《ᠮᠥᠩᠬᠡ ᠲᠩᠷᠢ ᠶ᠋ᠢᠨ ᠬᠦᠴᠦᠨ ᠳ᠋ᠦ᠍ᠷ》ᠬᠡᠢᠮᠣᠷᠢ ᠮᠠᠨᠳᠤᠲᠤᠭᠠᠢ“Мөнх тэнгэрийн хүчинд”хийморь мандтугай ᠪᠤᠤᠬᠢᠶ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠮᠥᠩᠬᠡ ᠲᠩᠷᠢ ᠶ᠋ᠢᠨ ᠬᠦᠴᠦᠨ ᠳ᠋ᠦ᠍ᠷ》ᠬᠡᠢᠮᠣᠷᠢ ᠮᠠᠨᠳᠤᠲᠤᠭᠠᠢ“Мөнх тэнгэрийн хүчинд”хийморь мандтугай

《ᠮᠥᠩᠬᠡ ᠲᠩᠷᠢ ᠶ᠋ᠢᠨ ᠬᠦᠴᠦᠨ ᠳ᠋ᠦ᠍ᠷ》ᠬᠡᠢᠮᠣᠷᠢ ᠮᠠᠨᠳᠤᠲᠤᠭᠠᠢ“Мөнх тэнгэрийн хүчинд”хийморь мандтугай

ᠠᠩᠭᠢᠯᠠᠯ:ᠪᠤᠤᠬᠢᠶ᠎ᠠ
2025-11-22

225

《ᠮᠥᠩᠬᠡ ᠲᠩᠷᠢ ᠶ᠋ᠢᠨ ᠬᠦᠴᠦᠨ ᠳ᠋ᠦ᠍ᠷ》ᠬᠡᠢᠮᠣᠷᠢ ᠮᠠᠨᠳᠤᠲᠤᠭᠠᠢ


1. ᠦᠵᠢᠶᠡᠳ ᠡᠷᠳᠡᠨᠢᠴᠡᠴᠡᠭ
ᠥᠨᠥᠴᠢᠨ ᠴᠠᠭᠠᠨ ᠪᠣᠲᠣᠭᠣ ᠥᠯᠥᠰᠬᠦ ᠶ᠋ᠢᠨ ᠡᠷᠬᠡ ᠪᠡᠷ ᠪᠣᠢᠯᠠᠨ᠎ᠠ
ᠦᠯᠦ ᠬᠠᠯᠵᠠᠨ ᠡᠵᠢ ᠪᠡᠨ ᠰᠠᠨᠠᠬᠤ ᠶ᠋ᠢᠨ ᠤᠴᠢᠷ ᠪᠣᠢᠯᠠᠨ᠎ᠠ
ᠬᠤᠯᠤᠰᠤᠨ ᠤ᠋ ᠮᠥᠴᠢᠷ  ᠢ᠋ ᠬᠡᠮᠡᠯᠢᠨ ᠬᠡᠮᠡᠯᠢᠨ ᠪᠣᠢᠯᠠᠨ᠎ᠠ
ᠬᠤᠷᠤᠭᠤ ᠴᠢᠨᠡᠭᠡ ᠮᠥᠮᠥ ᠪᠡᠨ ᠦᠭᠡᠢᠯᠡᠬᠦ ᠶ᠋ᠢᠨ ᠡᠷᠬᠡ ᠪᠡᠷ ᠪᠣᠢᠯᠠᠨ᠎ᠠ᠃  
ᠳᠡᠷᠡᠰᠦᠨ ᠦ᠌ ᠨᠠᠮᠠᠭ᠎ᠠ ᠶ᠋ᠢ ᠬᠡᠮᠡᠯᠢᠨ ᠬᠡᠮᠡᠯᠢᠨ ᠪᠣᠢᠯᠠᠨ᠎ᠠ
ᠳᠡᠯᠡᠩᠲᠦ ᠡᠵᠢ ᠪᠡᠨ ᠰᠠᠨᠠᠬᠤ ᠶ᠋ᠢᠨ ᠶᠡᠬᠡ ᠳ᠋ᠦ᠍ ᠪᠤᠢᠯᠠᠨ᠎ᠠ
ᠠᠪᠤ ᠲᠠᠢ ᠪᠣᠲᠣᠭᠣ ᠨᠢ ᠠᠪᠤ ᠶ᠋ᠢ ᠪᠡᠨ ᠳᠠᠭᠠᠭᠠᠳ ᠲᠣᠭᠯᠠᠨ᠎ᠠ
ᠠᠪᠤ ᠦᠭᠡᠢ ᠪᠣᠲᠣᠭᠣ ᠨᠢ ᠠᠷᠤ ᠪᠠᠨ ᠲᠡᠨᠦᠭᠡᠳ ᠪᠣᠢᠯᠠᠨ᠎ᠠ ᠃
ᠡᠵᠢ ᠲᠡᠢ ᠪᠡᠨ ᠪᠣᠲᠣᠭᠣ ᠨᠢ ᠡᠵᠢ ᠪᠡᠨ ᠳᠠᠭᠠᠭᠠᠳ ᠪᠤᠢᠯᠠᠨ᠎ᠠ
ᠡᠵᠢ ᠦᠭᠡᠢ ᠪᠣᠲᠣᠭᠣ ᠨᠢ ᠡᠷᠭᠢ ᠪᠡᠨ ᠲᠡᠨᠦᠭᠡᠳ ᠪᠤᠢᠯᠠᠨ᠎ᠠ 
ᠡᠪᠦᠳᠦᠭ ᠦ᠋ᠨ ᠮᠢᠨᠢ ᠵᠣᠭᠳᠣᠷ ᠤᠷᠭᠤᠭᠰᠠᠨ ᠴᠤ᠌ ᠪᠣᠯᠤᠭᠠᠰᠠᠢ
ᠥᠪᠥᠷ ᠬᠠᠩᠭᠠᠢ ᠶ᠋ᠢ ᠳᠠᠪᠠᠭᠠᠳ ᠡᠵᠢ ᠳ᠋ᠡᠭᠡᠨ ᠳᠡᠪᠡᠷᠡᠭᠡᠳ ᠣᠴᠢᠬᠤ ᠶᠤᠮᠰᠠᠨ᠃
ᠰᠢᠯᠢ ᠶ᠋ᠢᠨ ᠮᠢᠨᠢ ᠵᠣᠭᠳᠣᠷ ᠤᠷᠭᠤᠭᠰᠠᠨ ᠴᠤ᠌ ᠪᠣᠯᠤᠭᠠᠰᠠᠢ ᠳᠠ
ᠰᠢᠯᠢ ᠶ᠋ᠢᠨ ᠬᠠᠩᠭᠠᠢ ᠶ᠋ᠢ ᠳᠠᠪᠠᠭᠠᠳ ᠡᠵᠢ ᠳ᠋ᠡᠭᠡᠨ ᠭᠦᠶᠦᠭᠡᠳ ᠬᠦᠷᠬᠦ ᠶᠤᠮᠰᠠᠨ᠃
ᠵᠣ ᠪᠠᠷ ᠳᠦᠭᠦᠷᠡᠩ ᠵᠠᠭᠤᠨ ᠣᠯᠠᠨ ᠲᠡᠮᠡᠭᠡᠨ ᠡᠴᠡ
