ᠎ᠠ ᠦᠯᠡᠳᠡᠭᠰᠡᠨ
ᠲᠠᠯ᠎ᠠ ᠶ᠋ᠢᠨ ᠮᠣᠩᠭᠣᠯ ᠤ᠋ᠨ ᠣᠮᠣᠭᠰᠢᠯ ᠪᠣᠯᠤᠨ ᠥᠪᠯᠡᠭᠳᠡᠭᠰᠡᠨ
ᠲᠠᠪᠤᠨ ᠲᠢᠪ ᠦ᠋ᠨ ᠬᠥᠷᠥᠰᠥᠨ ᠳᠡᠭᠡᠷ᠎ᠡ
ᠲᠠᠢᠪᠤᠩ ᠤᠷᠭᠤᠭ᠎ᠠ ᠦᠰᠦᠭ ᠢ᠋ᠶ᠋ᠡᠷ ᠲᠦᠩᠬᠦᠢᠵᠦ
ᠲᠠᠷᠢᠬᠢ ᠣᠶᠤᠨ ᠢ᠋ᠶ᠋ᠠᠨ ᠮᠣᠩᠭᠣᠯ ᠤᠬᠠᠭᠠᠨ ᠢ᠋ᠶ᠋ᠠᠷ ᠰᠦᠯᠡᠵᠦ
ᠥᠭᠡᠳᠡ ᠪᠡᠨ ᠥᠨᠳᠡᠢᠬᠦ ᠣᠷᠴᠢᠯᠠᠩ ᠳ᠋ᠤ᠌
ᠥᠭᠡᠳᠡᠯᠡᠨ ᠳᠡᠭᠵᠢᠬᠦ ᠲᠠᠪᠢᠯᠠᠩ ᠢ᠋ᠶ᠋ᠠᠷ
ᠦᠢᠯᠡᠰ ᠦ᠋ᠨ ᠰᠠᠢᠬᠠᠨ ᠢ᠋
ᠦᠷ᠎ᠡ ᠳ᠋ᠦ᠍ ᠪᠡᠨ ᠦᠯᠡᠳᠡᠭᠡᠬᠦ ᠨᠢ ᠪᠤᠶᠠᠨ
ᠲᠠᠮᠢᠷᠯᠢᠭ ᠮᠣᠩᠭᠣᠯ ᠦᠰᠦᠭ ᠢ᠋ᠶ᠋ᠡᠨ ᠶᠠᠪᠤᠯᠠᠰᠤᠭᠠᠢ! ᠭᠦᠶᠦᠯᠡᠰᠦᠭᠡᠢ! ᠨᠢᠰᠤᠯᠡᠰᠤᠭᠡᠢ ! ᠭᠡᠵᠦ ᠤᠷᠢᠶᠠᠯᠠᠶ᠎ᠠ! ᠭᠡᠵᠦ ᠢᠷᠥᠭᠡᠶ᠎ᠡ!
ᠦᠰᠦᠭ ᠠᠮᠢᠯᠠᠭᠤᠯᠤᠭᠰᠠᠨ ᠨᠢ ᠄ ᠴᠢ᠊ · ᠤᠷᠠᠨᠴᠡᠴᠡᠭ
