ᠡᠯᠵᠢᠭᠡᠨ ᠴᠢᠰᠤIljgen tsusИлжгэн цус

ᠡᠯᠵᠢᠭᠡᠨ ᠴᠢᠰᠤ
ᠲᠤᠰ ᠡᠮ ᠪᠣᠯ ᠮᠣᠷᠢᠨ ᠤ᠋ ᠢᠵᠠᠭᠤᠷ ᠤ᠋ᠨ ᠠᠮᠢᠲᠠᠨ ᠪᠣᠯᠬᠤ ᠡᠯᠵᠢᠭᠡ ᠶ᠋ᠢᠨ ᠬᠠᠲᠠᠭᠠᠭᠰᠠᠨ ᠴᠢᠰᠤ ᠮᠥᠨ᠃ ᠪᠠᠰᠠ ᠪᠣᠩᠷᡁᠠᠭ᠋ ᠭᠡᠳᠡᠭ᠃
[ ᠤᠤᠯ ᠠᠮᠢᠲᠠᠨ] ᠬᠥᠯᠥᠰᠢᠨ ᠦ᠌ ᠲᠡᠵᠢᠭᠡᠪᠦᠷᠢ᠃ ᠪᠡᠶ᠎ᠡ ᠶ᠋ᠢᠨ ᠬᠡᠯᠪᠡᠷᠢ ᠨᠢ ᠮᠣᠷᠢᠨ ᠠ᠋ᠴᠠ ᠪᠠᠭ᠎ᠠ᠂ ᠪᠡᠶ᠎ᠡ ᠶ᠋ᠢᠨ ᠬᠦᠨᠳᠦ ᠨᠢ ᠶᠡᠷᠦ ᠳ᠋ᠡᠭᠡᠨ200kg ᠣᠷᠴᠢᠮ᠃ ᠲᠣᠯᠣᠭᠠᠢ ᠨᠢ ᠨᠡᠯᠢᠶᠡᠳ ᠤᠷᠲᠤ᠂ ᠨᠢᠳᠦ ᠨᠢ ᠲᠣᠭᠣᠷᠢᠭ᠂ ᠤᠷᠲᠤ ᠴᠢᠬᠢ ᠲᠡᠢ᠃ ᠬᠦᠵᠦᠭᠦᠦ ᠨᠢ ᠤᠷᠲᠤ ᠮᠥᠷᠲᠡᠭᠡᠨ ᠥᠷᠭᠡᠨ᠂ ᠵᠤᠵᠠᠭᠠᠨ ᠳᠡᠯ ᠨᠢ ᠣᠬᠣᠷ ᠪᠥᠭᠡᠳ ᠰᠢᠩᠭᠡᠨ᠃ ᠪᠡᠶ᠎ᠡ ᠨᠢ ᠲᠡᠭᠰᠢᠷᠡᠮᠡᠭ᠂ ᠳᠥᠷᠪᠡᠨ ᠮᠥᠴᠢ ᠨᠢ ᠪᠣᠭᠣᠨᠢ᠂ ᠲᠤᠭᠤᠷᠠᠢ ᠨᠢ ᠪᠡᠬᠢ ᠬᠠᠲᠠᠭᠤ᠂ ᠰᠡᠭᠦᠯ ᠦ᠋ᠨ ᠦᠵᠦᠭᠦᠷ ᠲᠤᠨᠢ ᠤᠷᠲᠤ ᠬᠢᠯᠭᠠᠰᠤ ᠲᠠᠢ᠃ ᠵᠢᠰᠦᠮ ᠨᠢ ᠭᠣᠣᠯᠳᠠᠭᠤ ᠬᠠᠷ᠎ᠠ᠂ ᠰᠠᠷᠠᠯ᠂ ᠬᠠᠯᠢᠭᠤᠨ ᠵᠡᠷᠭᠡ ᠭᠤᠷᠪᠠᠨ ᠥᠩᠭᠡ ᠳᠡᠢᠯᠦᠩᠭᠦᠢ᠃ ᠬᠦᠵᠦᠭᠦᠨ ᠦ᠌ ᠠᠷᠤ ᠳᠡᠭᠡᠷ᠎ᠡ ᠨᠢ ᠨᠢᠭᠡ ᠵᠤᠷᠪᠤᠰ ᠭᠦᠨ ᠥᠩᠭᠡ ᠲᠡᠢ ᠣᠬᠣᠷ ᠬᠥᠨᠳᠡᠯᠡᠨ ᠭᠣᠣ ᠲᠠᠢ᠂ ᠤᠷᠤᠭᠤᠯ ᠨᠢ ᠴᠠᠭᠠᠨ᠂ ᠬᠡᠪᠡᠯᠢ ᠬᠢᠭᠡᠳ ᠳᠥᠷᠪᠡᠨ ᠮᠥᠴᠢ ᠶ᠋ᠢᠨ ᠳᠣᠲᠣᠷ᠎ᠠ ᠲᠠᠯ᠎ᠠ ᠨᠢ ᠴᠠᠭᠠᠨ ᠥᠩᠭᠡ ᠲᠡᠢ᠃