ᠵᠠᠭᠤᠬᠠᠨ ᠯᠠᠩ ᠤ᠋ᠨ ᠦᠨᠡᠲᠡᠢ ᠮᠢᠨᠦ ᠡᠵᠢ ᠬᠠᠮᠢᠭ᠎ᠠ ᠡᠴᠢᠪᠡ᠃
ᠲᠠᠰᠢᠭᠤ ᠪᠠᠷ ᠳᠦᠭᠦᠷᠡᠩ ᠲᠠᠪᠢᠨ ᠤᠯᠠᠭᠠᠨ ᠲᠡᠮᠡᠭᠡᠨ ᠡᠴᠡ
ᠲᠠᠪᠢᠬᠠᠨ ᠯᠠᠩ ᠤ᠋ᠨ ᠦᠨᠡᠲᠡᠢ ᠮᠢᠨᠦ ᠡᠵᠢ ᠬᠠᠮᠢᠭ᠎ᠠ ᠡᠴᠢᠪᠡ᠃
ᠮᠣᠩᠭᠣᠯ ᠠᠷᠠᠳ ᠤ᠋ᠨ ᠠᠮᠠᠨ ᠵᠣᠬᠢᠶᠠᠯ ᠤ᠋ᠨ ᠳᠡᠭᠡᠵᠢ ᠪᠢᠴᠢᠭ ᠡᠴᠡ ᠬᠠᠭᠤᠯᠵᠤ ᠪᠠᠷᠠᠪᠠ᠃
2. ᠭᠡᠭᠡ 
ᠵᠣᠬᠢᠬᠤ ᠲᠣᠭᠠᠨ ᠤ᠋ ᠠᠷᠠᠳ ᠢᠷᠭᠡᠳ ᠲᠡᠢ᠂ ᠦᠨᠳᠦᠰᠦᠨ ᠬᠠᠤᠯᠢ ᠲᠠᠢ᠂ ᠨᠡᠢᠭᠡᠮ  ᠢ᠋ ᠵᠠᠰᠠᠬᠤ ᠵᠠᠰᠠᠭ ᠤ᠋ᠨ ᠪᠠᠢᠭᠤᠯᠤᠮᠵᠢ ᠲᠠᠢ᠂ ᠴᠡᠷᠢᠭ ᠴᠠᠭᠳᠠᠭ᠎ᠠ ᠲᠠᠢ᠂ ᠡᠢᠮᠦ ᠨᠢᠭᠡᠨ ᠭᠠᠵᠠᠷ ᠨᠤᠲᠤᠭ  ᠢ᠋ ᠤᠯᠤᠰ ᠪᠤᠶᠤ ᠲᠥᠷᠥ ᠭᠡᠳᠡᠭ᠂ ᠪᠠᠰᠠ ᠭᠦᠷᠦᠨ ᠭᠡᠳᠡᠭ᠃
3. ᠴᠡᠴᠡᠭ 
《 ᠮᠥᠩᠬᠡ ᠲᠩᠷᠢ ᠶ᠋ᠢᠨ ᠬᠦᠴᠦᠨ ᠳ᠋ᠦ᠍ᠷ》ᠬᠡᠢᠮᠣᠷᠢ ᠮᠠᠨᠳᠤᠲᠤᠭᠠᠢ!
4. ᠳ· ᠣᠶᠤᠨᠴᠡᠴᠡᠭ 
ᠷᠢᠳᠢ ᠰᠢᠳᠢ ᠶ᠋ᠢᠨ ᠲᠣᠮᠢᠶ᠎ᠠ
ᠮᠡᠳᠡᠯᠭᠡ ᠪᠣᠯ ᠡᠷᠳᠡᠨᠢ᠂ ᠬᠠᠷᠢᠨ ᠳᠠᠳᠤᠯᠭ᠎ᠠ ᠪᠣᠯ ᠲᠡᠭᠦᠨ ᠢ᠋ ᠣᠯᠬᠤ ᠲᠦᠯᠬᠢᠭᠦᠷ᠃
— ᠮᠥᠺᠠᠳᠠᠳᠢᠮᠠ(1332—1406) ᠡᠷᠳᠡᠮᠲᠡᠨ᠂ ᠲᠥᠷᠥ ᠶ᠋ᠢᠨ ᠵᠢᠳᠬᠦᠯᠲᠡᠨ
5. ᠠᠯᠲᠠᠨᠴᠢᠮᠡᠭ 
ᠰᠠᠢᠨ  ᠢ᠋ ᠰᠤᠷᠴᠤ ᠶᠠᠪᠤᠪᠠᠰᠤ ᠮᠠᠨᠳᠤᠮᠤᠢ
ᠰᠠᠮᠠᠭᠤᠨ ᠢ᠋ᠶ᠋ᠠᠷ ᠶᠠᠪᠤᠪᠠᠰᠤ ᠰᠥᠨᠥᠮᠦᠢ
ᠰᠠᠨᠠᠭ᠎ᠠ ᠶ᠋ᠢ ᠦᠨᠡᠨ ᠴᠢᠩ ᠳ᠋ᠦ᠍ᠷ ᠬᠦᠷᠭᠡᠭᠲᠦᠨ
ᠰᠠᠷᠠᠭᠤᠯ ᠭᠡᠭᠡᠨ ᠪᠠᠲᠤ ᠮᠡᠷᠭᠡᠨ ᠪᠣᠯᠤᠭᠲᠤᠨ᠃
ᠳᠡᠭᠡᠳᠦᠰ ᠦ᠋ᠨ ᠠᠯᠳᠠᠷ ᠨᠡᠷ᠎ᠡ ᠶ᠋ᠢ ᠢᠯᠡᠳᠭᠡ
ᠳᠡᠷᠭᠡᠳᠡᠬᠢ ᠠᠬ᠎ᠠ ᠳᠡᠭᠦᠦ ᠶ᠋ᠢ ᠬᠤᠷᠢᠶᠠ
ᠳᠡᠳ᠋ ᠲᠣᠷ ᠢᠨᠤ ᠢᠷᠭᠡᠨ ᠢ᠋ ᠠᠰᠠᠷᠠ
ᠳᠡᠯᠡᠬᠡᠢ ᠶ᠋ᠢ ᠡᠩᠬᠡ ᠪᠤᠯᠠᠭᠠᠨ ᠪᠠᠶᠠᠰᠬ᠎ᠠ᠃
6. ᠮᠣᠩᠭᠣᠯ ᠰᠦᠨᠡᠰᠦ 
ᠪᠢ ᠴᠢᠳᠠᠬᠤ ᠦᠭᠡᠢ ᠭᠡᠬᠦ ᠳ᠋ᠦ᠍ ᠠᠯᠢᠪᠠ ᠢᠳᠡᠪᠬᠢ ᠬᠦᠴᠦᠨ ᠵᠦᠢᠯ ᠤᠰᠠᠳᠴᠤ ᠪᠠᠢᠳᠠᠭ᠃ ᠪᠢ ᠬᠢᠵᠦ ᠦᠵᠡᠶ᠎ᠡ᠂ ᠤᠷᠤᠯᠳᠤᠵᠤ ᠦᠵᠡᠶ᠎ᠡ ᠭᠡᠬᠦ ᠳ᠋ᠦ᠍ ᠰᠤᠷᠴᠤ ᠡᠵᠡᠮᠰᠢᠬᠦ᠂ ᠪᠦᠲᠦᠵᠦ ᠪᠦᠷᠢᠯᠳᠦᠬᠦ ᠣᠯᠠᠨ ᠣᠯᠠᠨ ᠪᠣᠯᠤᠮᠵᠢ ᠭᠠᠷᠴᠤ ᠢᠷᠡᠳᠡᠭ᠃ ᠲᠡᠢᠮᠦ ᠪᠣᠯᠬᠣᠷ ᠪᠢᠳᠡ ᠪᠦᠬᠦᠨ ᠬᠢᠵᠦ ᠦᠵᠡᠶ᠎ᠡ᠂ ᠤᠷᠤᠯᠳᠤᠵᠤ ᠦᠵᠡᠶ᠎ᠡ᠃
7. ᠮᠡᠷᠭᠡᠨᠪᠢᠯᠢᠭ
 ᠠᠵᠠ ᠲᠠᠭᠠᠷᠠᠵᠤ ᠨᠢᠭᠡ ᠥᠷᠯᠥᠭᠡ ᠦᠷ ᠴᠥᠷ ᠢ᠋ᠶ᠋ᠡᠷ ᠪᠣᠰᠬᠤ ᠳ᠋ᠤ᠌ ᠡᠷᠭᠢᠨ ᠲᠣᠭᠣᠷᠢᠨ ᠪᠥᠮᠪᠥᠢᠨ ᠴᠠᠢᠵᠤ ᠠᠭᠤᠳᠠᠮ ᠬᠣᠷᠸ᠎ᠠ ᠶ᠋ᠢ ᠭᠠᠭᠴᠠᠬᠠᠨ ᠰᠥᠨᠢ ᠴᠡᠯ ᠴᠠᠭᠠᠨ ᠮᠥᠩᠭᠥ ᠪᠡᠷ ᠥᠩᠭᠡᠯᠡᠭᠰᠡᠨ ᠮᠡᠲᠦ ᠰᠠᠨᠠᠭᠳᠠᠵᠠᠢ᠃ ( ᠥᠷ ᠤ᠋ᠨ  ᠭᠡᠭᠡ )
8. ᠠᠯᠲᠠᠨᠨᠠᠪᠴᠢ 
ᠥᠪᠡᠷ  ᠢ᠋ ᠪᠡᠨ ᠥᠭᠡᠷᠡᠴᠢᠯᠡᠬᠦ ᠪᠣᠯ ᠪᠢᠯᠢᠭ ᠣᠶᠤᠨ ᠶᠤᠮ᠂ ᠪᠤᠰᠤᠳ ᠲᠤ᠌ ᠲᠤᠰᠠᠯᠠᠬᠤ ᠪᠣᠯ ᠬᠠᠢᠷ᠎ᠠ ᠶᠤᠮ᠃
ᠪᠤᠰᠤᠳ  ᠢ᠋ ᠥᠭᠡᠷᠡᠴᠢᠯᠡᠬᠦ ᠭᠡᠵᠦ ᠣᠷᠣᠯᠳᠣᠬᠤ ᠨᠢ ᠵᠣᠪᠠᠯᠠᠩ ᠤ᠋ᠨ ᠰᠢᠯᠲᠠᠭᠠᠨ ᠶᠤᠮ᠃ 
ᠰᠠᠢᠬᠠᠨ ᠰᠡᠳᠬᠢᠯ ᠭᠡᠳᠡᠭ ᠪᠣᠯ ᠲᠠᠯᠠᠷᠬᠠᠬᠤ ᠰᠡᠳᠬᠢᠯ᠂ᠪᠤᠰᠤᠳ ᠲᠤ᠌ ᠥᠭᠬᠦ ᠶ᠋ᠢᠨ ᠬᠦᠴᠦ᠃
ᠡᠨᠡᠷᠢᠯ ᠨᠢᠭᠦᠯᠡᠰᠦᠯ ᠪᠣᠯ ᠬᠦᠯᠢᠶᠡᠨ ᠵᠥᠪᠰᠢᠶᠡᠷᠡᠬᠦ᠂ ᠠᠪᠬᠤ ᠶ᠋ᠢᠨ ᠬᠦᠴᠦ᠃
9. ᠭᠠᠸᠠ 
ᠰᠠᠪᠠ ᠶᠢᠷᠲᠢᠨᠴᠦ ᠬᠢᠵᠠᠭᠠᠷ ᠦᠭᠡᠢ ᠰᠠᠨᠠᠭ᠎ᠠ ᠪᠣᠳᠣᠯ ᠦᠵᠦᠭᠦᠷ ᠦᠭᠡᠢ᠃
10. ᠠᠯᠲᠠᠨᠴᠢᠮᠡᠭ 
ᠰᠡᠳᠬᠢᠯ ᠦ᠋ᠨ ᠭᠠᠯ ᠰᠥᠨᠥᠬᠦ ᠦᠭᠡᠢ ᠪᠣᠯ ᠂ᠲᠤᠯᠭ᠎ᠠ ᠶ᠋ᠢᠨ ᠴᠣᠭ ᠤᠨᠲᠠᠷᠠᠬᠤ ᠦᠭᠡᠢ᠃
ᠥᠨᠥᠳᠥᠷ—
ᠮᠢᠨᠦ ᠮᠣᠩᠭᠣᠯ ᠤ᠋ᠨ ᠭᠠᠷ ᠲᠤ᠌ ᠵᠠᠷᠤᠬᠤ ᠵᠣᠭᠣᠰ ᠦᠭᠡᠢ ᠬᠠᠮᠢᠭ᠎ᠠ ᠦᠭᠡᠢ᠃
ᠮᠠᠷᠭᠠᠰᠢ—
ᠮᠠᠨ ᠤ᠋ ᠮᠣᠩᠭᠣᠯ ᠤ᠋ᠨ ᠬᠡᠦᠬᠡᠳ ᠦ᠋ᠳ ᠵᠣᠭᠰᠣᠬᠤ ᠭᠠᠵᠠᠷ ᠦᠭᠡᠢ ᠪᠣᠯ ᠬᠡᠴᠡᠭᠦᠦ!
11. . ᠤᠤᠭᠠᠨᠵᠢᠳ
ᠦᠷ ᠭᠡᠭᠡᠷᠡᠬᠦ ᠣᠢᠷᠠᠲᠤᠪᠠ᠃ ᠬᠥᠰᠢᠭᠡᠯᠡᠭᠰᠡᠨ ᠡᠭᠦᠯᠡᠰ᠂ ᠬᠠᠷ᠎ᠠ᠂ ᠬᠠᠷ᠎ᠠ ᠬᠥᠬᠡ᠂ ᠥᠩᠭᠡ ᠪᠠᠢᠭᠰᠠᠨ ᠠ᠋ᠴᠠ ᠪᠠᠨ ᠤᠯᠠᠮ ᠤᠯᠠᠮ ᠢ᠋ᠶ᠋ᠠᠷ ᠴᠡᠩᠬᠡᠷ᠂ ᠴᠠᠢᠪᠤᠷ᠂ ᠴᠠᠭᠠᠪᠲᠤᠷ ᠥᠩᠭᠡ ᠲᠡᠢ ᠪᠣᠯᠵᠤ ᠢᠷᠡᠪᠡ᠁ ᠳᠡᠷᠭᠡᠳᠡᠬᠢ ᠡᠯᠡᠰᠦᠨ ᠳᠠᠩ ᠴᠦ᠍ ᠪᠠᠳ ᠬᠠᠷᠠᠯᠠᠵᠤ᠂ ᠪᠠᠢᠭᠰᠠᠨ ᠡᠴᠡ ᠪᠡᠨ ᠦᠨᠡᠰᠦᠨ ᠥᠩᠭᠡ ᠲᠡᠢ ᠪᠣᠯᠵᠤ᠂ ᠤᠯᠠᠮ ᠪᠠᠢᠭᠰᠠᠭᠠᠷ ᠭᠠᠪ ᠰᠢᠷ᠎ᠠ ᠥᠩᠭᠡ ᠲᠡᠢ ᠪᠣᠯᠤᠨ᠎ᠠ᠃
(ᠥᠷ ᠤ᠋ᠨ ᠭᠡᠭᠡ)
12. ᠴᠢ᠊ · ᠤᠷᠠᠨᠴᠡᠴᠡᠭ 
ᠪᠢᠮᠪᠠ ᠶ᠋ᠢᠨ ᠷᠢᠨᠴᠢᠨ《 ᠵᠠᠯᠠᠭᠤ ᠳ᠋ᠠᠭᠠᠨ ᠮᠢᠬ᠎ᠠ ᠪᠠᠨ ᠢᠳᠡᠪᠡᠯ ᠥᠲᠡᠯᠦᠭᠰᠡᠨ ᠬᠣᠢᠨ᠎ᠠ ᠪᠠᠨ ᠱᠥᠯᠥ ᠤᠤᠭᠤᠨ᠎ᠠ᠃》 ᠭᠡᠵᠡᠢ!