[ ᠠᠮᠢᠳᠤᠷᠠᠬᠤ ᠣᠷᠴᠢᠨ ᠬᠢᠭᠡᠳ ᠲᠠᠷᠬᠠᠴᠠ] ᠪᠦᠬᠦ ᠤᠯᠤᠰ ᠤ᠋ᠨ ᠡᠯ᠎ᠡ ᠭᠠᠵᠠᠷ ᠲᠤ᠌ ᠠᠷᠠᠴᠢᠯᠠᠨ ᠲᠡᠵᠢᠭᠡᠵᠦ ᠪᠠᠢᠨ᠎ᠠ᠃
[ᠡᠳ᠋ᠰᠢᠭᠦᠯᠦᠨ ᠪᠣᠯᠪᠠᠰᠤᠷᠠᠭᠤᠯᠬᠤ] ᠠᠯᠠᠰᠢᠨ ᠤ᠋ ᠭᠠᠵᠠᠷ ᠪᠤᠶᠤ ᠡᠯᠵᠢᠭᠡ ᠶ᠋ᠢ ᠠᠯᠠᠬᠤ ᠦᠶ᠎ᠡ ᠳ᠋ᠦ᠍ ᠴᠢᠰᠤ ᠶ᠋ᠢ ᠨᠢ ᠠᠪᠴᠤ᠂ ᠪᠤᠴᠠᠯᠭᠠᠵᠤ ᠡᠭᠡᠳᠡᠷᠡᠭᠦᠯᠦᠭᠡᠳ ᠬᠡᠷᠴᠢᠵᠦ᠂ ᠰᠡᠭᠦᠳᠡᠷ ᠲᠦ᠍ ᠬᠠᠲᠠᠭᠠᠬᠤ ᠪᠤᠶᠤ ᠳᠠᠷᠪᠠᠭᠠᠷ ᠰᠠᠪᠠᠨ ᠳ᠋ᠤ᠌ ᠬᠠᠲᠠᠭᠠᠨ᠎ᠠ᠃
[ ᠠᠮᠲᠠ᠂ ᠴᠢᠨᠠᠷ᠂ ᠡᠷᠳᠡᠮ] ᠳᠠᠪᠤᠰᠤᠯᠢᠭ ᠠᠮᠲᠠ ᠲᠠᠢ; ᠪᠦᠯᠢᠶᠡᠨ ᠴᠢᠨᠠᠷ ᠲᠠᠢ᠃
[ ᠴᠢᠳᠠᠯ ᠪᠠ ᠭᠣᠣᠯᠳᠠᠭᠤ ᠵᠠᠰᠠᠬᠤ] ᠰᠢᠷ᠎ᠠ ᠤᠰᠤ ᠶ᠋ᠢ ᠠᠷᠢᠯᠭᠠᠬᠤ ᠴᠢᠳᠠᠯ ᠲᠠᠢ᠃ ᠭᠣᠣᠯᠳᠠᠭᠤ ᠦᠶ᠎ᠡ ᠭᠡᠰᠢᠭᠦᠦ ᠶ᠋ᠢᠨ ᠰᠢᠷ᠎ᠠ ᠤᠰᠤᠨ ᠡᠪᠡᠳᠴᠢᠨ᠂ ᠲᠤᠯᠠᠢ᠂ ᠬᠡᠷᠦᠬᠦ᠂ ᠪᠠᠮ᠂ ᠤᠶᠠᠮᠠᠨ ᠵᠡᠷᠭᠡ ᠶ᠋ᠢ ᠵᠠᠰᠠᠬᠤ ᠳ᠋ᠤ᠌ ᠬᠡᠷᠡᠭᠯᠡᠨ᠎ᠡ᠃
ᠬᠢᠲᠠᠳ ᠨᠡᠷ᠎ᠡ᠄驴血 .驴
ᠠᠩᠭ᠌ᠯᠢ ᠨᠡᠷ᠎ᠡ᠄Equus asinus Linnaeus
ᠦᠰᠦᠭ ᠠᠮᠢᠯᠠᠭᠤᠯᠤᠭᠴᠢ᠄ ᠡᠷᠳᠡᠨᠢᠭᠣᠸ᠎ᠠ
ᠬᠢᠨᠠᠭᠴᠢ᠄ ᠴᠡᠪᠡᠷᠴᠡᠴᠡᠭ