13. ᠰᠡᠴᠡᠨᠪᠠᠭᠠᠳᠤᠷ
ᠦᠨᠳᠦᠰᠦᠨ ᠬᠡᠯᠡ ᠪᠡᠨ ᠬᠡᠷᠡᠭᠯᠡᠵᠦ ᠶᠠᠪᠤᠶ᠎ᠠ!ᠦᠷ᠎ᠡ ᠬᠣᠢᠴᠢᠰ ᠢ᠋ᠶ᠋ᠠᠨ ᠬᠥᠮᠦᠵᠢᠭᠦᠯᠵᠦ ᠶᠠᠪᠤᠶ᠎ᠠ!ᠡᠬᠡ ᠬᠡᠯᠡ ᠮᠢᠨᠢ ᠣᠷᠣᠰᠢᠨ ᠲᠣᠭᠲᠠᠨᠢᠬᠤ ᠪᠣᠯᠲᠤᠭᠠᠢ!
14. ᠮᠥᠩᠭᠥᠨ 
ᠷ᠂ ᠴᠣᠢᠨᠣᠮ
ᠬᠥᠮᠦᠨ ᠦ᠌ ᠪᠦᠰᠡᠭᠦᠢ ᠦᠷ᠎ᠡ ᠶ᠋ᠢ ᠲᠠ ᠡᠰᠡ ᠦᠷᠦ ᠡᠪᠡᠳᠪᠡᠯ
ᠬᠦᠢ ᠳᠡᠯᠡᠬᠡᠢ ᠳ᠋ᠦ᠍ ᠶᠠᠮᠠᠷ ᠡᠵᠢ ᠦᠷᠦ ᠡᠪᠡᠳᠬᠦ ᠶᠦᠮ ᠪᠣᠢ᠃
ᠬᠦᠰᠡᠬᠦ ᠦᠭᠡᠢ ᠪᠠᠢᠭ᠎ᠠ ᠪᠣᠯ ᠪᠠᠢᠭ ᠯᠠ ᠳᠠ᠂
ᠬᠦᠦ ᠳ᠋ᠦ᠍ ᠴᠢᠨᠢ ᠲᠠᠨ ᠤ᠋ ᠮᠢᠩᠭᠠᠨ ᠡᠩᠬᠦᠷᠡᠢᠯᠡᠯ ᠬᠡᠷᠡᠭ ᠦᠭᠡᠢ᠂
ᠠᠮᠠᠷᠠᠭ ᠤ᠋ᠨ ᠮᠢᠨᠢ ᠡᠰᠡᠷᠭᠦ ᠬᠡᠯᠡᠭᠰᠡᠨ ᠭᠠᠭᠴᠠ ᠦᠭᠡ ᠴᠢᠨᠢ
ᠠᠯᠠᠭ ᠵᠢᠷᠦᠬᠡ ᠶ᠋ᠢ ᠮᠢᠨᠢ ᠵᠠᠭᠤ ᠣᠭᠲᠣᠯᠵᠤ ᠪᠠᠢᠭ᠎ᠠ ᠶ᠋ᠢ
ᠠᠶ᠎ᠠ ᠡᠵᠢ ᠮᠢᠨᠢ ᠮᠡᠳᠡᠵᠦ ᠪᠠᠢᠨ᠎ᠠ ᠤᠤ?᠃
ᠠᠪᠤ ᠳ᠋ᠤ᠌ ᠮᠢᠨᠢ ᠲᠠ ᠤᠷᠢᠳᠤ ᠬᠠᠢᠷᠠᠲᠠᠢ ᠪᠠᠢᠭ᠎ᠠ ᠦᠭᠡᠢ ᠭᠡᠵᠦ ᠤᠤ
ᠬᠣᠩᠭᠣᠷ ᠢᠨᠠᠭ ᠤ᠋ᠨ ᠮᠢᠨᠢ ᠨᠠᠳᠠᠳᠤ ᠲᠡᠮᠡᠦᠯᠦᠭᠰᠡᠨ ᠬᠠᠢᠷ᠎ᠠ ᠶ᠋ᠢ
ᠬᠣᠷᠢᠨ ᠬᠡᠳᠦᠨ ᠨᠠᠰᠤᠨ ᠳ᠋ᠠᠭᠠᠨ ᠲᠠ ᠲᠠᠭᠠᠷᠢᠭ᠎ᠠ ᠦᠭᠡᠢ ᠭᠡᠵᠦ ᠤᠤ
ᠬᠣᠶᠠᠷ ᠨᠢᠳᠦᠨ ᠦ᠌ ᠪᠡᠨ ᠨᠢᠯᠪᠤᠰᠤ ᠶ᠋ᠢ ᠠᠷᠴᠢᠨ ᠠᠷᠴᠢᠨ ᠶᠠᠪᠤᠵᠤ
ᠬᠣᠲᠠ ᠳ᠋ᠤ᠌ ᠬᠠᠷᠠᠭᠳᠠᠭᠰᠠᠨ ᠠᠪᠤ ᠤᠷᠤᠭᠤ ᠣᠴᠢᠭ᠎ᠠ ᠦᠭᠡᠢ ᠭᠡᠵᠦ ᠤᠤ᠃
15. ᠬᠣᠪᠢᠰᠬᠠᠯᠮ᠎ᠠ
ᠡᠭᠡᠰᠢᠭ ᠳᠠᠭᠤᠤ ᠪᠠᠨ ᠮᠣᠩᠭᠣᠯ ᠢ᠋ᠶ᠋ᠠᠷ ᠢ᠋ᠶ᠋ᠠᠨ ᠳᠠᠭᠤᠯᠠ ᠂ᠡᠨᠡ ᠬᠣᠷᠸ᠎ᠠ ᠪᠠᠶᠠᠰᠳᠠᠭ ᠶᠤᠮ᠂
ᠡᠯᠡᠰᠦᠨ ᠳᠡᠭᠡᠷ᠎ᠡ ᠨᠢ ᠮᠣᠩᠭᠣᠯ ᠭᠡᠵᠦ ᠪᠢᠴᠢ᠂ᠡᠬᠡ ᠳᠡᠯᠡᠬᠡᠢ ᠴᠢᠨᠦᠬᠢ ᠶᠦ᠍ᠮ ᠃
16. ᠨᠠᠷᠠᠨᠲᠣᠭᠣᠰ   
ᠶᠢᠰᠦᠨ ᠴᠠᠭᠠᠨ ᠬᠦᠰᠡᠯ
ᠪᠤᠶᠠᠨ ᠤ᠋ ᠬᠦᠰᠡᠯ᠂ ᠵᠢᠷᠭᠠᠯ ᠤ᠋ᠨ ᠬᠦᠰᠡᠯ᠂ ᠦᠷ᠎ᠡ ᠶ᠋ᠢᠨ ᠬᠦᠰᠡᠯ᠂ ᠡᠷᠳᠡᠮ ᠤ᠋ᠨ ᠬᠦᠰᠡᠯ᠂ ᠮᠥᠩᠬᠡ ᠶ᠋ᠢᠨ ᠬᠦᠰᠡᠯ᠂ ᠡᠷᠡᠭᠦᠯ ᠤ᠋ᠨ ᠬᠦᠰᠡᠯ᠂ ᠡᠨᠡᠷᠢᠯ ᠤ᠋ᠨ ᠬᠦᠰᠡᠯ᠂ ᠡᠪ ᠤ᠋ᠨ ᠬᠦᠰᠡᠯ᠂ ᠪᠠᠶᠠᠨ ᠤ᠋ ᠬᠦᠰᠡᠯ᠃ᠲᠠ ᠪᠦᠬᠦᠨ ᠤ᠋ ᠶᠠᠭᠤ ᠰᠠᠨᠠᠭᠰᠠᠨ ᠶᠢᠰᠦᠨ ᠴᠠᠭᠠᠨ ᠬᠦᠰᠡᠯ ᠴᠢᠨᠢ ᠪᠡᠶᠡᠯᠡᠭᠳᠡᠬᠦ ᠪᠣᠯᠲᠤᠭᠠᠢ!
17. ᠨᠤᠮᠤᠴᠢᠨ ᠪᠢᠯᠢᠭ 
ᠠᠢᠯ ᠳ᠋ᠤ᠌ ᠣᠷᠣᠵᠤ ᠢᠷᠡᠬᠦ ᠳ᠋ᠦ᠍ ᠪᠡᠨ ᠰᠣᠬᠣᠷ ᠮᠡᠲᠦ ᠪᠠᠢ᠃
ᠣᠷᠣᠭᠠᠳ ᠭᠠᠷᠬᠤ ᠳ᠋ᠤ᠌ ᠪᠠᠨ ᠬᠡᠯᠡ ᠦᠭᠡᠢ ᠮᠡᠲᠦ ᠪᠠᠢ᠃
ᠣᠴᠢᠭᠰᠠᠨ ᠠᠢᠯ ᠠ᠋ᠴᠠ ᠪᠠᠨ ᠦ ᠪᠤᠤ ᠬᠠᠢ᠃
ᠣᠯᠵᠤ ᠬᠠᠷᠠᠭᠰᠠᠨ ᠢ᠋ᠶ᠋ᠠᠨ ᠪᠤᠰᠤᠳ ᠲᠤ᠌ ᠪᠤᠤ ᠶᠠᠷᠢ!
18. ᠪᠠᠶᠠᠨᠬᠠᠩᠭᠠᠢ ᠄ 
ᠭᠦᠨ ᠡᠴᠡ ᠭᠦᠨ ᠶᠡᠬᠡ ᠮᠡᠳᠡᠯᠭᠡ ᠶ᠋ᠢ ᠡᠵᠡᠮᠰᠢᠬᠦ ᠳ᠋ᠦ᠍
ᠪᠡᠷᠬᠡ ᠡᠴᠡ ᠪᠡᠷᠬᠡ ᠶᠡᠬᠡ ᠬᠦᠴᠢᠷ ᠢ᠋ ᠲᠡᠰᠪᠦᠷᠢᠯᠡᠬᠦ ᠨᠢ ᠴᠢᠬᠤᠯᠠ
ᠪᠡᠷᠬᠡ ᠡᠴᠡ ᠪᠡᠷᠬᠡ ᠶᠡᠬᠡ ᠬᠦᠴᠢᠷ  ᠢ᠋ ᠲᠡᠰᠪᠦᠷᠢᠯᠡᠵᠦ ᠴᠢᠳᠠᠪᠠᠰᠤ
ᠠᠮᠤᠷ ᠠ᠋ᠴᠠ ᠠᠮᠤᠷ ᠶᠡᠬᠡ ᠵᠢᠷᠭᠠᠯᠠᠩ ᠥᠪᠡᠷ ᠢ᠋ᠶ᠋ᠡᠨ ᠢᠷᠡᠮᠦᠢ᠃
19. ᠲᠣᠳᠣᠭᠡᠷᠡᠯ 
ᠢᠷᠦᠭᠡᠯ ᠲᠡᠢ ᠳ᠋ᠡᠭᠡᠨ ᠤᠴᠠᠷᠠᠵᠤ᠂ᠢᠷᠣᠭᠠᠷ ᠲᠠᠢ ᠳ᠋ᠠᠭᠠᠨ ᠲᠣᠭᠲᠠᠨ᠎ᠠ᠃
ᠢᠨᠢᠶᠡᠭᠰᠡᠨ ᠬᠥᠮᠦᠨ ᠳ᠋ᠦ᠍ ᠭᠡᠮ ᠲᠡᠢ᠂ᠢᠷᠡᠭᠰᠡᠨ ᠬᠥᠮᠦᠨ ᠳ᠋ᠦ᠍ ᠤᠴᠢᠷ ᠲᠠᠢ᠃
ᠢᠳᠡᠭᠰᠡᠨ ᠬᠥᠮᠦᠨ ᠦ᠌ ᠠᠮᠠ ᠵᠥᠭᠡᠯᠡᠨ᠂ᠠᠪᠤᠭᠰᠠᠨ ᠬᠥᠮᠦᠨ ᠦ᠌ ᠭᠠᠷ ᠵᠥᠭᠡᠯᠡᠨ᠃
20. ᠪᠠᠶᠠᠨ ᠬᠣᠷᠸ᠎ᠠ
ᠠᠯᠤᠰ ᠶᠠᠪᠤᠬᠤ ᠳ᠋ᠤ᠌ ᠰᠡᠳᠬᠢᠯ ᠰᠡᠷᠭᠦᠨ᠎ᠡ᠂ᠠᠵᠢᠯ ᠬᠢᠬᠦ ᠳ᠋ᠦ᠍ ᠵᠢᠳᠬᠦᠯ ᠰᠡᠷᠭᠦᠨ᠎ᠡ᠃
21. ᠵᠢᠷᠠᠨᠲᠠᠢ
ᠦᠭᠡ ᠬᠡᠯᠡ ᠦᠰᠦᠭ ᠪᠢᠴᠢᠭ ᠪᠣᠰᠤᠭ᠎ᠠ ᠮᠣᠩᠭᠣᠯ ᠰᠣᠶᠣᠯ ᠢ᠋ᠶ᠋ᠠᠨ ᠬᠠᠮᠠᠭᠠᠯᠠᠵᠤ ᠥᠪᠯᠡᠨ ᠤᠯᠠᠮᠵᠢᠯᠠᠬᠤ ᠪᠣᠯ ᠥᠨᠳᠥᠷᠯᠢᠭ ᠨᠤᠲᠤᠭ ᠤ᠋ᠨ ᠰᠣᠶᠣᠯ ᠤ᠋ᠨ ᠰᠢᠮ᠎ᠡ᠂ ᠠᠭᠠᠷ ᠤᠰᠤ ᠪᠠᠷ ᠬᠥᠮᠦᠨ ᠪᠣᠯᠣᠭᠰᠠᠳ ᠤ᠋ᠨ ᠬᠠᠮᠲᠤ ᠶ᠋ᠢᠨ ᠳᠠᠷᠬᠠᠨ ᠡᠭᠦᠷᠭᠡ ᠬᠠᠷᠢᠭᠤᠴᠠᠯᠭ᠎ᠠ ᠮᠥᠨ᠃
22. ᠣᠳᠬᠠᠨᠰᠣ᠎ᠠ  
ᠡᠯ᠎ᠡ ᠠᠵᠢᠯ ᠤ᠋ᠨ ᠪᠠᠢᠷᠢᠨ ᠳ᠋ᠤ᠌ ᠪᠠᠢᠭ᠎ᠠ ᠮᠣᠩᠭᠣᠯᠴᠤᠳ ᠡᠬᠡ ᠬᠡᠯᠡᠨ ᠦ᠌ ᠴᠢᠬᠤᠯᠠ ᠴᠢᠨᠠᠷ ᠢ᠋ ᠵᠥᠪ ᠢ᠋ᠶ᠋ᠡᠷ ᠣᠢᠯᠠᠭᠠᠵᠤ᠂ ᠬᠡᠯᠡ ᠰᠣᠶᠣᠯ᠂ ᠨᠡᠢᠭᠡᠮ᠂ ᠴᠠᠭ ᠦᠶ᠎ᠡ ᠳ᠋ᠦ᠍ ᠬᠠᠷᠢᠭᠤᠴᠠᠯᠭᠠᠲᠤ ᠰᠡᠳᠬᠢᠯ ᠲᠡᠢ ᠪᠠᠢᠵᠤ᠂ ᠬᠡᠯᠡ ᠰᠣᠶᠣᠯ ᠢ᠋ᠶ᠋ᠠᠨ ᠥᠪᠯᠡᠨ ᠤᠯᠠᠮᠵᠢᠯᠠᠬᠤ ᠶ᠋ᠢ ᠠᠮᠢᠳᠤᠷᠠᠯ ᠤ᠋ᠨ ᠢ᠋ᠶ᠋ᠠᠨ ᠨᠢᠭᠡ ᠬᠡᠰᠡᠭ ᠠᠭᠤᠯᠭ᠎ᠠ ᠪᠣᠯᠭᠠᠵᠤ᠂ ᠦᠷᠭᠦᠯᠵᠢ ᠶᠠᠷᠢᠵᠤ᠂ ᠪᠢᠴᠢᠵᠦ᠂ ᠬᠢᠵᠦ ᠪᠠᠢᠬᠤ ᠬᠡᠷᠡᠭᠲᠡᠢ᠃ ᠣᠯᠠᠨ ᠤᠳᠬ᠎ᠠ ᠤᠷᠠᠯᠢᠭᠴᠢᠳ᠂ ᠰᠡᠭᠡᠭᠡᠲᠡᠳ ᠦ᠋ᠨ ᠡᠩᠨᠡᠭᠡ ᠣᠯᠠᠨ ᠮᠣᠩᠭᠣᠯᠴᠤᠳ ᠢ᠋ᠶ᠋ᠠᠨ ᠤᠷᠢᠶᠠᠯᠠᠨ ᠬᠡᠯᠡ ᠰᠣᠶᠣᠯ ᠤ᠋ᠨ ᠲᠤᠬᠠᠢ ᠦᠵᠡᠯ ᠤᠬᠠᠮᠰᠠᠷ ᠢ᠋ ᠳᠡᠭᠡᠭᠰᠢᠯᠡᠭᠦᠯᠬᠦ ᠠᠵᠢᠯ ᠢ᠋ ᠰᠠᠢᠲᠤᠷ ᠬᠢᠵᠦ ᠬᠠᠮᠲᠤ ᠪᠠᠷ ᠢᠳᠡᠪᠬᠢᠯᠡᠨ ᠣᠷᠣᠯᠴᠠᠬᠤ ᠴᠠᠭ ᠦᠶ᠎ᠡ ᠪᠣᠯᠤᠭᠠᠳ ᠪᠠᠢᠨ᠎ᠠ᠃
ᠪᠢᠳᠡ ᠬᠠᠮᠲᠤ ᠳ᠋ᠠᠭᠠᠨ ᠴᠢᠷᠮᠠᠢᠶ᠎ᠠ᠃
23. ᠭᠠᠸᠠ
 ᠠᠯᠤᠰ ᠤ᠋ᠨ ᠠᠯᠲᠠᠨ ᠮᠠᠯᠠᠭᠠᠢ ᠠ᠋ᠴᠠ ᠥᠪᠡᠷ ᠦ᠋ᠨ ᠡᠪᠡᠰᠦᠨ ᠮᠠᠯᠠᠭᠠᠢ᠃
24. ᠮᠥᠩᠭᠥᠨ 
ᠷ᠂ ᠴᠣᠢᠨᠣᠮ᠄ 
ᠥᠪᠡᠷ  ᠢ᠋ ᠴᠢᠨᠢ ᠲᠡᠭᠡᠵᠦ ᠶᠠᠪᠤᠬᠤ ᠳ᠋ᠤ᠌ ᠬᠡᠨ ᠨᠢᠭᠡᠨ ᠨᠢ ᠡᠵᠢ
ᠦᠴᠢᠯᠡᠵᠦ ᠢᠩᠭᠢᠵᠦ ᠬᠡᠯᠡᠭᠰᠡᠨ ᠪᠣᠯ ᠲᠠᠨ ᠳ᠋ᠤ᠌ ᠶᠠᠮᠠᠷ ᠪᠠᠢᠬᠤ ᠪᠣᠢ
ᠬᠡᠯᠡᠭᠦᠯᠬᠦ ᠦ ᠲᠡᠢ ᠪᠠᠢᠭ᠎ᠠ ᠠᠮᠠᠷᠠᠭ ᠤ᠋ᠨ ᠮᠢᠨᠢ ᠪᠤᠷᠤᠭᠤ ᠶᠤᠮ ᠤᠤ
ᠴᠡᠴᠡᠭ ᠥᠷᠭᠡᠰᠦ ᠠᠯᠠᠭᠯᠠᠭᠰᠠᠨ ᠡᠨᠡ ᠯᠡ ᠬᠣᠷᠸ᠎ᠠ ᠳᠡᠭᠡᠷ᠎ᠡ ᠡᠵᠢ ᠮᠢᠨᠢ ᠠ᠋
ᠴᠸᠷᠡᠩᠳᠤᠯᠮ᠎ᠠ ᠦᠭᠡᠢ ᠪᠣᠯ ᠬᠦᠦ ᠶ᠋ᠢᠨ ᠴᠢᠨᠢ ᠵᠢᠷᠦᠬᠡ ᠴᠣᠭᠣ ᠬᠠᠳᠬᠤᠭᠤᠯᠤᠭᠠᠳ ᠪᠠᠢᠨ᠎ᠠ ᠠ᠋
ᠰᠡᠴᠡᠨ ᠲᠡᠨᠡᠭ ᠬᠣᠯᠢᠯᠳᠤᠭᠰᠠᠨ ᠽᠠᠮᠪᠤᠯᠢᠩ ᠳ᠋ᠤ᠌ ᠡᠵᠢ ᠮᠢᠨᠢ ᠠ᠋
ᠴᠸᠷᠡᠩᠳᠤᠯᠮ᠎ᠠ ᠦᠭᠡᠢ ᠪᠣᠯ ᠬᠦᠦ ᠶ᠋ᠢᠨ ᠴᠢᠨᠢ ᠲᠠᠷᠢᠬᠢ ᠶᠠᠭᠤ ᠴᠤ᠌ ᠪᠣᠳᠣᠵᠤ ᠴᠢᠳᠠᠬᠤ ᠦᠭᠡᠢ ᠨᠢ ᠠ᠋
ᠮᠠᠭᠤᠬᠠᠢ ᠬᠦᠦ ᠭᠡᠵᠦ ᠠᠯᠠᠭ ᠦᠷ᠎ᠡ ᠶ᠋ᠢ ᠴᠢᠨᠢ ᠬᠥᠮᠦᠨ ᠬᠡᠯᠡᠭᠡ ᠦᠭᠡᠢ ᠪᠠᠢᠬᠤ ᠳ᠋ᠤ᠌
ᠮᠠᠭᠤ ᠬᠡᠦᠬᠡᠨ ᠭᠡᠵᠦ ᠠᠮᠠᠷᠠᠭ  ᠢ᠋ ᠮᠢᠨᠢ ᠲᠠ ᠬᠡᠯᠡᠵᠦ ᠶᠠᠭᠠᠬᠢᠬᠤ ᠨᠢ ᠪᠣᠢ
ᠠᠯᠳᠠᠭ᠎ᠠ ᠳᠤᠲᠠᠭᠳᠠᠯ ᠤ᠋ᠨ ᠮᠢᠨᠢ ᠰᠢᠷᠬ᠎ᠠ ᠪᠦᠬᠦᠨ  ᠢ᠋ ᠡᠯᠢᠭᠡ ᠪᠡᠷ ᠢ᠋ᠶ᠋ᠡᠨ ᠲᠠ ᠬᠠᠯᠬᠠᠯᠠᠭᠠᠳ
ᠠᠮᠢᠲᠠᠨ ᠳ᠋ᠤ᠌ ᠬᠠᠪᠴᠢᠭᠳᠠᠭᠰᠠᠨ ᠬᠥᠮᠦᠨ ᠦ᠌ ᠦᠷ᠎ᠡ ᠶ᠋ᠢ ᠢᠩᠭᠢᠲᠡᠯ᠎ᠡ ᠪᠡᠨ ᠶᠠᠭᠤᠨ ᠳ᠋ᠤ᠌ ᠥᠴᠢᠯᠡᠭᠡ ᠪᠣᠢ?
ᠬᠠᠨ ᠬᠣᠷᠸ᠎ᠠ ᠳ᠋ᠤ᠌ ᠴᠣᠷ ᠤ᠋ᠨ ᠭᠠᠭᠴᠠᠬᠠᠨ ᠡᠵᠢ ᠲᠠᠨ ᠢ᠋ᠶ᠋ᠠᠨ ᠪᠢ
ᠬᠠᠢᠷᠠᠯᠠᠬᠤ᠂ ᠭᠣᠮᠣᠳᠠᠬᠤ ᠵᠡᠷᠭᠡᠴᠡᠭᠡᠳ ᠪᠠᠢᠨ᠎ᠠ ᠠ᠋
ᠥᠰᠦᠭᠰᠡᠨ ᠪᠡᠶ᠎ᠡ ᠪᠡᠨ ᠡᠪᠳᠡᠵᠦ ᠤᠬᠢᠯᠠᠨ ᠬᠠᠢᠯᠠᠨ ᠡᠬᠡ ᠬᠥᠮᠦᠨ ᠪᠣᠯᠬᠤ ᠳ᠋ᠠᠭᠠᠨ ᠲᠠ ᠥᠪᠡᠷ ᠦ᠋ᠨ ᠬᠢ ᠪᠡᠨ ᠬᠠᠢᠷᠠᠯᠠᠨ᠎ᠠ᠃
ᠥᠷᠥᠭᠡᠯ ᠦ᠋ᠨ ᠬᠢ ᠭᠢᠯᠤᠢᠶ᠎ᠠ ᠭᠡᠵᠦ ᠡᠵᠢ ᠪᠣᠯᠤᠭ᠎ᠠ ᠦᠭᠡᠢ ᠪᠢᠵᠡ ᠳᠡ᠃
25.ᠤᠤᠭᠠᠨᠵᠢᠳ
ᠤᠨᠠᠭᠰᠠᠨ ᠮᠣᠷᠢ ᠨᠢ ᠭᠦᠨ ᠴᠠᠰᠤ ᠶ᠋ᠢ ᠳᠠᠭᠤᠯᠵᠤ ᠠᠢᠯ ᠤᠷᠤᠭᠤ ᠠᠯᠬᠤᠯᠠᠨ᠎ᠠ᠃ ᠵᠠᠮ ᠤ᠋ᠨ ᠬᠣᠶᠠᠷ ᠬᠠᠵᠠᠭᠤ ᠳ᠋ᠠᠬᠢ ᠪᠤᠷᠭᠠᠰᠤᠨ ᠤ᠋ ᠰᠠᠯᠠᠭᠠᠨ ᠳᠡᠭᠡᠷ᠎ᠡ ᠬᠢᠷᠠᠭᠤ ᠴᠠᠷᠴᠠᠵᠤ᠂ ᠬᠡᠭᠡᠷ᠎ᠡ ᠶ᠋ᠢᠨ ᠪᠣᠯᠵᠣᠮᠣᠷ ᠪᠤᠷᠭᠠᠰᠤᠨ ᠳᠤᠮᠳᠠᠭᠤᠷ ᠥᠭᠡᠳᠡ ᠪᠡᠨ ᠤᠷᠤᠭᠤ ᠪᠠᠨ ᠨᠢᠰᠤᠯᠴᠡᠨ᠂ ᠮᠠᠨᠠᠨ ᠲᠠᠢ ᠥᠷᠯᠥᠭᠡ ᠠᠨᠢᠷ ᠴᠢᠮᠡᠭᠡ ᠶᠡᠷᠦ ᠰᠣᠨᠣᠰᠳᠠᠬᠤ ᠦᠭᠡᠢ᠂ ᠬᠡᠭᠡᠷ᠎ᠡ ᠲᠠᠯ᠎ᠠ ᠰᠥᠨᠢ ᠶ᠋ᠢᠨ ᠨᠣᠢᠷ ᠠ᠋ᠴᠠ ᠰᠡᠷᠢᠭᠡᠳᠦᠢ ᠶᠦᠮ ᠰᠢᠭ᠁( ᠥᠷᠯᠥᠭᠡ)
26. ᠠᠯᠲᠠᠨᠴᠢᠮᠡᠭ 
ᠵᠡᠭᠦᠳᠦ ᠪᠡᠷ ᠵᠢᠷᠭᠠᠭᠰᠠᠨ ᠪᠤᠶᠠᠨ
ᠰᠡᠷᠡᠭᠡᠳ ᠦᠵᠡᠪᠡᠯ ᠬᠣᠭᠣᠰᠣᠨ
ᠰᠡᠳᠬᠢᠯ ᠢ᠋ᠶ᠋ᠡᠷ ᠪᠠᠷᠢᠯᠳᠤᠭᠰᠠᠨ ᠠᠮᠠᠷᠠᠭ
ᠮᠦᠩᠬᠡᠲᠡ ᠣᠷᠭᠢᠯᠬᠤ ᠪᠤᠯᠠᠭ᠃
27. ᠳᠠᠯᠠᠨᠲᠠᠢ
ᠪᠣᠷᠣᠭᠠᠨ ᠠᠷᠢᠯᠵᠤ ᠰᠠᠯᠬᠢ ᠵᠣᠭᠰᠣᠭᠠᠳ ᠥᠷᠯᠥᠭᠡ ᠶ᠋ᠢᠨ ᠨᠠᠷᠠᠨ ᠮᠠᠨᠳᠤᠯ᠎ᠠ᠃ ᠴᠡᠩᠬᠡᠷ ᠬᠥᠬᠡ ᠣᠭᠲᠠᠷᠭᠤᠢ ᠠᠷᠴᠢᠭᠰᠠᠨ ᠲᠣᠯᠢ ᠮᠡᠲᠦ᠂ ᠣᠭ᠌ᠶᠤ ᠨᠣᠭᠣᠭᠠᠨ ᠲᠠᠯ᠎ᠠ ᠤᠬᠢᠶᠠᠭᠰᠠᠨ ᠳᠤᠷᠳᠤᠩ ᠰᠢᠭ᠋ ᠬᠤᠷ᠎ᠠ ᠶ᠋ᠢᠨ ᠤᠰᠤ ᠪᠠᠷ  ᠤᠮᠳᠠᠯᠠᠭᠰᠠᠨ ᠡᠪᠡᠰᠦ ᠨᠣᠭᠣᠭ᠎ᠠ᠂ ᠥᠩᠭᠡ ᠶ᠋ᠢᠨ ᠴᠡᠴᠡᠭ᠂ ᠪᠣᠯᠣᠷ ᠰᠢᠭ᠋ ᠭᠢᠯᠲᠠᠭᠠᠨᠠᠨ ᠭᠢᠯᠠᠯᠵᠠᠨ᠎ᠠ᠃( ᠥᠷᠯᠥᠭᠡ)
 28. ᠨᠠᠷᠠᠨᠲᠣᠭᠣᠰ
ᠤᠳᠠᠭᠰᠠᠨ ᠴᠤ᠌ ᠦᠭᠡᠢ ᠥᠷᠯᠥᠭᠡ ᠶ᠋ᠢᠨ ᠨᠠᠷᠠᠨ ᠤ᠋ ᠬᠤᠷᠴᠠ ᠲᠤᠶᠠᠭ᠎ᠠ ᠭᠡᠷ ᠦ᠋ᠨ ᠪᠠᠷᠠᠭᠤᠨ ᠲᠤᠭᠤᠷᠭᠠᠨ ᠳ᠋ᠤ᠌ ᠡᠭᠴᠡ ᠲᠤᠰᠪᠠ᠃( ᠥᠷᠯᠥᠭᠡ)
29. ᠴᠢ᠊ · ᠤᠷᠠᠨᠴᠡᠴᠡᠭ 
ᠦᠨ᠎ᠡ ᠲᠡᠢ ᠳᠣᠲᠣᠷ᠎ᠠ ᠠ᠋ᠴᠠ ᠰᠡᠳᠬᠢᠯ ᠡᠷᠬᠢᠮ
ᠦᠨᠦᠷ ᠲᠡᠢ ᠳᠣᠲᠣᠷ᠎ᠠ ᠠ᠋ᠴᠠ ᠴᠢᠨᠠᠷ ᠡᠷᠬᠢᠮ
ᠦᠨᠡᠨ ᠢ᠋ᠶ᠋ᠡᠷ ᠶᠠᠪᠤᠭᠰᠠᠨ ᠦᠢᠯᠡᠰ ᠡᠷᠬᠢᠮ
ᠥᠷᠥᠭᠡᠯ  ᠢ᠋ ᠬᠠᠢᠷᠠᠯᠠᠬᠤ ᠦᠵᠡᠯ ᠡᠷᠬᠢᠮ᠃
30. ᠴᠡᠴᠡᠭ 
ᠮᠥᠩᠬᠡ ᠲᠩᠷᠢ ᠶ᠋ᠢᠨ ᠳᠣᠣᠷ᠎ᠠ ᠮᠢᠩᠭᠠᠨ ᠮᠢᠩᠭᠠᠨ ᠬᠠᠪᠤᠷ
ᠮᠢᠨᠦ ᠮᠣᠩᠭᠣᠯ ᠤ᠋ᠨ ᠲᠠᠯ᠎ᠠ ᠵᠢᠯ ᠵᠢᠯ ᠳᠡᠯᠭᠡᠷ᠃
31. ᠭᠠᠸᠠ 
ᠭᠡᠮ ᠨᠢ ᠡᠮᠦᠨ᠎ᠡ ᠪᠡᠨ ᠭᠡᠮᠰᠢᠯ ᠨᠢ ᠬᠣᠢᠨ᠎ᠠ ᠪᠠᠨ᠂ 
ᠬᠠᠭᠠᠳ ᠨᠣᠶᠠᠳ ᠬᠠᠷᠠᠳᠠᠪᠠᠯ ᠬᠠᠷᠠᠴᠤ ᠢᠷᠭᠡᠳ ᠤᠷᠪᠠᠨ᠎ᠠ ᠃ —  ᠣᠶᠤᠨ ᠪᠢᠴᠢᠭᠯᠡᠭᠦᠷ ᠦ᠋ᠨ ᠵᠦᠢᠷ ᠦᠭᠡ
32. ᠦᠵᠢᠶᠡᠳ ᠡᠷᠳᠡᠨᠢᠴᠡᠴᠡᠭ
ᠪᠤᠷᠬᠠᠨ ᠬᠠᠯᠳᠤᠨ ᠤ᠋ ᠰᠠᠯᠬᠢ ᠨᠢᠭᠡ
ᠥᠭᠡᠳᠡ ᠡᠴᠡ ᠰᠡᠪᠰᠢᠬᠦ ᠪᠤᠷᠬᠠᠨ ᠬᠠᠯᠳᠤᠨ ᠤ᠋ ᠰᠠᠯᠬᠢ ᠠ᠋ᠴᠠ
ᠥᠭᠡᠯᠦᠨ ᠡᠬᠡ ᠶ᠋ᠢᠨ ᠠᠷᠭᠠᠯ ᠤ᠋ᠨ ᠤᠲᠤᠭ᠎ᠠ ᠦᠨᠦᠷᠲᠦᠨ᠎ᠡ᠃
ᠦᠳᠡᠰᠢ ᠨᠢ ᠲᠡᠮᠦᠵᠢᠨ ᠨᠠᠷ ᠲᠤ᠌ ᠵᠠᠩᠨᠠᠭᠰᠠᠨ
ᠦᠭᠡ ᠶ᠋ᠢᠨ ᠤᠲᠤᠭ᠎ᠠ ᠦᠨᠦᠷᠲᠦᠨ᠎ᠡ᠃
33. ᠮᠥᠩᠭᠥᠨ 
ᠡᠰᠡᠷᠭᠦ ᠤᠳᠬ᠎ᠠ ᠲᠠᠢ ᠦᠭᠡᠰ
ᠭᠠᠳᠠᠭᠰᠢ — ᠳᠣᠲᠣᠭᠰᠢ
ᠪᠣᠳᠠᠲᠠᠢ— ᠬᠡᠢᠰᠪᠦᠷᠢ
ᠲᠣᠳᠣᠷᠬᠠᠢ — ᠪᠠᠯᠠᠷᠬᠠᠢ
ᠠᠳᠠᠯᠢ— ᠣᠨᠳᠣᠣ
ᠠᠯᠲᠠᠨ ᠪᠡᠶ᠎ᠡ ᠳ᠋ᠦ᠍ ᠠᠮᠠ ᠭᠡᠷᠡᠴᠢ
ᠠᠯᠪᠠᠨ ᠪᠢᠴᠢᠭ ᠲᠦ᠍ ᠲᠠᠮᠠᠭ᠎ᠠ ᠭᠡᠷᠡᠴᠢ᠃  ( ᠦᠭᠡᠰ ᠦ᠋ᠨ ᠰᠠᠩ) ᠭᠡᠬᠦ ᠡᠴᠡ
( ᠰᠦᠨ ᠰᠠᠴᠤᠯᠢ ᠠ ᠬᠣᠯᠪᠣᠭᠠᠨ ᠤ᠋ ᠨᠠᠢᠵᠠ ᠨᠠᠷ ᠠ᠋ᠴᠠ᠂ ᠤᠤᠭᠠᠨᠵᠢᠳ ᠬᠢᠨᠠᠪᠠ )